MONGOL TIMES

Монгол бичгээ хэрэглэцгээе! Chrome, Internet Explorer, Safari хөтчөөр үзнэ үү!

Мэргэжлийн боксчин Н. Төгсцогтын 4 дэх тулаан

2016-01-19

ᠮᠡᠷᠭᠡᠵᠢᠯ ᠦᠨ ᠪᠣᠻᠰᠴᠢᠨ ᠨᠢᠮᠠᠪᠠᠶᠠᠷ ᠤᠨ ᠲᠡᠭᠦᠰᠴᠣᠭᠲᠤ ᠶᠢᠨ ᠳᠥᠷᠪᠡ ᠳᠠᠬᠢ ᠲᠤᠯᠤᠭᠠᠨ






ᠠᠮᠵᠢᠯᠲᠠ


ᠢᠯᠠᠭᠰᠠᠨ᠄ 4
ᠢᠯᠠᠭᠳᠠᠭᠰᠠᠨ᠄ 0
ᠲᠡᠩᠴᠡᠭᠰᠡᠨ᠄ 0

ᠳᠥᠷᠪᠡ ᠳᠠᠬᠢ ᠲᠤᠯᠤᠭᠠᠨ


ᠲᠤᠯᠤᠭᠠᠨ ᠪᠣᠯᠤᠭᠰᠠᠨ ᠡᠳᠦᠷ᠄ 2015.12.03
ᠲᠤᠯᠤᠭᠠᠨ ᠪᠣᠯᠤᠭᠰᠠᠨ ᠭᠠᠵᠠᠷ᠄ ᠠᠮᠧᠷᠢᠻᠠ ᠶᠢᠨ ᠨᠢᠭᠡᠳᠦᠭᠰᠡᠨ ᠤᠯᠤᠰ
ᠥᠷᠢᠰᠦᠯᠳᠦᠭᠴᠢ᠄ ᠫᠧᠳᠷᠣ ᠮᠧᠯᠣ
ᠦᠷ᠎ᠡ ᠳᠦᠩ᠄ ᠲᠡᠭᠦᠰᠴᠣᠭᠲᠤ ᠨᠣᠻᠠᠦᠲ ᠢᠶᠠᠷ ᠢᠯᠠᠭᠰᠠᠨ



4th pro fight 4 kos'
Posted by Tugstsogt Nyambayar on Thursday, December 3, 2015
Цааш унших

Баярхүүгийн Ичинхорлоо. Тэнгэр

2015-10-07

ᠲᠩᠷᠢ



ᠪᠠᠶᠠᠷᠬᠦ᠋ᠦ ᠶᠢᠨ ᠢᠴᠢᠨᠬᠣᠷᠯᠤ᠎ᠠ


ᠮᠢᠨᠤ ᠮᠣᠩᠭᠤᠯ ᠦᠨ ᠲᠩᠷᠢ ᠶᠢ ᠡᠰᠭᠡᠬᠦ ᠭᠡᠵᠦ
ᠪᠤᠰᠤᠳ ᠦᠨ ᠤᠳᠤ ᠬᠠᠷᠪᠤᠳᠠᠭ ᠦᠭᠡᠢ᠃
ᠮᠢᠨᠦ ᠮᠣᠩᠭᠤᠯ ᠦᠨ ᠲᠩᠷᠢ ᠳ᠋ᠦ ᠡᠷᠬᠡᠯᠡᠬᠦ ᠭᠡᠵᠦ
ᠪᠣᠰᠣᠳ ᠦᠨ ᠣᠳᠤ ᠱᠣᠬᠤᠭᠤᠷ᠊ᠬᠠᠳᠠᠭ ᠶᠤᠮ᠃

ᠮᠢᠨᠤ ᠮᠣᠩᠭᠤᠯ ᠦᠨ ᠲᠩᠷᠢ ᠳ᠋ᠦ ᠦᠳᠦᠯᠡᠭᠰᠡᠨ ᠰᠢᠪᠠᠭᠤ
ᠪᠣᠰᠣᠳ ᠦᠨ ᠲᠩᠷᠢ ᠳ᠋ᠦ ᠦᠳᠦ ᠪᠡᠨ ᠰᠠᠴᠤᠳᠠᠭ ᠦᠭᠡᠢ᠃
ᠮᠢᠨᠤ ᠮᠣᠩᠭᠤᠯ ᠦᠨ ᠲᠩᠷᠢ ᠳ᠋ᠦ ᠦᠰᠦᠭᠰᠡᠨ ᠪᠦᠷᠭᠦᠳ
ᠪᠤᠳᠤᠩᠲᠤ ᠭᠠᠵᠠᠷ ᠶᠠᠰᠤ ᠪᠠᠨ ᠲᠠᠯᠪᠢᠳᠠᠭ ᠦᠭᠡᠶ


ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
Цааш унших

ГЭРЭГ СЭТГҮҮЛ: Монголд дурлагч

2015-10-02

ᠭᠡᠷᠡᠭᠡ ᠰᠡᠳᠬᠦᠯ᠄ ᠮᠣᠩᠭᠤᠯ ᠳᠤ ᠳᠤᠷᠠᠯᠠᠭᠴᠢ



www.ikon.mn | 2015 ᠣᠨ ᠤ 9 ᠳᠦᠭᠡᠷ ᠰᠠᠷ᠎ᠠ ᠶᠢᠨ 25




ᠬᠠᠷᠬᠢᠷᠠᠭ᠎ᠠ ᠬᠥᠭᠡᠮᠡᠶ᠂ 《ᠵᠢᠷᠠᠨ ᠴᠠᠭᠠᠨ ᠠᠳᠤᠭᠤ》 ᠠᠷᠠᠳ ᠤᠨ ᠳᠠᠭᠤᠨ ᠠᠴᠠ ᠡᠬᠢᠯᠡᠭᠡᠳ ᠷᠣᠻᠢᠲ ᠪᠧᠶ ᠶᠢᠨ 《ᠨᠢᠭᠡ ᠡᠳᠦᠷ ᠦᠨ ᠬᠠᠭᠠᠨ》᠂ 《ᠧᠶ ᠰᠠᠦᠨ᠋ᠳ》 ᠬᠠᠮᠲᠤᠯᠢᠭ ᠤᠨ 《ᠴᠢᠩ ᠵᠢᠷᠦᠭᠡᠨ ᠦ ᠬᠠᠶᠢᠷ᠎ᠠ》 ᠳᠠᠭᠤᠤ ᠶᠢ ᠴᠢᠳᠠᠪᠤᠷᠢᠯᠢᠭ ᠳᠠᠭᠤᠯᠠᠬᠤ ᠥᠩᠭᠡᠲᠦ ᠠᠷᠠᠰᠤ ᠲᠠᠶ᠂ ᠵᠤᠵᠠᠭᠠᠨ ᠤᠷᠤᠭᠤᠯ ᠲᠠᠶ ᠵᠠᠯᠠᠭᠤ ᠶᠢᠨ ᠪᠢᠴᠢᠯᠭᠡ ᠶᠢ 《ᠶᠦᠲ᠋ᠦᠪ》 ᠬᠠᠭᠤᠳᠠᠰᠤᠨ ᠠᠴᠠ ᠦᠵᠡᠭᠡᠳ ᠲᠡᠭᠦᠨ ᠢᠶᠡᠷ ᠪᠠᠬᠠᠷᠬᠠᠬᠤ᠂ ᠥᠪᠡᠷ ᠡᠴᠡᠭᠡᠨ ᠢᠴᠢᠬᠦ ᠮᠡᠳᠡᠷᠡᠮᠵᠢ ᠲᠥᠷᠦᠭᠰᠡᠨ ᠢ ᠨᠢᠭᠤᠬᠤ ᠶᠠᠭᠤᠨ᠃ ᠲᠷᠢᠯ ᠨᠣᠧᠯ ᠬᠡᠮᠡᠬᠦ ᠡᠨᠡ ᠵᠠᠯᠠᠭᠤ ᠮᠠᠨᠠᠶ ᠨᠤᠲᠤᠭ ᠲᠤ ᠬᠥᠯ ᠲᠠᠯᠪᠢᠵᠤ ᠦᠵᠡᠭᠡᠳᠦᠶ ᠠᠲᠠᠯ᠎᠎ᠠ ᠪᠠᠨ ᠮᠣᠩᠭᠤᠯ ᠤᠨ ᠲᠡᠦᠬᠡ᠂ ᠰᠣᠶᠤᠯ ᠤᠯᠠᠮᠵᠢᠯᠠᠯ ᠳᠤ ᠤᠬᠠᠭᠠᠨ ᠦᠭᠡᠶ ᠳᠤᠷᠠᠯᠠᠵᠤ᠂ ᠮᠣᠩᠭᠤᠯ ᠬᠡᠯᠡ ᠶᠢ ᠥᠪᠡᠷ ᠢᠶᠡᠨ ᠰᠤᠷᠴᠤ ᠪᠤᠶ᠃ ᠢᠩᠭᠢᠭᠡᠳ ᠲᠡᠭᠦᠨ ᠲᠡᠶ ᠥᠷᠨᠢᠭᠦᠯᠦᠭᠰᠡᠨ ᠰᠣᠨᠢᠷᠬᠠᠯᠲᠠᠶ ᠶᠠᠷᠢᠶ᠎᠎ᠠ ᠶᠢ ᠬᠦᠷᠭᠡᠶ᠎ᠡ᠃


᠆ ᠲᠠ ᠮᠣᠩᠭᠤᠯ ᠣᠷᠤᠨ ᠤ ᠲᠡᠦᠬᠡ᠂ ᠰᠣᠶᠤᠯ ᠢ ᠰᠣᠨᠢᠷᠬᠠᠬᠤ ᠪᠣᠯᠤᠭᠰᠠᠨ ᠰᠢᠯᠲᠠᠭᠠᠨ ᠶᠠᠭᠤ ᠪᠤᠶ⁈

᠆ ᠪᠢ ᠬᠡᠦᠬᠡᠳ ᠪᠠᠶᠢᠬᠤ ᠠᠴᠠᠭᠠᠨ ᠯᠠ ᠲᠡᠦᠬᠡᠨ ᠪᠠᠭᠠᠲᠤᠷ ᠤᠳ ᠢ ᠶᠡᠬᠡ ᠰᠣᠨᠢᠷᠬᠠᠳᠠᠭ ᠪᠠᠶᠢᠭᠰᠠᠨ᠃ ᠦᠨᠳᠦᠰᠦᠲᠡᠨ ᠪᠦᠷᠢ ᠶᠢᠨ ᠪᠠᠭᠠᠲᠤᠷ ᠤᠳ ᠤᠨ ᠲᠤᠬᠠᠶ ᠤᠩᠰᠢᠵᠤ᠂ ᠰᠤᠳᠤᠯᠤᠨ᠎ᠠ ᠭᠡᠳᠡᠭ ᠮᠢᠨᠤ ᠬᠣᠪᠪᠢ ᠪᠠᠶᠢᠭᠰᠠᠨ ᠭᠡᠬᠦ ᠦᠦ ᠳᠡ᠃ ᠠᠭᠤᠤ ᠠᠯᠧᠻᠰᠠᠨ᠋ᠳᠷ᠂ ᠰᠫᠠᠷᠲ᠋ᠠᠻ᠂ ᠠᠾᠢᠯᠯᠧᠰ᠂ ᠲᠦᠨᠢᠰ ᠦᠨ ᠾᠠᠨᠨᠢᠪᠠᠯ᠂ ᠬᠢᠲᠠᠳ ᠤᠨ ᠳᠠᠶᠢᠴᠢᠨ ᠰᠠᠨ ᠽᠦ᠂ ᠰᠠᠮᠤᠷᠠᠶ ᠣᠳᠠ ᠨᠣᠪᠦ᠋ᠨᠦ᠋ᠭ᠎ᠠ᠂ ᠠᠲ᠋ᠢᠯᠯᠠ ᠭᠡᠳ ᠪᠦᠬᠦ ᠤᠳᠤᠷᠢᠳᠤᠭᠴᠢ᠂ ᠪᠠᠭᠠᠲᠤᠷ ᠤᠳ ᠤᠨ ᠲᠤᠬᠠᠶ ᠰᠤᠳᠤᠯᠤᠭᠰᠠᠨ᠃

ᠲᠡᠷᠡ ᠳᠤᠮᠳᠠ ᠠᠴᠠ ᠴᠢᠩᠭᠢᠰ ᠬᠠᠭᠠᠨ ᠬᠠᠮᠤᠭ ᠤᠨ ᠬᠦᠴᠦᠷᠬᠡᠭ ᠪᠥᠭᠡᠳ ᠰᠣᠨᠢᠷᠬᠠᠯᠲᠠᠶ ᠤᠳᠤᠷᠢᠳᠤᠭᠴᠢ ᠪᠠᠶᠢᠭᠰᠠᠨ ᠤᠴᠢᠷ ᠪᠢ ᠪᠠᠭ᠎ᠠ ᠠᠴᠠᠭᠠᠨ ᠯᠠ ᠲᠡᠭᠦᠨ ᠢ ᠰᠣᠨᠢᠷᠬᠠᠳᠠᠭ ᠪᠠᠶᠢᠪᠠ᠃

ᠮᠥᠨ ᠳᠤᠮᠳᠠᠳᠤ ᠰᠤᠷᠭᠠᠭᠤᠯᠢ ᠳᠤ ᠪᠠᠶᠢᠬᠤ ᠳᠠᠭᠠᠨ ᠪᠠᠶᠢᠭᠠᠯ ᠨᠠᠭᠤᠷ ᠤᠨ ᠣᠶᠢᠷᠠᠯᠴᠠᠭ᠎ᠠ ᠠᠮᠢᠳᠤᠷᠠᠵᠤ ᠪᠠᠶᠢᠭᠰᠠᠨ ᠾᠧᠲ᠂ ᠴᠠᠲᠠᠨ ᠪᠣᠯᠤᠨ ᠲᠤᠸᠠ ᠦᠨᠳᠦᠰᠦᠲᠡᠨ ᠨᠦᠭᠦᠳ ᠠᠮᠧᠷᠢᠻᠠ ᠶᠢᠨ ᠤᠤᠭᠠᠯ ᠢᠨ᠋ᠳᠢᠶᠠᠨᠴᠤᠳ ᠲᠠᠶ ᠬᠣᠯᠪᠤᠭᠠᠲᠠᠶ ᠪᠣᠯᠬᠤ ᠶᠢ ᠣᠯᠵᠤ ᠮᠡᠳᠡᠭᠰᠡᠨ ᠶᠤᠮ᠃

ᠡᠨᠡ ᠦᠶ᠎ᠡ ᠡᠴᠡ ᠬᠣᠶᠢᠰᠢ ᠮᠣᠩᠭᠤᠯ ᠤᠨ ᠰᠣᠶᠤᠯ ᠳᠤ ᠲᠠᠲᠠᠭᠳᠠᠵᠤ ᠡᠬᠢᠯᠡᠭᠰᠡᠨ᠃ ᠪᠢ ᠤᠤᠭᠠᠯ ᠢᠨ᠋ᠳᠢᠶᠠᠨ ᠭᠠᠷᠤᠯ ᠲᠠᠶ ᠤᠴᠢᠷ ᠠᠴᠠ ᠲᠤᠸᠠ ᠦᠨᠳᠦᠰᠦᠲᠡᠨ ᠶᠡᠬᠡ ᠮᠣᠩᠭᠤᠯ ᠤᠯᠤᠰ ᠤᠨ ᠨᠢᠭᠡ ᠬᠡᠰᠡᠭ ᠪᠠᠶᠢᠭᠰᠠᠨ ᠲᠤᠬᠠᠶ ᠰᠣᠨᠤᠰᠤᠭᠠᠳ ᠮᠠᠰᠢ ᠶᠡᠬᠡ ᠰᠡᠳᠬᠢᠯ ᠬᠥᠳᠡᠯᠦᠭᠰᠡᠨ᠃ ᠬᠣᠵᠢᠮ 《ᠨᠢᠭᠤᠴᠠ ᠲᠣᠪᠴᠢᠶᠠᠨ》 ᠤ ᠤᠷᠴᠢᠭᠤᠯᠭ᠎ᠠ ᠶᠢ ᠤᠩᠰᠢᠭᠠᠳ ᠴᠢᠩᠭᠢᠰ ᠬᠠᠭᠠᠨ᠂ ᠰᠦᠪᠡᠭᠡᠳᠡᠶ ᠨᠠᠷ ᠢ ᠶᠠᠮᠠᠷ ᠭᠠᠶᠢᠬᠠᠯᠲᠠᠶ᠂ ᠤᠬᠠᠭᠠᠯᠢᠭ ᠪᠠᠭᠠᠲᠤᠷ ᠤᠳ ᠪᠠᠶᠢᠭᠰᠠᠨ ᠢ ᠣᠯᠵᠤ ᠮᠡᠳᠡᠭᠰᠡᠨ ᠯᠡ ᠳᠡ᠃

᠆ ᠲᠠᠨ ᠤ ᠭᠡᠷ ᠪᠦᠯᠢ ᠴᠦ ᠮᠥᠨ ᠠᠳᠠᠯᠢ ᠮᠣᠩᠭᠤᠯ ᠤᠯᠤᠰ ᠤᠨ ᠲᠡᠦᠬᠡ᠂ ᠰᠣᠶᠤᠯ ᠢ ᠰᠣᠨᠢᠷᠬᠠᠳᠠᠭ ᠤᠤ⁈

᠆ ᠦᠭᠡᠶ᠃ ᠪᠢ ᠭᠡᠷ ᠦᠨ ᠬᠢᠨ ᠡᠴᠡᠭᠡᠨ ᠬᠣᠯᠠ ᠠᠮᠢᠳᠤᠷᠠᠳᠠᠭ ᠤᠴᠢᠷ ᠠᠴᠠ ᠲᠡᠷᠡ ᠪᠦᠷᠢ ᠠᠭᠤᠯᠵᠠᠭᠠᠳ ᠪᠠᠶᠢᠳᠠᠭ ᠦᠭᠡᠶ᠃ ᠥᠩᠭᠡᠷᠡᠭᠰᠡᠨ ᠰᠠᠷ᠎ᠠ ᠳᠤ 《ᠮᠣᠩᠭᠤᠯ ᠧᠶᠢᠴ ᠳ᠋ᠢ》 ᠲᠧᠯᠧᠸᠢᠽ ᠲᠦ ᠥᠭᠭᠦᠭᠰᠡᠨ ᠶᠠᠷᠢᠯᠴᠠᠯᠭ᠎ᠠ ᠶᠢ ᠮᠠᠨᠢ ᠦᠵᠡᠭᠡᠳ ᠲᠡᠳᠡ ᠶᠡᠬᠡ ᠭᠠᠶᠢᠬᠠᠭᠰᠠᠨ ᠰᠢᠦ᠃ ᠮᠠᠨᠠᠶ ᠠᠮᠧᠷᠢᠻᠠ ᠨᠠᠶᠢᠵᠠ ᠨᠤᠭᠤᠳ ᠵᠠᠷᠢᠮ ᠳᠠᠭᠠᠨ ᠮᠣᠩᠭᠤᠯ ᠬᠥᠭᠵᠢᠮ ᠰᠣᠨᠤᠰᠳᠠᠭ᠃ ᠪᠢ ᠲᠡᠳᠡᠨ ᠳᠦ ᠪᠠᠭ᠎ᠠ ᠵᠡᠷᠭᠡ ᠵᠥᠪᠯᠡᠭᠡ ᠥᠭᠭᠦᠭᠰᠡᠨ ᠦ ᠳᠠᠷᠠᠭ᠎ᠠ ᠲᠡᠳᠡ ᠬᠥᠭᠡᠮᠡᠶᠢᠯᠡᠬᠦ ᠶᠢ ᠣᠷᠤᠯᠳᠤᠳᠠᠭ᠃ ᠭᠡᠪᠡᠴᠦ ᠶᠠᠭ ᠯᠠ ᠵᠦᠯᠭᠡ ᠲᠡᠭᠰᠢᠯᠡᠭᠴᠢ ᠮᠠᠰᠢᠨ ᠰᠢᠭ ᠳᠤᠤᠭᠠᠷᠤᠭᠠᠳ ᠪᠠᠶᠢᠳᠠᠭ ᠶᠤᠮ ᠡ᠂ ᠬᠠ ᠬᠠ᠃

᠆ ᠮᠣᠩᠭᠤᠯ ᠬᠡᠯᠡ ᠶᠢ ᠬᠡᠳᠦᠨ ᠵᠢᠯ ᠰᠤᠷᠴᠤ ᠪᠠᠶᠢᠨ᠎ᠠ ᠪᠤᠶ⁈

᠆ ᠬᠣᠶᠠᠷ ᠵᠢᠯ ᠦᠨ ᠡᠮᠦᠨ᠎ᠡ 《ᠠᠯᠲᠠᠷᠭᠠᠨ᠎ᠠ》 ᠳᠠᠭᠤᠤ ᠶᠢ ᠳᠠᠭᠤᠯᠠᠭᠰᠠᠨ ᠪᠢᠴᠢᠯᠭᠡ ᠪᠡᠨ ᠴᠠᠬᠢᠮ ᠬᠠᠭᠤᠳᠠᠰᠤᠨ ᠳᠤ ᠲᠠᠯᠪᠢᠭᠰᠠᠨ ᠤ ᠳᠠᠷᠠᠭ᠎ᠠ ᠮᠣᠩᠭᠤᠯ᠂ ᠪᠤᠷᠢᠶᠠᠳ ᠬᠡᠯᠡ ᠪᠡᠷ ᠮᠠᠰᠢ ᠣᠯᠠᠨ ᠻᠣᠮᠮᠧᠨᠲ ᠢᠷᠡᠵᠦ ᠪᠠᠶᠢᠭᠰᠠᠨ᠃ ᠲᠤᠬᠠᠶ ᠶᠢᠨ ᠦᠶ᠎ᠡ ᠳᠦ ᠪᠢ ᠲᠡᠷᠡ ᠳᠠᠭᠤᠨ ᠠᠴᠠ ᠨᠢᠭᠡ ᠴᠦ ᠦᠭᠡ ᠣᠶᠢᠯᠠᠭᠠᠳᠠᠭ ᠦᠭᠡᠶ ᠪᠠᠶᠢᠪᠠ᠃

ᠮᠠᠰᠢ ᠣᠯᠠᠨ ᠬᠦᠮᠦᠰ ᠨᠠᠳᠠ ᠠᠴᠠ ᠠᠰᠠᠭᠤᠯᠲᠠ ᠠᠰᠠᠭᠤᠵᠤ᠂ ᠶᠠᠷᠢᠯᠴᠠᠬᠤ ᠶᠢ ᠬᠦᠰᠡᠵᠦ ᠪᠠᠶᠢᠭᠰᠠᠨ᠃ ᠪᠢ ᠬᠡᠯᠡ ᠶᠢ ᠨᠢ ᠮᠡᠳᠡᠬᠦ ᠦᠭᠡᠶ᠂ ᠲᠡᠭᠡᠭᠰᠡᠨ ᠬᠢᠷᠢ ᠨᠢ ᠪᠡᠨ ᠲᠡᠳᠡᠨ ᠳᠦ ᠪᠦᠳᠦᠭᠦᠯᠢᠭ ᠬᠠᠨᠳᠤᠬᠤ ᠶᠢ ᠬᠦᠰᠡᠭᠡᠳᠦᠶ ᠲᠤᠯᠠ ᠠᠩᠭᠯᠢ᠆ᠮᠣᠩᠭᠤᠯ ᠥᠭᠦᠯᠡᠪᠦᠷᠢ ᠨᠦᠭᠦᠳ ᠲᠡᠶ ᠵᠢᠭᠰᠠᠭᠠᠯᠲᠠ ᠶᠢ ᠢᠨ᠋ᠲᠧᠷᠨᠧᠲ ᠡᠴᠡ ᠣᠯᠵᠤ᠂ ᠡᠬᠢᠨ ᠦ ᠡᠭᠡᠯᠵᠢᠨ ᠳᠦ ᠥᠪᠡᠷ ᠢ ᠪᠡᠨ ᠲᠠᠨᠢᠯᠴᠠᠭᠤᠯᠬᠤ ᠪᠣᠯᠤᠨ ᠣᠶᠢᠷ᠎ᠠ ᠵᠠᠭᠤᠷ᠎ᠠ ᠶᠢᠨ ᠵᠦᠶᠯᠡᠰ ᠶᠠᠷᠢᠵᠤ ᠰᠤᠷᠤᠭᠰᠠᠨ᠃

ᠲᠡᠷᠡ ᠦᠶ᠎ᠡ ᠡᠴᠡ ᠬᠣᠶᠢᠰᠢ ᠣᠯᠠᠨ ᠮᠣᠩᠭᠤᠯᠴᠤᠳ ᠲᠠᠶ ᠬᠠᠷᠢᠯᠴᠠᠵᠤ᠂ ᠬᠡᠯᠡ ᠪᠡᠨ ᠰᠠᠶᠢᠵᠢᠷᠠᠭᠤᠯᠵᠤ ᠪᠠᠶᠢᠭ᠎ᠠ᠃ ᠣᠳᠤ ᠪᠠᠷᠤᠭ ᠯᠠ ᠴᠢᠯᠦᠭᠡᠲᠡᠶ ᠶᠠᠷᠢᠵᠤ ᠴᠢᠳᠠᠬᠤ ᠬᠡᠮᠵᠢᠶᠡᠨ ᠳᠦ ᠢᠷᠡᠭᠡᠳ ᠪᠠᠶᠢᠭ᠎ᠠ ᠰᠢᠦ᠃

᠆ ᠮᠣᠩᠭᠤᠯ ᠳᠤ ᠢᠷᠡᠵᠦ ᠪᠠᠶᠢᠭᠰᠠᠨ ᠤᠤ⁈ ᠢᠷᠡᠬᠦ ᠲᠥᠯᠦᠪᠯᠡᠭᠡ ᠪᠤᠶ ᠤᠤ⁈

᠆ ᠪᠢ ᠮᠣᠩᠭᠤᠯ ᠳᠤ ᠣᠭᠲᠤ ᠣᠴᠢᠵᠤ ᠦᠵᠡᠭᠡᠳᠦᠶ᠃ ᠮᠡᠳᠡᠭᠡᠵᠢ ᠣᠴᠢᠬᠤ ᠶᠢ ᠮᠠᠰᠢ ᠶᠡᠬᠡ ᠬᠦᠰᠡᠵᠦ ᠪᠠᠶᠢᠭ᠎ᠠ᠃ ᠭᠡᠪᠡᠴᠦ ᠮᠢᠨᠤ ᠬᠦᠰᠡᠯ ᠢ ᠬᠠᠵᠠᠭᠠᠷᠯᠠᠵᠤ ᠪᠤᠶ ᠭᠠᠭᠴᠠ ᠵᠦᠶᠯ ᠪᠣᠯ ᠬᠥᠷᠦᠩᠭᠡ ᠮᠥᠩᠭᠦᠨ ᠦ ᠠᠰᠠᠭᠤᠳᠠᠯ᠎᠃ ᠪᠢ ᠤᠳᠠᠬᠤ ᠦᠭᠡᠶ ᠶᠡᠬᠡ ᠰᠤᠷᠭᠠᠭᠤᠯᠢ ᠪᠠᠨ ᠲᠡᠭᠦᠰᠦᠭᠡᠳ ᠰᠠᠶᠢᠨ ᠠᠵᠢᠯ ᠳᠤ ᠣᠷᠤᠵᠤ᠂ ᠮᠣᠩᠭᠤᠯ ᠤᠷᠤᠭᠤ ᠠᠶᠠᠯᠠᠬᠤ ᠮᠥᠩᠭᠦ ᠴᠤᠭᠯᠠᠭᠤᠯᠬᠤ ᠵᠣᠷᠢᠯᠭ᠎ᠠ ᠲᠠᠶ ᠪᠠᠶᠢᠨ᠎ᠠ᠃

ᠬᠡᠷᠪᠡ ᠨᠠᠳᠤᠷ ᠪᠣᠯᠤᠮᠵᠢ ᠪᠠᠶᠢᠭᠰᠠᠨ ᠪᠣᠯ ᠠᠯᠢ ᠬᠡᠳᠦᠶᠢᠨ᠎ᠡ ᠮᠣᠩᠭᠤᠯ ᠳᠤ ᠣᠴᠢᠴᠢᠬᠠᠭᠰᠠᠨ᠂ ᠬᠡᠦᠬᠡᠳ ᠦᠳ ᠲᠦ ᠪᠠᠭᠰᠢᠯᠠᠵᠤ᠂ ᠡᠰᠡᠪᠡᠯ ᠻᠢᠨᠣ ᠫᠷᠣᠳᠢᠶᠦ᠋ᠰᠰᠧᠷ ᠦᠳ ᠲᠡᠶ ᠬᠠᠮᠲᠤᠷᠠᠨ ᠻᠢᠨᠣ ᠤᠷᠠᠯᠢᠭ ᠤᠨ ᠬᠥᠭᠵᠢᠯ ᠢ ᠨᠢᠭᠡ ᠱᠠᠲᠤ ᠠᠬᠢᠭᠤᠯᠬᠤ ᠳᠤ ᠲᠤᠰᠠᠯᠠᠬᠤ ᠠᠵᠢᠯ ᠬᠢᠵᠦ ᠪᠠᠶᠢᠬᠤ ᠪᠠᠶᠢᠭᠰᠠᠨ᠃ ᠡᠨᠡ ᠵᠣᠷᠢᠯᠭ᠎ᠠ ᠪᠠᠨ ᠪᠡᠶᠡᠯᠡᠭᠦᠯᠬᠦ ᠶᠢᠨ ᠲᠤᠯᠠᠳᠠ ᠪᠢ ᠰᠤᠷᠭᠠᠭᠤᠯᠢᠯᠲᠠ ᠪᠠᠨ ᠬᠢᠴᠢᠶᠡᠩᠭᠦᠶᠢᠯᠡᠨ ᠰᠤᠷᠤᠯᠴᠠᠵᠤ ᠪᠠᠶᠢᠨ᠎ᠠ᠃ ᠮᠣᠩᠭᠤᠯ ᠳᠤ ᠣᠴᠢᠵᠤ ᠲᠠᠨᠠᠶ ᠤᠯᠤᠰ ᠤᠨ ᠲᠤᠬᠠᠶ᠂ ᠬᠦᠮᠦᠰ ᠦᠨ ᠲᠤᠬᠠᠶ᠂ ᠪᠠᠰᠠ ᠴᠢᠩᠭᠢᠰ ᠬᠠᠭᠠᠨ ᠤ ᠲᠤᠬᠠᠶ ᠪᠠᠷᠢᠮᠲᠠᠲᠤ ᠻᠢᠨᠣ ᠬᠢᠬᠦ ᠶᠢ ᠬᠦᠰᠡᠳᠡᠭ᠃

᠆ ᠴᠢᠩᠭᠢᠰ ᠬᠠᠭᠠᠨ ᠠᠴᠠ ᠥᠭᠡᠷ᠎ᠡ ᠰᠡᠳᠦᠪ ᠢᠶᠡᠷ ᠻᠢᠨᠣ ᠬᠢᠬᠦ ᠶᠢ ᠬᠦᠰᠡᠳᠡᠭ ᠦᠭᠡᠶ ᠭᠡᠵᠦ ᠦᠦ⁈

᠆ ᠬᠡᠷᠪᠡ ᠨᠠᠳᠤᠷ ᠻᠢᠨᠣ ᠬᠢᠬᠦ ᠪᠣᠯᠤᠮᠵᠢ ᠣᠯᠳᠠᠪᠠᠯ ᠪᠢ ᠮᠣᠩᠭᠤᠯ ᠤᠨ ᠪᠦᠬᠦ ᠵᠢᠵᠢᠭ ᠶᠠᠰᠤᠲᠠᠨ ᠦᠨᠳᠦᠰᠦᠲᠡᠨ ᠦ ᠠᠮᠢᠳᠤᠷᠠᠯ ᠢ ᠬᠠᠷᠠᠭᠤᠯᠤᠮᠠᠷ ᠪᠠᠶᠢᠨ᠎ᠠ᠃ ᠦᠨᠳᠦᠰᠦᠲᠡᠨ ᠪᠦᠷᠢ ᠶᠢᠨ ᠬᠡᠦᠬᠡᠳ ᠦᠳ ᠥᠪᠡᠷ ᠥᠪᠡᠷ ᠦᠨ ᠤᠯᠠᠮᠵᠢᠯᠠᠯᠲᠤ ᠦᠨᠳᠦᠰᠦᠨ ᠦ ᠭᠡᠷ ᠲᠡᠭᠡᠨ ᠲᠣᠭᠯᠠᠵᠤ ᠪᠠᠶᠢᠭ᠎ᠠ ᠶᠢ ᠬᠠᠷᠠᠭᠤᠯᠬᠤ ᠪᠣᠯᠤᠨ᠎ᠠ᠃ ᠬᠡᠳᠦᠶ ᠲᠡᠳᠡ ᠥᠭᠡᠷ᠎ᠡ ᠥᠭᠡᠷ᠎ᠡ ᠬᠠᠷᠠᠭᠳᠠᠵᠤ ᠪᠣᠯᠬᠤ ᠴᠤ ᠲᠡᠦᠬᠡ᠂ ᠰᠣᠶᠤᠯ ᠨᠢ ᠢᠵᠢᠯ ᠭᠡᠳᠡᠭ ᠢ ᠬᠠᠷᠠᠭᠤᠯᠤᠨ᠎ᠠ᠃

ᠮᠣᠩᠭᠤᠯᠴᠤᠳ ᠮᠣᠷᠢ ᠪᠠᠷ ᠤᠷᠤᠯᠳᠤᠵᠤ᠂ ᠻᠠᠽᠠᠬ ᠮᠣᠩᠭᠤᠯᠴᠤᠳ ᠪᠦᠷᠭᠦᠳ ᠢᠶᠡᠷ ᠠᠩ ᠬᠢᠵᠦ᠂ ᠬᠠᠯᠢᠮᠠᠭ ᠤᠳ ᠮᠣᠷᠢᠨ ᠬᠤᠭᠤᠷ ᠤᠨ ᠲᠡᠮᠡᠴᠡᠭᠡᠨ ᠵᠣᠬᠢᠶᠠᠵᠤ᠂ ᠲᠤᠸᠠ ᠬᠦᠮᠦᠰ ᠣᠯᠠᠨ ᠲᠥᠷᠦᠯ ᠢᠶᠡᠷ ᠬᠥᠭᠡᠮᠡᠶᠢᠯᠡᠵᠦ ᠭᠡᠬᠦ ᠮᠡᠲᠦ ᠪᠡᠷ ᠪᠦᠭᠦᠳᠡ ᠥᠪᠡᠷ ᠥᠪᠡᠷ ᠦᠨ ᠶᠣᠰᠤ ᠤᠯᠠᠮᠵᠢᠯᠠᠯ ᠢ ᠬᠠᠷᠠᠭᠤᠯᠵᠤ ᠪᠠᠶᠢᠪᠠᠴᠤ ᠡᠳᠦᠷ ᠦᠨ ᠠᠵᠢᠯ ᠳᠠᠭᠤᠰᠤᠮᠠᠭᠴᠠ ᠲᠡᠳᠡ ᠪᠦᠭᠦᠳᠡ ᠨᠢᠭᠡ ᠰᠢᠷᠡᠭᠡᠨ ᠳᠦ ᠬᠠᠮᠲᠤ ᠳᠠᠭᠠᠨ ᠰᠠᠭᠤᠨ ᠬᠣᠭᠤᠯᠠᠯᠠᠵᠤ᠂ ᠦᠨᠳᠦᠰᠦᠨ ᠦ ᠪᠦᠵᠢᠭ ᠢᠶᠡᠨ ᠪᠦᠵᠢᠵᠦ᠂ ᠨᠠᠷᠭᠢᠨ ᠴᠡᠩᠭᠡᠬᠦ ᠪᠣᠯᠤᠨ᠎ᠠ᠃ ᠮᠥᠨ ᠲᠡᠳᠡ ᠪᠥᠭᠦ ᠪᠠᠷᠢᠯᠳᠤᠵᠤ᠂ ᠮᠣᠷᠢ ᠤᠷᠤᠯᠳᠤᠭᠤᠯᠵᠤ᠂ ᠬᠥᠭᠡᠮᠡᠶ᠂ ᠮᠣᠷᠢᠨ ᠬᠤᠭᠤᠷ᠂ ᠰᠤᠷ ᠬᠠᠷᠪᠤᠭᠠᠨ ᠤ ᠲᠡᠮᠡᠴᠡᠭᠡᠨ ᠵᠣᠬᠢᠶᠠᠵᠤ ᠪᠤᠶ ᠠᠵᠠ ᠵᠢᠷᠭᠠᠯᠲᠠᠶ ᠻᠢᠨᠣ ᠪᠦᠲᠦᠭᠡᠬᠦ ᠶᠢ ᠬᠦᠰᠡᠵᠦ ᠪᠠᠶᠢᠨ᠎ᠠ᠃

᠆ ᠲᠠᠨ ᠤ ᠬᠤᠪᠢ ᠳᠤ ᠮᠣᠩᠭᠤᠯ ᠦᠨᠳᠦᠰᠦᠲᠡᠨ ᠦ ᠳᠠᠭᠤᠤ ᠨᠤᠭᠤᠳ ᠠᠴᠠ ᠬᠠᠮᠤᠭ ᠤᠨ ᠬᠡᠴᠡᠭᠦᠦ ᠨᠢ ᠠᠯᠢ ᠪᠤᠶ⁈

᠆ ᠮᠣᠩᠭᠤᠯ ᠠᠷᠠᠳ ᠤᠨ ᠳᠠᠭᠤᠤ᠂ ᠡᠵᠢ᠂ ᠠᠪᠤ ᠶᠢᠨ ᠲᠤᠬᠠᠶ ᠳᠠᠭᠤᠤ᠂ ᠤᠷᠲᠤ ᠶᠢᠨ ᠳᠠᠭᠤᠤ᠂ ᠬᠥᠭᠡᠮᠡᠶ ᠶᠢᠨ ᠳᠠᠭᠤᠤ ᠭᠡᠳ ᠮᠣᠩᠭᠤᠯ ᠦᠨᠳᠦᠰᠦᠲᠡᠨ ᠦ ᠪᠦᠬᠦ ᠳᠠᠭᠤᠤ ᠨᠤᠭᠤᠳ ᠮᠠᠰᠢ ᠭᠠᠶᠢᠬᠠᠯᠲᠠᠶ᠃ ᠡᠳᠡᠭᠡᠷ ᠢ ᠰᠤᠷᠬᠤ ᠳᠤ ᠲᠡᠶᠢᠮᠦ ᠴᠦ ᠬᠡᠴᠡᠭᠦᠦ ᠰᠠᠨᠠᠭᠳᠠᠳᠠᠭ ᠦᠭᠡᠶ᠃ ᠭᠡᠬᠦ ᠳᠡᠭᠡᠨ ᠤᠷᠲᠤ ᠶᠢᠨ ᠳᠠᠭᠤᠤ ᠳᠠᠭᠤᠯᠠᠬᠤ ᠳᠤ ᠬᠦᠨᠳᠦ᠂ ᠪᠠᠰᠠ ᠥᠪᠡᠷᠮᠢᠴᠡ ᠲᠥᠷᠦᠯ ᠰᠢᠭ ᠰᠠᠨᠠᠭᠳᠠᠳᠠᠭ᠃ ᠬᠥᠭᠡᠮᠡᠶ ᠶᠢ ᠴᠦ ᠪᠠᠰᠠ ᠰᠤᠷᠬᠤ ᠳᠤ ᠠᠮᠠᠷ ᠦᠭᠡᠶ᠃ ᠭᠡᠬᠦ ᠳᠡᠭᠡᠨ ᠪᠢ ᠥᠪᠡᠷ ᠢ ᠪᠡᠨ ᠪᠠᠭ᠎ᠠ ᠪᠠᠭ᠎ᠠ ᠪᠠᠷ ᠳᠠᠰᠬᠠᠯᠵᠢᠭᠤᠯᠵᠤ᠂ ᠰᠤᠷᠴᠤ ᠪᠠᠶᠢᠭ᠎ᠠ᠃ ᠮᠡᠷᠭᠡᠵᠢᠯ ᠦᠨ ᠬᠥᠭᠡᠮᠡᠶᠢᠴᠢᠨ ᠰᠢᠭ᠋ ᠬᠥᠭᠡᠮᠡᠶᠢᠯᠡᠨ᠎ᠡ ᠭᠡᠳᠡᠭ ᠦᠨᠡᠬᠡᠷ ᠪᠡᠷᠬᠡ᠃

ᠤᠴᠢᠷ ᠨᠢ ᠲᠡᠳᠡ ᠪᠠᠭᠰᠢ ᠪᠠᠷ ᠵᠢᠭᠠᠯᠭᠠᠭᠰᠠᠨ ᠠᠴᠠ ᠭᠠᠳᠠᠨ᠎ᠠ ᠲᠥᠷᠦᠯᠬᠢ ᠶᠢᠨ ᠭᠠᠶᠢᠬᠠᠯᠲᠠᠶ ᠬᠣᠭᠤᠯᠠᠶ ᠲᠠᠶ ᠪᠠᠶᠢᠳᠠᠭ᠃ ᠬᠠᠷᠢᠨ ᠪᠢ ᠬᠥᠭᠡᠮᠡᠶ ᠶᠢ ᠥᠪᠡᠷ ᠢᠶᠡᠨ ᠰᠤᠷᠬᠤ ᠭᠡᠵᠦ ᠬᠢᠴᠢᠶᠡᠵᠦ ᠪᠠᠶᠢᠨ᠎ᠠ᠃ ᠮᠢᠨᠤ ᠬᠤᠪᠢ ᠳᠤ ᠨᠠᠮᠤᠭᠤᠬᠠᠨ ᠬᠢᠷᠢ ᠨᠢ ᠪᠡᠨ ᠬᠤᠷᠴᠠ ᠠᠶᠠᠯᠭᠤ ᠪᠠᠷ᠂ ᠨᠢᠭᠡ ᠠᠪᠢᠶᠠᠨ ᠠᠴᠠ ᠨᠥᠭᠦᠭᠡ ᠳᠦ ᠰᠢᠯᠵᠢᠬᠦ ᠶᠠᠪᠤᠴᠠ ᠬᠥᠭᠡᠮᠡᠶ ᠶᠢᠨ ᠬᠠᠮᠤᠭ ᠤᠨ ᠬᠡᠴᠡᠭᠦᠦ ᠬᠡᠰᠡᠭ ᠪᠠᠶᠢᠳᠠᠭ᠃ ᠡᠨᠡ ᠦᠶ᠎ᠡ ᠳᠦ ᠮᠠᠰᠢ ᠰᠠᠶᠢᠨ ᠲᠥᠪᠯᠡᠷᠡᠬᠦ ᠬᠡᠷᠡᠭᠲᠡᠶ᠃ ᠡᠨᠡ ᠵᠠᠭᠤᠷ᠎ᠠ ᠬᠣᠭᠤᠯᠠᠶ ᠪᠠᠨ ᠬᠥᠭᠵᠢᠮ ᠦᠨ ᠵᠢᠮᠰᠡᠭ ᠲᠡᠶ ᠬᠣᠷᠰᠢᠭᠤᠯᠤᠨ᠎ᠠ ᠭᠡᠳᠡᠭ ᠴᠢᠮ᠎ᠠ ᠦᠭᠡᠶ ᠪᠡᠷᠬᠡ᠃ ᠭᠡᠬᠦ ᠳᠡᠭᠡᠨ ᠡᠨᠡ ᠰᠣᠷᠢᠯ ᠨᠠᠮᠠᠶ᠋ᠢ ᠤᠯᠠᠮ ᠢᠯᠡᠭᠦᠦ ᠬᠢᠴᠢᠶᠡᠬᠦ ᠳᠦ ᠲᠦᠯᠬᠢᠴᠡ ᠪᠣᠯᠳᠠᠭ ᠰᠢᠦ᠃

᠆ ᠬᠡᠷᠪᠡ ᠲᠠ ᠮᠣᠩᠭᠤᠯ ᠳᠠᠭᠤᠤ ᠵᠣᠬᠢᠶᠠᠪᠠᠯ ᠶᠠᠭᠤᠨ ᠤ ᠲᠤᠬᠠᠶ᠂ ᠶᠠᠮᠠᠷ ᠤᠷᠤᠰᠬᠠᠯ ᠤᠨ ᠳᠠᠭᠤᠤ ᠬᠢᠬᠦ ᠪᠠᠶᠢᠭᠰᠠᠨ ᠪᠤᠶ⁈

᠆ ᠪᠢ ᠬᠠᠮᠤᠭ ᠮᠣᠩᠭᠤᠯ ᠤᠨ ᠲᠤᠬᠠᠶ ᠳᠠᠭᠤᠤ ᠬᠢᠬᠦ ᠶᠢ ᠬᠦᠰᠡᠳᠡᠭ᠃ ᠮᠣᠩᠭᠤᠯ ᠢ ᠴᠤᠬᠤᠮ ᠶᠠᠭᠤ ᠡᠶᠢᠮᠦ ᠴᠢᠬᠤᠯᠠ ᠦᠨᠳᠦᠰᠦᠲᠡᠨ ᠪᠣᠯᠭᠠᠳᠠᠭ ᠲᠤᠬᠠᠶ᠂ ᠮᠥᠨ ᠴᠢᠩᠭᠢᠰ ᠬᠠᠭᠠᠨ ᠡᠳᠦᠶ ᠳᠦ ᠠᠮᠢᠳᠤ ᠰᠡᠷᠡᠭᠦᠨ ᠪᠠᠶᠢᠭᠰᠠᠨ ᠪᠣᠯ ᠠᠷᠠᠳ ᠲᠦᠮᠡᠨ ᠦ ᠪᠡᠨ ᠶᠠᠭᠤ ᠪᠠᠷ ᠪᠠᠬᠠᠷᠬᠠᠬᠤ ᠪᠠᠶᠢᠭᠰᠠᠨ ᠲᠤᠬᠠᠶ ᠳᠠᠭᠤᠯᠠᠬᠤ ᠪᠠᠶᠢᠭᠰᠠᠨ᠃ ᠲᠡᠷᠡ ᠳᠠᠭᠤᠤ ᠪᠠᠷ ᠢᠶᠠᠨ ᠪᠢ 《ᠴᠢᠩᠭᠢᠰ ᠬᠠᠭᠠᠨ ᠠᠮᠢᠳᠤ ᠪᠠᠶᠢᠭᠰᠠᠨ ᠪᠣᠯ ᠥᠨᠦᠳᠦᠷ ᠦᠨ ᠲᠥᠷᠦ ᠶᠢᠨ ᠵᠢᠯᠤᠭᠤᠳᠤᠭᠴᠢᠳ ᠲᠤ ᠰᠡᠳᠬᠢᠯ ᠬᠠᠩᠭᠠᠯᠤᠭᠤᠨ ᠪᠠᠶᠢᠬᠤ ᠪᠠᠶᠢᠭᠰᠠᠨ ᠪᠣᠯᠪᠠᠤ⁈ ᠮᠣᠩᠭᠤᠯ ᠤᠨ ᠠᠷᠠᠳ ᠲᠦᠮᠡᠨ ᠦ ᠨᠢᠭᠡ ᠦᠨᠳᠦᠰᠦᠲᠡᠨ ᠨᠥᠭᠦᠭᠡ ᠳᠡᠭᠡᠨ ᠳᠤᠷᠠᠭᠦᠶ ᠳᠤ ᠪᠠᠶᠠᠷᠯᠠᠬᠤ ᠪᠠᠶᠢᠭᠰᠠᠨ ᠤᠤ⁈ ᠬᠦᠮᠦᠰ ᠠᠭᠤᠯᠠ᠂ ᠤᠰᠤ ᠪᠠᠨ ᠰᠡᠨᠳᠡᠶᠢᠯᠡᠵᠦ ᠪᠤᠶ ᠶᠢ ᠬᠠᠷᠠᠭᠠᠳ ᠠᠵᠠ ᠵᠢᠷᠭᠠᠯᠲᠠᠶ ᠪᠠᠶᠢᠬᠤ ᠤᠤ⁈ ᠮᠣᠩᠭᠤᠯᠴᠤᠳ ᠲᠡᠦᠬᠡ᠂ ᠰᠣᠶᠤᠯ ᠤᠯᠠᠮᠵᠢᠯᠠᠯ ᠢᠶᠠᠨ ᠮᠡᠳᠡᠬᠦ ᠦᠭᠡᠶ ᠪᠠᠶᠢᠭ᠎ᠠ ᠶᠢ ᠬᠠᠷᠠᠭᠠᠳ ᠶᠠᠭᠠᠬᠢᠬᠤ ᠪᠤᠶ》 ᠬᠡᠮᠡᠬᠦ ᠠᠰᠠᠭᠤᠯᠲᠠ ᠨᠤᠭᠤᠳ ᠢ ᠲᠠᠯᠪᠢᠬᠤ ᠪᠠᠶᠢᠭᠰᠠᠨ᠃

ᠪᠢ ᠮᠣᠩᠭᠤᠯᠴᠤᠳ ᠨᠢᠭᠡᠨ ᠢᠶᠡᠨ ᠬᠦᠯᠢᠶᠡᠨ ᠵᠥᠪᠰᠢᠶᠡᠷᠡᠵᠦ᠂ ᠬᠠᠶᠢᠷᠠᠯᠠᠬᠤ ᠶᠢ ᠤᠷᠢᠶᠠᠯᠠᠭᠰᠠᠨ ᠳᠠᠭᠤᠤ ᠬᠢᠬᠦ ᠶᠢ ᠪᠠᠰᠠ ᠬᠦᠰᠡᠳᠡᠭ᠃ ᠲᠠ ᠪᠦᠬᠦᠨ ᠲᠤᠸᠠ᠂ ᠪᠤᠷᠶᠢᠠᠳ᠂ ᠣᠶᠢᠷᠠᠳ᠂ ᠥᠪᠦᠷ ᠮᠣᠩᠭᠤᠯ᠂ ᠻᠠᠽᠠᠬ ᠮᠣᠩᠭᠤᠯ᠂ ᠬᠠᠯᠢᠮᠠᠭ ᠭᠡᠳ ᠪᠦᠬᠦᠶᠢᠯᠡ ᠦᠨᠳᠦᠰᠦᠲᠡᠨ ᠢ ᠥᠪᠡᠷᠰᠡᠳ ᠦᠨ ᠠᠳᠠᠯᠢ ᠬᠠᠶᠢᠷᠠᠯᠠᠬᠤ ᠶᠣᠰᠤᠲᠠᠶ᠃

《ᠴᠢ ᠪᠣᠯ ᠵᠢᠩᠭᠢᠨᠢ ᠮᠣᠩᠭᠤᠯ ᠬᠦᠮᠦᠨ ᠪᠢᠰᠢ》 ᠭᠡᠵᠦ ᠬᠡᠨ ᠨᠢᠭᠡᠨ ᠤᠷᠤᠭᠤ ᠴᠢᠴᠢᠯᠡᠬᠦ ᠶᠢᠨ ᠣᠷᠤᠨ ᠳᠤ ᠭᠠᠷ ᠭᠠᠷ ᠢᠶᠠᠨ ᠪᠠᠷᠢᠭᠠᠳ ᠬᠠᠮᠲᠤ ᠳᠠᠭᠠᠨ ᠠᠵᠢᠯᠯᠠᠵᠤ᠂ ᠠᠮᠢᠳᠤᠷᠠᠬᠤ ᠬᠡᠷᠡᠭᠲᠡᠶ᠃

ᠴᠢᠩᠭᠢᠰ ᠬᠠᠭᠠᠨ 《ᠮᠢᠨᠤ ᠠᠷᠠᠳ ᠲᠦᠮᠡᠨ ᠪᠦᠭᠦᠳᠡ ᠠᠬ᠎ᠠ ᠳᠡᠭᠦᠦ ᠰᠢᠭ᠋ ᠪᠠᠶᠢᠳᠠᠭ ᠤᠴᠢᠷ ᠠᠴᠠ ᠯᠠ ᠮᠣᠩᠭᠤᠯ ᠤᠯᠤᠰ ᠬᠦᠴᠦᠷᠬᠡᠭ᠃ ᠲᠡᠳᠡ ᠪᠦᠭᠦᠳᠡ ᠬᠠᠮᠲᠤ ᠳᠠᠭᠠᠨ ᠠᠵᠢᠯᠯᠠᠵᠤ᠂ ᠨᠢᠭᠡ ᠰᠢᠷᠡᠭᠡᠨ ᠳᠦ ᠬᠣᠭᠤᠯᠠᠯᠠᠳᠠᠭ》 ᠬᠡᠮᠡᠨ ᠬᠡᠯᠡᠵᠦ ᠪᠠᠶᠢᠭᠰᠠᠨ ᠰᠢᠦ ᠳᠡ᠃

ᠮᠥᠨ ᠮᠣᠩᠭᠤᠯ ᠤᠨ ᠠᠷᠠᠳ ᠲᠦᠮᠡᠨ ᠭᠠᠶᠢᠬᠠᠮᠰᠢᠭᠲᠤ ᠰᠣᠶᠤᠯ ᠢᠶᠠᠨ ᠲᠦᠭᠡᠭᠡᠵᠦ᠂ ᠪᠠᠰᠠ ᠪᠢᠰᠢᠷᠡᠳᠡᠭ ᠪᠠᠶᠢᠬᠤ ᠶᠢ ᠤᠷᠢᠶᠠᠯᠠᠭᠰᠠᠨ ᠤᠳᠬ᠎ᠠ ᠲᠠᠶ ᠬᠥᠭᠵᠢᠮ ᠬᠢᠬᠦ ᠶᠢ ᠬᠦᠰᠡᠵᠦ ᠪᠠᠶᠢᠨ᠎ᠠ᠃ ᠮᠢᠨᠤ ᠬᠥᠭᠵᠢᠮ ᠦᠳ ᠮᠣᠷᠢᠨ ᠬᠤᠭᠤᠷ᠂ ᠬᠥᠭᠡᠮᠡᠶ ᠪᠣᠯᠤᠨ ᠰᠧᠦᠯ ᠬᠥᠭᠵᠢᠮ ᠦᠨ ᠨᠡᠶᠢᠯᠡᠮᠵᠢ ᠪᠠᠶᠢᠬᠤ ᠪᠣᠯᠪᠠᠤ᠃



᠆ ᠮᠣᠩᠭᠤᠯ ᠠᠴᠠ ᠬᠠᠮᠤᠭ ᠤᠨ ᠳᠤᠷᠠᠲᠠᠶ ᠳᠠᠭᠤᠤ ᠪᠠᠨ ᠨᠡᠷᠡᠯᠡᠭᠡᠴᠢ⁈

᠆ ᠳ᠂ ᠡᠩᠬᠡᠵᠢᠷᠭᠠᠯ ᠤᠨ ᠳᠠᠭᠤᠯᠠᠭᠰᠠᠨ 《ᠠᠯᠤᠰ ᠤᠨ ᠭᠠᠵᠠᠷ ᠤᠨ ᠵᠡᠷᠭᠡᠯᠭᠡ》᠂ ᠪᠤᠷᠢᠶᠠᠳ ᠠᠷᠠᠳ ᠤᠨ 《ᠠᠯᠲᠠᠷᠭᠠᠨ᠎ᠠ》᠂ ᠲᠤᠸᠠ ᠶᠢᠨ ᠳᠠᠭᠤᠴᠢᠨ ᠻᠣᠩᠭᠠᠷ-ᠣᠣᠯ ᠣᠨ᠋ᠳᠠᠷ ᠤᠨ 《ᠻᠣᠩᠭᠦ᠋ᠷᠧᠶ》᠂ ᠬᠠᠯᠢᠮᠠᠭ ᠤᠨ ᠳᠠᠭᠤᠴᠢᠨ ᠣᠻᠨᠠ ᠴᠠᠭᠠᠨᠵᠠᠮ ᠤᠨ 《ᠡᠵᠢ ᠶᠢᠨ ᠳᠠᠭᠤᠨ》 ᠭᠡᠳ ᠣᠯᠠᠨ ᠰᠠᠶᠢᠬᠠᠨ ᠳᠠᠭᠤᠤ ᠪᠤᠶ᠃

᠆ ᠬᠡᠷᠪᠡ ᠲᠠᠨ ᠳᠤ ᠮᠣᠩᠭᠤᠯ ᠤᠨ ᠢᠷᠭᠡᠨ ᠪᠣᠯᠬᠤ ᠪᠣᠯᠤᠮᠵᠢ ᠲᠣᠬᠢᠶᠠᠪᠠᠯ ᠲᠥᠷᠦᠭᠰᠡᠨ ᠨᠤᠲᠤᠭ ᠢᠶᠠᠨ ᠣᠷᠬᠢᠭᠠᠳ ᠶᠠᠪᠤᠵᠤ ᠴᠢᠳᠠᠬᠤ ᠤᠤ⁈

᠆ ᠪᠢ ᠶᠡᠷᠦ ᠳᠡᠭᠡᠨ 24 ᠨᠠᠰᠤ ᠲᠠᠶ᠃ ᠳᠥᠩᠭᠡᠵᠦ ᠶᠡᠬᠡ ᠰᠤᠷᠭᠠᠭᠤᠯᠢ ᠪᠠᠨ ᠲᠡᠭᠦᠰᠬᠦ ᠭᠡᠵᠦ ᠪᠠᠶᠢᠵᠤ ᠡᠶᠢᠮᠦ ᠲᠣᠮᠤ ᠰᠢᠢᠳᠪᠦᠷᠢ ᠭᠠᠷᠭᠠᠬᠤ ᠪᠣᠯᠤᠮᠵᠢ ᠦᠭᠡᠶ᠃ ᠮᠠᠭᠠᠳ ᠦᠭᠡᠶ ᠪᠢ ᠠᠷᠠᠶ ᠤᠬᠠᠭᠠᠨ ᠰᠠᠭᠤᠵᠤ᠂ ᠨᠠᠰᠤ ᠠᠬᠢᠭᠰᠠᠨ ᠬᠣᠶᠢᠨ᠎ᠠ ᠪᠠᠨ ᠮᠣᠩᠭᠤᠯ ᠳᠤ ᠠᠵᠢᠯᠯᠠᠵᠤ᠂ ᠠᠮᠢᠳᠤᠷᠠᠵᠤ ᠪᠣᠯᠬᠤ ᠶᠤᠮ᠃ ᠲᠡᠭᠡᠪᠡᠯ ᠮᠠᠰᠢ ᠶᠡᠬᠡ ᠰᠢᠨ᠎ᠡ ᠪᠣᠯᠤᠮᠵᠢ᠂ ᠰᠤᠷᠬᠤ ᠵᠦᠶᠯ ᠭᠠᠷᠴᠤ ᠢᠷᠡᠨ᠎ᠡ ᠭᠡᠳᠡᠭ ᠲᠦ ᠢᠲᠡᠭᠡᠯ ᠲᠡᠶ ᠪᠠᠶᠢᠨ᠎ᠠ᠃ ᠢᠩᠭᠢᠭᠰᠡᠨ ᠢᠶᠡᠷ ᠮᠣᠩᠭᠤᠯ ᠤᠨ ᠲᠤᠬᠠᠶ ᠢᠯᠡᠭᠦᠦ ᠶᠡᠬᠡ ᠶᠢ ᠮᠡᠳᠡᠵᠦ᠂ ᠲᠡᠭᠦᠨ ᠢ ᠪᠡᠨ ᠳᠡᠯᠡᠬᠡᠶ ᠶᠢᠷᠲᠢᠨᠴᠦ ᠲᠡᠶ ᠬᠤᠪᠢᠶᠠᠯᠴᠠᠬᠤ ᠪᠣᠯᠤᠮᠵᠢᠲᠠᠶ ᠪᠣᠯᠤᠨ᠎ᠠ᠃

᠆ ᠮᠣᠩᠭᠤᠯ ᠣᠷᠤᠨ ᠤ ᠴᠤᠬᠤᠮ ᠶᠠᠭᠤ ᠨᠢ ᠲᠠᠨ ᠳᠤ ᠬᠠᠮᠤᠭ ᠤᠨ ᠦᠨ᠎ᠡ ᠴᠡᠨ᠎ᠡ ᠲᠡᠶ ᠰᠠᠨᠠᠭᠳᠠᠳᠠᠭ ᠪᠤᠶ⁈

᠆ ᠮᠣᠩᠭᠤᠯ ᠳᠤ ᠥᠪᠡᠷ ᠦᠨ ᠪᠡᠶ᠎ᠡ ᠪᠡᠷ ᠣᠴᠢᠵᠤ ᠦᠵᠡᠭᠡᠳᠦᠶ ᠴᠦ ᠮᠣᠩᠭᠤᠯ ᠠᠴᠠ ᠣᠯᠵᠤ ᠬᠠᠷᠠᠭᠰᠠᠨ ᠬᠠᠮᠤᠭ ᠤᠨ ᠠᠭᠤᠤ ᠵᠦᠶᠯ ᠪᠣᠯ ᠬᠦᠮᠦᠰ ᠦᠨ ᠥᠭᠭᠢᠶᠡᠮᠦᠷ ᠰᠠᠶᠢᠬᠠᠨ ᠰᠡᠳᠬᠢᠯ᠃

ᠮᠣᠩᠭᠤᠯᠴᠤᠳ ᠨᠡᠷ᠎ᠡ ᠶᠢ ᠲᠠᠨᠢ ᠮᠡᠳᠡᠬᠦ ᠦᠭᠡᠶ ᠬᠢᠷᠢ ᠨᠢ ᠪᠡᠨ ᠲᠠᠨ ᠳᠤ ᠶᠠᠮᠠᠷ ᠨᠢᠭᠡᠨ ᠵᠦᠶᠯ ᠥᠭᠴᠦ ᠴᠢᠳᠠᠬᠤ ᠬᠦᠮᠦᠰ᠃ ᠨᠡᠭᠦᠳᠡᠯᠴᠢᠨ ᠠᠷᠠᠳ ᠤᠳ ᠣᠭᠲᠤ ᠲᠠᠨᠢᠬᠤ ᠦᠭᠡᠶ ᠵᠣᠴᠢᠨ ᠭᠡᠶᠢᠴᠢᠨ ᠢ ᠴᠦ ᠬᠠᠮᠤᠭ ᠤᠨ ᠲᠦᠷᠦᠭᠦᠨ ᠳᠦ ᠭᠡᠷ ᠲᠡᠭᠡᠨ ᠤᠷᠢᠭᠠᠳ ᠬᠣᠭᠤᠯᠠ ᠤᠮᠳᠠ ᠪᠠᠷ ᠳᠠᠶᠢᠯᠠᠳᠠᠭ᠃



ᠣᠷᠴᠢᠨ ᠦᠶ᠎ᠡ ᠶᠢᠨ ᠵᠠᠯᠠᠭᠤᠰ ᠪᠦᠳᠦᠭᠦᠯᠢᠭ ᠪᠠᠶᠢᠵᠤ ᠮᠠᠭᠠᠳ ᠦᠭᠡᠶ ᠯᠡ ᠶᠤᠮ᠃ ᠬᠠᠷᠢᠨ ᠠᠬᠠᠮᠠᠳ ᠤᠳ ᠪᠦᠭᠦᠳᠡ ᠪᠡᠷ ᠢᠶᠡᠨ ᠮᠠᠰᠢ ᠰᠠᠶᠢᠬᠠᠨ ᠰᠡᠳᠬᠢᠯ ᠲᠡᠶ᠂ ᠨᠥᠭᠦᠷᠰᠡᠭ᠂ ᠲᠤᠰᠠᠯᠠᠮᠵᠢ ᠬᠡᠷᠡᠭᠲᠡᠶ ᠬᠦᠮᠦᠨ ᠪᠦᠬᠦᠨ ᠳᠦ ᠭᠠᠷ ᠳᠡᠯᠭᠡᠨ ᠲᠤᠰᠠᠯᠠᠬᠤ ᠶᠢ ᠬᠦᠰᠡᠳᠡᠭ᠃ ᠪᠢ ᠨᠢᠭᠡ ᠭᠠᠶᠢᠬᠠᠯᠲᠠᠶ ᠲᠡᠦᠬᠡ ᠰᠣᠨᠤᠰᠴᠤ ᠪᠠᠶᠢᠭᠰᠠᠨ ᠶᠤᠮ᠃ ᠨᠢᠭᠡ ᠠᠶᠢᠯ ᠣᠭᠲᠤ ᠮᠠᠯ ᠦᠭᠡᠶ ᠥᠭᠡᠷ᠎ᠡ ᠨᠢᠭᠡᠨ ᠭᠡᠷ ᠪᠦᠯᠢ ᠳᠦ ᠠᠮᠢᠳᠤᠷᠠᠬᠤ ᠳᠤᠨᠢ ᠳᠡᠮ ᠪᠣᠯᠵᠤ ᠢᠮᠠᠭᠠᠨ ᠰᠦᠷᠦᠭ ᠡᠴᠡᠭᠡᠨ ᠲᠠᠰᠤᠯᠵᠤ ᠥᠭᠴᠡᠶ᠃

ᠬᠡᠳᠦᠨ ᠵᠢᠯ ᠦᠨ ᠳᠠᠷᠠᠭ᠎ᠠ ᠥᠨᠦᠬᠢ ᠭᠡᠷ ᠪᠦᠯᠢ ᠪᠠᠶᠠᠷᠯᠠᠭᠰᠠᠨ ᠢᠶᠠᠨ ᠢᠯᠡᠷᠬᠡᠶᠢᠯᠡᠵᠦ ᠲᠡᠳᠡᠨ ᠳᠦ ᠥᠭᠭᠦᠭᠰᠡᠨ ᠢᠮᠠᠭ᠎ᠠ ᠨᠤᠭᠤᠳ ᠠᠴᠠ ᠬᠣᠶᠠᠷ ᠳᠠᠬᠢᠨ ᠶᠡᠬᠡ ᠠᠳᠤᠭᠤ ᠪᠡᠯᠡᠭᠯᠡᠭᠰᠡᠨ ᠭᠡᠳᠡᠭ᠃ ᠪᠢ ᠮᠣᠩᠭᠤᠯᠴᠤᠳ ᠤᠨ ᠡᠶᠢᠮᠦ ᠰᠠᠶᠢᠬᠠᠨ ᠰᠡᠳᠬᠢᠯ ᠳᠦ ᠯᠡ ᠬᠠᠶᠢᠷᠠᠲᠠᠶ ᠪᠠᠶᠢᠳᠠᠭ᠃ ᠴᠠᠭᠠᠨ ᠰᠠᠷ᠎ᠠ ᠪᠠᠷ ᠠᠶᠢᠯ ᠤᠳ ᠨᠢᠭᠡᠨ ᠢᠶᠡᠨ ᠤᠷᠢᠵᠤ᠂ ᠳᠠᠶᠢᠯᠠᠳᠠᠭ᠃ ᠡᠪᠦᠯ ᠦᠨ ᠴᠠᠭ ᠢᠶᠠᠷ ᠶᠠᠳᠠᠷᠠᠵᠤ ᠳᠠᠭᠠᠷᠠᠭᠰᠠᠨ ᠨᠠᠶᠢᠵᠠ ᠨᠥᠭᠦᠳ ᠪᠣᠯᠤᠨ ᠬᠥᠷᠰᠢ ᠨᠦᠭᠦᠳ ᠢᠶᠡᠨ ᠰᠦ᠋ ᠲᠡᠶ ᠴᠠᠶ ᠪᠠᠷ ᠳᠠᠶᠢᠯᠠᠳᠠᠭ᠃ ᠪᠦᠬᠦ ᠵᠦᠶᠯ ᠨᠢ ᠦᠨᠡᠬᠡᠷ ᠬᠠᠶᠢᠷ᠎ᠠ ᠲᠠᠲᠠᠮ᠎ᠠ᠃ ᠰᠠᠶᠢᠬᠠᠨ ᠰᠡᠳᠬᠢᠯ ᠭᠡᠳᠡᠭ ᠡᠶᠢᠮᠦ ᠵᠦᠶᠯ ᠮᠢᠨᠦ ᠲᠥᠷᠦᠵᠦ ᠥᠰᠦᠭᠰᠡᠨ ᠭᠠᠵᠠᠷ ᠶᠡᠬᠡ ᠬᠣᠪᠤᠷ ᠪᠠᠶᠢᠳᠠᠭ ᠶᠤᠮ ᠳᠠ

《ᠭᠡᠷᠡᠭᠡ》 ᠰᠡᠳᠬᠦᠯ - ᠭ᠂ ᠠᠷᠢᠭᠤᠨᠵᠤᠯᠠ



ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Цааш унших

Саятан болох 20 энгийн алхмууд

2015-10-01

ᠰᠠᠶᠠᠲᠠᠨ ᠪᠣᠯᠬᠤ 20 ᠡᠩ ᠦᠨ ᠠᠯᠬᠤᠮ ᠤᠳ





ᠮᠠᠭᠠᠳ ᠦᠭᠡᠶ ᠴᠢ ᠪᠢᠽᠨᠧᠰ ᠬᠢᠵᠦ᠂ ᠠᠰᠢᠭ ᠣᠯᠵᠤ ᠪᠠᠶᠢᠵᠤ ᠯᠠ ᠰᠠᠶᠠᠲᠠᠨ ᠪᠣᠯᠳᠠᠭ ᠭᠡᠵᠦ ᠪᠣᠳᠤᠵᠤ ᠪᠠᠶᠢᠭ᠎ᠠ ᠪᠠᠶᠢᠬ᠎ᠠ᠃ ᠭᠡᠪᠡᠴᠦ ᠶᠠᠭ ᠦᠨᠡᠨ ᠳᠡᠭᠡᠨ ᠬᠦᠮᠦᠨ ᠦ ᠰᠠᠶᠠᠲᠠᠨ ᠪᠣᠯᠬᠤ᠂ ᠦᠭᠡᠶ ᠨᠢ ᠡᠳᠦᠷ ᠲᠤᠲᠤᠮ ᠤᠨ ᠠᠯᠬᠤᠮ ᠪᠦᠷᠢ ᠳᠦ ᠶᠠᠮᠠᠷ ᠰᠢᠢᠳᠪᠦᠷᠢ ᠭᠠᠷᠭᠠᠵᠤ ᠪᠠᠶᠢᠭ᠎ᠠ ᠠᠴᠠ ᠰᠢᠯᠲᠠᠭᠠᠯᠠᠳᠠᠭ᠃

ᠰᠠᠶᠠᠲᠠᠨ ᠪᠣᠯᠬᠤ ᠠᠷᠭ᠎ᠠ ᠶᠡᠷᠦᠳᠡ ᠡᠴᠡᠭᠡᠨ ᠨᠢᠭᠤᠴᠠ ᠪᠢᠰᠢ᠃ ᠬᠦᠮᠦᠨ ᠪᠦᠬᠦᠨ ᠳᠦ ᠨᠡᠭᠡᠭᠡᠯᠲᠡ ᠲᠡᠶ ᠡᠳᠡᠭᠡᠷ ᠠᠷᠭ᠎ᠠ ᠨᠤᠭᠤᠳ ᠢ ᠮᠥᠷᠳᠡᠬᠦ ᠯᠡ ᠬᠡᠴᠡᠭᠦᠦ ᠤᠴᠢᠷ ᠠᠴᠠ ᠬᠦᠮᠦᠨ ᠪᠣᠯᠭᠠᠨ ᠰᠠᠶᠠᠲᠠᠨ ᠪᠣᠯᠵᠤ ᠴᠢᠳᠠᠳᠠᠭ ᠦᠭᠡᠶ ᠪᠠᠶᠢᠨ᠎ᠠ᠃

1. ᠬᠦᠰᠡᠭᠰᠡᠨ ᠵᠦᠶᠯᠡᠰ ᠢᠶᠡᠨ ᠪᠤᠰᠤ ᠬᠡᠷᠡᠭᠲᠡᠶ ᠵᠦᠶᠯᠡᠰ ᠢᠶᠡᠨ ᠯᠡ ᠠᠪᠴᠤ ᠪᠠᠶ᠃

ᠶᠡᠬᠡᠩᠬᠢ ᠬᠦᠮᠦᠰ ᠦᠨ ᠰᠠᠶᠠᠲᠠᠨ ᠪᠣᠯᠬᠤ ᠵᠣᠷᠢᠯᠭ᠎ᠠ ᠨᠢ ᠬᠦᠰᠡᠭᠰᠡᠨ ᠵᠦᠶᠯ ᠢᠶᠡᠨ ᠬᠤᠳᠠᠯᠳᠤᠵᠤ ᠠᠪᠬᠤ ᠴᠤ ᠲᠡᠷᠡᠨ ᠳᠦ ᠬᠦᠷᠬᠦ ᠵᠠᠮ ᠳᠤ ᠦᠷᠡᠯᠭᠡᠨ ᠪᠠᠶᠢᠳᠠᠯ ᠬᠠᠮᠤᠭ ᠤᠨ ᠶᠡᠬᠡ ᠪᠡᠷ ᠰᠠᠭᠠᠳ ᠪᠣᠯᠤᠨ᠎ᠠ᠃ ᠥᠪᠡᠷ ᠲᠡᠭᠡᠨ ᠬᠡᠷᠡᠭ ᠦᠭᠡᠶ ᠲᠣᠮᠤ ᠪᠠᠶᠢᠰᠢᠩ᠂ ᠱᠠᠭᠠᠷᠳᠠᠯᠭ᠎ᠠ ᠦᠭᠡᠶ ᠲᠠᠩᠰᠤᠭ ᠮᠠᠰᠢᠨ ᠠᠪᠴᠤ ᠬᠠᠮᠤᠭ ᠮᠥᠩᠬᠦ ᠪᠡᠨ ᠦᠷᠡᠬᠦ ᠶᠢᠨ ᠣᠷᠤᠨ ᠳᠤ ᠵᠥᠪᠬᠡᠨ ᠥᠪᠡᠷ ᠲᠡᠭᠡᠨ ᠬᠡᠷᠡᠭᠲᠡᠶ ᠵᠦᠶᠯ ᠢᠶᠡᠨ ᠯᠡ ᠠᠪᠴᠤ ᠰᠠᠬᠢᠯᠭ᠎ᠠ ᠪᠠᠲᠤᠲᠠᠶ ᠪᠠᠶᠢᠬᠤ ᠬᠡᠷᠡᠭᠲᠡᠶ᠃

2. ᠣᠯᠳᠠᠭ ᠠᠴᠠᠭᠠᠨ ᠪᠠᠭ᠎ᠠ ᠶᠢ ᠦᠷᠡᠵᠦ ᠪᠠᠶ᠃

ᠡᠨᠡ ᠪᠣᠯ ᠮᠥᠩᠬᠦ ᠬᠠᠳᠠᠭᠠᠯᠠᠵᠤ ᠪᠠᠶᠠᠯᠢᠭ ᠪᠤᠶ ᠪᠣᠯᠭᠠᠬᠤ ᠠᠩᠬᠠᠨ ᠱᠠᠲᠤᠨ ᠤ ᠣᠶᠢᠯᠠᠭᠠᠯᠲᠠ᠃ ᠭᠡᠬᠦ ᠳᠡᠭᠡᠨ ᠡᠭᠦᠨ ᠰᠢᠭ᠋ ᠬᠡᠷᠡᠭᠲᠡᠶ ᠬᠠᠭᠤᠴᠢᠨ ᠤ ᠵᠥᠪᠯᠡᠭᠡ ᠭᠡᠵᠦ ᠪᠠᠶᠢᠬᠤ ᠦᠭᠡᠶ᠃

3. ᠲᠥᠯᠦᠵᠦ ᠴᠢᠳᠠᠬᠤ ᠵᠦᠶᠯ ᠢᠶᠡᠨ ᠯᠡ ᠬᠤᠳᠠᠯᠳᠤᠵᠤ ᠠᠪ᠃

ᠣᠳᠤ ᠦᠶ᠎ᠡ ᠳᠦ ᠶᠠᠮᠠᠷ ᠨᠢᠭᠡᠨ ᠵᠢᠭᠡᠯᠡ ᠳᠦ ᠬᠠᠮᠤᠷᠤᠭᠳᠠᠯ ᠦᠭᠡᠶ ᠪᠡᠷ ᠶᠠᠭᠤᠮ᠎ᠠ ᠬᠤᠳᠠᠯᠳᠤᠵᠤ ᠠᠪᠬᠤ ᠳᠤ ᠬᠡᠴᠡᠭᠦᠦ᠃ ᠲᠡᠭᠡᠯ᠎ᠡ ᠴᠦ ᠭᠡᠰᠡᠨ ᠦᠷᠭᠦᠯᠵᠢ ᠠᠯᠢ ᠪᠣᠯᠬᠤ ᠬᠤᠷᠳᠤᠨ ᠲᠥᠯᠦᠵᠦ ᠳᠠᠭᠤᠰᠬᠠᠵᠤ ᠴᠢᠳᠠᠬᠤ ᠶᠠᠭᠤᠮ᠎ᠠ ᠪᠠᠨ ᠯᠠ ᠠᠪᠴᠤ ᠪᠠᠶ᠃ ᠢᠩᠭᠢᠭᠰᠡᠨ ᠢᠶᠡᠷ ᠴᠢ ᠬᠦᠰᠡᠭᠰᠡᠨ ᠠᠵᠢᠯ ᠢᠶᠠᠨ ᠬᠢᠵᠦ ᠰᠠᠲᠠᠭᠠᠷᠠᠯ ᠦᠭᠡᠶ ᠪᠡᠷ ᠵᠣᠷᠢᠯᠭ᠎ᠠ ᠳᠠᠭᠠᠨ ᠬᠦᠷᠦᠨ᠎ᠡ᠃

4. ᠲᠡᠪᠴᠢᠶᠡᠷᠢᠲᠡᠶ ᠪᠠᠶ᠃

ᠢᠯᠡᠭᠦᠦ ᠮᠥᠩᠬᠦ ᠣᠯᠬᠤ ᠲᠤᠰᠤᠮ ᠬᠡᠨ ᠳᠦ ᠴᠦ ᠬᠡᠷᠡᠭᠯᠡᠭᠡ ᠪᠡᠨ ᠳᠡᠭᠡᠭᠰᠢᠯᠡᠭᠦᠯᠵᠦ ᠠᠮᠢᠳᠤᠷᠠᠯ ᠤᠨ ᠬᠡᠪ ᠮᠠᠶᠢᠭ ᠢᠶᠠᠨ ᠥᠭᠡᠷᠡᠴᠢᠯᠡᠮᠡᠷ ᠰᠠᠨᠠᠭᠳᠠᠨ᠎ᠠ᠃ ᠭᠡᠬᠦ ᠳᠡᠭᠡᠨ ᠢᠩᠭᠢᠵᠦ ᠴᠤᠭᠯᠠᠭᠤᠯᠤᠭᠰᠠᠨ ᠬᠡᠳᠦ ᠪᠡᠨ ᠦᠷᠡᠭᠡᠳ ᠪᠠᠶᠢᠪᠠᠯ ᠵᠣᠷᠢᠯᠭ᠎ᠠ ᠳᠠᠭᠠᠨ ᠬᠦᠷᠭᠦ ᠦᠭᠡᠶ ᠭᠡᠳᠡᠭ ᠢ ᠰᠠᠨᠠᠵᠤ ᠶᠠᠪᠤᠭᠠᠷᠠᠶ᠃

5. ᠲᠥᠯᠦᠬᠦ ᠶᠣᠰᠤᠲᠠᠶ ᠲᠥᠯᠦᠪᠦᠷᠢ ᠨᠦᠭᠦᠳ ᠢᠶᠡᠨ ᠬᠠᠮᠤᠭ ᠤᠨ ᠡᠬᠢᠯᠡᠵᠦ ᠲᠥᠯᠥᠵᠦ ᠪᠠᠶ᠃

ᠬᠦᠮᠦᠨ ᠥᠪᠡᠷ ᠲᠡᠭᠡᠨ ᠪᠠᠶᠢᠬᠤ ᠦᠭᠡᠶ ᠮᠥᠩᠬᠦ ᠶᠢ ᠮᠡᠳᠡᠭᠡᠵᠢ ᠦᠷᠡᠵᠦ ᠴᠢᠳᠠᠬᠤ ᠦᠭᠡᠶ᠃ ᠲᠡᠶᠢᠮᠦ ᠪᠣᠯᠬᠤᠷ ᠡᠨᠡ ᠠᠷᠭ᠎ᠠ ᠶᠢ ᠥᠪᠡᠷ ᠦᠨ ᠢᠶᠡᠨ ᠳᠠᠪᠠᠭᠤ ᠲᠠᠯ᠎ᠠ ᠳᠤ ᠠᠰᠢᠭᠯᠠᠵᠤ ᠴᠠᠯᠢᠩ ᠢᠶᠠᠨ ᠠᠪᠤᠩᠭᠤᠲᠠ ᠲᠥᠯᠦᠬᠦ ᠶᠣᠰᠤᠲᠠᠶ ᠲᠥᠯᠦᠪᠦᠷᠢ ᠨᠦᠭᠦᠳ ᠢᠶᠡᠨ ᠬᠠᠮᠤᠭ ᠤᠨ ᠡᠬᠢᠯᠡᠵᠦ ᠬᠢᠵᠦ ᠪᠠᠶᠢᠭᠠᠷᠠᠶ᠃

6. ᠵᠢᠭᠡᠯᠡ ᠶᠢᠨ ᠢᠶᠡᠨ ᠻᠠᠷᠲ ᠤᠨ ᠦᠯᠡᠳᠡᠭᠳᠡᠯ ᠢ ᠰᠠᠷ᠎ᠠ ᠪᠣᠯᠭᠠᠨ ᠲᠥᠯᠦᠵᠦ ᠵᠠᠩᠰᠢ᠃

ᠪᠠᠩᠬᠢ ᠠᠴᠠ ᠠᠪᠤᠭᠰᠠᠨ ᠬᠡᠷᠡᠭᠯᠡᠭᠡᠨ ᠦ ᠵᠢᠭᠡᠯᠡ ᠪᠡᠨ ᠪᠠᠭ᠎ᠠ ᠪᠠᠭ᠎ᠠ ᠪᠠᠷ ᠲᠥᠯᠦᠵᠦ ᠪᠠᠩᠬᠢ ᠲᠠᠶ ᠰᠠᠶᠢᠨ ᠬᠠᠷᠢᠯᠴᠠᠭ᠎ᠠ ᠲᠠᠶ ᠪᠠᠶᠢᠨ᠎ᠠ ᠭᠡᠳᠡᠭ ᠰᠠᠶᠢᠨ ᠬᠡᠷᠡᠭ᠃ ᠭᠡᠬᠦ ᠳᠡᠭᠡᠨ ᠥᠪᠡᠷ ᠦᠨ ᠢᠶᠡᠨ ᠬᠡᠷᠡᠭᠯᠡᠭᠰᠡᠨ ᠢ ᠲᠣᠭᠲᠠᠮᠠᠯ ᠲᠥᠯᠦᠵᠦ ᠴᠢᠳᠠᠳᠠᠭ ᠪᠠᠶᠢᠨ᠎ᠠ ᠭᠡᠳᠡᠭ ᠪᠦᠷ ᠰᠠᠶᠢᠨ ᠬᠡᠷᠡᠭ᠃

7. ᠬᠤᠷᠠᠮᠲᠤᠯᠠᠯ ᠢᠶᠠᠨ ᠡᠷᠲᠡᠬᠡᠨ ᠡᠬᠢᠯᠡᠭᠦᠯ᠃

ᠠᠯᠢ ᠪᠣᠯᠬᠤ ᠬᠤᠷᠳᠤᠨ ᠮᠥᠩᠬᠦ ᠴᠤᠭᠯᠠᠭᠤᠯᠵᠤ ᠬᠤᠷᠠᠮᠲᠤᠯᠠᠯ ᠡᠭᠦᠰᠬᠡᠬᠦ ᠲᠤᠰᠤᠮ ᠢᠶᠠᠨ ᠰᠠᠶᠢᠨ᠃ ᠬᠡᠷᠪᠡ ᠴᠢ 20 ᠠᠴᠠ 30 ᠨᠠᠰᠤᠨ ᠳᠠᠭᠠᠨ ᠬᠤᠷᠠᠮᠲᠤᠯᠠᠯ ᠡᠭᠦᠰᠬᠡᠵᠦ ᠡᠬᠢᠯᠡᠪᠡᠯ ᠢᠷᠡᠭᠡᠳᠦᠶ ᠳᠦ ᠡᠭᠦᠰᠬᠦ ᠬᠦ᠋ᠦ ᠶᠢᠨ ᠬᠡᠮᠵᠢᠶ᠎ᠡ ᠤᠯᠠᠮ ᠨᠡᠮᠡᠭᠳᠡᠵᠦ ᠥᠲᠡᠯᠦᠭᠰᠡᠨ ᠬᠣᠶᠢᠨ᠎ᠠ ᠪᠠᠨ ᠵᠣᠪᠠᠬᠤ ᠱᠠᠭᠠᠷᠠᠳᠠᠯᠭ᠎ᠠ ᠦᠭᠡᠶ᠃

8. ᠠᠵᠠ ᠵᠢᠷᠭᠠᠯ ᠢ ᠬᠤᠳᠠᠯᠳᠤᠵᠤ ᠠᠪᠴᠤ ᠪᠣᠯᠳᠠᠭ ᠦᠭᠡᠶ ᠶᠢ ᠰᠠᠨᠠ᠃

ᠵᠥᠪᠬᠡᠨ ᠮᠠᠲᠧᠷᠢᠶᠠᠯᠯᠢᠭ ᠠᠮᠢᠳᠤᠷᠠᠯ ᠤᠨ ᠬᠣᠶᠢᠨ᠎ᠠ ᠠᠴᠠ ᠪᠤᠰᠤ ᠪᠦᠷᠢᠨ ᠪᠦᠲᠦᠨ ᠠᠵᠠ ᠵᠢᠷᠭᠠᠯᠲᠠᠶ ᠠᠮᠢᠳᠤᠷᠠᠯ ᠳᠤ ᠬᠦᠷᠬᠦ ᠭᠡᠵᠦ ᠰᠠᠶᠠᠲᠠᠨ ᠪᠣᠯᠬᠤ ᠶᠢ ᠬᠦᠰᠡᠪᠡᠯ ᠡᠨᠡ ᠵᠣᠷᠢᠯᠭ᠎ᠠ ᠳᠠᠭᠠᠨ ᠴᠢ ᠢᠯᠡᠭᠦᠦ ᠬᠤᠷᠳᠤᠨ ᠬᠦᠷᠬᠦ ᠪᠣᠯᠤᠨ᠎ᠠ᠃

9. ᠠᠮᠢᠳᠤᠷᠠᠯ ᠳᠤ ᠶᠠᠭᠤ ᠴᠤ ᠲᠣᠬᠢᠶᠠᠯᠳᠤᠵᠤ ᠪᠣᠯᠳᠠᠭ ᠢ ᠣᠶᠢᠯᠠᠭ᠎ᠠ᠃

ᠭᠡᠨᠡᠳᠲᠡ ᠶᠢᠨ ᠶᠠᠭᠠᠷᠠᠯᠲᠠᠶ ᠦᠶ᠎ᠡ ᠳᠦ ᠵᠠᠷᠤᠴᠠᠭᠤᠯᠬᠤ ᠮᠥᠩᠬᠦ ᠪᠠᠶᠢᠩᠭᠤ ᠪᠠᠶᠢᠯᠭᠠᠬᠤ ᠬᠡᠷᠡᠭᠲᠡᠶ᠃ ᠡᠨᠡ ᠮᠥᠩᠬᠦ ᠨᠢ ᠰᠠᠶᠠᠲᠠᠨ ᠪᠣᠯᠬᠤ ᠳᠠᠩᠰᠠᠨ ᠠᠴᠠ ᠴᠢᠨᠢ ᠲᠤᠰ ᠲᠠᠭᠠᠨ ᠪᠠᠶᠢᠪᠠᠯ ᠶᠠᠭᠤ ᠴᠤ ᠪᠣᠯᠵᠤ ᠪᠠᠶᠢᠭᠰᠠᠨ ᠴᠢ ᠵᠣᠷᠢᠯᠭ᠎ᠠ ᠳᠠᠭᠠᠨ ᠬᠦᠷᠬᠦ ᠯᠡ ᠪᠣᠯᠤᠨ᠎ᠠ᠃

10. ᠥᠷᠢ ᠦᠭᠡᠶ ᠬᠦᠮᠦᠨ ᠪᠠᠶᠠᠨ᠃

ᠰᠠᠷ᠎ᠠ ᠪᠣᠯᠭᠠᠨ ᠶᠡᠬᠡ ᠬᠡᠮᠵᠢᠶᠡᠨ ᠦ ᠣᠷᠤᠯᠭ᠎ᠠ ᠲᠠᠶ ᠪᠠᠶᠢᠯ᠎ᠠ ᠴᠤ ᠲᠡᠷᠡᠨ ᠡᠴᠡ ᠳᠠᠪᠠᠭᠰᠠᠨ ᠶᠡᠬᠡ ᠥᠷᠢ ᠲᠡᠶ ᠪᠣᠯ ᠴᠢ ᠰᠠᠩᠬᠦᠦ ᠶᠢᠨ ᠶᠠᠮᠠᠷ ᠴᠤ ᠡᠷᠬᠡ ᠴᠢᠯᠦᠭᠡ ᠦᠭᠡᠶ᠃ ᠰᠠᠩᠬᠦᠦ ᠶᠢᠨ ᠡᠷᠬᠡ ᠴᠢᠯᠦᠭᠡ ᠲᠡᠶ ᠪᠠᠶᠢᠨ᠎ᠠ ᠭᠡᠳᠡᠭ ᠵᠦᠶᠯ ᠣᠷᠤᠯᠭ᠎ᠠ ᠶᠢᠨ ᠬᠡᠮᠵᠢᠶᠡᠨ ᠡᠴᠡ ᠪᠤᠰᠤ ᠡᠳᠦᠷ ᠦᠨ ᠬᠡᠳᠦᠨ ᠴᠠᠭ ᠨᠢ ᠴᠢᠯᠦᠭᠡᠲᠦ ᠴᠠᠭ ᠲᠠᠶ ᠪᠠᠶᠢᠨ᠎ᠠ ᠪᠤᠶ ᠭᠡᠳᠡᠭ ᠢᠶᠡᠷ ᠬᠡᠮᠵᠢᠭᠳᠡᠳᠡᠭ᠃

11. ᠠᠵᠢᠯᠰᠠᠭ ᠪᠠᠰᠠ ᠬᠢᠴᠢᠶᠡᠩᠭᠦᠶ ᠪᠠᠶ᠃

ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ᠃

12. ᠬᠣᠶᠠᠷ ᠠᠵᠢᠯ ᠬᠢ᠃

ᠬᠣᠶᠠᠷ ᠠᠵᠢᠯ ᠬᠢᠪᠡᠯ ᠢᠯᠡᠭᠦᠦ ᠣᠷᠤᠯᠭ᠎ᠠ ᠲᠠᠶ ᠪᠣᠯᠬᠤ ᠠᠴᠠ ᠭᠠᠳᠠᠨ᠎ᠠ ᠣᠯᠤᠭᠰᠠᠨ ᠢᠶᠠᠨ ᠦᠷᠡᠬᠦ ᠵᠠᠪ ᠦᠭᠡᠶ ᠪᠣᠯᠤᠨ᠎ᠠ᠃

13. ᠲᠣᠮᠤ ᠮᠥᠷᠦᠭᠡᠳᠦᠯ᠂ ᠲᠥᠰᠦᠭᠡᠯᠡᠯ ᠲᠡᠶ ᠪᠠᠶᠢᠬᠤ ᠠᠴᠠ ᠠᠶᠤᠬᠤ ᠬᠡᠷᠡᠭ ᠦᠭᠡᠶ᠃

ᠥᠷᠭᠦᠯᠵᠢ ᠥᠪᠡᠷ ᠦᠨ ᠴᠢᠳᠠᠬᠤ ᠪᠠᠷ᠂ ᠲᠤᠬᠠᠲᠠᠶ ᠪᠠᠷ ᠮᠥᠩᠬᠦ ᠪᠡᠨ ᠬᠤᠷᠠᠮᠲᠤᠯᠠᠭᠤᠯᠬᠤ ᠨᠢ ᠣᠳᠤ ᠲᠠᠭᠠᠲᠠᠶ ᠴᠤ ᠰᠡᠭᠦᠯ ᠳᠦᠨᠢ ᠠᠰᠢᠭ ᠦᠭᠡᠶ᠃ ᠲᠡᠶᠢᠮᠦ ᠪᠣᠯᠬᠤᠷ ᠶᠡᠬᠡ ᠮᠥᠩᠭᠦ ᠲᠡᠶ ᠪᠣᠯᠬᠤ ᠵᠣᠷᠢᠯᠭ᠎ᠠ ᠲᠠᠯᠪᠢᠵᠤ ᠲᠡᠭᠦᠨ ᠳᠡᠭᠡᠨ ᠬᠦᠷ᠃

14. ᠮᠥᠩᠬᠦ ᠪᠡᠨ ᠠᠰᠢᠭᠲᠠᠶ ᠪᠠᠷ ᠵᠣᠬᠢᠴᠠᠭᠤᠯᠬᠤ ᠴᠢᠳᠠᠪᠤᠷᠢ ᠲᠠᠶ ᠪᠠᠶ᠃

ᠮᠥᠩᠬᠦᠨ ᠦ ᠮᠧᠨᠧᠵᠮᠧᠨᠲ ᠦᠨ ᠰᠡᠭᠦᠯ ᠦᠨ ᠦᠶ᠎ᠡ ᠶᠢᠨ ᠠᠷᠭ᠎ᠠ ᠨᠤᠭᠤᠳ ᠠᠴᠠ ᠦᠷᠭᠦᠯᠵᠢ ᠰᠤᠷᠤᠯᠴᠠᠵᠤ ᠰᠠᠶᠢᠨ ᠵᠣᠬᠢᠴᠠᠭᠤᠯᠤᠯᠲᠠ ᠦᠭᠡᠶ ᠪᠡᠷ ᠮᠥᠩᠭᠦ ᠴᠢᠨᠢ ᠬᠦᠰᠡᠭᠰᠡᠨ ᠬᠡᠮᠵᠢᠶᠡᠨ ᠳᠦ ᠣᠴᠢᠬᠤ ᠦᠭᠡᠶ ᠭᠡᠳᠡᠭ ᠢ ᠰᠠᠨᠠᠭᠠᠷᠠᠶ᠃

15. ᠥᠪᠡᠷ ᠲᠡᠭᠡᠨ ᠲᠠᠭᠠᠯᠠᠭᠳᠠᠳᠠᠭ ᠵᠦᠶᠯ ᠢᠶᠡᠨ ᠬᠢ᠃

ᠥᠪᠡᠷ ᠦᠨ ᠬᠦᠰᠡᠭᠰᠡᠨ᠂ ᠲᠠᠭᠠᠯᠠᠭᠳᠠᠳᠠᠭ ᠮᠡᠷᠭᠡᠵᠢᠯ ᠢᠶᠡᠨ ᠰᠣᠩᠭᠤᠵᠤ ᠠᠵᠢᠯᠯᠠᠬᠤ ᠨᠢ ᠰᠠᠩᠬᠦᠦ ᠶᠢᠨ ᠵᠣᠷᠢᠯᠭ᠎ᠠ ᠳᠠᠭᠠᠨ ᠬᠦᠷᠬᠦ ᠬᠠᠮᠤᠭ ᠤᠨ ᠳᠥᠲᠡ ᠵᠠᠮ᠃ ᠤᠴᠢᠷ ᠨᠢ ᠬᠦᠰᠡᠭᠰᠡᠨ ᠵᠦᠶᠯ ᠢᠶᠡᠨ ᠬᠢᠪᠡᠯ ᠲᠡᠷᠡᠨ ᠳᠡᠭᠡᠨ ᠢᠯᠡᠭᠦᠦ ᠴᠠᠭ ᠵᠠᠷᠤᠴᠠᠭᠤᠯᠵᠤ ᠢᠩᠭᠢᠭᠰᠡᠨ ᠢᠶᠡᠷ ᠭᠠᠷᠰᠢᠵᠤ ᠢᠯᠡᠭᠦᠦ ᠣᠷᠤᠯᠭ᠎ᠠ ᠣᠯᠬᠤ ᠪᠣᠯᠤᠨ᠎ᠠ᠃

16. ᠥᠪᠡᠷ ᠲᠡᠭᠡᠨ ᠡᠬᠢᠯᠡᠵᠦ ᠮᠥᠩᠭᠦᠨ ᠡᠴᠡᠭᠡᠨ ᠵᠠᠷᠤᠴᠠᠭᠤᠯᠵᠤ ᠪᠠᠶ᠃

ᠡᠯᠳᠡᠪ ᠱᠠᠭᠠᠷᠳᠠᠯᠭᠠᠲᠠᠶ ᠲᠥᠯᠦᠪᠦᠷᠢ ᠪᠡᠨ ᠲᠥᠯᠦᠭᠰᠡᠨ ᠦ ᠳᠠᠷᠠᠭ᠎ᠠ ᠬᠠᠮᠤᠭ ᠤᠨ ᠡᠬᠢᠯᠡᠵᠦ ᠥᠪᠡᠷ ᠲᠡᠭᠡᠨ ᠮᠥᠩᠭᠦᠨ ᠡᠴᠡᠭᠡᠨ ᠵᠠᠷᠤᠴᠠᠭᠤᠯᠵᠤ ᠪᠠᠶᠢᠪᠠᠯ ᠴᠠᠭᠠᠰᠢ ᠵᠣᠷᠢᠯᠭ᠎ᠠ ᠳᠠᠭᠠᠨ ᠬᠦᠷᠬᠦ ᠡᠷᠴᠢ ᠬᠦᠴᠦ ᠠᠪᠴᠤ ᠰᠡᠳᠬᠢᠯ ᠬᠠᠩᠭᠠᠯᠤᠭᠤᠨ ᠪᠠᠶᠢᠨ᠎ᠠ᠃

17. ᠬᠦᠯᠢᠶᠡᠵᠦ ᠰᠠᠭᠤᠯ ᠦᠭᠡᠶ ᠮᠥᠩᠬᠦ ᠣᠯᠬᠤ ᠠᠷᠭ᠎ᠠ ᠵᠠᠮ ᠢᠶᠠᠨ ᠥᠪᠡᠷ ᠢᠶᠡᠨ ᠣᠯ᠃

ᠵᠥᠪᠬᠡᠨ ᠣᠯᠤᠭᠰᠠᠨ ᠢᠶᠠᠨ ᠬᠤᠷᠠᠮᠲᠤᠯᠠᠭᠤᠯᠵᠤ ᠵᠠᠮ ᠳᠤ ᠲᠠᠭᠠᠷᠠᠭᠰᠠᠨ ᠢᠶᠠᠨ ᠬᠢᠨ ᠰᠠᠶᠠᠲᠠᠨ ᠪᠣᠯᠤᠨ᠎ᠠ ᠭᠡᠵᠦ ᠨᠠᠶᠢᠳᠠᠪᠠᠯ ᠪᠠᠰᠠᠯᠠ ᠪᠦᠲᠦᠬᠦ ᠦᠭᠡᠶ ᠵᠦᠶᠯ᠃ ᠥᠪᠡᠷ ᠢᠶᠡᠨ ᠥᠪᠡᠷ ᠦᠨ ᠢᠶᠡᠨ ᠬᠤᠪᠢ ᠵᠠᠶᠠᠭ᠎ᠠ ᠶᠢ ᠭᠠᠷ ᠲᠠᠭᠠᠨ ᠠᠪᠴᠤ ᠬᠢᠷᠢ ᠬᠡᠮᠵᠢᠶᠡᠨ ᠦ ᠣᠷᠤᠯᠭ᠎ᠠ ᠲᠠᠶ ᠪᠠᠶᠢᠬᠤ ᠪᠠᠨ ᠲᠤᠩᠬᠠᠭᠯᠠ᠃

18. ᠥᠪᠡᠷ ᠲᠡᠭᠡᠨ ᠬᠥᠷᠦᠩᠭᠡ ᠣᠷᠤᠭᠤᠯ᠃

ᠮᠡᠳᠡᠯᠭᠡ᠂ ᠮᠡᠷᠭᠡᠵᠢᠯ ᠢᠶᠡᠨ ᠳᠡᠭᠡᠭᠰᠢᠯᠡᠭᠦᠯᠬᠦ ᠦᠭᠡᠶ ᠪᠣᠯ ᠴᠢᠮ᠎ᠠ ᠳᠤ ᠪᠤᠰᠤᠳ ᠠᠴᠠ ᠢᠯᠭᠠᠷᠠᠬᠤ ᠵᠦᠶᠯ ᠪᠠᠭ᠎ᠠ ᠪᠣᠯᠤᠨ᠎ᠠ᠃ ᠬᠡᠨ ᠴᠦ ᠴᠢᠮ᠎ᠠ ᠳᠤ ᠢᠯᠡᠭᠦᠦ ᠮᠥᠩᠭᠦ ᠲᠥᠯᠦᠬᠦ ᠶᠢ ᠬᠦᠰᠡᠬᠦ ᠦᠭᠡᠶ᠃

19. ᠦᠯᠦ ᠬᠥᠳᠡᠯᠬᠦ ᠬᠥᠷᠦᠩᠭᠡ ᠲᠡᠶ ᠪᠣᠯ᠃

2008 ᠣᠨ ᠤ ᠳᠡᠯᠡᠬᠡᠶ ᠶᠢᠨ ᠡᠳ ᠦᠨ ᠵᠠᠰᠠᠭ ᠤᠨ ᠬᠢᠮᠤᠷᠠᠯ ᠤᠨ ᠳᠠᠷᠠᠭ᠎ᠠ ᠦᠯᠦ ᠬᠥᠳᠡᠯᠬᠦ ᠬᠥᠷᠦᠩᠭᠡ ᠶᠢᠨ ᠦᠨ᠎ᠡ ᠳᠠᠬᠢᠨ ᠥᠰᠴᠦ ᠡᠬᠢᠯᠡᠭᠰᠡᠨ᠃ ᠳᠡᠭᠡᠷ᠎ᠡ ᠨᠢ ᠠᠯᠢ ᠴᠤ ᠴᠠᠭ ᠦᠶ᠎ᠡ ᠳᠦ ᠦᠯᠦ ᠬᠥᠳᠡᠯᠬᠦ ᠬᠥᠷᠦᠩᠭᠡ ᠠᠪᠬᠤ ᠬᠦᠮᠦᠨ ᠦᠷᠭᠦᠯᠵᠢ ᠪᠠᠶᠢᠳᠠᠭ᠃ ᠲᠡᠶᠢᠮᠦ ᠪᠣᠯᠬᠤᠷ ᠵᠠᠷᠢᠮ ᠨᠢᠭᠡ ᠮᠥᠩᠬᠦ ᠪᠡᠨ ᠦᠯᠦ ᠬᠥᠳᠡᠯᠬᠦ ᠬᠥᠷᠦᠩᠭᠡ ᠪᠣᠯᠭᠠᠨ᠎ᠠ ᠭᠡᠳᠡᠭ ᠤᠬᠠᠭᠠᠯᠢᠭ ᠰᠢᠢᠳᠪᠦᠷᠢ᠃

20. ᠶᠠᠮᠠᠷ ᠨᠢᠭᠡᠨ ᠠᠰᠠᠭᠤᠳᠠᠯ ᠢ ᠰᠢᠢᠳᠬᠦ ᠠᠷᠭ᠎ᠠ ᠵᠠᠮ ᠣᠯᠠᠨ ᠭᠡᠳᠡᠭ ᠢ ᠰᠠᠨᠠᠭᠠᠷᠠᠶ᠃

ᠲᠠᠯ᠎ᠠ ᠪᠦᠷᠢ ᠶᠢᠨ ᠠᠪᠢᠶᠠᠰ ᠢᠶᠠᠨ ᠬᠥᠭᠵᠢᠭᠦᠯ᠃ ᠢᠩᠭᠢᠭᠰᠡᠨ ᠢᠶᠡᠷ ᠶᠠᠮᠠᠷ ᠴᠤ ᠠᠰᠠᠭᠤᠳᠠᠯ ᠲᠤᠯᠭᠠᠷᠠᠭᠰᠠᠨ ᠬᠤᠷᠳᠤᠲᠠᠶ᠂ ᠣᠨᠤᠪᠴᠢᠲᠠᠶ ᠪᠠᠶᠢᠨ᠎ᠠ ᠭᠡᠰᠡᠨ ᠦᠭᠡ᠃

ᠰᠠᠶᠠᠲᠠᠨ ᠪᠣᠯᠬᠤ ᠴᠣᠷ ᠤᠨ ᠭᠠᠭᠴᠠ ᠠᠷᠭ᠎ᠠ ᠭᠡᠵᠦ ᠮᠡᠳᠡᠭᠡᠵᠢ ᠪᠠᠶᠢᠬᠤ ᠦᠭᠡᠶ᠃ ᠭᠡᠬᠦ ᠳᠡᠭᠡᠨ ᠠᠵᠢᠯ᠂ ᠪᠢᠽᠨᠧᠰ ᠢᠶᠡᠨ ᠰᠠᠶᠢᠨ ᠬᠤᠪᠢ ᠶᠢᠨ ᠰᠠᠩᠬᠦᠦ ᠶᠢᠨ ᠵᠣᠬᠢᠶᠠᠨ ᠪᠠᠶᠢᠭᠤᠯᠤᠯᠲᠠ᠂ ᠰᠢᠢᠳᠪᠦᠷᠢ ᠨᠦᠭᠦᠳ ᠲᠡᠶ ᠬᠣᠤᠰᠯᠠᠭᠤᠯᠪᠠᠯ ᠵᠣᠷᠢᠯᠭ᠎ᠠ ᠳᠠᠭᠠᠨ ᠬᠦᠷᠭᠦ ᠳᠦ ᠠᠮᠠᠷᠬᠠᠨ᠃ ᠳᠡᠭᠡᠷᠡᠬᠢ 20 ᠬᠢᠯᠪᠠᠷ ᠠᠷᠭ᠎ᠠ ᠨᠤᠭᠤᠳ ᠢ ᠠᠮᠢᠳᠤᠷᠠᠯ ᠳᠠᠭᠠᠨ ᠬᠡᠷᠡᠭᠵᠢᠭᠦᠯᠵᠦ ᠳᠠᠷᠠᠭ᠎ᠠ ᠶᠢᠨ ᠰᠠᠶᠠᠲᠠᠨ ᠪᠣᠯᠤᠭᠠᠷᠠᠶ



ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Цааш унших

Монголхүү, Хамхуудай хоёрын адал явдал 5

2015-09-24

ᠮᠣᠩᠭᠤᠯᠬᠦ᠋ᠦ᠂ ᠬᠠᠮᠬᠤᠤᠳᠠᠶ ᠬᠣᠶᠠᠷ ᠤᠨ
ᠠᠳᠠᠯ ᠶᠠᠪᠤᠳᠠᠯ 5









Цааш унших

Монголоо гэх зүрх сэтгэлтэй жинхэнэ монголчууддаа уриалах нь:

2015-09-23

ᠮᠣᠩᠭᠤᠯ ᠢᠶᠠᠨ ᠭᠡᠬᠦ ᠵᠢᠷᠦᠭᠡ ᠰᠡᠳᠬᠢᠯ ᠲᠡᠶ ᠵᠢᠩᠬᠢᠨᠢ ᠮᠣᠩᠭᠤᠯᠴᠤᠳ ᠲᠤ ᠪᠠᠨ ᠤᠷᠢᠶᠠᠯᠠᠬᠤ ᠨᠢ᠄



2015 ᠣᠨ ᠤ 9 ᠳᠦᠭᠡᠷ ᠰᠠᠷ᠎ᠠ ᠶᠢᠨ 9



ᠮᠣᠩᠭᠤᠯᠴᠤᠳ ᠡ᠄ ᠥᠪᠦᠷ ᠮᠣᠩᠭᠤᠯ ᠢᠶᠠᠨ ᠴᠢᠯᠦᠭᠡᠯᠡᠬᠦ ᠴᠠᠭ ᠣᠶᠢᠷᠠᠳᠴᠤ ᠪᠠᠶᠢᠨ᠎ᠠ᠂ ᠵᠠᠭᠤᠨ ᠵᠢᠯ ᠳᠦ ᠭᠠᠭᠴᠠᠬᠠᠨ ᠤᠳᠠᠭ᠎ᠠ ᠣᠯᠳᠠᠬᠤ ᠪᠣᠯᠤᠮᠵᠢ ᠪᠢᠳᠡᠨ ᠦ ᠡᠮᠦᠨ᠎ᠡ ᠨᠡᠭᠡᠭᠡᠭᠳᠡᠬᠦ ᠴᠠᠭ ᠢᠷᠡᠬᠦ ᠭᠡᠵᠦ ᠪᠤᠶ᠂ ᠡᠨᠡ ᠵᠠᠪᠰᠢᠶᠠᠨ ᠲᠡᠷᠡᠲᠡᠭᠡ 1911 ᠣᠨ ᠳᠤ ᠮᠠᠨᠵᠤ ᠴᠢᠩ ᠭᠦᠷᠦᠨ ᠵᠠᠳᠠᠷᠠᠬᠤ ᠳᠤ ᠪᠢᠳᠡᠨ ᠳᠦ ᠣᠯᠳᠠᠭᠰᠠᠨ ᠴᠤ᠃ ᠴᠠᠭ ᠦᠶ᠎ᠡ ᠶᠢᠨ ᠨᠥᠬᠦᠴᠡᠯ ᠪᠠᠶᠢᠳᠠᠯ᠂ ᠣᠯᠠᠨ ᠦᠵᠡᠯ ᠰᠠᠨᠠᠭ᠎ᠠ᠂ ᠪᠤᠰᠤᠳ ᠣᠷᠤᠨ ᠤ ᠬᠦᠴᠦᠲᠡᠶ ᠨᠥᠯᠦᠭᠡ᠃ ᠳᠣᠲᠤᠭᠠᠳᠤ ᠶᠢᠨ ᠵᠥᠷᠢᠴᠡᠯ ᠭᠡᠬᠦ ᠮᠡᠲᠦ ᠡᠴᠡ ᠰᠢᠯᠳᠠᠭᠠᠯᠠᠨ ᠠᠷᠤ ᠮᠣᠩᠭᠤᠯ ᠲᠠᠶ ᠪᠠᠨ ᠪᠠᠭᠳᠠᠵᠤ ᠲᠤᠰᠠᠭᠠᠷ ᠲᠣᠭᠲᠠᠨᠨᠢᠯ ᠢᠶᠠᠨ ᠣᠯᠵᠤ ᠴᠢᠳᠠᠭ᠎ᠠ ᠦᠭᠡᠶ ᠪᠢᠯᠡ᠃ ᠥᠪᠦᠷ ᠮᠣᠩᠭᠤᠯᠴᠤᠳ ᠪᠢᠳᠡ ᠮᠠᠨᠵᠤ ᠴᠢᠩ ᠭᠦᠷᠦᠨ ᠳᠦ ᠡᠵᠡᠯᠡᠭᠳᠡᠭᠰᠡᠨ ᠡᠴᠡ ᠬᠣᠶᠢᠰᠢ ᠥᠨᠦ ᠬᠦᠷᠲᠡᠯ᠎ᠡ ᠲᠤᠰᠠᠭᠠᠷ ᠲᠣᠭᠲᠠᠨᠢᠯ ᠢᠶᠠᠨ ᠣᠯᠵᠤ ᠴᠢᠳᠠᠭ᠎ᠠ ᠦᠭᠡᠶ 381 ᠵᠢᠯ ᠢ ᠠᠷᠤ ᠳᠠᠭᠠᠨ ᠣᠷᠬᠢᠭᠰᠠᠨ ᠪᠠᠶᠢᠨ᠎ᠠ᠃ ᠡᠨᠡ ᠡᠮᠭᠡᠨᠢᠯᠲᠦ ᠴᠠᠭ ᠦᠶ᠎ᠡ ᠳᠦ ᠲᠡᠭᠦᠰᠬᠡᠯ ᠦᠨ ᠴᠡᠭ ᠲᠠᠯᠪᠢᠬᠤ ᠰᠡᠭᠦᠯᠴᠢ ᠶᠢᠨ ᠪᠣᠯᠤᠮᠵᠢ ᠡᠨᠡ ᠪᠠᠶᠢᠵᠤ ᠮᠡᠳᠡᠨ᠎ᠡ᠂ ᠥᠪᠦᠷ ᠮᠣᠩᠭᠤᠯ ᠤᠨ ᠢᠶᠠᠨ ᠭᠠᠵᠠᠷ ᠰᠢᠷᠤᠶᠢᠨ ᠳᠡᠭᠡᠷ᠎ᠡ ᠪᠡᠨ ᠬᠢᠲᠠᠳ ᠤᠳ ᠤᠨ ᠡᠷᠬᠡ ᠪᠡᠷ᠂ ᠬᠢᠲᠠᠳ ᠬᠦᠮᠦᠨ ᠦ ᠶᠣᠰᠤᠭᠠᠷ ᠠᠮᠢᠳᠤᠷᠠᠭᠰᠠᠭᠠᠷ ᠪᠠᠶᠢᠬᠤ ᠤᠤ⁈ ᠥᠪᠦᠷ ᠮᠣᠩᠭᠤᠯᠴᠤᠳ ᠪᠢᠳᠡ ᠥᠪᠡᠷᠰᠡᠳ ᠦᠨ ᠡᠷᠬᠡ ᠪᠡᠷ ᠮᠣᠩᠭᠤᠯ ᠶᠣᠰᠤᠭᠠᠷ ᠠᠮᠢᠳᠤᠷᠠᠬᠤ ᠨᠢ ᠰᠠᠶᠢᠬᠠᠨ ᠤᠤ⁈ ᠡᠨᠡ ᠠᠰᠠᠭᠤᠯᠲᠠ ᠳᠤ ᠲᠠ ᠪᠦᠬᠦᠨ ᠶᠠᠭᠠᠬᠢᠵᠤ ᠬᠠᠷᠢᠭᠤᠯᠠᠬᠤ ᠪᠠᠨ ᠲᠤᠰ ᠪᠦᠷᠢ ᠳᠡᠭᠡᠨ ᠲᠤᠩᠭᠠᠨ ᠪᠣᠳᠤᠭᠠᠳ ᠨᠢᠭᠡ ᠦᠵᠡᠭᠡᠷᠡᠶ᠂ ᠲᠠ ᠪᠦᠬᠦᠨ ᠬᠢᠲᠠᠳ ᠤᠨ ᠻᠣᠯᠣᠨᠢᠴᠢᠯᠠᠯ ᠠᠴᠠ ᠰᠠᠯᠬᠤ ᠳᠤᠷ᠎ᠠ ᠦᠭᠡᠶ᠂ ᠲᠡᠷᠡ ᠴᠠᠭ᠂ ᠵᠠᠪᠰᠢᠶᠠᠨ ᠢᠷᠡᠬᠦ ᠳᠦ ᠶᠠᠮᠠᠷ ᠴᠤ ᠪᠡᠯᠡᠳᠬᠡᠯ ᠦᠭᠡᠶ᠂ ᠵᠦᠭᠡᠷ ᠯᠡ ᠨᠣᠮᠤᠬᠠᠨ ᠮᠣᠷᠢ ᠮᠡᠲᠦ ᠬᠡᠨ ᠨᠢᠭᠡᠨ ᠪᠢᠳᠡᠨ ᠢ ᠲᠤᠰᠠᠭᠠᠷ ᠤᠯᠤᠰ ᠪᠤᠶᠤ ᠮᠣᠩᠭᠤᠯ ᠤᠯᠤᠰ ᠲᠠᠶ ᠨᠡᠶᠢᠯᠡᠭᠦᠯᠬᠦ ᠪᠣᠯᠤᠨ᠎ᠠ ᠭᠡᠵᠦ ᠬᠡᠶ ᠬᠣᠭᠤᠰᠤᠨ ᠮᠥᠷᠦᠭᠡᠳᠴᠦ ᠰᠠᠭᠤᠪᠠᠯ ᠡᠨᠡ ᠴᠠᠭ ᠠᠴᠠ ᠬᠣᠶᠢᠰᠢ ᠵᠠᠭᠤᠨ ᠵᠢᠯ ᠦᠨ ᠳᠠᠷᠠᠭ᠎ᠠ ᠥᠰᠴᠦ ᠲᠥᠷᠦᠭᠰᠡᠨ ᠥᠪᠦᠷ ᠮᠣᠩᠭᠤᠯ ᠨᠤᠲᠤᠭ ᠤᠨ ᠢᠶᠠᠨ ᠬᠥᠷᠦᠰᠦᠨ ᠳᠡᠭᠡᠷ᠎ᠡ ᠮᠣᠩᠭᠤᠯ ᠬᠦᠮᠦᠨ ᠦ ᠰᠡᠭᠦᠳᠡᠷ ᠪᠢᠲᠡᠭᠡᠶ ᠬᠡᠯᠡ᠂ ᠰᠦᠨᠡᠰᠦ ᠶᠢ ᠴᠦ ᠣᠯᠵᠤ ᠬᠠᠷᠠᠬᠤ ᠦᠭᠡᠶ ᠪᠠᠶᠢᠵᠤ ᠪᠣᠯᠤᠨ᠎ᠠ᠃ ᠬᠡᠷᠪᠡ ᠪᠢᠳᠡ ᠦᠷ᠎ᠡ ᠬᠡᠦᠬᠡᠳ ᠢᠶᠡᠨ ᠲᠠᠯ᠎ᠠ ᠨᠤᠲᠤᠭ ᠢᠶᠠᠨ ᠳᠦᠭᠦᠷᠡᠩ ᠳᠠᠪᠬᠢᠭᠤᠯᠬᠤ᠂ ᠠᠵᠠ ᠵᠢᠷᠭᠠᠯ ᠲᠠᠶ ᠢᠨᠢᠶᠡᠮᠰᠦᠭᠯᠡᠨ᠂ ᠥᠪᠡᠷ ᠦᠨ ᠡᠷᠬᠡ ᠪᠡᠷ ᠵᠤᠭᠠᠴᠠᠵᠤ ᠰᠠᠭᠤᠬᠤ ᠶᠢ ᠬᠦᠰᠡᠪᠡᠯ ᠣᠳᠤ ᠠᠴᠠ ᠡᠬᠢᠯᠡᠵᠦ ᠪᠡᠯᠡᠳᠬᠡᠬᠦ ᠬᠡᠷᠡᠭᠲᠡᠶ᠂ ᠪᠢᠳᠡᠨ ᠦ ᠶᠠᠭᠤᠨ ᠤ ᠤᠷᠢᠳᠠ ᠬᠢᠬᠦ ᠴᠢᠬᠤᠯᠠᠲᠠᠶ ᠵᠦᠶᠯ ᠪᠣᠯ ᠰᠡᠳᠬᠢᠯ ᠵᠦᠶ ᠶᠢᠨ ᠪᠡᠯᠡᠳᠬᠡᠯ ᠪᠣᠯᠤᠨ᠎ᠠ᠃

ᠲᠠ ᠪᠦᠬᠦᠨ ᠲᠤᠰᠠᠭᠠᠷ ᠤᠯᠤᠰ ᠪᠣᠯᠬᠤ ᠶᠢᠨ ᠲᠥᠯᠦᠭᠡ ᠪᠢᠳᠡᠨ ᠲᠡᠶ ᠰᠡᠳᠬᠢᠯ ᠨᠢᠭᠡᠳᠴᠦ ᠴᠢᠳᠠᠬᠤ ᠤᠤ
2015 ᠣᠨ ᠤ 9 ᠰᠠᠷᠠᠶᠢᠨ 9 ᠦ ᠡᠳᠦᠷ ᠪᠦᠭᠦᠳᠡ ᠨᠠᠶᠢᠷᠠᠮᠳᠠᠬᠤ ᠥᠪᠦᠷ ᠮᠣᠩᠭᠤᠯ ᠠᠷᠠᠳ ᠤᠯᠤᠰ ᠤᠨ ᠲᠤᠩᠬᠠᠭ ᠭᠠᠷᠤᠭᠰᠠᠨ 70 ᠵᠢᠯ ᠦᠨ ᠣᠶ ᠶᠢᠨ ᠡᠳᠦᠷ ᠲᠦ

ᠥᠪᠦᠷ ᠮᠣᠩᠭᠤᠯ ᠢ ᠴᠢᠯᠦᠭᠡᠯᠡᠬᠦ ᠳᠠᠶᠢᠨ ᠤ ᠱᠤᠭᠤᠮ ᠠᠴᠠ
ᠢᠮᠧᠯ᠄ smongolialf@gmail.com



ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Цааш унших

Элстэй хотод монгол цэцэрлэг байгуулна

ᠡᠯᠡᠰᠦᠲᠡᠶ ᠬᠣᠲᠠ ᠳᠤ ᠮᠣᠩᠭᠤᠯ ᠴᠡᠴᠡᠷᠯᠢᠭ ᠪᠠᠶᠢᠭᠤᠯᠤᠨ᠎ᠠ



Eagle.mn | 2015 ᠣᠨ ᠤ 9 ᠳᠦᠭᠡᠷ ᠰᠠᠷ᠎ᠠ ᠶᠢᠨ 23



ᠣᠷᠤᠰ ᠤᠨ ᠬᠣᠯᠪᠤᠭᠠᠨ ᠤ ᠤᠯᠤᠰ ᠤᠨ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠤᠨ ᠨᠡᠶᠢᠰᠯᠡᠯ ᠡᠯᠡᠰᠦᠲᠡᠶ ᠬᠣᠲᠠ ᠶᠢᠨ ᠬᠤᠷᠠᠯ ᠤᠨ ᠲᠥᠯᠦᠭᠡᠯᠡᠭᠴᠢᠳ ᠡᠨᠡ ᠰᠠᠷ᠎ᠠ ᠶᠢᠨ 22 ᠠᠴᠠ 25 ᠤ ᠡᠳᠦᠷ ᠦᠳ ᠲᠦ ᠤᠯᠠᠭᠠᠨᠪᠠᠭᠠᠲᠤᠷ ᠬᠣᠲᠠ ᠳᠤ ᠠᠶᠢᠯᠴᠢᠯᠠᠵᠤ ᠪᠠᠶᠢᠨ᠎ᠠ᠃ ᠡᠨᠡ ᠬᠦᠷᠢᠶᠡᠨ ᠳᠦ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ ᠳ᠂ ᠪᠠᠲᠤᠲᠤᠯᠭ᠎ᠠ ᠲᠤᠰ ᠬᠣᠲᠠ ᠶᠢᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ᠂ ᠵᠠᠰᠠᠭ ᠳᠠᠷᠤᠭ᠎ᠠ ᠨᠠᠮᠷᠦ᠋ᠶᠧᠸ ᠸᠢᠶᠠᠴᠧᠰᠯᠠᠸ ᠬᠣᠽᠢᠻᠣᠸᠢᠴ ᠲᠡᠷᠢᠭᠦᠲᠡᠶ ᠲᠥᠯᠦᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃ ᠠᠭᠤᠯᠵᠠᠯᠲᠠ ᠪᠠᠷ ᠬᠣᠶᠠᠷ ᠬᠣᠲᠠ ᠶᠢᠨ ᠬᠠᠮᠲᠤ ᠶᠢᠨ ᠠᠵᠢᠯᠯᠠᠭ᠎ᠠ᠂ ᠴᠠᠭᠠᠰᠢᠳᠠ ᠶᠢᠨ ᠬᠥᠭᠵᠢᠯ ᠦᠨ ᠲᠠᠯ᠎ᠠ ᠪᠠᠷ ᠰᠠᠨᠠᠯ ᠰᠣᠯᠢᠯᠴᠠᠪᠠ᠃

ᠠᠭᠤᠯᠵᠠᠯᠲᠠ ᠶᠢᠨ ᠡᠬᠢᠨ ᠳᠦ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ ᠳ᠂ ᠪᠠᠲᠤᠲᠤᠯᠭ᠎ᠠ 《ᠶᠠᠭᠤᠨ ᠤ ᠡᠮᠦᠨ᠎ᠡ ᠤᠯᠠᠭᠠᠨᠪᠠᠭᠠᠲᠤᠷ ᠬᠣᠲᠠ ᠳᠤ ᠠᠶᠢᠯᠴᠢᠯᠠᠵᠤ ᠪᠠᠶᠢᠭ᠎ᠠ ᠳᠤ ᠪᠠᠶᠠᠷᠲᠠᠶ ᠪᠠᠶᠢᠨ᠎ᠠ᠃ ᠤᠯᠠᠭᠠᠨᠪᠠᠭᠠᠲᠤᠷ᠂ ᠡᠯᠡᠰᠦᠲᠡᠶ ᠬᠣᠲᠠ ᠬᠣᠭᠤᠷᠤᠨᠳᠤ ᠶᠢᠨ ᠬᠠᠮᠲᠤ ᠶᠢᠨ ᠠᠵᠢᠯᠯᠠᠭ᠎ᠠ 2008 ᠣᠨ ᠳᠤ ᠡᠬᠢᠯᠡᠭᠰᠡᠨ᠃ ᠬᠣᠶᠠᠷ ᠬᠣᠲᠠ ᠶᠢᠨ ᠬᠠᠷᠢᠯᠴᠠᠭ᠎ᠠ ᠶᠢ ᠤᠯᠠᠮ ᠪᠡᠬᠢᠵᠢᠭᠦᠯᠬᠦ ᠵᠣᠷᠢᠯᠭ᠎ᠠ ᠪᠠᠷ ᠡᠨᠡ ᠣᠨ ᠤ ᠲᠠᠪᠤᠳᠤᠭᠠᠷ ᠰᠠᠷ᠎ᠠ ᠳᠤ ᠪᠣᠯᠤᠭᠰᠠᠨ ᠢᠯᠠᠯᠲᠠ ᠶᠢᠨ 75 ᠵᠢᠯ ᠦᠨ ᠣᠶ ᠶᠢᠨ ᠦᠶ᠎ᠡ ᠪᠡᠷ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠥᠯᠦᠭᠡᠯᠡᠭᠴᠢᠳ ᠡᠯᠡᠰᠦᠲᠡᠶ ᠬᠣᠲᠠ ᠳᠤ ᠠᠯᠪᠠᠨ ᠶᠣᠰᠤᠨ ᠤ ᠠᠶᠢᠯᠴᠢᠯᠠᠯ ᠬᠢᠵᠦ᠂ ᠬᠠᠮᠲᠤ ᠶᠢᠨ ᠠᠵᠢᠯᠯᠠᠭᠠᠨ ᠤ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠭᠰᠠᠨ᠃ ᠬᠠᠯᠢᠮᠠᠭ ᠤᠨ ᠢᠷᠭᠡᠳ ᠮᠣᠩᠭᠤᠯ ᠤᠯᠤᠰ ᠲᠤ ᠢᠷᠡᠬᠦ ᠶᠢ ᠮᠠᠰᠢ ᠶᠡᠬᠡ ᠬᠦᠰᠡᠳᠡᠭ ᠴᠦ ᠨᠢᠰᠦᠯᠭᠡ᠂ ᠲᠡᠭᠡᠭᠡᠪᠦᠷᠢ ᠶᠢᠨ ᠠᠰᠠᠭᠤᠳᠠᠯ ᠠᠴᠠ ᠪᠣᠯᠵᠤ ᠢᠷᠡᠵᠦ ᠴᠢᠳᠠᠳᠠᠭ ᠦᠭᠡᠶ ᠭᠡᠳᠡᠭ ᠢ ᠬᠡᠯᠡᠵᠦ ᠪᠠᠶᠢᠭᠰᠠᠨ᠃ ᠲᠡᠶᠢᠮᠦ ᠡᠴᠡ ᠤᠯᠠᠭᠠᠨᠪᠠᠭᠠᠲᠤᠷ᠂ ᠡᠯᠡᠰᠦᠲᠡᠶ ᠬᠣᠲᠠ ᠨᠤᠭᠤᠳ ᠤᠨ ᠬᠣᠭᠤᠷᠤᠨᠳᠤ ᠰᠢᠭᠤᠳ ᠨᠢᠰᠦᠯᠭᠡ ᠬᠢᠬᠦ ᠬᠦᠰᠡᠯ ᠲᠡᠶ ᠪᠠᠶᠢᠳᠠᠭ ᠢᠶᠠᠨ ᠢᠯᠡᠷᠬᠡᠶᠢᠯᠡᠵᠦ ᠪᠠᠶᠢᠭᠰᠠᠨ ᠶᠤᠮ》 ᠭᠡᠯ᠎ᠡ᠃

ᠡᠯᠡᠰᠦᠲᠡᠶ ᠬᠣᠲᠠ ᠶᠢᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ᠂ ᠵᠠᠰᠠᠭ ᠳᠠᠷᠤᠭ᠎ᠠ ᠨᠠᠮᠷᠦ᠋ᠶᠧᠸ ᠸᠢᠶᠠᠴᠧᠰᠯᠠᠸ ᠬᠣᠽᠢᠻᠣᠸᠢᠴ 《ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠥᠯᠦᠭᠡᠯᠡᠭᠴᠢᠳ ᠡᠯᠡᠰᠦᠲᠡᠶ ᠬᠣᠲᠠ ᠳᠤ ᠠᠶᠢᠯᠴᠢᠯᠠᠬᠤ ᠦᠶ᠎ᠡ ᠪᠡᠷ ᠮᠠᠨᠠᠶ ᠬᠣᠲᠠ ᠳᠤ ᠮᠣᠩᠭᠤᠯ ᠴᠡᠴᠡᠷᠯᠢᠭ ᠪᠠᠷᠢᠬᠤ ᠠᠰᠠᠭᠤᠳᠠᠯ ᠢ ᠶᠠᠷᠢᠭᠰᠠᠨ᠃ ᠪᠢᠳᠡ ᠬᠠᠮᠲᠤᠷᠠᠨ ᠬᠠᠯᠢᠮᠠᠭ ᠤᠨ ᠬᠡᠦᠬᠡᠳ ᠦᠳ ᠦᠨ ᠲᠥᠯᠦᠭᠡ ᠮᠠᠰᠢ ᠲᠣᠮᠤ ᠬᠥᠷᠦᠩᠭᠡ ᠣᠷᠤᠭᠤᠯᠤᠯᠲᠠ ᠬᠢᠬᠦ ᠭᠡᠵᠦ ᠪᠠᠶᠢᠨ᠎ᠠ᠃ ᠲᠤᠰ ᠴᠡᠴᠡᠷᠯᠢᠭ ᠦᠨ ᠵᠢᠷᠤᠭ ᠲᠥᠰᠦᠯ ᠢ ᠭᠠᠷᠭᠠᠴᠢᠬᠠᠭᠰᠠᠨ ᠪᠠᠶᠢᠭ᠎ᠠ᠃ ᠡᠨᠡᠬᠦ ᠮᠣᠩᠭᠤᠯ ᠴᠡᠴᠡᠷᠯᠢᠭ ᠢ ᠪᠠᠷᠢᠭᠰᠠᠨ ᠢᠶᠠᠷ ᠬᠠᠯᠢᠮᠠᠭ ᠬᠡᠦᠬᠡᠳ ᠦᠳ ᠲᠦ ᠮᠣᠩᠭᠤᠯ ᠬᠡᠯᠡ ᠵᠢᠭᠠᠵᠤ᠂ ᠲᠡᠦᠬᠡ᠂ ᠰᠣᠶᠤᠯ ᠢ ᠲᠠᠨᠢᠨ ᠮᠡᠳᠡᠭᠦᠯᠵᠦ᠂ ᠬᠡᠦᠬᠡᠳ ᠦᠳ ᠢ ᠪᠠᠭ᠎ᠠ ᠠᠴᠠ ᠨᠢ ᠰᠢᠲᠠᠷ᠎ᠠ ᠲᠣᠭᠯᠠᠵᠤ ᠰᠤᠷᠭᠠᠬᠤ ᠶᠤᠮ᠃ ᠮᠥᠨ ᠡᠯᠡᠰᠦᠲᠡᠶ ᠬᠣᠲᠠ ᠳᠤ ᠤᠯᠠᠭᠠᠨᠪᠠᠭᠠᠲᠤᠷ ᠤᠨ ᠭᠤᠳᠤᠮᠵᠢ ᠶᠢ᠂ ᠤᠯᠠᠭᠠᠨᠪᠠᠭᠠᠲᠤᠷ ᠬᠣᠲᠠ ᠳᠤ ᠡᠯᠡᠰᠦᠲᠡᠶ ᠶᠢᠨ ᠭᠤᠳᠤᠮᠵᠢ ᠶᠢ ᠪᠠᠶᠢᠭᠤᠯᠬᠤ ᠪᠠᠷ ᠪᠣᠯᠤᠭᠰᠠᠨ ᠳᠤ ᠲᠠᠭᠠᠲᠠᠶ ᠪᠠᠶᠢᠨ᠎ᠠ᠃ ᠬᠣᠶᠠᠷ ᠬᠣᠲᠠ ᠶᠢᠨ ᠠᠵᠢᠯᠯᠠᠭ᠎ᠠ ᠤᠯᠠᠮ ᠥᠷᠭᠡᠵᠢᠨ ᠬᠥᠭᠵᠢᠨ᠎ᠡ ᠭᠡᠳᠡᠭ ᠲᠦ ᠢᠲᠡᠭᠡᠵᠦ ᠪᠠᠶᠢᠨ᠎ᠠ》 ᠭᠡᠯ᠎ᠡ ᠭᠡᠵᠦ ᠨᠡᠶᠢᠰᠯᠡᠯ ᠦᠨ ᠵᠠᠰᠤᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠬᠡᠪᠯᠡᠯ ᠮᠡᠳᠡᠭᠡᠯᠡᠯ᠂ ᠣᠯᠠᠨ ᠨᠡᠶᠢᠲᠡ ᠲᠡᠶ ᠬᠠᠷᠢᠯᠴᠠᠬᠤ ᠬᠡᠯᠲᠡᠰ ᠡᠴᠡ ᠮᠡᠳᠡᠭᠡᠯᠡᠯ᠎ᠡ



ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Цааш унших

Данзанравжаа. Үлэмжийн чанар

2015-09-21

ᠦᠯᠡᠮᠵᠢ ᠶᠢᠨ ᠴᠢᠨᠠᠷ



ᠭᠣᠪᠢ ᠶᠢᠨ ᠨᠤᠶᠠᠨ ᠬᠤᠲᠤᠭᠲᠦ ᠳᠠᠨᠵᠢᠨᠷᠠᠪᠵᠠᠶ



ᠦᠯᠡᠮᠵᠢ ᠶᠢᠨ ᠴᠢᠨᠠᠷ ᠲᠡᠭᠦᠯᠳᠡᠷ
ᠦᠩᠭᠡ ᠲᠤᠨᠤᠮᠠᠯ ᠲᠤᠯᠢ ᠰᠢᠭ
ᠦᠵᠡᠰᠬᠦᠯᠡᠩᠲᠦ ᠴᠢᠷᠠᠶ ᠰᠢᠭ ᠴᠢᠨᠢ
ᠦᠵᠡᠪᠡᠯ ᠯᠠᠭᠱᠠᠨ ᠲᠡᠭᠦᠰ ᠮᠠᠨᠢ
ᠦᠨᠡᠬᠡᠷ ᠰᠡᠳᠬᠢᠯ ᠢ ᠪᠤᠯᠢᠶᠠᠨᠠᠮ ᠵᠡ᠃

ᠬᠦᠰᠢᠭᠦᠨ ᠰᠡᠳᠬᠢᠯ ᠢ ᠤᠶᠠᠷᠠᠭᠤᠯᠤᠭᠴᠢ
ᠬᠦᠬᠦᠭᠡ ᠰᠢᠪᠠᠭᠤᠨ ᠦ ᠡᠭᠡᠰᠢᠭ᠌ ᠰᠢᠭ᠋
ᠬᠦᠭᠡᠷᠦᠬᠦᠨ ᠡᠶᠡᠯᠳᠡᠭ ᠦᠭᠡ ᠴᠢᠨᠢ
ᠬᠦᠦᠷᠨᠢᠨ ᠰᠠᠭᠤᠬᠤ ᠳ᠋ᠦ ᠤᠷᠮᠠᠲᠠᠢ
ᠬᠦᠭᠡᠷᠦᠬᠦᠨ ᠠᠭᠠᠯᠢᠲᠦ ᠮᠢᠨᠦ ᠵᠡ᠃

ᠤᠴᠠᠷᠠᠮᠠᠭᠴᠠ ᠰᠡᠩᠭᠢᠨᠡᠭᠰᠡᠨ
ᠤᠷᠠᠨ ᠭᠤᠤᠯ ᠰᠢᠭ ᠪᠡᠶ᠎ᠡ ᠴᠢᠨᠢ
ᠤᠭ ᠡᠴᠡ ᠬᠠᠮᠲᠦ ᠪᠦᠷᠢᠳᠦᠭᠰᠡᠨ
ᠤᠯᠠᠭᠠᠨ ᠽᠠᠨᠳᠠᠨ ᠦᠨᠦᠷ ᠰᠢᠭ
ᠤᠯᠠᠮ ᠢᠶᠠᠷ ᠰᠡᠳᠬᠢᠯ ᠢ ᠬᠦᠳᠡᠯᠭᠡᠨ᠎ᠡ᠃

ᠪᠠᠳᠮ᠎ᠠ ᠶᠢᠨ ᠳᠤᠮᠳᠠ ᠡᠴᠡ ᠳᠡᠪᠡᠷᠢᠭᠰᠡᠨ
ᠪᠠᠯ ᠦᠨ ᠠᠮᠲᠠ ᠠᠳᠠᠯᠢ
ᠪᠠᠶᠠᠰᠬᠤᠯᠠᠩᠲᠦ ᠠᠭᠠᠯᠢ ᠴᠢᠨᠢ
ᠪᠠᠬᠠᠳᠤᠵᠤ ᠬᠠᠨᠤᠰᠢ ᠦᠭᠡᠢ
ᠪᠠᠶᠠᠷ ᠢ ᠤᠯᠠᠮ ᠠᠷᠪᠢᠳᠬᠠᠨ᠎ᠠ ᠵᠡ᠃

ᠬᠦᠮᠦᠨ ᠦ ᠡᠨᠡ ᠨᠠᠰᠦᠨ ᠳ᠋ᠦ
ᠬᠦᠰᠡᠭᠰᠡᠨ ᠬᠡᠷᠡᠭ ᠢᠶᠡᠨ ᠪᠦᠲᠦᠭᠡᠭᠡᠳ
ᠬᠦᠰᠡᠯᠲᠦ ᠲᠩᠷᠢ ᠶᠢᠨ ᠡᠳ᠋ᠯᠡᠯ ᠮᠡᠲᠦ
ᠬᠦᠯ ᠦᠭᠡᠢ ᠵᠢᠷᠭᠠᠯᠠᠩ  ᠦᠨ ᠳᠠᠯᠠᠢ ᠳ᠋ᠦ
ᠬᠦᠪᠴᠦ ᠬᠠᠮᠲᠦ ᠵᠢᠷᠭᠠᠶ᠎ᠠ



ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
Цааш унших

Монголоо санасан сэтгэл

2015-09-14

ᠮᠣᠩᠭᠣᠯ ᠵᠢᠠᠨ ᠰᠠᠨᠠᠭᠰᠠᠨ ᠰᠡᠳᠬᠢᠯ



ᠥᠬᠡ ᠱ᠊᠂ ᠭᠦᠷᠤᠪᠠᠵᠠᠷ
ᠬᠦᠭᠵᠢᠮ ᠲ᠂ ᠰᠡᠷ-ᠣᠳ
ᠳᠠᠭᠤᠴᠢᠨ ᠶᠢ᠊᠂ ᠭᠡᠷᠡᠯᠴᠢᠯᠠᠭᠤᠨ




ᠮᠥᠩᠬᠡ ᠵᠢᠨ ᠠᠷᠢᠭᠠᠤᠨ ᠤᠰᠤ ᠵᠢ ᠣᠯᠬᠤ ᠭᠡᠵᠤ
ᠡᠵᠢ ᠪᠠᠨ ᠣᠷᠬᠢᠭᠠᠳ ᠭᠠᠷᠣᠭᠰᠠᠨ ᠴᠤ ᠪᠢᠰᠢ ᠳᠡ
ᠮᠥᠷᠥᠭᠡᠳᠤᠯ ᠤᠨ ᠵᠢᠨ ᠥᠵᠤᠭᠦᠷ ᠡᠴᠡ ᠠᠳᠬᠤᠬᠤ ᠭᠡᠵᠤ
ᠬᠦᠮᠣᠨ ᠤ ᠨᠣᠳᠣᠭ ᠲᠣᠷ ᠵᠢᠳᠭᠦᠵᠤ ᠯᠡ ᠶᠠᠪᠤᠨ᠎ᠠ  ᠳᠠ ᠪᠢ

ᠬᠣᠶᠠᠷ ᠵᠠᠭᠤᠨ ᠨᠠᠰᠤ ᠵᠢ ᠨᠠᠰᠤᠯᠠᠬᠤ ᠭᠡᠵᠤ
ᠬᠦᠮᠣᠨ ᠤ ᠨᠣᠳᠣᠭ ᠢ ᠵᠣᠷᠢᠭᠰᠠᠨ ᠴᠤ ᠪᠢᠰᠢ ᠳᠡ
ᠬᠣᠶᠠᠷ ᠤᠨ ᠬᠣᠶᠠᠷ ᠨᠠᠷᠨ ᠵᠢ ᠥᠵᠡᠬᠦ ᠭᠡᠵᠤ
ᠬᠦᠮᠣᠨ ᠤ ᠨᠣᠳᠣᠭ ᠲᠣᠷ ᠶᠠᠭᠤ ᠪᠠᠨ ᠬᠢᠨ᠎ᠠ  ᠳᠡ ᠪᠢ

ᠰᠠᠯᠬᠢ ᠢᠨᠤ ᠬᠦᠷᠲᠡᠯ᠎ᠡ ᠥᠨᠤᠰᠤᠭᠡᠳ ᠣᠭᠲᠤᠳᠠᠭ
ᠰᠠᠢᠢᠬᠠᠨ ᠮᠣᠩᠭᠣᠯ  ᠳᠤ ᠪᠠᠨ ᠣᠴᠢᠢ᠎ᠠ ᠳᠠ ᠪᠠᠢᠢᠵᠡ
ᠰᠡᠳᠬᠢᠯ ᠶᠣᠭᠡᠨ ᠴᠢᠯᠡᠭᠡᠵᠤ ᠬᠦᠤ ᠪᠠᠨ ᠬᠦᠯᠢᠶᠡᠭᠰᠡᠨ
ᠰᠡᠮᠡᠷᠡᠭᠰᠡᠨ ᠡᠵᠢ ᠳᠡᠭᠡᠨ ᠲᠥᠷᠭᠡᠨ ᠣᠴᠢᠢ᠎ᠠ ᠳᠠ

ᠬᠣᠯᠠ ᠣᠢᠢᠷ᠎ᠠ ᠵᠢᠨ ᠢᠯᠭᠠᠯ ᠪᠠᠢᠢᠭ᠎ᠠ ᠴᠤ ᠤᠤ ᠥᠭᠡᠢ ᠴᠤ ᠤᠤ
ᠬᠠᠷᠢᠨ ᠬᠣᠭᠤᠯᠠᠢ ᠳᠣᠷ ᠲᠣᠷᠤᠭᠰᠠᠨ ᠨᠢᠯᠪᠤᠰᠤ ᠵᠢᠷᠤᠭᠡ ᠴᠢᠭᠯᠡᠬᠦ ᠵᠢᠨ ᠴᠠᠭ ᠲᠣᠷ
ᠬᠦᠮᠣᠨ ᠤ ᠭᠠᠵᠠᠷ ᠡᠴᠡ ᠨᠣᠳᠣᠭ ᠵᠢᠠᠨ ᠰᠠᠨᠠᠨ᠎ᠠ ᠭᠡᠳᠡᠭ ᠶᠠᠭᠤᠲᠠᠢ ᠤᠢᠢᠳᠠᠢ
ᠳᠡᠯᠡᠬᠡᠢ ᠵᠢᠨ ᠳᠠᠢᠢᠳᠤ  ᠳᠣᠷ ᠪᠠᠢᠢᠭ᠎ᠠ ᠮᠣᠩᠭᠣᠯᠴᠣᠳ ᠡ
ᠳᠡᠯᠭᠡᠷ ᠮᠣᠩᠭᠣᠯ ᠴᠢᠨᠢ ᠲᠠ ᠨᠠᠷ ᠶᠤᠭᠠᠨ ᠰᠠᠨᠠᠵᠤ ᠪᠠᠢᠢᠨ᠎ᠠ ᠰᠢᠤ ᠳᠡ

ᠴᠡᠩᠭᠡᠯ ᠵᠢᠷᠭᠠᠯ ᠤᠨ ᠠᠮᠲᠠᠨ ᠳᠣᠷ ᠤᠮᠪᠠᠭᠠᠳᠣᠢ
ᠨᠣᠳᠣᠭ ᠵᠢᠠᠨ ᠮᠠᠷᠲᠠᠭᠰᠠᠨ ᠴᠢᠭ ᠪᠢᠰᠢ ᠳᠡ
ᠴᠡᠴᠡᠭ ᠢᠨᠤ ᠬᠦᠷᠳᠡᠯ᠎ᠡ ᠥᠨᠳᠡᠶᠢᠵᠤ ᠬᠦᠯᠢᠶᠡᠭᠰᠡᠨ
ᠴᠡᠭᠡᠵᠢᠨ ᠤ ᠨᠣᠳᠣᠭ ᠵᠢᠠᠨ ᠵᠡᠭᠦᠳᠤᠯᠡᠵᠤ ᠯᠡ ᠶᠠᠪᠤᠨ᠎ᠠ ᠳᠠ ᠪᠢ

ᠡᠵᠢ ᠡᠴᠡᠭᠡᠨ ᠬᠦᠤ ᠢᠨᠤ ᠠᠬᠢᠭᠠᠳ ᠮᠡᠨᠳᠤᠯᠡᠬᠦ ᠭᠡᠵᠤ
ᠡᠨᠡ ᠯᠡ ᠬᠣᠷᠤ᠎ᠠ ᠳᠤ ᠵᠠᠯᠪᠠᠷᠢᠭᠰᠠᠨ ᠴᠤ ᠪᠢᠰᠢ ᠳᠡ
ᠠᠪᠤ ᠡᠴᠠᠭᠠᠨ ᠢᠯᠡᠭᠦᠤ ᠠᠴᠢᠯᠠᠯ ᠣᠯᠬᠤ ᠭᠡᠵᠤ
ᠠᠯᠠᠭ ᠬᠣᠷᠸᠠ ᠵᠢ ᠲᠤᠭᠤᠯᠤᠭᠰᠠᠨ ᠴᠤ ᠪᠢᠰᠢ ᠳᠡ

ᠰᠠᠯᠬᠢ ᠢᠨᠤ ᠬᠦᠷᠲᠡᠯ᠎ᠡ ᠥᠨᠤᠰᠤᠭᠡᠳ ᠣᠭᠲᠤᠳᠠᠭ
ᠰᠠᠢᠢᠬᠠᠨ ᠮᠣᠩᠭᠣᠯ  ᠳᠤ ᠪᠠᠨ ᠣᠴᠢᠢ᠎ᠠ ᠳᠠ ᠪᠠᠢᠢᠵᠡ
ᠰᠡᠳᠬᠢᠯ ᠶᠣᠭᠡᠨ ᠴᠢᠯᠡᠭᠡᠵᠤ ᠬᠦᠤ ᠪᠠᠨ ᠬᠦᠯᠢᠶᠡᠭᠰᠡᠨ
ᠰᠡᠮᠡᠷᠡᠭᠰᠡᠨ ᠡᠵᠢ ᠳᠡᠭᠡᠨ ᠲᠥᠷᠭᠡᠨ ᠣᠴᠢᠢ᠎ᠠ ᠳᠠ
ᠰᠠᠢᠢᠬᠠᠨ ᠮᠣᠩᠭᠣᠯ ᠵᠢᠠᠨ ᠰᠠᠨᠠᠭᠠᠳ ᠢᠷᠡᠯᠤᠭᠡ ᠳᠡ



ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
Цааш унших

Цагаанзам. Ээжийн дуу

ᠡᠵᠢ ᠶᠢᠨ ᠳᠠᠭᠤᠤ



ᠬᠠᠯᠢᠮᠠᠭ ᠤᠨ ᠨᠡᠷᠡᠲᠦ ᠲᠤᠤᠯᠢᠴᠢ
ᠳᠠᠭᠤᠴᠢᠨ ᠣ᠂ ᠴᠠᠭᠠᠨᠵᠠᠮ





ᠬᠦᠢᠲᠡᠨ ᠪᠤᠯᠠᠭ ᠤᠨ ᠣᠰᠣᠨ ᠡᠴᠡ ᠪᠠᠨ
ᠻᠢᠢᠯᠭᠢ ᠶᠣᠭᠡᠨ ᠣᠭᠠᠭᠠᠳ ᠰᠠᠭᠣᠯᠤᠭ᠎ᠠ ᠳᠠ
ᠻᠢᠢᠯᠭᠢ ᠶᠣᠭᠡᠨ ᠣᠭᠠᠭᠠᠳ ᠰᠠᠭᠤᠪᠠ ᠴᠢᠭ
ᠬᠠᠯᠠᠮᠵᠢᠲᠤ ᠡᠵᠢ ᠮᠢᠨᠢ ᠰᠠᠨᠠᠭᠳᠠᠨ᠎ᠠ ᠡ

ᠪᠤᠷᠣᠭᠤ ᠬᠠᠯᠢᠭᠠᠭᠰᠠᠨ ᠡᠷᠬᠢ ᠳᠡᠭᠡᠷ᠎ᠡ
ᠪᠤᠷᠭᠠᠰᠤ ᠮᠣᠳᠤ ᠠᠨᠤ ᠨᠠᠢᠢᠭᠤᠨ᠎ᠠ ᠡ
ᠪᠤᠷᠭᠠᠰᠤᠨ ᠮᠣᠳᠤ ᠠᠨᠤ ᠨᠠᠢᠢᠭᠤᠬᠤ ᠴᠢᠭ
ᠪᠤᠶᠠᠨᠲᠠᠢ ᠡᠵᠢ ᠮᠢᠨᠢ ᠰᠠᠨᠠᠭᠳᠠᠨ᠎ᠠ ᠡ
ᠪᠤᠶᠠᠨᠲᠠᠢ ᠡᠵᠢ ᠮᠢᠨᠢ ᠰᠠᠨᠠᠭᠳᠠᠨ᠎ᠠ ᠡ

ᠭᠠᠰᠢᠭᠤᠨ ᠪᠤᠯᠠᠭ ᠤᠨ ᠣᠰᠣᠨ ᠡᠴᠡ ᠪᠡᠨ
ᠭᠠᠷ᠎ ᠶᠤᠭᠠᠨ ᠣᠭᠠᠭᠠᠳ ᠰᠠᠭᠣᠯᠤᠭ᠎ᠠ ᠳᠠ
ᠭᠠᠷ᠎ ᠶᠤᠭᠠᠨ ᠣᠭᠠᠭᠠᠳ ᠰᠠᠭᠤᠪᠠ ᠴᠢᠭ
ᠭᠠᠷᠭᠠᠭᠰᠠᠨ ᠡᠵᠢ ᠮᠢᠨᠢ ᠰᠠᠨᠠᠭᠳᠠᠨ᠎ᠠ
ᠭᠠᠷᠭᠠᠭᠰᠠᠨ ᠡᠵᠢ ᠮᠢᠨᠢ ᠰᠠᠨᠠᠭᠳᠠᠨ᠎ᠠ



ᠲᠠᠶᠢᠯᠪᠤᠷᠢ᠄
᠟ 《ᠻᠢᠢᠯᠭᠢ》 ᠭᠡᠳᠡᠭ ᠨᠢ ᠬᠠᠯᠢᠮᠠᠭ ᠢᠶᠠᠷ 《ᠴᠠᠮᠴᠠ》 ᠭᠡᠰᠡᠨ ᠦᠭᠡ ᠪᠣᠯᠠᠶ᠃ 《ᠻᠢᠢᠯᠭᠢ》 ᠭᠡᠰᠡᠨ ᠪᠢᠴᠢᠯᠭᠡ ᠨᠢ ᠪᠤᠷᠤᠭᠤ ᠪᠣᠯ ᠮᠡᠷᠭᠡᠨ ᠤᠩᠰᠢᠭᠴᠢ ᠲᠠ ᠪᠦᠬᠦᠨ ᠵᠠᠰᠠᠵᠤ ᠥᠭᠭᠦᠨ᠎ᠡ ᠦᠦ᠃
᠟ 《ᠪᠤᠷᠤᠭᠤ ᠬᠠᠯᠢᠭᠠᠭᠰᠠᠨ ᠡᠷᠭᠢ》 ᠭᠡᠡᠳᠡᠭ ᠨᠢ 《ᠪᠤᠷᠤᠭᠤ ᠬᠠᠷᠠᠭᠰᠠᠨ ᠡᠷᠭᠢ》 ᠭᠡᠰᠡᠨ ᠤᠳᠬ᠎ᠠ ᠲᠠᠶ ᠪᠣᠯᠠᠶ᠃

ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
Цааш унших

Лев Гумилевт Б. Ринченгээс илгээсэн нэгэн захидал

ᠯᠧᠸ ᠭᠦᠮᠢᠯᠧᠸ ᠲᠦ ᠪᠢ᠊᠂ ᠷᠢᠨᠴᠢᠨ ᠡᠴᠡ ᠢᠯᠡᠭᠡᠭᠰᠡᠨ ᠨᠢᠭᠡᠨ ᠵᠠᠬᠢᠳᠠᠯ



duuren.mn | 2015 ᠣᠨ ᠤ 8 ᠳᠤᠭᠠᠷ ᠰᠠᠷ᠎ᠠ ᠶᠢᠨ 14



ᠰᠣᠼᠢᠶᠠᠯᠢᠰᠮ ᠤᠨ ᠦᠶ᠎ᠡ ᠳᠦ ᠠᠰᠠᠭᠤᠳᠠᠯ ᠢ ᠬᠠᠷᠠᠬᠤ ᠥᠨᠴᠦᠭ ᠢᠶᠡᠷ ᠢᠶᠡᠨ ᠬᠡᠪᠰᠢᠮᠡᠯ ᠰᠡᠳᠬᠢᠯᠭᠡᠲᠡᠨ ᠨᠦᠭᠦᠳ ᠡᠴᠡ ᠢᠯᠭᠠᠷᠠᠵᠤ᠂ ᠡᠷᠳᠡᠮ ᠮᠡᠳᠡᠯᠭᠡ ᠪᠡᠷ ᠢᠶᠡᠨ ᠭᠠᠶᠢᠬᠠᠭᠤᠯᠤᠨ ᠠᠯᠳᠠᠷᠰᠢᠵᠤ ᠠᠭᠰᠠᠨ ᠪᠢᠮᠪᠠ ᠶᠢᠨ ᠷᠢᠨᠴᠢᠨ᠂ ᠯᠧᠸ ᠭᠦᠮᠢᠯᠧᠸ ᠨᠠᠷ ᠳᠣᠲᠤᠨᠤ ᠠᠨᠳᠠ ᠨᠤᠭᠤᠳ ᠪᠠᠶᠢᠵᠡᠶ᠃ ᠲᠡᠳᠡ ᠵᠠᠬᠢᠳᠠᠯ ᠢᠶᠠᠷ ᠬᠠᠷᠢᠯᠴᠠᠵᠤ᠂ ᠯᠧᠨᠢᠩᠭᠷᠠᠳ᠋ ᠲᠤ ᠠᠭᠤᠯᠵᠠᠯᠳᠤᠵᠤ ᠶᠠᠪᠤᠵᠡᠶ᠃ ᠬᠤᠪᠢ ᠵᠠᠶᠠᠭ᠎ᠠ ᠨᠢ ᠴᠤ ᠲᠥᠰᠲᠡᠶ᠃ ᠯᠧᠸ ᠭᠦᠮᠢᠯᠧᠸ ᠰᠲᠠᠨᠢᠯᠢᠰᠮ ᠤᠨ ᠦᠶ᠎ᠡ ᠳᠦ 14 ᠵᠢᠯ᠂ ᠪᠢ᠊᠂ ᠷᠢᠨᠴᠢᠨ ᠳᠣᠻᠲᠣᠷ 5 ᠵᠢᠯ ᠬᠢᠯᠢᠰ ᠢᠶᠡᠷ ᠬᠣᠷᠢᠭᠳᠠᠵᠤ ᠪᠠᠶᠢᠪᠠ᠃ ᠯᠧᠸ ᠭᠦᠮᠢᠯᠧᠸ ᠪᠢᠮᠪᠠ ᠶᠢᠨ ᠷᠢᠨᠴᠢᠨ ᠭᠤᠸᠠᠶ ᠶᠢ ᠶᠡᠬᠡᠳᠡ ᠬᠦᠨᠳᠦᠳᠬᠡᠨ 《ᠡᠷᠬᠢᠮ ᠬᠦᠨᠳᠦᠲᠦ ᠠᠨᠳᠠ ᠨᠥᠬᠦᠷ᠂ ᠮᠢᠨᠤ ᠪᠠᠭᠰᠢ ᠷᠢᠨᠴᠢᠨ ᠰᠡᠴᠡᠨ ᠮᠢᠨᠢ》 ᠭᠡᠬᠦᠴᠢᠯᠡᠨ ᠵᠠᠬᠢᠳᠠᠯ ᠢᠶᠠᠨ ᠡᠬᠢᠯᠡᠳᠡᠭ ᠪᠠᠶᠢᠵᠡᠶ᠃

1968 ᠣᠨ ᠳᠤ ᠴᠠᠭᠠᠨ ᠰᠠᠷ᠎ᠠ ᠶᠢᠨ ᠡᠮᠦᠨᠡᠬᠡᠨ ᠷᠢᠨᠴᠢᠨ ᠭᠤᠸᠠᠶ 《ᠡᠷᠲᠡᠨ ᠦ ᠲᠦᠷᠦᠭ ᠦᠳ》 ᠨᠣᠮ ᠢ ᠨᠢ ᠯᠧᠸ ᠭᠦᠮᠢᠯᠧᠸ ᠡᠴᠡ ᠬᠦᠯᠢᠶᠡᠨ ᠠᠪᠤᠭᠠᠳ ᠪᠢᠴᠢᠭᠰᠡᠨ ᠵᠠᠬᠢᠳᠠᠯ ᠢ ᠨᠢ ᠮᠠᠨᠠᠶ ᠨᠡᠷᠡᠲᠡᠶ ᠰᠠᠶᠢᠨ ᠣᠷᠴᠢᠭᠤᠯᠤᠭᠴᠢᠳ ᠤᠨ ᠨᠢᠭᠡ ᠴ᠊᠂ ᠴᠡᠷᠢᠩ ᠡᠷᠬᠢᠮ ᠣᠷᠤᠰ ᠬᠡᠯᠡᠨ ᠡᠴᠡ ᠪᠠᠭᠤᠯᠭᠠᠨ 1990 ᠣᠨ ᠳᠤ ᠣᠯᠠᠨ ᠤ ᠬᠦᠷᠲᠡᠭᠡᠯ ᠪᠣᠯᠭᠠᠵᠤ ᠪᠠᠶᠢᠭᠰᠠᠨ ᠢ duuren.mn ᠤᠩᠰᠢᠭᠴᠢ ᠲᠠᠨ᠎ᠠ ᠲᠣᠯᠢᠯᠠᠭᠤᠯᠵᠤ ᠪᠠᠶᠢᠨ᠎ᠠ᠃

《ᠡᠷᠬᠢᠮ ᠬᠦᠨᠳᠦᠲᠦ ᠯᠧᠸ ᠨᠢᠻᠣᠯᠠᠶᠧᠸᠢᠴ ᠡ⁉ ᠲᠠᠨ ᠤ ᠶᠠᠪᠤᠭᠤᠯᠤᠭᠰᠠᠨ 《ᠡᠷᠲᠡᠨ ᠦ ᠲᠦᠷᠦᠭ ᠦᠳ》 ᠨᠣᠮ ᠢ ᠠᠪᠤᠭᠠᠳ ᠭᠤᠷᠪᠠᠨ ᠤ ᠨᠢᠭᠡ ᠬᠤᠪᠢ ᠶᠢ ᠶᠡᠬᠡ ᠯᠡ ᠰᠣᠨᠢᠷᠬᠠᠨ ᠤᠩᠰᠢᠯ᠎ᠠ᠃ ᠭᠡᠪᠡᠴᠦ ᠠᠵᠢᠯ ᠳᠤ ᠶᠡᠬᠡ ᠳᠠᠷᠤᠭᠳᠠᠭᠠᠳ ᠲᠦᠷ ᠵᠠᠭᠤᠷ᠎ᠠ ᠬᠣᠶᠢᠰᠢ ᠨᠢ ᠲᠠᠯᠪᠢᠭᠠᠳ ᠳᠠᠷᠠᠭ᠎ᠠ ᠲᠤᠬᠠᠲᠠᠶ ᠤᠩᠰᠢᠬᠤ ᠪᠠᠷ ᠰᠢᠢᠳᠦᠯ᠎ᠡ᠃ ᠨᠣᠮ ᠢ ᠲᠠᠨᠢ ᠡᠬᠢᠯᠡᠭᠡᠳ ᠤᠩᠰᠢᠵᠤ ᠪᠠᠶᠢᠬᠤ ᠳᠤ ᠲᠥᠷᠦᠭᠰᠡᠨ ᠵᠠᠷᠢᠮ ᠪᠣᠳᠤᠯ ᠢᠶᠠᠨ ᠲᠠᠨ ᠳᠤ ᠰᠢᠭᠤᠳ ᠪᠢᠴᠢᠶ᠎ᠡ ᠭᠡᠵᠦ ᠰᠠᠨᠠᠯ᠎ᠠ᠃ ᠡᠨᠡ ᠰᠣᠨᠢᠷᠬᠠᠯᠲᠠᠶ ᠨᠣᠮ ᠢᠶᠠᠨ ᠨᠠᠳᠤᠷ ᠢᠷᠡᠭᠦᠯᠵᠦ ᠬᠠᠶᠢᠷᠠᠯᠠᠭᠰᠠᠨ ᠲᠠᠨ ᠤ ᠨᠠᠶᠢᠷᠰᠠᠭ ᠨᠥᠭᠦᠷᠰᠡᠭ ᠰᠡᠳᠬᠢᠯ ᠢ ᠴᠢᠨᠢ ᠪᠠᠬᠠᠳᠤᠨ ᠪᠢᠰᠢᠷᠡᠵᠦ ᠰᠠᠭᠤᠨ᠎ᠠ᠃

ᠭᠡᠬᠦ ᠳᠡᠭᠡᠨ ᠵᠠᠷᠢᠮ ᠵᠦᠶᠯ ᠦᠨ ᠲᠠᠯ᠎ᠠ ᠪᠠᠷ ᠪᠢ ᠣᠨᠳᠤᠤ ᠪᠣᠳᠤᠯ ᠲᠠᠶ ᠶᠠᠪᠤᠳᠠᠭ ᠰᠢᠦ᠃ ᠵᠢᠱᠢᠶᠡᠯᠡᠪᠡᠯ᠄ ᠲᠠ ᠧᠦᠷᠣᠫᠠ ᠵᠦᠭ ᠦᠨ ᠪᠦᠬᠦ ᠡᠷᠳᠡᠮᠲᠡᠨ ᠦ ᠨᠢᠭᠡ ᠠᠳᠠᠯᠢ᠂ ᠪᠦᠷ ᠦᠨᠡᠨ ᠢ ᠬᠡᠯᠡᠪᠡᠯ ᠲᠡᠳᠡᠨ ᠦ ᠵᠠᠮ ᠮᠥᠷ ᠢᠶᠡᠷ ᠳᠠᠭᠠᠬᠤ ᠳᠠᠭᠠᠨ᠂ ᠮᠣᠩᠭᠤᠯᠴᠤᠳ ᠥᠪᠡᠷᠰᠡᠳ ᠦᠨ ᠳᠡᠭᠡᠳᠦ ᠡᠪᠦᠭᠡ ᠪᠡᠨ ᠪᠥᠷᠲᠡ ᠴᠢᠨᠤ᠎ᠠ᠂ ᠬᠤᠸᠠ ᠮᠠᠷᠠᠯ ᠭᠡᠵᠦ ᠦᠵᠡᠳᠡᠭ ᠬᠡᠮᠡᠨ ᠲᠠ ᠪᠢᠴᠢᠵᠡᠶ᠃ (22 ᠳᠤᠭᠠᠷ ᠲᠠᠯ᠎ᠠ) ᠮᠢᠨᠤ ᠰᠠᠨᠠᠪᠠᠯ ᠨᠢᠭᠡ ᠳᠦ᠂ ᠪᠦᠬᠦ ᠮᠣᠩᠭᠤᠯᠴᠤᠳ ᠪᠤᠰᠤ᠂ ᠵᠥᠪᠬᠡᠨ ᠬᠢᠶᠠᠳ ᠪᠣᠷᠵᠢᠭᠢᠨ ᠨᠤᠭᠤᠳ ᠢᠩᠭᠢᠵᠦ ᠦᠵᠡᠳᠡᠭ ᠬᠡᠷᠡᠭ᠃ ᠢᠩᠭᠢᠬᠦᠯᠡᠷ ᠡᠨᠡ ᠨᠢ ᠨᠡᠶᠢᠲᠡ ᠮᠣᠩᠭᠤᠯᠴᠤᠳ ᠲᠤ ᠬᠠᠮᠢᠶ᠎ᠠ ᠦᠭᠡᠶ ᠬᠡᠷᠡᠭ᠃ ᠬᠣᠶᠠᠷ ᠲᠤ᠂ 《ᠴᠢᠩᠭᠢᠰ ᠬᠠᠭᠠᠨ ᠤ ᠢᠵᠠᠭᠤᠷ ᠳᠡᠭᠡᠳᠦ ᠲᠩᠷᠢ ᠡᠴᠡ ᠵᠠᠶᠠᠭᠠᠲᠤ ᠲᠥᠷᠦᠭᠰᠡᠨ ᠪᠥᠷᠲᠡ ᠴᠢᠨᠤ᠎ᠠ ᠠᠵᠤᠭᠤ᠃ ᠭᠡᠷᠭᠡᠶ ᠨᠢ ᠬᠤᠸᠠ ᠮᠠᠷᠠᠯ ᠠᠵᠡᠶ》 ᠬᠡᠮᠡᠨ ᠨᠢᠭᠤᠴᠠ ᠲᠣᠪᠴᠢᠶᠠᠨ ᠳᠤ ᠭᠠᠷᠳᠠᠭ ᠰᠢᠦ ᠳᠡ᠃ ᠪᠦᠷᠲᠡ ᠴᠢᠨᠤ᠎ᠠ ᠪᠤᠶᠤ ᠶᠠᠭ ᠵᠥᠪ ᠢᠶᠡᠷ ᠨᠢ ᠪᠢᠴᠢᠪᠡᠯ ᠪᠥᠷᠲᠡ ᠴᠢᠨᠤ᠎ᠠ ᠭᠡᠳᠡᠭ ᠢ ᠣᠷᠤᠰ ᠢᠶᠠᠷ ᠣᠷᠴᠢᠭᠤᠯᠪᠠᠯ Сивый волк᠂ ᠬᠣᠸᠠ ᠮᠠᠷᠠᠯ ᠭᠡᠳᠡᠭ ᠨᠢ Красивая Лань ᠪᠣᠯᠤᠨ᠎ᠠ᠃ ᠲᠡᠭᠡᠬᠦ ᠳᠡᠭᠡᠨ ᠪᠥᠷᠲᠡ ᠴᠢᠨᠤ᠎ᠠ ᠭᠡᠳᠡᠭ ᠨᠢ ᠬᠦᠮᠦᠨ ᠦ ᠨᠡᠷ᠎ᠡ᠂ ᠬᠤᠸᠠ ᠮᠠᠷᠠᠯ ᠴᠤ ᠪᠠᠰᠠ ᠬᠦᠮᠦᠨ ᠦ ᠨᠡᠷ᠎ᠡ ᠪᠥᠭᠡᠳ ᠡᠳᠦᠭᠡ ᠴᠦ ᠤᠯᠠ ᠤᠯᠪᠠᠭ᠎ᠠ ᠪᠠᠨ ᠬᠠᠳᠠᠭᠠᠯᠠᠭᠰᠠᠭᠠᠷ ᠪᠠᠶᠢᠭ᠎ᠠ ᠮᠣᠩᠭᠤᠯᠴᠤᠳ ᠤᠨ ᠪᠥᠭᠡ ᠶᠢᠨ ᠤᠯᠠᠮᠵᠢᠯᠠᠯ ᠢᠶᠠᠷ ᠬᠡᠦᠬᠡᠳ ᠪᠠᠭᠠᠴᠤᠳ ᠤᠨ ᠰᠦᠨᠡᠰᠦ ᠶᠢ ᠡᠷᠯᠢᠭ ᠦᠨ ᠡᠯᠴᠢ ᠠᠪᠤᠭᠠᠳ ᠶᠠᠪᠤᠴᠢᠬᠠᠬᠤ ᠦᠭᠡᠶ ᠶᠢᠨ ᠡᠭᠦᠳᠡᠨ ᠡᠴᠡ ᠡᠶᠢᠮᠦᠷᠬᠡᠦ 《ᠬᠠᠮᠠᠭᠠᠯᠠᠭᠰᠠᠨ》 ᠨᠡᠷ᠎ᠡ ᠬᠠᠶᠢᠷᠠᠯᠠᠳᠠᠭ ᠪᠠᠶᠢᠵᠡᠶ᠃ ᠮᠣᠩᠭᠤᠯ ᠤᠨ ᠬᠠᠲᠠᠭᠤ ᠬᠦᠲᠦᠭᠦᠦ ᠠᠭᠤᠷ ᠠᠮᠢᠰᠬᠠᠯ ᠲᠠᠶ ᠲᠠᠯ᠎ᠠ ᠨᠤᠲᠤᠭ ᠤᠨ ᠠᠮᠢᠳᠤᠷᠠᠯ ᠳᠤ ᠦᠷ᠎ᠡ ᠬᠡᠦᠬᠡᠳ ᠢᠶᠡᠨ ᠦᠬᠦᠯ ᠡᠴᠡ ᠠᠪᠤᠷᠠᠬᠤ ᠶᠢᠨ ᠲᠤᠯᠠᠳᠠ ᠢᠩᠭᠢᠵᠦ ᠠᠷᠭᠠᠯᠠᠳᠠᠭ ᠡᠷᠲᠡᠨ ᠦ ᠠᠷᠠᠳ ᠤᠨ ᠶᠣᠰᠤ ᠭᠣᠷᠢᠮ ᠡᠶᠢᠮᠦ ᠪᠠᠶᠢᠵᠤ ᠯᠡ ᠳᠡ᠃ ᠡᠷᠯᠢᠭ ᠦᠨ ᠡᠯᠴᠢ ᠨᠢ ᠣᠳᠤ ᠶᠢᠨ ᠢᠶᠠᠷ ᠪᠣᠯ ᠨᠠᠷᠢᠨ ᠲᠥᠷᠦᠯᠵᠢᠭᠰᠡᠨ ᠪᠠᠶᠢᠬᠤ ᠪᠥᠭᠡᠳ ᠨᠢᠭᠡ ᠨᠢ ᠵᠥᠪᠬᠡᠨ ᠡᠷᠡᠭᠲᠡᠶ ᠬᠡᠦᠬᠡᠳ ᠦᠨ ᠰᠦᠨᠡᠰᠦ ᠶᠢ᠂ ᠨᠥᠭᠦᠭᠡ ᠨᠢ ᠥᠬᠢᠳ ᠦᠨ ᠰᠦᠨᠡᠰᠦ ᠶᠢ᠂ ᠭᠤᠷᠪᠠ ᠳᠠᠬᠢ ᠨᠢ ᠡᠷᠡᠭᠲᠡᠶ ᠬᠦᠮᠦᠨ ᠦ ᠬᠢ ᠶᠢ᠂ ᠳᠥᠷᠪᠡ ᠳᠡᠬᠢ ᠨᠢ ᠡᠮᠡᠭᠲᠡᠶ ᠶᠢᠨ ᠬᠢ ᠶᠢ᠂ ᠲᠠᠪᠤ ᠳᠠᠬᠢ ᠨᠢ ᠠᠳᠤᠭᠤᠰᠤ ᠠᠮᠢᠲᠠᠨ ᠤ ᠰᠦᠨᠡᠰᠦ ᠶᠢ᠂ ᠵᠢᠷᠭᠤᠭ᠎ᠠ ᠳᠠᠬᠢ ᠨᠢ ᠠᠮᠢ ᠦᠭᠡᠶ ᠶᠠᠭᠤᠮᠠᠨ ᠤ ᠰᠦᠨᠡᠰᠦ ᠶᠢ ᠬᠤᠯᠠᠭᠠᠶᠢᠯᠠᠨ ᠠᠪᠴᠤ ᠣᠳᠳᠠᠭ ᠬᠡᠮᠡᠨ ᠢᠲᠡᠭᠡᠳᠡᠭ ᠪᠠᠶᠢᠵᠢ᠃ ᠴᠢᠩᠭᠢᠬᠦ ᠳᠡᠭᠡᠨ ᠴᠢᠨᠤ᠎ᠠ ᠶᠢᠨ ᠰᠦᠨᠡᠰᠦ ᠬᠥᠭᠡᠭᠡᠴᠡᠯᠳᠦᠳᠡᠭ ᠡᠷᠯᠢᠭ ᠨᠢ ᠮᠠᠷᠠᠯ ᠤᠨ ᠰᠦᠨᠡᠰᠦ ᠶᠢ ᠬᠤᠯᠠᠭᠠᠶᠢᠯᠠᠨ ᠠᠪᠴᠤ ᠴᠢᠳᠠᠬᠤ ᠦᠭᠡᠶ ᠭᠡᠵᠦ ᠪᠣᠳᠤᠳᠠᠭ ᠤᠴᠢᠷ᠂ ᠪᠠᠰᠠ ᠡᠷᠯᠢᠭ ᠦᠨ ᠡᠯᠴᠢ ᠶᠢ ᠬᠠᠭᠤᠷᠬᠤ ᠶᠢᠨ ᠲᠤᠯᠠᠳᠠ ᠬᠡᠦᠬᠡᠳ ᠲᠦ ᠰᠦᠬᠡ᠂ ᠲᠣᠭᠤᠭ᠎ᠠ᠂ ᠪᠥᠷᠲᠡ ᠴᠢᠨᠤ᠎ᠠ᠂ ᠬᠤᠸᠠ ᠮᠠᠷᠠᠯ᠂ ᠰᠢᠷ᠎ᠠ ᠨᠣᠬᠠᠶ (ᠮᠢᠨᠦ ᠳᠡᠭᠡᠳᠦ ᠶᠢᠨ ᠳᠡᠭᠡᠳᠦ ᠡᠪᠦᠭᠡ ᠶᠢᠨ ᠨᠢᠭᠡ ᠬᠦᠮᠦᠨ ᠰᠢᠷ᠎ᠠ ᠨᠣᠬᠠᠶ ᠨᠡᠷ᠎ᠡ ᠲᠡᠶ ᠪᠠᠶᠢᠭᠰᠠᠨ⁉) ᠭᠡᠬᠦ ᠵᠡᠷᠭᠡ ᠨᠡᠷ᠎ᠡ ᠥᠭᠳᠡᠭ ᠪᠠᠶᠢᠵᠢ᠃ ᠡᠷᠯᠢᠭ ᠨᠢ ᠬᠡᠦᠬᠡᠳ ᠢ ᠰᠦᠬᠡ ᠭᠡᠵᠦ ᠨᠡᠷ᠎ᠡ ᠲᠡᠶ ᠶᠢ ᠮᠡᠳᠡᠮᠡᠭᠴᠡ ᠤᠭ ᠬᠡᠦᠬᠡᠳ ᠢ ᠣᠷᠤᠯᠳᠤᠬᠤ ᠪᠠᠨ ᠪᠣᠯᠢᠵᠤ ᠨᠢᠭᠡᠨᠲᠡ ᠰᠦᠬᠡ ᠭᠡᠳᠡᠭ ᠨᠡᠷ᠎ᠡ ᠲᠡᠶ ᠪᠣᠯᠬᠤᠷ ᠰᠦᠨᠡᠰᠦ ᠶᠢ ᠨᠢ ᠠᠪᠴᠢᠬᠠᠪᠠᠯ ᠬᠣᠶᠢᠨ᠎ᠠ ᠠᠴᠠ ᠨᠢ ᠡᠨᠡ ᠣᠷᠴᠢᠯᠠᠩ ᠤᠨ ᠪᠦᠬᠦ ᠰᠦᠬᠡ ᠰᠦᠨᠡᠰᠦ ᠶᠢ ᠨᠢ ᠨᠡᠬᠡᠵᠦ ᠢᠷᠡᠭᠡᠳ ᠠᠮᠤᠷ ᠵᠠᠶᠠᠭ᠎ᠠ ᠦᠵᠡᠭᠦᠯᠬᠦ ᠦᠭᠡᠶ ᠭᠡᠵᠦ ᠡᠷᠯᠢᠭ ᠢᠲᠡᠭᠡᠳᠡᠭ ᠭᠡᠨ᠎ᠡ᠃ ᠢᠩᠭᠢᠵᠦ 《ᠬᠠᠮᠠᠭᠠᠯᠠᠬᠤ ᠨᠡᠷ᠎ᠡ》 ᠶᠢᠨ ᠠᠴᠢ ᠪᠠᠷ ᠬᠡᠦᠬᠡᠳ ᠠᠮᠢᠳᠤ ᠮᠡᠨᠳᠦ ᠥᠰᠴᠦ ᠲᠣᠷᠨᠢᠳᠠᠭ ᠶᠤᠮ ᠭᠡᠵᠦ ᠢᠲᠡᠭᠡᠳᠡᠭ ᠪᠠᠶᠢᠵᠢ᠃ ᠵᠠᠷᠢᠮ ᠳᠠᠭᠠᠨ ᠬᠡᠦᠬᠡᠳ ᠲᠦ ᠪᠠᠭᠠᠰᠤᠲᠤ ᠭᠡᠳᠡᠭ ᠨᠡᠷ᠎ᠡ ᠥᠭᠭᠦᠭᠡᠳ ᠡᠷᠯᠢᠭ ᠤᠭ ᠬᠡᠦᠬᠡᠳ ᠦᠨ 《ᠮᠠᠭᠤᠬᠠᠶ ᠥᠮᠡᠬᠡᠶ》 ᠰᠦᠨᠡᠰᠦᠨ ᠡᠴᠡ ᠴᠡᠭᠡᠷᠯᠡᠭᠡᠳ ᠬᠡᠦᠬᠡᠳ ᠢ ᠠᠪᠤᠭᠠᠳ ᠶᠠᠪᠤᠴᠢᠬᠠᠬᠤ ᠦᠭᠡᠶ ᠠᠮᠤᠷ ᠲᠠᠶᠢᠪᠤᠩ ᠦᠯᠡᠳᠡᠭᠡᠨ᠎ᠡ ᠭᠡᠵᠦ ᠨᠠᠶᠢᠳᠠᠳᠠᠭ ᠪᠠᠶᠢᠵᠢ᠃ ᠡᠶᠢᠮᠦ ᠤᠴᠢᠷ ᠠᠴᠠ ᠯᠡ ᠴᠢᠩᠭᠢᠰ ᠦᠨ ᠳᠡᠭᠡᠳᠦ ᠡᠪᠦᠭᠡ ᠪᠥᠷᠲᠡ ᠴᠢᠨᠤ᠎ᠠ ᠨᠡᠷ᠎ᠡ ᠲᠡᠶ ᠪᠠᠶᠢᠭᠰᠠᠨ ᠬᠡᠷᠡᠭ ᠪᠥᠭᠡᠳ ᠬᠡᠦᠬᠡᠳ ᠦᠨ ᠰᠦᠨᠡᠰᠦ ᠶᠢ ᠠᠪᠴᠢᠬᠠᠳᠠᠭ ᠠᠩ ᠤᠨ ᠡᠷᠯᠢᠭ ᠪᠠᠭ᠎ᠠ ᠳᠤᠨᠢ ᠲᠡᠭᠦᠨ ᠢ ᠠᠪᠠᠴᠢᠬᠤ ᠦᠭᠡᠶ ᠪᠠᠶᠢᠭᠠᠰᠠᠶ᠂ ᠲᠤᠬᠠᠶ ᠶᠢᠨ ᠦᠶ᠎ᠡ ᠳᠡᠭᠡᠨ ᠴᠢᠨᠤ᠎ᠠ ᠶᠢᠨ ᠰᠦᠨᠡᠰᠦ ᠶᠢ ᠠᠪᠠᠴᠢᠳᠠᠭ ᠡᠷᠯᠢᠭ ᠯᠡ ᠲᠡᠭᠦᠨ ᠢ ᠣᠷᠤᠯᠳᠤᠬᠤ ᠦᠭᠡᠶ᠂ ᠶᠠᠭᠠᠬᠢᠭᠠᠳ ᠬᠡᠪᠡᠯ ᠲᠡᠷᠡ ᠪᠥᠷᠲᠦ ᠴᠢᠨᠤ᠎ᠠ ᠨᠡᠷ᠎ᠡ ᠲᠡᠶ ᠬᠡᠦᠬᠡᠳ ᠢ ᠬᠡᠦᠬᠡᠳ ᠦᠨ ᠰᠦᠨᠡᠰᠦ ᠶᠢ ᠠᠪᠠᠴᠢᠳᠠᠭ ᠡᠷᠯᠢᠭ ᠨᠢ ᠢᠷᠡᠵᠦ ᠠᠪᠬᠤ ᠶᠣᠰᠤᠲᠠᠶ ᠭᠡᠵᠦ ᠰᠠᠨᠠᠳᠠᠭ ᠠᠵᠢ᠃

ᠴᠠᠭᠠᠰᠢ ᠨᠢ ᠨᠢᠭᠤᠴᠠ ᠲᠣᠪᠴᠢᠶᠠᠨ ᠳᠤ 《ᠲᠡᠩᠭᠢᠰ ᠭᠡᠲᠦᠯᠵᠦ ᠢᠷᠡᠪᠡ》 ᠭᠡᠵᠦ ᠪᠤᠶ᠃ ᠻᠣᠽᠢᠨ ᠡᠭᠦᠨ ᠢ 《Явились они переплыв Тенгис》 (внутреннее море) ᠭᠡᠵᠦ ᠣᠷᠴᠢᠭᠤᠯᠵᠡᠶ᠃ ᠪᠢ ᠡᠭᠦᠨ ᠢ ᠣᠷᠤᠰ ᠢᠶᠠᠷ 《Прибыли они, переплыв Тенгис》 ᠭᠡᠵᠦ ᠣᠷᠴᠢᠭᠤᠯᠤᠮᠠᠷ ᠪᠠᠶᠢᠨ᠎ᠠ᠃

ᠭᠡᠬᠦ ᠳᠡᠭᠡᠨ ᠡᠨᠡ ᠪᠣᠯ Внутреннее море ᠪᠤᠶᠤ ᠳᠣᠲᠤᠭᠠᠳᠤ ᠲᠡᠩᠭᠢᠰ ᠪᠢᠰᠢ ᠡ⁉ ᠪᠢ ᠡᠨᠳᠡ ᠭᠠᠷᠴᠤ ᠪᠤᠶ ᠲᠡᠩᠭᠢᠰ ᠭᠡᠳᠡᠭ ᠢ ᠬᠠᠷᠠᠭᠰᠠᠨ ᠬᠦᠮᠦᠨ⁉ ᠡᠨᠡ ᠪᠣᠯ ᠬᠥᠪᠰᠦᠭᠦᠯ ᠠᠶᠢᠮᠠᠭ ᠲᠤ ᠪᠠᠶᠢᠭ᠎ᠠ ᠭᠠᠲᠤᠯᠵᠤ ᠭᠠᠷᠬᠤ ᠳᠤ ᠲᠤᠩ ᠬᠡᠴᠡᠭᠦᠦ᠂ ᠨᠡᠩ ᠬᠦᠴᠦᠲᠡᠶ ᠤᠷᠤᠰᠬᠠᠯ ᠲᠠᠶ ᠠᠭᠤᠯᠠ ᠶᠢᠨ ᠭᠣᠤᠯ ᠪᠥᠭᠡᠳ ᠮᠣᠷᠢ ᠮᠠᠯ ᠤᠷᠤᠭᠤᠳᠠᠳᠠᠭ ᠶᠤᠮ᠃ ᠪᠥᠷᠲᠡ ᠴᠢᠨᠤ᠎ᠠ ᠭᠡᠷᠭᠡᠶ ᠬᠣᠸᠠ ᠮᠠᠷᠠᠯ ᠢᠶᠠᠨ ᠳᠠᠭᠠᠭᠤᠯᠤᠨ ᠡᠨᠡ ᠭᠣᠤᠯ ᠢ ᠭᠠᠲᠤᠯᠤᠭᠰᠠᠨ ᠪᠥᠭᠡᠳ ᠭᠣᠤᠯ ᠤᠨ ᠬᠣᠶᠠᠷ ᠲᠠᠯ᠎ᠠ ᠳᠤ ᠪᠠᠶᠢᠭ᠎ᠠ ᠠᠭᠤᠯᠠ ᠶᠢ ᠪᠥᠭᠡ ᠨᠠᠷ ᠣᠳᠤ ᠴᠤ ᠠᠷᠢᠭᠤᠨ ᠰᠢᠲᠦᠭᠡᠨ ᠪᠣᠯᠭᠠᠨ ᠲᠠᠬᠢᠳᠠᠭ ᠪᠥᠭᠡᠳ ᠥᠨᠢ ᠡᠷᠲᠡ ᠳᠡᠭᠡᠷ᠎ᠡ ᠴᠠᠭ ᠲᠤ ᠡᠨᠡ ᠠᠭᠤᠯᠠᠰ ᠤᠨ ᠣᠷᠤᠶ ᠳᠤ ᠠᠯᠳᠠᠷ ᠴᠤᠤ ᠲᠠᠶ ᠪᠥᠭᠡ ᠨᠢᠳᠤᠭᠠᠨ ᠢ ᠣᠷᠤᠰᠢᠭᠤᠯᠤᠭᠰᠠᠨ ᠳᠤᠷᠠᠰᠬᠠᠯᠲᠠᠶ ᠭᠠᠵᠠᠷ ᠭᠡᠵᠦ ᠰᠦᠰᠦᠯᠡᠳᠡᠭ ᠪᠣᠯᠠᠶ᠃

ᠪᠥᠷᠲᠡ ᠴᠢᠨᠤ᠎ᠠ ᠶᠢᠨ ᠬᠦᠦ ᠪᠣᠯ ᠬᠠᠮᠠᠭᠠᠯᠠᠭᠤᠯᠤᠭᠰᠠᠨ ᠮᠠᠨᠠᠭᠤᠯᠤᠭᠰᠠᠨ ᠨᠡᠷ᠎ᠡ ᠲᠡᠶ ᠪᠠᠶᠢᠳᠠᠭ᠂ ᠶᠠᠭᠠᠬᠢᠭᠠᠳ ᠭᠡᠪᠡᠯ ᠲᠡᠷᠡ ᠨᠢ ᠤᠭ ᠠᠶᠢᠯ ᠤᠨ ᠴᠣᠷ ᠤᠨ ᠭᠠᠭᠴᠠ ᠤᠳᠤᠮ ᠤᠭᠰᠠᠭ᠎ᠠ ᠵᠠᠯᠭᠠᠬᠤ ᠡᠷᠡᠭᠲᠡᠶ ᠬᠡᠦᠬᠡᠳ ᠨᠢ ᠪᠠᠶᠢᠵᠡᠶ᠃ ᠲᠡᠭᠦᠨ ᠢ ᠪᠠᠲᠤ ᠴᠠᠭᠠᠨ ᠭᠡᠬᠦ ᠪᠥᠭᠡᠳ ᠡᠭᠦᠨ ᠦ ᠪᠠᠲᠤ ᠭᠡᠳᠡᠭ ᠨᠢ ᠡᠷᠯᠢᠭ ᠬᠠᠯᠳᠠᠰᠢ ᠦᠭᠡᠶ ᠳᠠᠷᠬᠠᠨ ᠪᠠᠲᠤ ᠶᠢ ᠢᠯᠡᠷᠬᠡᠶᠢᠯᠡᠭᠰᠡᠨ ᠬᠡᠷᠡᠭ᠂ ᠴᠠᠭᠠᠨ ᠭᠡᠳᠡᠭ ᠨᠢ ᠠᠷᠢᠭᠤᠨ᠂ ᠭᠬᠢᠷ ᠦᠭᠡᠶ ᠲᠤᠩᠭᠠᠯᠠᠭ ᠭᠡᠰᠡᠨ ᠰᠠᠨᠠᠭ᠎ᠠ ᠶᠤᠮ᠃

ᠳᠣᠪᠤᠨ ᠮᠡᠷᠭᠡᠨ ᠦ ᠭᠡᠷᠭᠡᠶ ᠶᠢ ᠠᠯᠤᠩᠭᠤᠤ᠎ᠠ ᠭᠡᠬᠦ ᠪᠥᠭᠡᠳ ᠠᠷᠢᠭ ᠤᠰᠤᠨ ᠳᠤ ᠲᠥᠷᠦᠭᠰᠡᠨ ᠪᠥᠭᠡᠳ ᠣᠳᠤ ᠴᠤ ᠮᠣᠩᠭᠤᠯ᠂ ᠤᠷᠢᠶᠠᠩᠬᠠᠶ ᠨᠠᠷ ᠲᠡᠭᠦᠨ ᠢ ᠰᠠᠶᠢᠨ ᠵᠦᠭ ᠦᠨ ᠲᠩᠷᠢ ᠭᠡᠯᠴᠡᠳᠡᠭ᠂ ᠪᠠᠰᠠ ᠣᠳᠤ ᠴᠤ ᠲᠡᠷᠡ ᠭᠣᠤᠯ ᠢ ᠠᠷᠢᠬ᠎ᠠ ᠶᠤᠮ ᠤᠤ ᠠᠷᠢᠭ ᠤᠰᠤᠨ ᠤ ᠭᠣᠤᠯ ᠭᠡᠵᠦ ᠨᠡᠷᠡᠯᠡᠭᠰᠡᠭᠡᠷ ᠪᠠᠶᠢᠳᠠᠭ᠃ ᠪᠢ ᠲᠡᠷᠡ ᠭᠣᠤᠯ ᠳᠡᠭᠡᠷ᠎ᠡ ᠣᠴᠢᠵᠤ ᠠᠯᠤᠩᠭᠤᠤ᠎ᠠ ᠶᠢᠨ ᠣᠩᠭᠤᠨ ᠢ ᠲᠡᠨᠳᠡ ᠡᠴᠡ ᠠᠪᠴᠢᠷᠠᠭᠰᠠᠨ ᠡ⁉ ᠡᠨᠡ ᠪᠣᠯ ᠪᠠᠰᠠ ᠬᠥᠪᠰᠦᠭᠦᠯ ᠠᠶᠢᠮᠠᠭ ᠲᠤ ᠪᠠᠶᠢᠬᠤ ᠪᠥᠭᠡᠳ ᠥᠨᠦᠬᠢ ᠲᠡᠩᠭᠢᠰ ᠭᠣᠤᠯ ᠠᠴᠠ ᠬᠣᠯᠠ ᠦᠭᠡᠶ ᠣᠷᠤᠰᠢᠳᠠᠭ᠁

ᠲᠠᠨ ᠳᠤ ᠡᠭᠡᠳᠡᠷᠡᠭᠡᠲᠡᠶ ᠮᠡᠲᠦ ᠰᠠᠨᠠᠭᠳᠠᠵᠤ ᠪᠣᠯᠬᠤᠶᠢᠴᠠ ᠡᠷᠲᠡᠨ ᠦ ᠲᠦᠷᠦᠭ ᠦᠳ ᠦᠨ ᠱᠠᠰᠢᠨ ᠤ ᠲᠤᠬᠠᠶ ᠮᠡᠳᠡᠭᠡ ᠵᠠᠩᠬᠢ ᠨᠢ ᠣᠭᠲᠤᠬᠠᠨ ᠴᠤ ᠪᠤᠳᠤᠯᠢᠶᠠᠨ ᠦᠭᠡᠶ ᠠᠭᠠᠳ ᠮᠣᠩᠭᠤᠯ ᠤᠨ ᠪᠥᠭᠡ ᠶᠢᠨ ᠶᠣᠰᠤᠨ ᠤ ᠮᠡᠳᠡᠭᠡ ᠪᠡᠷ ᠳᠠᠪᠬᠤᠷ ᠨᠣᠲᠠᠯᠠᠭᠳᠠᠳᠠᠭ᠃ ᠪᠢ ᠡᠨᠡ ᠲᠠᠯ᠎ᠠ ᠪᠠᠷ ᠨᠣᠮ ᠪᠢᠴᠢᠬᠦ ᠪᠡᠷ ᠵᠠᠪᠳᠤᠵᠤ ᠪᠤᠶ᠁ ᠨᠣᠮ ᠣᠷᠤᠭᠤᠯᠪᠠᠯ ᠰᠠᠶᠢ ᠪᠣᠯᠬᠤ ᠲᠡᠶᠢᠮᠦ ᠵᠦᠶᠯ ᠢ ᠭᠠᠭᠴᠠ ᠵᠠᠬᠢᠳᠠᠯ ᠳᠠᠭᠠᠨ ᠪᠠᠭᠲᠠᠭᠠᠬᠤ ᠠᠷᠭ᠎ᠠ ᠦᠭᠡᠶ ᠲᠤᠯᠠ ᠪᠢ ᠡᠶᠢᠨᠬᠦ ᠲᠣᠪᠴᠢᠬᠠᠨ ᠮᠡᠳᠡᠭᠡᠯᠡᠯ ᠢᠶᠡᠷ ᠬᠢᠵᠠᠭᠠᠷᠯᠠᠶ᠎ᠠ᠃

ᠢᠩᠭᠢᠵᠦ ᠪᠥᠭᠡ ᠶᠢᠨ ᠲᠠᠯ᠎ᠠ ᠪᠠᠷ ᠨᠣᠮ ᠪᠢᠴᠢᠪᠡᠯ ᠲᠡᠦᠬᠡᠴᠢᠳ ᠲᠦ ᠶᠠᠮᠠᠷ ᠶᠡᠬᠡ ᠬᠡᠷᠡᠭᠲᠡᠶ ᠪᠣᠯᠬᠤ ᠶᠢ ᠲᠠᠨᠠᠶ ᠨᠣᠮ ᠢᠶᠠᠷ ᠵᠢᠱᠢᠶᠡᠯᠡᠨ ᠪᠣᠳᠤᠯ᠎ᠠ᠃ ᠡᠳᠦᠭᠡ ᠪᠢ ᠳᠥᠴᠢᠨ ᠵᠢᠯ ᠪᠥᠭᠡ ᠶᠢᠨ ᠵᠠᠩ ᠦᠶᠯᠡ᠂ ᠳᠣᠮᠤᠭ ᠶᠠᠷᠢᠶ᠎ᠠ᠂ ᠰᠢᠪᠰᠢᠯᠭᠡ ᠵᠡᠷᠭᠡ ᠶᠢ ᠰᠤᠳᠤᠯᠤᠭᠰᠠᠨ ᠤ ᠳᠠᠷᠠᠭ᠎ᠠ᠂ ᠳᠡᠭᠡᠷ᠎ᠡ ᠦᠶ᠎ᠡ ᠳᠦ ᠨᠠᠳᠤᠷ ᠪᠣᠯᠤᠨ ᠮᠢᠨᠤ ᠧᠦᠷᠣᠫᠠ ᠶᠢᠨ ᠲᠠᠨᠢᠯ ᠤᠳ᠂ ᠮᠣᠩᠭᠤᠯᠴᠢ ᠨᠠᠷ ᠲᠤ ᠣᠶᠢᠯᠠᠭᠠᠭᠳᠠᠬᠤ ᠦᠭᠡᠶ ᠣᠯᠠᠨ ᠵᠦᠶᠯ ᠣᠳᠤ ᠲᠤᠩ ᠠᠮᠠᠷᠬᠠᠨ ᠪᠣᠯᠤᠭᠰᠠᠨ ᠢ ᠬᠡᠯᠡᠬᠦ ᠬᠡᠷᠡᠭᠲᠡᠶ᠃ ᠡᠨᠡ ᠪᠢᠳᠡᠨ ᠦ ᠦᠶ᠎ᠡ ᠳᠦ ᠰᠲᠠᠯᠢᠨ᠂ ᠬᠷᠦ᠋ᠱᠧᠸ᠂ ᠮᠠᠤ᠂ ᠲᠡᠳᠡᠨ ᠦ ᠬᠠᠮᠲᠤᠷᠠᠨ ᠵᠢᠳᠬᠦᠭᠴᠢᠳ ᠮᠠᠷᠻᠰᠢᠰᠮ ᠢ 《ᠮᠥᠷᠳᠡᠵᠦ᠂ ᠤᠳᠤᠷᠢᠳᠤᠯᠭ᠎ᠠ ᠪᠠᠨ ᠪᠣᠯᠭᠠᠵᠤ ᠪᠠᠶᠢᠨ᠎ᠠ》 ᠬᠡᠮᠡᠨ ᠰᠠᠨᠠᠳᠠᠭ ᠠᠪᠠᠰᠤ᠂ ᠡᠷᠲᠡᠨ ᠦ ᠮᠣᠩᠭᠤᠯ᠂ ᠲᠦᠷᠦᠭ ᠨᠠᠷ ᠥᠪᠡᠷᠰᠡᠳ ᠦᠨ ᠠᠵᠢᠯ ᠶᠠᠪᠤᠳᠠᠯ ᠳᠠᠭᠠᠨ ᠪᠥᠭᠡ ᠶᠢᠨ ᠶᠣᠰᠤ ᠶᠢ ᠪᠠᠷᠢᠮᠲᠠᠯᠠᠵᠤ᠂ ᠲᠡᠭᠦᠨ ᠦ ᠵᠠᠷᠴᠢᠮ ᠢ ᠶᠠᠭᠰᠢᠲᠠᠯ᠎ᠠ ᠮᠥᠷᠳᠡᠯᠭᠡ ᠪᠣᠯᠭᠠᠳᠠᠭ ᠵᠢᠩᠬᠢᠨᠢ ᠪᠥᠭᠡ ᠮᠥᠷᠭᠦᠯᠴᠢᠳ ᠪᠠᠶᠢᠭᠰᠠᠨ ᠶᠤᠮ᠃ ᠭᠡᠲᠡᠯ᠎ᠡ ᠣᠳᠤ ᠶᠢᠨ ᠤᠳᠤᠷᠢᠳᠤᠭᠴᠢᠳ ᠣᠶᠤᠨ ᠤ ᠪᠠᠨ ᠬᠡᠮ ᠬᠡᠮᠵᠢᠶ᠎ᠡ ᠪᠡᠷ ᠯᠡ ᠮᠠᠷᠻᠰᠢᠰᠮ ᠢ ᠲᠠᠶᠢᠯᠪᠤᠷᠢᠯᠠᠵᠤ᠂ ᠲᠡᠭᠦᠨ ᠦ ᠵᠠᠷᠴᠢᠮ ᠢ ᠪᠠᠷᠢᠮᠲᠠᠯᠠᠳᠠᠭ ᠪᠠᠶᠢᠭᠰᠠᠨ ᠵᠢᠩᠬᠢᠨᠢ ᠮᠠᠷᠰᠻᠰᠢᠰᠲ ᠤᠳ ᠭᠡᠬᠦ ᠳᠦ ᠬᠡᠴᠡᠭᠦᠬᠡᠨ ᠶᠤᠮ᠁

ᠲᠦᠷᠦᠭ᠂ ᠮᠣᠩᠭᠤᠯ ᠬᠡᠯᠡ ᠲᠡᠶ ᠠᠷᠠᠳ ᠲᠦᠮᠡᠨ ᠦ ᠲᠡᠦᠬᠡᠨ ᠳᠦ ᠭᠠᠷᠤᠭᠰᠠᠨ ᠣᠯᠠᠨ ᠦᠶᠯᠡ ᠶᠠᠪᠤᠳᠠᠯ ᠢ ᠣᠶᠢᠯᠠᠭᠠᠬᠤ ᠶᠢᠨ ᠲᠤᠯᠠᠳᠠ ᠤᠯᠠᠷᠢᠭᠰᠠᠨ ᠪᠠᠯᠠᠷ ᠦᠶ᠎ᠡ ᠶᠢᠨ ᠦᠶᠯᠡ ᠶᠠᠪᠤᠳᠠᠯ ᠢ ᠠᠯᠢ ᠨᠢᠭᠡᠨ ᠲᠡᠶᠢᠰᠢ ᠨᠢ ᠡᠷᠭᠢᠭᠦᠯᠵᠦ ᠪᠠᠶᠢᠭᠰᠠᠨ ᠬᠦᠮᠦᠰ ᠪᠥᠭᠡ ᠶᠢᠨ ᠶᠣᠰᠤᠨ ᠤ ᠡᠭᠦᠳᠡᠨ ᠡᠴᠡ ᠶᠢᠷᠲᠢᠨᠴᠤ ᠶᠢ ᠦᠵᠡᠬᠦ ᠦᠵᠡᠯ ᠲᠡᠶ ᠪᠠᠶᠢᠭᠰᠠᠨ ᠢ ᠮᠡᠳᠡᠬᠦ ᠳᠦ ᠢᠯᠡᠭᠦᠳᠡᠬᠦ ᠦᠭᠡᠶ ᠪᠠᠶᠢᠬ᠎ᠠ ᠡ᠁

ᠥᠴᠦᠭᠡᠳᠦᠷ ᠲᠠᠨ ᠤ ᠨᠠᠳᠤᠷ ᠢᠯᠡᠭᠡᠵᠦ ᠬᠠᠶᠢᠷᠠᠯᠠᠭᠰᠠᠨ ᠬᠣᠶᠠᠷ ᠨᠣᠮ ᠢ ᠠᠪᠤᠯ᠎ᠠ᠃ ᠪᠢ ᠲᠠᠨ ᠳᠤ ᠬᠦᠷᠢᠶ᠎ᠡ ᠴᠠᠮ ᠤᠨ ᠪᠠᠭ ᠤᠨ ᠲᠤᠬᠠᠶ ᠭᠠᠷᠤᠭᠰᠠᠨ ᠨᠢᠭᠡ ᠨᠣᠮ ᠢᠶᠠᠨ ᠶᠠᠪᠤᠭᠤᠯᠤᠭᠰᠠᠨ᠃ ᠮᠠᠨᠠᠶ ᠰᠢᠤᠳᠠᠨ ᠤ ᠬᠢᠨ ᠤᠷᠢᠳᠤ ᠶᠢᠨ ᠰᠲᠠᠯᠢᠨᠴᠢ ᠵᠠᠩᠰᠢᠯ ᠢᠶᠠᠷ ᠢᠶᠠᠨ ᠰᠢᠤᠳᠠᠨ ᠢᠶᠠᠷ ᠶᠠᠪᠤᠭᠤᠯᠤᠭᠰᠠᠨ ᠨᠣᠮ ᠢ 《ᠠᠯᠠᠭ᠎ᠠ ᠪᠣᠯᠭᠠᠵᠤ》 ᠣᠷᠬᠢᠳᠠᠭ ᠤᠴᠢᠷ ᠠᠴᠠ ᠬᠦᠯᠢᠶᠡᠨ ᠠᠪᠤᠭᠰᠠᠨ ᠲᠤᠬᠠᠶ ᠪᠠᠨ ᠨᠠᠳᠤᠷ ᠮᠡᠳᠡᠭᠳᠡᠬᠦ ᠶᠢ ᠬᠦᠰᠡᠶ᠎ᠡ᠃ ᠬᠦᠯᠢᠶᠡᠵᠦ ᠠᠪᠤᠭᠠᠳᠤᠶ ᠪᠣᠯ ᠪᠢ ᠰᠢᠤᠳᠠᠨ ᠤ ᠬᠢᠨ ᠠᠴᠠ ᠨᠡᠬᠡᠬᠦ ᠪᠣᠯᠤᠨ᠎ᠠ᠃ ᠨᠢᠭᠡᠳᠦᠭᠡᠷ ᠰᠠᠷ᠎ᠠ ᠶᠢᠨ 30 ᠳᠤ ᠰᠢᠷ᠎ᠠ ᠪᠡᠴᠢᠨ ᠵᠢᠯ ᠦᠨ ᠴᠠᠭᠠᠨ ᠰᠠᠷ᠎ᠠ ᠶᠢᠨ ᠨᠢᠭᠡᠨ ᠡᠬᠢᠯᠡᠬᠦ ᠲᠤᠯᠠ ᠡᠭᠦᠨ ᠢ ᠲᠣᠬᠢᠶᠠᠯᠳᠤᠭᠤᠯᠤᠨ ᠲᠠᠨ ᠳᠤ ᠬᠠᠮᠤᠭ ᠤᠨ ᠰᠠᠶᠢᠨ ᠰᠠᠶᠢᠬᠠᠨ ᠢ ᠬᠦᠰᠡᠵᠦ ᠤᠷᠠᠨ ᠪᠦᠲᠦᠭᠡᠯ ᠦᠨ ᠣᠩᠭᠤᠳ ᠢᠶᠠᠨ ᠰᠡᠷᠭᠦᠬᠡᠭᠦ ᠶᠢ ᠬᠦᠰᠡᠨ ᠢᠷᠦᠭᠡᠶ᠎ᠡ᠃ ᠲᠠᠨ ᠢ ᠦᠨᠡᠨ ᠬᠦ ᠬᠦᠨᠳᠦᠯᠡᠭᠰᠡᠨ ᠷᠢᠨᠴᠢᠨ》



ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Цааш унших

Чоймаа багшийн монгол бичгийн хичээл

2015-09-12

ᠴᠣᠶᠢᠮ᠎ᠠ ᠪᠠᠭᠰᠢ ᠶᠢᠨ ᠮᠣᠩᠭᠤᠯ ᠪᠢᠴᠢᠭ ᠦᠨ ᠬᠢᠴᠢᠶᠡᠯ







Цааш унших

Монгол бичгээр унших агуулгыг нэмэгдүүлэх судалгааны тайлан

2015-09-09

ᠮᠣᠩᠭᠤᠯ ᠪᠢᠴᠢᠭ ᠢᠶᠡᠷ ᠤᠩᠰᠢᠬᠤ ᠠᠭᠤᠯᠭ᠎ᠠ ᠶᠢ ᠨᠡᠮᠡᠭᠳᠡᠭᠦᠯᠬᠦ ᠰᠤᠳᠤᠯᠭᠠᠨ ᠤ ᠲᠠᠶᠢᠯᠤᠨ






Цааш унших

МонголТолбо тигийн шинэ хувилбар "Улаан могой" гарлаа

2015-09-04

ᠮᠣᠩᠭᠤᠯ ᠲᠣᠯᠪᠤ ᠲᠢᠭ ᠦᠨ ᠰᠢᠨ᠎ᠡ ᠬᠤᠪᠢᠯᠪᠤᠷᠢ 《ᠤᠯᠠᠭᠠᠨ ᠮᠣᠭᠠᠶ》 ᠭᠠᠷᠤᠯ᠎ᠠ







Цааш унших

Мэргэжлийн боксчин Н. Төгсцогтын 3 дахь тулаан

2015-08-28

ᠮᠡᠷᠭᠡᠵᠢᠯ ᠦᠨ ᠪᠣᠻᠰᠴᠢᠨ ᠨᠢᠮᠠᠪᠠᠶᠠᠷ ᠤᠨ ᠲᠡᠭᠦᠰᠴᠣᠭᠲᠤ ᠶᠢᠨ ᠭᠤᠷᠪᠠ ᠳᠠᠬᠢ ᠲᠤᠯᠤᠭᠠᠨ






ᠠᠮᠵᠢᠯᠲᠠ


ᠢᠯᠠᠭᠰᠠᠨ᠄ 3
ᠢᠯᠠᠭᠳᠠᠭᠰᠠᠨ᠄ 0
ᠲᠡᠩᠴᠡᠭᠰᠡᠨ᠄ 0

ᠭᠤᠷᠪᠠ ᠳᠠᠬᠢ ᠲᠤᠯᠤᠭᠠᠨ


ᠲᠤᠯᠤᠭᠠᠨ ᠪᠣᠯᠤᠭᠰᠠᠨ ᠡᠳᠦᠷ᠄ 2015.08.27
ᠲᠤᠯᠤᠭᠠᠨ ᠪᠣᠯᠤᠭᠰᠠᠨ ᠭᠠᠵᠠᠷ᠄ ᠠᠮᠧᠷᠢᠻᠠ ᠶᠢᠨ ᠨᠢᠭᠡᠳᠦᠭᠰᠡᠨ ᠤᠯᠤᠰ
ᠥᠷᠢᠰᠦᠯᠳᠦᠭᠴᠢ᠄ ᠠᠷᠲ᠋ᠦᠷᠣ ᠪᠠᠳᠢᠯᠯᠣ
ᠦᠷ᠎ᠡ ᠳ᠋ᠦᠩ᠄ ᠲᠡᠭᠦᠰᠴᠣᠭᠲᠤ ᠨᠣᠻᠠᠦᠲ ᠢᠶᠠᠷ ᠢᠯᠠᠭᠰᠠᠨ

video

Цааш унших

Чамайг тойрон эргэлдэнэ

2015-08-21

ᠴᠠᠮᠠᠢᠢ ᠲᠣᠭᠣᠷᠢᠨ ᠡᠷᠭᠢᠯᠳᠤᠨ᠎ᠡ



ᠰᠢᠯᠥᠭ ᠪᠠ᠊᠂ ᡀᠬᠠᠪᠠᠰᠥᠢᠷᠥᠡᠭ
ᠬᠦᠭᠵᠢᠮ ᠳᠠ᠊᠂ ᠪᠠᠳᠤᠲᠡᠮᠣᠷ
ᠳᠠᠭᠤᠴᠢᠨ ᠫᠤ᠂ ᠲᠥᠪᠳᠡᠨᠳᠣᠷᠵᠢ


ᠵᠤᠯᠠᠢ ᠳᠡᠬᠡᠷ᠎ᠡ ᠡᠴᠡ ᠴᠢᠨᠢ
ᠪᠤᠷᠣᠭ᠎ᠠ ᠪᠤᠯᠣᠠ ᠠᠰᠬᠠᠷᠠᠵᠤ
ᠥᠯᠮᠡᠢ ᠳᠣᠤᠷ᠎ᠠ ᠡᠵᠡ ᠴᠢᠨᠢ
ᠴᠡᠴᠡᠭ ᠪᠤᠯᠤᠨ ᠤᠷᠭᠤᠵᠤ

ᠴᠢᠩ ᠬᠠᠢᠢᠷ᠎ᠠ ᠵᠢᠨ ᠰᠡᠳᠬᠢᠯ ᠮᠢᠨᠢ
ᠴᠠᠮᠠᠢᠢ ᠲᠣᠭᠣᠷᠢᠨ ᠡᠷᠭᠢᠯᠳᠤᠨ᠎ᠡ

ᠳᠡᠷᠡᠨ ᠳᠣᠣᠷ᠎ᠠ ᠡᠵᠡ ᠴᠢᠨᠢ
ᠰᠠᠷᠠᠨ ᠪᠤᠯᠤᠨ ᠰᠢᠷᠭᠤᠵᠤ
ᠮᠠᠩᠨᠠᠢ ᠳᠡᠭᠡᠷ᠎ᠡ ᠡᠵᠡ ᠴᠢᠨᠢ
ᠨᠠᠷᠠᠨ ᠪᠤᠯᠤᠨ ᠮᠠᠨᠳᠤᠵᠤ

ᠴᠢᠩ ᠬᠠᠢᠢᠷ᠎ᠠ ᠵᠢᠨ ᠰᠡᠳᠬᠢᠯ ᠮᠢᠨᠢ
ᠴᠠᠮᠠᠢᠢ ᠲᠣᠭᠣᠷᠢᠨ ᠡᠷᠭᠢᠯᠳᠤᠨ᠎ᠡ

ᠤᠷᠤᠭᠤᠯ ᠤᠨ ᠴᠢᠨᠢ ᠥᠵᠤᠬᠦᠷ ᠡᠵᠡ
ᠳᠠᠭᠤ ᠪᠤᠯᠤᠨ ᠰᠠᠴᠤᠷᠠᠵᠤ
ᠠᠭᠤᠯᠠᠰ ᠤᠨ ᠴᠢᠨᠢ ᠬᠢᠷ᠎ᠠ ᠡᠵᠡ
ᠴᠤᠤᠷᠢᠢ᠎ᠠ ᠪᠤᠯᠤᠨ ᠪᠤᠴᠠᠵᠤ

ᠴᠢᠩ ᠬᠠᠢᠢᠷ᠎ᠠ ᠵᠢᠨ ᠰᠡᠳᠬᠢᠯ ᠮᠢᠨᠢ
ᠴᠠᠮᠠᠢᠢ ᠲᠣᠭᠣᠷᠢᠨ ᠡᠷᠭᠢᠯᠳᠤᠨ᠎ᠡ

ᠣᠨ ᠵᠢᠯ ᠦᠳ ᠦᠨ ᠴᠠᠭᠠᠨ᠎ᠠ ᠡᠴᠡ
ᠳᠣᠷᠠᠳᠬᠠᠯ ᠪᠤᠯᠤᠨ ᠪᠤᠴᠠᠵᠤ
ᠣᠴᠢᠬᠤ ᠭᠡᠰᠡᠨ ᠵᠥᠭ ᠡᠵᠡ
ᠢᠷᠡᠭᠡᠳᠣᠢ ᠪᠤᠯᠤᠨ ᠲᠣᠰᠴᠤ

ᠴᠢᠩ ᠬᠠᠢᠢᠷ᠎ᠠ ᠵᠢᠨ ᠰᠡᠳᠬᠢᠯ ᠮᠢᠨᠢ
ᠴᠠᠮᠠᠢᠢ ᠲᠣᠭᠣᠷᠢᠨ ᠡᠷᠭᠢᠯᠳᠤᠨ᠎ᠡ
Цааш унших

"Хоймор сайхан нутагтаа" Үг СТА Я.Гэрэлчулуун Хөгжим МУГЖ Д.Жаргалсайхан

ᠬᠣᠢᠢᠮᠤᠷ ᠰᠠᠢᠢᠬᠠᠨ ᠨᠤᠲᠤᠭ ᠲᠤ ᠪᠠᠨ



ᠰᠢᠯᠦᠭ ᠢ ᠮᠣ᠊᠂ᠤ᠊᠂ᠰᠣ᠊᠂ᠲᠡ᠊᠂ᠠ᠊ ᠶᠢ᠊᠂ᠭᠡᠷᠡᠯᠴᠢᠯᠠᠭᠤᠨ
ᠬᠥᠭᠵᠢᠮ ᠢ ᠮᠣ᠊᠂ᠤ᠊᠂ᠭᠠ᠊᠂ᠵᠦ᠊ ᠲᠡ᠊᠂ᠵᠢᠷᠭᠠᠯᠰᠠᠢᠢᠬᠠᠨ (ᠴᠢᠩᠭᠢᠰ ᠬᠠᠭᠠᠨ ᠬᠠᠮᠲᠤᠯᠢᠭ)
ᠳᠠᠭᠤᠴᠢᠨ ᠮᠣ᠊᠂ᠤ᠊᠂ᠰᠣ᠊᠂ᠲᠡ᠊᠂ᠠ᠊ ᠶᠢ᠊᠂ᠭᠡᠷᠡᠯᠴᠢᠯᠠᠭᠤᠨ


ᠳᠠᠶᠠᠩ ᠳᠡᠭᠡᠷᠡᠬᠢ ᠶᠢᠨ ᠰᠢᠲᠦᠭᠡᠨ ᠳᠦ ᠪᠡᠨ ᠮᠡᠷᠭᠡᠨ ᠪᠥᠭᠡ ᠶᠢᠨ ᠰᠠᠬᠢᠭᠤᠯᠰᠤ ᠲᠠᠢ
ᠳᠠᠯᠠᠢ ᠡᠵᠢ ᠶᠢᠨ ᠳᠠᠪᠠᠯᠭᠠᠨ ᠳᠦ ᠪᠠᠨ ᠳᠠᠯ ᠲᠠᠢ ᠴᠡᠩᠬᠡᠷ ᠦᠨ ᠲᠦᠷᠡᠯᠭᠡ ᠲᠡᠢ
ᠬᠠᠮᠤᠭ ᠮᠣᠩᠭᠤᠯ ᠢᠶᠠᠨ ᠥᠮᠦᠭᠡᠷᠡᠵᠦ ᠪᠣᠰᠤᠭᠰᠠᠨ ᠴᠢᠩᠭᠦᠨᠵᠠᠪ ᠦᠨ ᠤᠳᠤᠮ ᠲᠠᠢ
ᠬᠠᠷᠠᠴᠤ ᠶᠢᠨ ᠤᠶᠠᠭᠠᠨ ᠡᠴᠡ ᠨᠠᠷᠠᠨ ᠳᠤ ᠴᠣᠢᠢᠯᠤᠭᠰᠠᠨ ᠲᠣᠮᠤᠭᠲᠤ ᠬᠤᠷᠳᠤᠨ ᠬᠥᠯᠦᠭ ᠦᠳ ᠲᠡᠢ

ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠯᠠᠳᠠᠬᠤ ᠲᠤᠰᠤᠮ ᠢᠶᠠᠨ ᠰᠡᠳᠬᠢᠯ ᠮᠢᠨᠢ ᠲᠠᠨ ᠤᠷᠤᠭᠤ ᠲᠡᠮᠡᠦᠯᠦᠨ᠎ᠡ
ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠭᠤᠯᠠᠢ ᠵᠠᠩᠭᠢᠷᠠᠵᠤ ᠨᠢᠳᠦᠨ ᠳᠦ ᠪᠡᠨ ᠨᠢᠯᠪᠤᠰᠤ ᠲᠠᠢ ᠢᠷᠡᠯ᠎ᠡ ᠳᠡ

ᠬᠣᠷᠢᠳᠠᠯ ᠰᠠᠷᠢᠳᠠᠭ ᠤᠨ ᠨᠢᠷᠤᠭᠤᠨ ᠳᠤ ᠪᠠᠨ ᠠᠳᠢᠰᠯᠠᠵᠤ ᠬᠦᠴᠦ ᠪᠡᠨ ᠠᠪᠳᠠᠭ ᠳᠠ
ᠬᠠᠲᠤᠨ ᠳᠡᠯᠭᠡᠷ ᠮᠥᠷᠡᠨ ᠦ ᠪᠡᠨ ᠤᠰᠤᠨ ᠡᠴᠡ ᠬᠦᠷᠲᠡᠵᠦ ᠳᠠᠢᠢᠳᠬᠤᠷᠠᠳᠠᠭ ᠡ
ᠬᠦᠢ ᠴᠥᠭᠯᠡᠭᠰᠡᠨ ᠨᠤᠲᠤᠭ ᠡᠴᠡ ᠬᠦᠮᠦᠨ ᠦ ᠵᠡᠷᠭᠡ ᠳᠦ ᠬᠦᠷᠦᠭᠰᠡᠨ ᠳᠡ ᠪᠢ
ᠬᠦᠯᠦᠭ ᠦᠨ ᠵᠢᠯᠤᠭᠤ ᠵᠠᠯᠠᠭᠰᠠᠨ ᠴᠤ ᠬᠦᠦ ᠶᠢᠨ ᠰᠡᠳᠬᠢᠯ ᠲᠠᠨ ᠳᠤ ᠪᠠᠨ ᠰᠢᠤ

ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠯᠠᠳᠠᠬᠤ ᠲᠤᠰᠤᠮ ᠢᠶᠠᠨ ᠰᠡᠳᠬᠢᠯ ᠮᠢᠨᠢ ᠲᠠᠨ ᠤᠷᠤᠭᠤ ᠲᠡᠮᠡᠦᠯᠦᠨ᠎ᠡ
ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠭᠤᠯᠠᠢ ᠵᠠᠩᠭᠢᠷᠠᠵᠤ ᠨᠢᠳᠦᠨ ᠳᠦ ᠪᠡᠨ ᠨᠢᠯᠪᠤᠰᠤ ᠲᠠᠢ ᠢᠷᠡᠯ᠎ᠡ ᠳᠡ

ᠠᠭᠤᠤ ᠲᠡᠦᠬᠡ ᠲᠡᠢ ᠨᠤᠲᠤᠭ ᠮᠢᠨᠢ ᠠᠷᠢᠭᠤᠨ ᠲᠠᠭᠰᠢᠨ ᠪᠠᠢᠢᠭᠠᠰᠠᠢ
ᠠᠷᠠᠳ ᠣᠯᠠᠨ ᠤ ᠮᠢᠨᠢ ᠬᠦᠰᠡᠯ ᠵᠣᠷᠢᠭ ᠦᠷᠭᠦᠯᠵᠢ ᠥᠭᠡᠳᠡ ᠪᠡᠨ ᠪᠠᠳᠠᠷᠠᠭᠠᠰᠠᠢ
ᠪᠣᠰᠤᠭ᠎ᠠ ᠵᠠᠶᠠᠭᠠᠲᠤ ᠮᠣᠩᠭᠤᠯ ᠤᠨ ᠮᠢᠨᠢ ᠪᠣᠱᠤᠭ᠎ᠠ ᠨᠢ ᠥᠨᠳᠦᠷ ᠪᠠᠢᠢᠭᠠᠰᠠᠢ
ᠪᠤᠷᠬᠠᠨ ᠭᠣᠶᠤᠭᠰᠠᠨ ᠴᠤ ᠥᠭᠬᠦ ᠦᠭᠡᠢ ᠭᠠᠵᠠᠷ ᠰᠢᠷᠤᠢ ᠪᠠᠨ ᠳᠡᠭᠡᠳᠦᠯᠡᠭᠡᠰᠠᠢ

ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠯᠠᠳᠠᠬᠤ ᠲᠤᠰᠤᠮ ᠢᠶᠠᠨ ᠰᠡᠳᠬᠢᠯ ᠮᠢᠨᠢ ᠲᠠᠨ ᠤᠷᠤᠭᠤ ᠲᠡᠮᠡᠦᠯᠦᠨ᠎ᠡ
ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠭᠤᠯᠠᠢ ᠵᠠᠩᠭᠢᠷᠠᠵᠤ ᠨᠢᠳᠦᠨ ᠳᠦ ᠪᠡᠨ ᠨᠢᠯᠪᠤᠰᠤ ᠲᠠᠢ ᠢᠷᠡᠯ᠎ᠡ ᠳᠡ
Цааш унших

Ринчений Чойном. Үг

ᠦᠭᠡ



ᠷᠢᠨᠴᠡᠨ ᠦ ᠴᠣᠶᠢᠨᠤᠮ



ᠬᠡᠨ ᠬᠦᠮᠦᠨ ᠲᠡᠢ ᠦᠭᠡ ᠶᠠᠷᠢᠨ᠎ᠠ ᠭᠡᠳᠡᠭ
ᠬᠡᠷᠡᠭ ᠳᠡᠭᠡᠷ᠎ᠡ ᠪᠡᠨ ᠲᠤᠯᠤᠯᠳᠤᠭᠠᠨ ᠶᠤᠮ᠃
ᠬᠠᠯᠠᠭᠤᠨ ᠬᠦᠢᠲᠡᠨ ᠶᠠᠮᠠᠷ ᠴᠤ ᠵᠡᠪᠰᠡᠭ ᠡᠴᠡ
ᠬᠠᠲᠠᠭᠤ ᠵᠦᠭᠡᠯᠡᠨ ᠦᠭᠡ ᠬᠦᠴᠦᠲᠡᠢ᠃

ᠦᠭᠡ ᠪᠡᠷ ᠬᠦᠮᠦᠨ ᠢ ᠵᠠᠬᠢᠷᠴᠥ ᠪᠤᠯᠤᠨ᠎ᠠ᠃
ᠦᠬᠦᠭᠦᠯᠵᠦ ᠴᠦ ᠪᠤᠯᠤᠨ᠎ᠠ᠂ ᠰᠡᠭᠡᠭᠡᠵᠦ ᠴᠦ ᠪᠤᠯᠤᠨ᠎ᠠ᠃
ᠱᠠᠯᠳᠠᠯᠠᠭᠤᠯᠵᠦ ᠢᠨᠢᠶᠡᠯᠭᠡᠵᠦ ᠤᠬᠢᠯᠠᠭᠤᠯᠵᠥ ᠪᠤᠯᠥᠨ᠎ᠠ᠃
ᠰᠢᠷᠬᠠᠯᠠᠭᠤᠯᠵᠦ᠂ ᠪᠠᠰᠠ ᠡᠳᠡᠭᠡᠭᠡᠵᠦ ᠪᠤᠯᠤᠨ᠎ᠠ᠃

ᠶᠠᠷᠢᠨ᠎ᠠ ᠭᠡᠳᠡᠭ ᠬᠠᠷᠢᠨ ᠴᠢᠩᠭ᠎ᠠ ᠳᠤᠤᠭᠠᠷᠬᠤ ᠶᠢᠨ ᠨᠡᠷ᠎ᠡ ᠪᠢᠰᠢ᠂
ᠢᠷᠠᠭᠤ ᠤᠷᠠᠨ ᠢᠯᠡᠳᠬᠡᠬᠦ ᠶᠢᠨ ᠨᠡᠷ᠎ᠡ ᠴᠦ ᠪᠢᠰᠢ᠂
ᠭᠠᠯ ᠰᠢᠭ ᠪᠠᠳᠠᠷᠠᠵᠦ᠂ ᠤᠰᠤ ᠰᠢᠭ ᠤᠷᠤᠰᠬᠤ ᠶᠢᠨ ᠨᠡᠷ᠎ᠡ ᠪᠢᠰᠢ᠂
ᠭᠠᠭᠴᠠᠬᠦ ᠵᠦᠪ ᠰᠡᠳᠬᠢᠵᠦ᠂ ᠵᠦᠪ ᠳᠤᠤᠭᠠᠷᠬᠤ ᠶᠢᠨ ᠨᠡᠷ᠎ᠡ᠃

ᠡᠰᠡᠷᠭᠦ ᠲᠠᠯ᠎᠎ᠠ ᠎ᠪᠠᠨ ᠰᠤᠳᠤᠯᠤᠯ ᠦᠭᠡᠢ ᠪᠡᠷ
ᠡᠬᠢᠯᠡᠵᠦ ᠲᠤᠯᠤᠭᠠᠨ ᠳ᠋ᠤ ᠤᠷᠤᠳᠠᠭ ᠦᠭᠡᠢ ᠲᠡᠢ ᠠᠳᠠᠯᠢ
ᠶᠠᠷᠢᠵᠤ ᠪᠠᠢᠢᠭ᠎ᠠ ᠬᠦᠮᠦᠨ ᠢᠶᠡᠨ ᠮᠡᠳᠡᠯ ᠦᠭᠡᠢ ᠪᠡᠷ
ᠶᠠᠮᠠᠷ ᠦᠭᠡ ᠲᠡᠭᠦᠨ ᠳᠤ ᠲᠤᠬᠢᠷᠠᠭᠤᠯᠬᠤ ᠪᠤᠢ᠃

ᠠᠷᠰᠯᠠᠨ ᠵᠠᠭᠠᠨ ᠰᠢᠭ ᠯᠤᠲᠤ ᠡᠲᠡᠭᠡᠳ ᠢ
ᠠᠩ ᠤᠨ ᠻᠠᠯᠢᠪᠷ ᠰᠢᠭ ᠦᠭᠡ ᠪᠡᠷ ᠵᠠᠭᠠᠲᠤᠨᠠᠭᠤᠯᠬᠤ ᠴᠤ ᠦᠭᠡᠢ᠃
ᠲᠠᠩᠻ ᠡᠰᠡᠷᠭᠦᠴᠡᠬᠦ ᠪᠤᠤ ᠰᠢᠭ ᠬᠦᠴᠦᠲᠦ ᠦᠭᠡ ᠪᠡᠷ ᠪᠦᠮᠪᠦᠭᠡᠳᠡᠪᠡᠯ
ᠲᠠᠷᠪᠠᠭ᠎ᠠ ᠰᠢᠭ ᠬᠦᠮᠦᠨ ᠡᠴᠡ ᠶᠠᠭᠤ ᠦᠯᠡᠳᠡᠬᠦ ᠪᠤᠢ᠃

ᠡᠬᠡ ᠡᠴᠡ ᠲᠦᠷᠦᠬᠦ ᠶᠢᠨ ᠴᠤᠷ ᠤᠨ ᠭᠠᠭᠴᠠᠬᠠᠨ
ᠡᠪᠬᠡᠮᠡᠯ ᠬᠢᠲᠤᠭ᠎ᠠ ᠰᠢᠭ ᠶᠠᠷᠢᠢ᠎ᠠ ᠲᠠᠢ ᠬᠦᠮᠦᠨ ᠢ
ᠳ᠋ᠠᠮᠠᠰᠻ ᠦᠨ ᠢᠯᠳᠤ ᠰᠢᠭ᠋ ᠰᠦᠷᠲᠦ ᠦᠭᠡ ᠪᠡᠷ
ᠳᠠᠯᠠᠢᠢᠭᠰᠠᠨ ᠦ ᠭᠠᠷᠤᠵᠠ ᠰᠢᠦ ᠳ᠋ᠡ᠃

ᠪᠠᠢᠢᠯᠳᠤᠭᠠᠨ ᠦ ᠬᠤᠶᠠᠭᠲᠤ ᠰᠢᠭ ᠬᠦᠮᠦᠨ ᠦ ᠤᠷᠳᠤ ᠡᠴᠡ
ᠪᠠᠩᠵᠠ ᠮᠤᠳᠤ ᠰᠢᠭ ᠦᠭᠡ ᠬᠡᠯᠡᠬᠦ
ᠪᠠᠷᠰ ᠦᠨ ᠤᠷᠳᠤ ᠡᠴᠡ
ᠪᠠᠯᠢᠤᠰᠤ ᠪᠠᠷᠢᠭᠰᠠᠨ ᠲᠠᠢ ᠢᠵᠢᠯ
Цааш унших

Мэргэжлийн боксчин Н. Төгсцогтын 2 дахь тулаан

2015-08-18

ᠮᠡᠷᠭᠡᠵᠢᠯ ᠦᠨ ᠪᠣᠻᠰᠴᠢᠨ ᠨᠢᠮᠠᠪᠠᠶᠠᠷ ᠤᠨ ᠲᠡᠭᠦᠰᠴᠣᠭᠲᠤ ᠶᠢᠨ ᠬᠣᠶᠠᠷ ᠳᠠᠬᠢ ᠲᠤᠯᠤᠭᠠᠨ






ᠠᠮᠵᠢᠯᠲᠠ


ᠢᠯᠠᠭᠰᠠᠨ᠄ 2
ᠢᠯᠠᠭᠳᠠᠭᠰᠠᠨ᠄ 0
ᠲᠡᠩᠴᠡᠭᠰᠡᠨ᠄ 0

ᠬᠣᠶᠠᠷ ᠳᠠᠬᠢ ᠲᠤᠯᠤᠭᠠᠨ


ᠲᠤᠯᠤᠭᠠᠨ ᠪᠣᠯᠤᠭᠰᠠᠨ ᠡᠳᠦᠷ᠄ 2015.04.18
ᠲᠤᠯᠤᠭᠠᠨ ᠪᠣᠯᠤᠭᠰᠠᠨ ᠭᠠᠵᠠᠷ᠄ ᠠᠮᠧᠷᠢᠻᠠ ᠶᠢᠨ ᠨᠢᠭᠡᠳᠦᠭᠰᠡᠨ ᠤᠯᠤᠰ
ᠥᠷᠢᠰᠦᠯᠳᠦᠭᠴᠢ᠄ ᠮᠠᠨᠦ᠋ᠸᠧᠯ ᠷᠦᠪᠠᠯᠻᠠᠸᠠ
ᠦᠷ᠎ᠡ ᠳ᠋ᠦᠩ᠄ ᠲᠡᠭᠦᠰᠴᠣᠭᠲᠤ ᠨᠣᠻᠠᠦᠲ ᠢᠶᠠᠷ ᠢᠯᠠᠭᠰᠠᠨ

Цааш унших

Мэргэжлийн боксчин Н. Төгсцогтын анхны тулаан

ᠮᠡᠷᠭᠡᠵᠢᠯ ᠦᠨ ᠪᠣᠻᠰᠴᠢᠨ ᠨᠢᠮᠠᠪᠠᠶᠠᠷ ᠤᠨ ᠲᠡᠭᠦᠰᠴᠣᠭᠲᠤ ᠶᠢᠨ ᠠᠩᠬᠠᠨ ᠤ ᠲᠤᠯᠤᠭᠠᠨ






ᠠᠮᠵᠢᠯᠲᠠ


ᠢᠯᠠᠭᠰᠠᠨ᠄ 1
ᠢᠯᠠᠭᠳᠠᠭᠰᠠᠨ᠄ 0
ᠲᠡᠩᠴᠡᠭᠰᠡᠨ᠄ 0

ᠠᠩᠬᠠᠨ ᠤ ᠲᠤᠯᠤᠭᠠᠨ


ᠲᠤᠯᠤᠭᠠᠨ ᠪᠣᠯᠤᠭᠰᠠᠨ ᠡᠳᠦᠷ᠄ 2015.03.13
ᠲᠤᠯᠤᠭᠠᠨ ᠪᠣᠯᠤᠭᠰᠠᠨ ᠭᠠᠵᠠᠷ᠄ ᠠᠮᠧᠷᠢᠻᠠ ᠶᠢᠨ ᠨᠢᠭᠡᠳᠦᠭᠰᠡᠨ ᠤᠯᠤᠰ
ᠥᠷᠢᠰᠦᠯᠳᠦᠭᠴᠢ᠄ ᠭᠠᠪᠷᠢᠶᠧᠯ ᠪᠷᠠᠻᠰᠲᠣᠨ
ᠦᠷ᠎ᠡ ᠳ᠋ᠦᠩ᠄ ᠲᠡᠭᠦᠰᠴᠣᠭᠲᠤ ᠨᠣᠻᠠᠦᠲ ᠢᠶᠠᠷ ᠢᠯᠠᠭᠰᠠᠨ

Цааш унших

Зоригтой хулгана

2015-08-11

ᠵᠣᠷᠢᠭᠲᠡᠢ ᠬᠤᠯᠤᠭᠠᠨ᠎ᠠ






ᠬᠣᠶᠠᠷ ᠬᠤᠯᠤᠭᠠᠨ᠎ᠠ ᠬᠥᠶᠦᠭᠡ ᠪᠡᠨ ᠵᠥᠭᠡᠭᠡᠵᠦ ᠶᠠᠪᠤᠭᠠᠳ᠂ ᠵᠠᠯᠢᠲᠤ ᠰᠢᠷ᠎ᠠ ᠦᠨᠡᠭᠡ ᠢᠷᠡᠵᠦ ᠶᠠᠪᠤᠬᠤ ᠶᠢ ᠬᠠᠷᠠᠪᠠ ᠭᠡᠨ᠎ᠡ᠃ ᠠᠶᠤᠭᠰᠠᠨ ᠬᠣᠶᠠᠷ ᠬᠤᠯᠤᠭᠠᠨ᠎ᠠ ᠠᠮᠢ ᠪᠠᠨ ᠠᠪᠤᠷᠠᠬᠤ ᠶᠢ ᠪᠣᠳᠤᠪᠠ᠃ ᠡᠳᠦᠷᠵᠢᠨ ᠣᠭᠤᠲᠤᠨ᠎ᠠ ᠬᠤᠯᠤᠭᠠᠨ᠎ᠠ ᠠᠩᠨᠠᠵᠤ ᠶᠠᠳᠠᠷᠠᠭᠰᠠᠨ ᠰᠢᠷ᠎ᠠ ᠦᠨᠡᠭᠡ ᠨᠢᠭᠡᠨ ᠮᠣᠳᠤᠨ ᠤ ᠰᠡᠭᠦᠳᠡᠷ ᠲᠦ ᠤᠨᠲᠠᠭᠠᠳ ᠥᠭᠴᠦ ᠭᠡᠨ᠎ᠡ᠃
ᠡᠨᠡ ᠦᠶ᠎ᠡ ᠳᠦ ᠬᠣᠶᠠᠷ ᠬᠤᠯᠤᠭᠠᠨ᠎ᠠ ᠲᠡᠷᠡ ᠮᠣᠳᠤᠨ ᠤ ᠳᠡᠭᠡᠷ᠎ᠡ ᠨᠢᠭᠡᠨ ᠪᠢᠴᠢᠬᠠᠨ ᠮᠥᠴᠢᠷ ᠡᠴᠡ ᠵᠠᠭᠤᠷᠠᠭᠰᠠᠨ ᠪᠠᠢᠢᠵᠤ ᠭᠡᠨ᠎ᠡ᠃
ᠭᠡᠲᠡᠯ᠎ᠡ ᠨᠢᠭᠡ ᠬᠤᠯᠤᠭᠠᠨ᠎ᠠ ᠮᠥᠴᠢᠷ ᠢᠶᠡᠨ ᠠᠯᠳᠠᠵᠤ ᠦᠨᠡᠭᠡᠨ ᠦ ᠶᠠᠭ ᠲᠣᠯᠤᠭᠠᠢ ᠳᠡᠭᠡᠷ᠎ᠡ ᠤᠨᠡᠵᠤ ᠭᠡᠨ᠎ᠡ᠃
ᠴᠣᠴᠢᠭᠰᠠᠨ ᠦᠨᠡᠭᠡ ᠤᠬᠤᠰᠬᠢᠨ ᠵᠢᠭᠤᠲᠠᠪᠠ ᠭᠡᠨ᠎ᠡ᠃ ᠴᠢᠩᠭᠢᠬᠦ ᠳᠦ ᠭᠠᠵᠠᠷ ᠤᠨᠠᠭᠰᠠᠨ ᠬᠤᠯᠤᠭᠠᠨ᠎ᠠ ᠨᠥᠭᠦᠭᠡ ᠳᠡᠭᠡᠨ᠄ - ᠴᠢ ᠶᠠᠭᠠᠬᠢᠭᠰᠠᠨ ᠵᠣᠷᠢᠭ ᠦᠭᠡᠢ ᠠᠶᠤᠮᠠᠬᠠᠢ ᠶᠤᠮ ᠪᠤᠢ? ᠪᠢ ᠮᠣᠳᠤᠨ ᠳᠡᠭᠡᠷ᠎ᠡ ᠡᠴᠡ ᠳᠡᠪᠬᠡᠷᠦᠭᠡᠳ ᠦᠨᠡᠭᠡ ᠶᠢ ᠬᠥᠭᠡᠭᠡᠭᠡᠳ ᠶᠠᠪᠤᠭᠤᠯᠴᠢᠬᠠᠪᠠ ᠭᠡᠵᠦ ᠶᠡᠬᠡ ᠯᠡ ᠡᠷᠡᠯᠬᠡᠭ ᠪᠠᠭᠠᠲᠤᠷ ᠬᠡᠯᠡᠵᠦ ᠭᠡᠨ᠎ᠡ᠃
ᠦᠨᠡᠬᠡᠷ ᠵᠣᠷᠢᠭᠲᠠᠢ ᠬᠤᠯᠤᠭᠠᠨ᠎ᠠ ᠮᠦᠨ ᠤᠤ?
Цааш унших

Зүгээр суухаар зүлгэж суу

ᠵᠦᠭᠡᠷ ᠰᠠᠭᠤᠬᠤ ᠪᠠᠷ ᠵᠦᠯᠭᠦᠵᠦ ᠰᠠᠭᠤ᠃

Цааш унших

Үсэг бичигтэй болсон нь

2015-08-09

ᠦᠰᠦᠭ ᠪᠢᠴᠢᠭ ᠲᠡᠢ ᠪᠣᠯᠤᠭᠰᠠᠨ ᠠᠨᠤ






ᠮᠣᠩᠭᠤᠯᠴᠤᠳ ᠦᠰᠦᠭ ᠪᠢᠴᠢᠭ ᠲᠡᠢ ᠪᠣᠯᠬᠤ ᠭᠡᠵᠦ ᠡᠷᠲᠡ ᠳᠡᠭᠡᠷ᠎ᠡ ᠦᠶ᠎ᠡ ᠡᠴᠡ ᠮᠥᠷᠦᠭᠡᠳᠴᠦ ᠪᠠᠢᠢᠵᠤᠬᠤᠢ᠃ ᠴᠢᠩᠭᠢᠭᠡᠳ ᠪᠢᠴᠢᠭ ᠦᠨ ᠢᠶᠡᠨ ᠮᠠᠶᠢᠭ ᠢ ᠡᠷᠢᠵᠦ ᠬᠠᠶᠢᠵᠤ ᠶᠠᠪᠤᠲᠠᠯ᠎ᠠ ᠬᠣᠨᠢᠨ ᠤ ᠨᠡᠬᠡᠢ ᠡᠯᠳᠡᠵᠦ ᠰᠠᠭᠤᠭ᠎ᠠ ᠨᠢᠭᠡᠨ ᠡᠪᠦᠭᠡᠨ ᠲᠡᠢ ᠲᠠᠭᠠᠷᠠᠯᠳᠤᠵᠤᠬᠤᠢ᠃ ᠬᠣᠨᠢᠨ ᠤ ᠡᠯᠳᠡᠭᠰᠡᠨ ᠨᠡᠬᠡᠢ ᠢᠨᠤ ᠴᠠᠭᠠᠨ ᠴᠠᠭᠠᠰᠤ ᠰᠢᠭ᠂ ᠳᠡᠭᠡᠷ᠎ᠡ ᠢᠨᠦ ᠲᠠᠯᠪᠢᠭᠰᠠᠨ ᠬᠡᠳᠡᠷᠭᠡ ᠢᠨᠦ ᠦᠰᠦᠭ ᠪᠢᠴᠢᠭ ᠰᠢᠭ ᠬᠠᠷᠠᠭᠳᠠᠵᠤᠬᠤᠢ᠃ ᠴᠢᠩᠭᠢᠭᠡᠳ ᠡᠭᠦᠨ ᠡᠴᠡ ᠰᠠᠨᠠᠭ᠎ᠠ ᠠᠪᠴᠤ ᠮᠣᠩᠭᠤᠯ ᠪᠢᠴᠢᠭ ᠢ ᠵᠣᠬᠢᠶᠠᠭᠰᠠᠨ ᠭᠡᠳᠡᠭ ᠳᠣᠮᠤᠭ ᠲᠠᠢ ᠪᠥᠯᠦᠭᠡ᠃ ‍᠋
● ᠬᠡᠳᠡᠷᠭᠡ - ᠨᠡᠬᠡᠢ ᠡᠯᠳᠡᠬᠦ ᠮᠣᠳᠤᠨ ᠬᠡᠷᠡᠭᠰᠡᠯ  
Цааш унших

Эрхийг сурахаар бэрхийг сур

ᠡᠷᠬᠡ ᠶᠢ ᠰᠤᠷᠬᠤ ᠪᠠᠷ ᠪᠡᠷᠬᠡ ᠶᠢ ᠰᠤᠷ᠃

Цааш унших

Бэгзийн Явуухулан. Би хаана төрөө вэ

2015-08-07

ᠪᠢ ᠬᠠᠮᠢᠭ᠎ᠠ ᠲᠦᠷᠦᠭᠡ ᠪᠤᠢ



ᠪᠡ᠊ᠭᠵᠡ ᠶᠢᠨ ᠢᠪᠠᠤ᠊ᠬᠤᠯᠠᠨ



ᠬᠦᠬᠡ ᠮᠠᠩᠬᠠᠨ ᠲᠩᠷᠢ ᠶᠢ ᠡᠵᠡᠩᠨᠡᠩᠬᠡᠨ ᠲᠦᠷᠦᠯᠦᠭᠡ ᠪᠢ᠃
ᠬᠦᠮᠦᠰᠭᠡᠨ ᠰᠠᠷᠠᠨ ᠦ ᠠᠶᠠᠯᠠᠬᠤ ᠠᠯᠤᠰ ᠦᠨ ᠠᠯᠤᠰ ᠲᠤᠭᠤᠷᠢᠭ ᠲᠤᠷ
ᠬᠤᠯᠠ ᠶᠢᠨ ᠬᠤᠶᠠᠷ ᠤᠳᠤᠨ ᠤ ᠲᠤᠬᠢᠶᠠᠬᠤ ᠪᠢᠴᠢᠬᠠᠨ ᠴᠢᠯᠦᠭᠡᠨ ᠳᠤᠷ
ᠬᠤᠶᠠᠷ ᠨᠢᠳᠦᠨ ᠦ ᠦᠵᠦᠭᠦᠷ ᠲᠦᠷ ᠴᠡᠩᠬᠡᠷᠯᠡᠬᠦ ᠲᠡᠳᠦᠢ ᠲᠡᠷᠡᠳᠡᠭᠡ ᠳᠦᠷ
ᠬᠦᠬᠡ ᠮᠠᠩᠬᠠᠨ ᠲᠩᠷᠢ ᠶᠢ ᠡᠵᠡᠩᠨᠡᠩᠬᠡᠨ ᠲᠦᠷᠦᠯᠦᠭᠡ ᠪᠢ᠃

ᠴᠠᠰᠤᠲᠦ ᠴᠠᠭᠠᠨ ᠠᠭᠤᠯᠠ ᠶᠢ ᠡᠵᠡᠩᠨᠡᠩᠬᠡᠨ ᠲᠦᠷᠦᠯᠦᠭᠡ ᠪᠢ᠃
ᠴᠠᠩ ᠬᠦᠦᠷᠭᠡ ᠰᠠᠪᠰᠠᠵᠦ ᠡᠭᠦᠯᠡᠰ ᠣᠷᠢᠶᠠᠬᠤ ᠣᠷᠭᠢᠯ ᠋ᠳ᠋ᠣᠷ
ᠴᠠᠰᠤᠨ ᠰᠢᠷᠬᠡᠭ ᠴᠠᠷᠴᠠᠵᠦ ᠮᠦᠰᠦ ᠪᠤᠯᠬᠤ ᠬᠠᠯᠢᠯ ᠳ᠋ᠤᠷ
ᠴᠠᠷᠬᠢᠶ᠎ᠠ ᠬᠦᠢᠲᠡᠨ ᠡᠪᠦᠯ ᠰᠠᠷᠯᠤᠭ ᠦᠨ ᠪᠤᠬ᠎ᠠ ᠳᠤᠰᠢᠭᠰᠠᠨ
ᠴᠠᠰᠤᠲᠦ ᠴᠠᠭᠠᠨ ᠠᠭᠤᠯᠠ ᠶᠢ ᠡᠵᠡᠩᠨᠡᠩᠬᠡᠨ ᠲᠦᠷᠦᠯᠦᠭᠡ ᠪᠢ᠃

ᠣᠩᠭᠤᠨ ᠴᠡᠩᠬᠡᠷ ᠲᠠᠯ᠎ᠠ ᠶᠢ ᠡᠵᠡᠩᠨᠡᠩᠬᠡᠨ ᠲᠦᠷᠦᠯᠦᠭᠡ ᠪᠢ᠃
ᠣᠷᠣᠭ ᠰᠠᠷᠠᠯ ᠵᠡᠷᠭᠡᠯᠭᠡ ᠬᠠᠪᠤᠷ ᠰᠦᠮᠡᠯᠵᠡᠬᠦ ᠬᠦᠨᠳᠡᠢ ᠳᠤᠷ
ᠣᠷᠣᠭᠰᠠᠨ ᠪᠣᠣᠷ᠎ᠠ ᠶᠢᠨ ᠰᠢᠳᠦ ᠡᠪᠦᠯ ᠬᠠᠩᠭᠢᠨᠠᠬᠤ ᠬᠣᠭᠣᠯᠠᠢ ᠳ᠋ᠣᠷ
ᠦᠯᠦᠭ ᠭᠦᠷᠪᠡᠯ  ᠦᠨ ᠮᠦᠷ ᠢ ᠡᠳᠦᠢ ᠬᠦᠷᠲᠡᠯ᠎ᠡ ᠬᠠᠳᠠᠭᠠᠯᠠᠭᠰᠠᠨ
ᠣᠩᠭᠤᠨ ᠴᠡᠩᠬᠡᠷ ᠲᠠᠯ᠎ᠠ ᠶᠢ ᠡᠵᠡᠩᠨᠡᠩᠬᠡᠨ ᠲᠦᠷᠦᠯᠦᠭᠡ ᠪᠢ᠃

ᠮᠦᠷᠡᠨ ᠭᠣᠣᠯ ᠤᠨ ᠤᠰᠤ ᠶᠢ ᠡᠵᠡᠩᠨᠡᠩᠬᠡᠨ ᠲᠦᠷᠦᠯᠦᠭᠡ ᠪᠢ᠃
ᠮᠦᠩᠬᠦᠨ ᠰᠠᠷᠠᠨ ᠦ ᠰᠡᠭᠦᠳᠡᠷ ᠲᠣᠯᠢᠶᠠᠷᠠᠨ ᠬᠦᠪᠬᠦ ᠲᠣᠯᠬᠢᠶᠠᠨ ᠳ᠋ᠣᠷ
ᠮᠢᠨᠦ ᠡᠪᠦᠭᠡ ᠳᠡᠭᠡᠳᠦᠰ ᠦᠨ ᠮᠣᠷᠢᠨ ᠲᠤᠭᠤᠷᠠᠢ ᠳᠤ ᠨᠠᠭᠠᠯᠳᠤᠭᠰᠠᠨ
ᠬᠦᠮᠦᠨ ᠦ ᠨᠤᠲᠤᠭ ᠤᠨ ᠰᠢᠷᠦᠢ ᠶᠢ ᠠᠷᠢᠭᠤᠨ ᠤᠰᠤ ᠪᠠᠷ ᠢᠶᠠᠨ ᠤᠬᠢᠶᠠᠭᠰᠠᠨ
ᠮᠦᠷᠡᠨ ᠭᠣᠣᠯ ᠤᠨ ᠤᠰᠤ ᠶᠢ ᠡᠵᠡᠩᠨᠡᠩᠬᠡᠨ ᠲᠦᠷᠦᠯᠦᠭᠡ ᠪᠢ᠃

ᠦᠨᠦᠷ ᠢᠯᠳᠠᠮ ᠠᠭᠢ ᠭᠠᠩᠭ᠎ᠠ ᠶᠢ ᠡᠵᠡᠩᠨᠡᠩᠬᠡᠨ ᠲᠦᠷᠦᠯᠦᠭᠡ ᠪᠢ᠃
ᠦᠷ ᠰᠦᠨᠢ ᠶᠢᠨ ᠵᠠᠪᠰᠠᠷ ᠰᠢᠭᠦᠳᠡᠷᠢ ᠪᠠᠭᠤᠬᠤ ᠨᠠᠪᠴᠢᠨ ᠳ᠋ᠤᠷ
ᠦᠷᠢᠯ ᠤᠰᠤᠨ ᠰᠢᠭᠦᠳᠡᠷᠢ ᠳᠤᠨᠢ ᠣᠳᠣᠳ ᠬᠢᠯᠠᠯᠵᠠᠬᠤ ᠲᠠᠯᠪᠢᠨ ᠳ᠋ᠤᠷ
ᠦᠭᠦᠯ ᠦᠭᠡᠢ ᠮᠦᠩᠬᠡ ᠶᠢᠨ ᠪᠡᠯᠭᠡᠳᠡᠯ ᠴᠠᠭᠠᠨ ᠤᠤᠯᠠ ᠴᠡᠴᠡᠭ ᠲᠤᠷ
ᠦᠨᠦᠷ ᠢᠯᠳᠠᠮ ᠠᠭᠢ ᠭᠠᠩ᠋ᠭ᠎ᠠ ᠶᠢ ᠡᠵᠡᠩᠨᠡᠩᠬᠡᠨ ᠲᠦᠷᠦᠯᠦᠭᠡ ᠪᠢ᠃

ᠵᠡᠭᠦᠷᠮᠡᠭᠯᠡᠭᠴᠢ ᠬᠤᠨ ᠰᠢᠭ ᠭᠡᠷ ᠢ ᠡᠵᠡᠩᠨᠡᠩᠬᠡᠨ ᠲᠦᠷᠦᠯᠦᠭᠡ ᠪᠢ
ᠵᠦᠢᠳᠡᠯ ᠦᠭᠡᠢ ᠴᠠᠭᠠᠨ ᠦᠷᠬᠦᠭᠡᠨ  ᠦ ᠬᠤᠢᠢᠮᠤᠰᠤᠯᠠᠵᠤ ᠲᠤᠮᠤᠭᠰᠠᠨ ᠤᠭᠤᠰᠤᠷ ᠲᠤᠷ
ᠵᠢᠷᠦᠭᠡᠨ ᠤᠯᠠᠭᠠᠨ ᠭᠠᠯ ᠲᠠᠢ ᠭᠠᠩ ᠲᠤᠯᠭ᠎ᠠ ᠶᠢᠨ ᠲᠤᠲᠤᠭᠤᠨ ᠳ᠋ᠤᠷ
ᠵᠠᠭᠤᠨ ᠲᠦᠮᠡᠨ ᠦᠶ᠎ᠡ ᠳᠦᠷ ᠮᠣᠩᠭᠤᠯ ᠬᠦᠮᠦᠨ ᠦ ᠢᠳᠡᠭᠡᠰᠢᠭᠰᠡᠨ
ᠵᠡᠭᠦᠷᠮᠡᠭᠯᠡᠭᠴᠢ ᠬᠤᠨ ᠰᠢᠭ᠌ ᠭᠡᠷ ᠢ ᠡᠵᠡᠩᠨᠡᠩᠬᠡᠨ ᠲᠦᠷᠦᠯᠦᠭᠡ ᠪᠢ᠃

ᠰᠠᠢᠢᠬᠠᠨ ᠪᠦᠰᠡᠭᠦᠢ ᠶᠢᠨ ᠰᠡᠳᠬᠢᠯ ᠢ ᠡᠵᠡᠩᠨᠡᠩᠬᠡᠨ ᠲᠦᠷᠦᠯᠦᠭᠡ ᠪᠢ᠃
ᠰᠤᠷᠮᠤᠰᠤᠨ ᠳᠤᠮᠳᠠ ᠪᠠᠨ ᠲᠠᠯᠮᠢᠶᠠᠷᠠᠬᠤ ᠠᠯᠠᠭ ᠨᠢᠳᠦᠨ ᠦ ᠮᠡᠯᠮᠡᠷᠡᠭᠡᠨ ᠳᠦᠷ
ᠰᠠᠭᠠᠯᠢ ᠶᠢᠨ ᠦᠨᠦᠷ ᠬᠠᠩᠬᠤᠯᠤᠭᠰᠠᠨ ᠳᠡᠪᠡᠯ ᠦᠨ ᠬᠤᠷᠮᠤᠢ ᠶᠢᠨ ᠨᠤᠭᠤᠯᠤᠭᠠᠰᠤᠨ ᠳ᠋ᠤᠷ
ᠰᠠᠨᠠᠨ ᠰᠠᠨᠠᠨ ᠤᠶᠠᠷᠠᠬᠤ ᠴᠡᠪᠡᠷ ᠢᠴᠢᠮᠡᠲᠡᠭᠡᠢ ᠠᠭᠠᠰᠢᠨ ᠳ᠋ᠤᠷ
ᠰᠠᠢᠢᠬᠠᠨ ᠪᠦᠰᠡᠭᠦᠢ ᠶᠢᠨ ᠰᠡᠳᠬᠢᠯ ᠢ ᠡᠵᠡᠩᠨᠡᠩᠬᠡᠨ ᠲᠦᠷᠦᠯᠦᠭᠡ ᠪᠢ᠃

ᠲᠡᠩᠬᠡᠬᠡ ᠲᠦ ᠬᠦᠯᠦᠭ ᠦᠨ ᠲᠦᠷᠦᠭᠡ ᠶᠢ ᠡᠵᠡᠩᠨᠡᠩᠬᠡᠨ ᠲᠦᠷᠦᠯᠦᠭᠡ ᠪᠢ᠃
ᠲᠡᠯᠮᠡᠨ ᠵᠢᠷᠤᠭ᠎ᠠ ᠮᠤᠷᠢᠨ ᠤ ᠱᠠᠩᠬᠤᠨ ᠤ ᠦᠵᠦᠭᠦᠷ ᠦᠨ ᠴᠡᠴᠡᠷᠡᠭᠡᠨ ᠳᠤᠷ
ᠲᠩᠷᠢ ᠶᠢᠨ ᠰᠠᠯᠬᠢᠨ ᠡᠴᠠ ᠪᠤᠰᠤᠳ ᠢ ᠲᠡᠭᠡᠷ᠎ᠡ ᠪᠡᠨ ᠭᠠᠷᠭᠠᠵᠦ ᠦᠵᠡᠭᠡᠳᠦᠢ
ᠲᠡᠨᠢᠭᠡᠷ ᠭᠤᠪᠢ ᠶᠢᠨ ᠰᠦᠷᠦᠭ ᠣᠩᠭᠣᠨ ᠬᠤᠯᠠᠨ ᠤ ᠨᠢᠷᠤᠭᠤᠨ ᠳ᠋ᠤᠷ
ᠲᠡᠩᠬᠡᠭᠡ ᠲᠦ ᠬᠦᠯᠦᠭ ᠦᠨ ᠲᠦᠷᠦᠭᠡ ᠶᠢ ᠡᠵᠡᠩᠨᠡᠩᠬᠡᠨ ᠲᠦᠷᠦᠯᠦᠭᠡ ᠪᠢ᠃

ᠠᠭᠠᠳᠠᠷ ᠬᠤᠷ᠎ᠠ ᠪᠤᠷᠤᠭ᠎ᠠ ᠶᠢ ᠡᠵᠡᠩᠨᠡᠩᠬᠡᠨ ᠲᠦᠷᠦᠯᠦᠭᠡ ᠪᠢ᠃
ᠠᠮᠤᠭᠤᠯᠠᠩ ᠲᠩᠷᠢ ᠶᠢ ᠰᠤᠴᠢᠭᠠᠬᠤ ᠠᠶᠤᠩᠭ᠎ᠠ ᠶᠢᠨ ᠳᠤᠭᠰᠢᠨ ᠬᠢᠯᠪᠠᠭᠠᠨ ᠳ᠋ᠤᠷ
ᠠᠷᠢᠭᠤᠨ ᠠᠭᠠᠷ ᠲᠦ ᠰᠢᠭᠦᠷᠯᠡᠬᠦ ᠮᠦᠨᠳᠦᠷ ᠦᠨ ᠴᠠᠭᠠᠨ ᠰᠢᠷᠬᠡᠭ᠌ ᠳᠤᠷ
ᠠᠯᠲᠠᠨ ᠲᠠᠯ᠎ᠠ ᠳ᠋ᠣᠷ ᠲᠠᠲᠠᠬᠤ ᠰᠤᠯᠤᠩᠭ᠎ᠠ ᠶᠢᠨ ᠳᠤᠯᠤᠭᠠᠨ ᠦᠩᠬᠡᠨ ᠳᠤᠷ
ᠠᠭᠠᠳᠠᠷ ᠬᠤᠷ᠎ᠠ ᠪᠤᠷᠤᠭ᠎ᠠ ᠶᠢ ᠡᠵᠡᠩᠨᠡᠩᠬᠡᠨ ᠲᠦᠷᠦᠯᠦᠭᠡ ᠪᠢ᠃

ᠴᠡᠭᠡᠯᠬᠡᠨ ᠳᠠᠭᠤᠨ ᠤ ᠡᠭᠡᠰᠢᠭ᠌ ᠢ ᠡᠵᠡᠩᠨᠡᠩᠬᠡᠨ ᠲᠦᠷᠦᠯᠦᠭᠡ ᠪᠢ᠃
ᠴᠡᠩᠬᠡᠷ ᠬᠠᠳᠠᠭ ᠦᠨ ᠳᠡᠭᠡᠷᠡᠬᠢ ᠮᠦᠩᠭᠦᠨ ᠠᠶᠠᠭ᠎ᠠ ᠲᠠᠢ ᠰᠠᠷᠬᠤᠳ ᠲᠤᠷ
ᠴᠡᠭᠡᠯ ᠰᠠᠢᠢᠬᠠᠨ ᠡᠭᠡᠰᠢᠭ ᠲᠡᠢ ᠤᠷᠲᠤ ᠶᠢᠨ ᠳᠠᠭᠤᠨ ᠤ ᠠᠶᠠᠨ ᠳ᠋ᠤᠷ
ᠴᠡᠩᠭᠡᠬᠦ ᠵᠤᠪᠠᠬᠤ ᠬᠤᠤᠰᠯᠠᠭᠰᠠᠨ ᠬᠦᠮᠦᠨ ᠦ ᠬᠤᠪᠢ ᠵᠠᠶᠠᠭᠠᠨ ᠳ᠋ᠤᠷ
ᠴᠡᠭᠡᠯᠬᠡᠨ ᠳᠠᠭᠤᠨ ᠤ ᠡᠭᠡᠰᠢᠭ᠌ ᠢ ᠡᠵᠡᠩᠨᠡᠩᠬᠡᠨ ᠲᠦᠷᠦᠯᠦᠭᠡ ᠪᠢ᠃

ᠠᠪᠬᠠᠯᠵᠢᠲᠦ ᠬᠦᠮᠦᠨ ᠦ ᠪᠡᠶ᠎ᠡ ᠶᠢ ᠡᠵᠡᠩᠨᠡᠩᠬᠡᠨ ᠲᠦᠷᠦᠯᠦᠭᠡ ᠪᠢ᠃
ᠠᠮᠢ ᠨᠢᠭᠡ ᠲᠡᠢ ᠤᠯᠠᠨ ᠦ ᠪᠠᠨ ᠮᠣᠩᠭᠤᠯ ᠢᠶᠠᠨ ᠬᠡᠮᠡᠭᠰᠡᠨ ᠰᠡᠳᠬᠢᠯ ᠳᠤᠷ
ᠦᠷ ᠦᠨ ᠲᠠᠪᠤᠨ ᠵᠢᠩ ᠢᠶᠠᠷ ᠬᠦᠳᠡᠷ ᠨᠡᠭᠡᠨ ᠤᠯᠠᠯᠵᠠᠬᠤ
ᠦᠢᠯᠡᠳᠪᠦᠷᠢ ᠶᠢᠨ ᠦᠨᠳᠦᠷ ᠶᠠᠩᠳᠤᠩ  ᠤᠨ ᠬᠢᠯᠢᠩ ᠤᠯᠠᠭᠠᠨ ᠭᠠᠯ ᠳ᠋ᠤᠷ
ᠠᠪᠬᠠᠯᠵᠢᠲᠦ ᠬᠦᠮᠦᠨ ᠦ ᠪᠡᠶ᠎ᠡ ᠶᠢ ᠡᠵᠡᠩᠨᠡᠩᠬᠡᠨ ᠲᠦᠷᠦᠯᠦᠭᠡ ᠪᠢ᠃

ᠬᠦᠬᠡ ᠲᠩᠷᠢ ᠶᠢᠨ ᠣᠷᠣᠨ ᠢ ᠡᠵᠡᠩᠨᠡᠩᠬᠡᠨ ᠲᠦᠷᠦᠯᠦᠭᠡ ᠪᠢ᠃
ᠬᠦᠬᠡ ᠮᠣᠩᠭᠤᠯ ᠠᠯᠳᠠᠷᠰᠢᠭᠰᠠᠨ ᠦ ᠦᠶ᠎ᠡ ᠳᠠᠮᠵᠢᠭᠰᠠᠨ ᠳᠣᠮᠣᠭ ᠲᠤᠷ
ᠬᠦᠴᠦᠷᠬᠡᠭ᠌ ᠳᠡᠭᠡᠳᠦᠰ ᠦᠨ ᠨᠣᠲᠣᠭ ᠲᠤ ᠮᠠᠨᠳᠤᠭᠰᠠᠨ ᠬᠤᠪᠢᠰᠬᠠᠯ ᠤᠨ ᠲᠦᠯᠦᠨ ᠳᠤᠷ
ᠬᠦᠷᠦᠰᠦᠲᠦ ᠠᠯᠲᠠᠨ ᠳᠡᠯᠡᠭᠡᠢ ᠶᠢᠨ ᠦᠷᠴᠢᠯᠡᠭᠡᠲᠦ ᠮᠠᠩᠨᠠᠢ ᠪᠤᠯᠤᠭᠰᠠᠨ
ᠬᠦᠭᠡ ᠲᠩᠷᠢ ᠶᠢᠨ ᠣᠷᠣᠨ ᠢ ᠡᠵᠡᠩᠨᠡᠩᠬᠡᠨ ᠲᠦᠷᠦᠯᠦᠭᠡ ᠪᠢ
Цааш унших

Та монгол бичгээр юу уншихыг хүсдэг вэ?

2015-08-05

ᠲᠠ ᠮᠣᠩᠭᠤᠯ ᠪᠢᠴᠢᠭ ᠢᠶᠡᠷ ᠶᠠᠭᠤ ᠤᠩᠰᠢᠬᠤ ᠶᠢ ᠬᠦᠰᠡᠳᠡᠭ ᠪᠤᠶ⁈






MongolTimes.blogspot.com ᠪᠯᠣᠭ 《ᠮᠣᠩᠭᠤᠯ ᠪᠢᠴᠢᠭ ᠢᠶᠡᠨ ᠬᠡᠷᠡᠭᠯᠡᠵᠡᠭᠡᠶ᠎ᠡ⁉》 ᠭᠡᠰᠡᠨ ᠤᠷᠢᠶ᠎ᠠ ᠲᠠᠶ ᠪᠠᠷ ᠲᠥᠷᠦᠯ ᠪᠦᠷᠢ ᠶᠢᠨ ᠮᠡᠳᠡᠭᠡ᠂ ᠮᠡᠳᠡᠭᠡᠯᠡᠯ ᠢ ᠮᠣᠩᠭᠤᠯ ᠪᠢᠴᠢᠭ ᠢᠶᠡᠷ ᠬᠥᠷᠪᠡᠭᠦᠯᠦᠨ ᠨᠡᠶᠢᠲᠡᠯᠡᠳᠡᠭ ᠪᠥᠭᠡᠳ ᠮᠣᠩᠭᠤᠯ ᠪᠢᠴᠢᠭ ᠢᠶᠡᠷ ᠤᠩᠰᠢᠬᠤ ᠠᠭᠤᠯᠭ᠎ᠠ ᠶᠢ ᠨᠡᠮᠡᠭᠳᠡᠭᠦᠯᠦᠨ᠂ ᠮᠣᠩᠭᠤᠯ ᠪᠢᠴᠢᠭ ᠢᠶᠡᠨ ᠰᠤᠷᠲᠠᠯᠴᠢᠯᠠᠵᠤ᠂ ᠲᠦᠭᠡᠭᠡᠨ ᠳᠡᠯᠭᠡᠷᠡᠭᠦᠯᠬᠦ ᠳᠦ ᠬᠤᠪᠢ ᠨᠡᠮᠡᠷᠢ ᠪᠡᠨ ᠣᠷᠤᠭᠤᠯᠬᠤ ᠵᠣᠷᠢᠯᠭ᠎ᠠ ᠪᠠᠷ ᠡᠨᠡᠬᠦ ᠰᠤᠳᠤᠯᠭ᠎ᠠ ᠶᠢ ᠶᠠᠪᠤᠭᠤᠯᠵᠤ ᠪᠠᠶᠢᠨ᠎ᠠ᠃ ᠰᠤᠳᠤᠯᠭ᠎ᠠ ᠶᠢ ᠪᠥᠭᠯᠡᠬᠦ ᠳᠦ ᠶᠡᠷᠦ ᠳᠡᠭᠡᠨ 5 ᠮᠢᠨᠦ᠋ᠲᠠ ᠵᠠᠷᠤᠴᠠᠭᠤᠯᠤᠨ᠎ᠠ᠃ ᠲᠠ ᠪᠦᠬᠦᠨ ᠢᠳᠡᠪᠬᠢᠲᠡᠶ ᠣᠷᠤᠯᠴᠠᠨ᠎ᠠ ᠤᠤ᠃

ᠳᠠᠷᠠᠭᠠᠬᠢ ᠬᠠᠶᠢᠭ ᠢᠶᠠᠷ ᠣᠷᠤᠵᠤ᠂ ᠰᠤᠳᠤᠯᠭ᠎ᠠ ᠪᠠᠨ ᠪᠥᠭᠯᠡᠨ᠎ᠡ ᠦᠦ᠃

https://docs.google.com/forms/d/14LsNV3AZ7sxHnx3EucdZ17LqlK4Vscrj2I7flJUj6WQ/viewform
Цааш унших

Манай блогтой хамтран ажиллахыг урьж байна

2015-07-29

ᠮᠠᠨᠠᠶ ᠪᠯᠣᠭ ᠲᠠᠶ ᠬᠠᠮᠲᠤᠷᠠᠨ ᠠᠵᠢᠯᠯᠠᠬᠤ ᠶᠢ
ᠤᠷᠢᠵᠤ ᠪᠠᠶᠢᠨ᠎ᠠ







Цааш унших

Монголхүү, Хамхуудай хоёрын адал явдал 4

2015-07-27

ᠮᠣᠩᠭᠤᠯᠬᠦ᠋ᠦ᠂ ᠬᠠᠮᠬᠤᠤᠳᠠᠶ ᠬᠣᠶᠠᠷ ᠤᠨ
ᠠᠳᠠᠯ ᠶᠠᠪᠤᠳᠠᠯ 4









Цааш унших

Очирбатын Дашбалбар. Монголоо муулж харийнханд бөхөлзөгсдөд

2015-07-25

ᠮᠣᠩᠭᠤᠯ ᠢᠶᠠᠨ ᠮᠠᠭᠣᠯᠠᠵᠤ ᠬᠠᠷᠢ ᠶᠢᠨ ᠬᠢᠨ ᠳᠦ ᠪᠦᠬᠦᠯᠵᠡᠭᠰᠡᠳ ᠲᠦ



ᠸᠴᠢᠷᠪᠠᠲᠤ ᠶᠢᠨ ᠳᠠᠰᠢᠪᠠᠯᠪᠠᠷ



ᠲᠦᠮᠡᠨ ᠮᠢᠨᠢ ᠮᠦᠬᠦᠬᠦ ᠶᠢ ᠴᠢ ᠦᠵᠡᠬᠦ ᠦᠭᠡᠢ
ᠦᠨᠡᠨ ᠮᠢᠨᠢ ᠠᠯᠳᠠᠷᠠᠬᠤ ᠶᠢ ᠴᠢ ᠦᠵᠡᠬᠦ ᠦᠭᠡᠢ
ᠦᠯᠢᠭᠡᠷ ᠮᠢᠨᠢ ᠳᠠᠭᠤᠰᠬᠤ ᠶᠢ ᠴᠢ ᠦᠵᠡᠬᠦ ᠦᠭᠡᠢ
ᠲᠦᠷᠦᠯ ᠮᠢᠨᠢ ᠳᠠᠰᠤᠷᠠᠬᠤ ᠶᠢ ᠴᠢ ᠦᠵᠡᠬᠦ ᠦᠭᠡᠢ
ᠰᠣᠶᠣᠩᠪᠣ ᠮᠢᠨᠢ ᠪᠦᠳᠡᠭᠢᠷᠡᠬᠦ ᠶᠢ ᠴᠢ ᠦᠵᠡᠬᠦ ᠦᠭᠡᠢ
ᠰᠣᠶᠣᠯ ᠮᠢᠨᠢ ᠰᠣᠯᠢᠭᠳᠠᠬᠤ ᠶᠢ ᠴᠢ ᠦᠵᠡᠬᠦ ᠦᠭᠡᠢ
ᠣᠨᠣᠨ ᠮᠢᠨᠢ ᠰᠢᠷᠭᠢᠬᠦ ᠶᠢ ᠴᠢ ᠦᠵᠡᠬᠦ ᠦᠭᠡᠢ
ᠣᠯᠠᠨ ᠮᠢᠨᠢ ᠵᠣᠪᠠᠬᠤ ᠶᠢ ᠴᠢ ᠦᠵᠡᠬᠦ ᠦᠭᠡᠢ
ᠬᠡᠨᠲᠡᠢ ᠮᠢᠨᠢ ᠨᠠᠮᠣᠰᠬᠤ ᠶᠢ ᠴᠢ ᠦᠵᠡᠬᠦ ᠦᠭᠡᠢ
ᠬᠡᠷᠦᠯᠦᠨ ᠮᠢᠨᠢ ᠲᠠᠲᠠᠷᠠᠬᠤ ᠶᠢ ᠴᠢ ᠦᠵᠡᠬᠦ ᠦᠭᠡᠢ
ᠬᠡᠢᠢᠮᠥᠷᠢ ᠮᠢᠨᠢ ᠳᠣᠷᠣᠢᠢᠲᠠᠬᠤ ᠶᠢ ᠴᠢ ᠦᠵᠡᠬᠦ ᠦᠭᠡᠢ
ᠬᠣᠢᠢᠮᠣᠷ ᠮᠢᠨᠢ ᠬᠠᠩᠬᠠᠢᠢᠬᠤ ᠶᠢ ᠴᠢ ᠦᠵᠡᠬᠦ ᠦᠭᠡᠢ
ᠰᠦᠯᠳᠡ ᠮᠢᠨᠢ ᠤᠨᠠᠬᠤ ᠶᠢ ᠴᠢ ᠦᠵᠡᠬᠦ ᠦᠭᠡᠢ
ᠰᠦᠨᠡᠰᠦ ᠮᠢᠨᠢ ᠳᠡᠭᠡᠭ᠍ᠰᠢᠯᠡᠬᠦ ᠶᠢ ᠴᠢ ᠦᠵᠡᠬᠦ ᠦᠭᠡᠢ
ᠰᠡᠳᠬᠢᠯ ᠮᠢᠨᠢ ᠰᠡᠪᠲᠦᠬᠦ ᠶᠢ ᠴᠢ ᠦᠵᠡᠬᠦ ᠦᠭᠡᠢ
ᠰᠡᠷᠡᠮᠵᠢ ᠮᠢᠨᠢ ᠠᠯᠳᠠᠷᠠᠬᠤ ᠶᠢ ᠴᠢ ᠦᠵᠡᠬᠦ ᠦᠭᠡᠢ
ᠤᠬᠠᠭᠠᠨ ᠮᠢᠨᠢ ᠰᠠᠮᠠᠭᠤᠷᠠᠬᠤ ᠶᠢ ᠴᠢ ᠦᠵᠡᠬᠦ ᠦᠭᠡᠢ
ᠤᠴᠠᠷᠠᠭᠰᠠᠨ ᠮᠢᠨᠢ ᠰᠠᠯᠬᠤ ᠶᠢ ᠴᠢ ᠦᠵᠡᠬᠦ ᠦᠭᠡᠢ
ᠡᠪ ᠮᠢᠨᠢ ᠡᠪᠳᠡᠷᠡᠬᠦ ᠶᠢ ᠴᠢ ᠦᠵᠡᠬᠦ ᠦᠭᠡᠢ
ᠡᠵᠡᠨ ᠮᠢᠨᠢ ᠵᠠᠯᠠᠷᠠᠬᠤ ᠶᠢ ᠴᠢ ᠦᠵᠡᠬᠦ ᠦᠭᠡᠢ
ᠳᠠᠭᠤᠤ ᠮᠢᠨᠢ ᠰᠠᠭᠠᠷᠠᠬᠤ ᠶᠢ ᠴᠢ ᠦᠵᠡᠬᠦ ᠦᠭᠡᠢ
ᠳᠤᠤᠯᠢᠶᠠᠨ ᠮᠢᠨᠢ ᠲᠠᠰᠤᠷᠠᠬᠤ ᠶᠢ ᠴᠢ ᠦᠵᠡᠬᠦ ᠦᠭᠡᠢ᠃
ᠪᠠᠯᠴᠢᠭ ᠰᠢᠪᠠᠷ ᠳᠤᠮᠳᠠ ᠡᠴᠡ
ᠪᠠᠳᠮᠠᠯᠢᠩᠬᠤ᠎ᠠ ᠤᠷᠭᠤᠳᠠᠭ ᠶᠤᠮ᠃
ᠪᠠᠷᠠᠭᠤᠨ ᠰᠢᠭᠤᠢ ᠳᠤᠮᠳᠠ ᠨᠢ
ᠴᠠᠭᠠᠨ ᠬᠤᠰᠤ ᠬᠢᠷᠠᠯᠵᠠᠳᠠᠭ ᠶᠤᠮ᠃
ᠬᠤᠭ ᠲᠠᠢ ᠠᠭᠠᠷ ᠳᠤᠮᠳᠠ ᠨᠢ
ᠰᠡᠷᠵᠢᠭᠢᠨᠡ᠊ᠩᠬᠡᠨ ᠳᠡᠯᠪᠢᠯᠡᠳᠡᠭ ᠶᠤᠮ᠃
ᠬᠤᠭ ᠤᠨ ᠡᠪᠡᠰᠦ ᠳᠤᠮᠳᠠ ᠨᠢ
ᠠᠯᠲᠠᠨ ᠬᠠᠷᠭᠠᠨ᠎ᠠ ᠲᠤᠶᠠᠭᠠᠷᠠᠳᠠᠭ ᠶᠤᠮ᠃
ᠤᠯᠠᠨ ᠲᠡᠨᠡᠭ ᠦᠳ ᠳᠤᠮᠳᠠ᠎ ᠡᠴᠡ ᠨᠢ
ᠰᠡᠴᠡᠨ ᠮᠡᠷᠭᠡᠳ ᠨᠢ ᠲᠦᠷᠦᠳᠡᠭ ᠶᠤᠮ᠃
ᠤᠷᠴᠢᠯᠠᠩ  ᠤᠨ ᠵᠢᠮ᠎ᠠ
ᠭᠤᠲᠤᠷᠠᠵᠥ ᠭᠤᠨᠢᠬᠤ ᠶᠢᠨ ᠬᠡᠷᠡᠭ ᠦᠭᠡᠢ
ᠤᠷᠤᠭ ᠰᠠᠷᠠᠯ ᠮᠠᠨᠠᠨ ᠢ ᠲᠡᠪᠲᠦᠭᠡᠵᠦ
ᠰᠠᠷᠠᠨ ᠲᠤᠶᠠᠭᠠᠷᠠᠳᠠᠭ ᠶᠤᠮ᠃
ᠬᠠᠷᠠᠩᠬᠤᠢ ᠰᠦᠨᠢ ᠶᠢᠨ ᠲᠩᠷᠢ ᠳᠦ
ᠤᠳᠤᠳ ᠬᠦᠴᠦᠲᠡᠢ ᠭᠡᠷᠡᠯᠲᠦᠳᠡᠭ᠃
ᠬᠠᠩᠭᠠᠢ ᠶᠢᠨ ᠠᠭᠤᠯᠠ ᠶᠢᠨ ᠲᠠᠭᠲᠦ ᠳᠤ
ᠸᠠᠩᠰᠡᠮᠪᠡᠷᠦ ᠤᠷᠭᠤᠳᠠᠭ᠃
ᠡᠪᠡᠰᠦ ᠨᠤᠭᠤᠭ᠎ᠠ ᠡᠴᠡ ᠵᠠᠢᠢᠳᠠᠭᠤ
ᠦᠨᠢ ᠮᠦᠩᠬᠡ ᠶᠢᠨ ᠵᠢᠪᠡᠷᠭᠡᠨ ᠰᠠᠯᠬᠢᠨ ᠳᠦ
ᠭᠤᠨᠳᠠᠭᠤᠬᠠᠨ ᠪᠠᠢᠢᠵᠤ ᠤᠷᠭᠤᠳᠠᠭ᠃
ᠠᠮᠢᠳᠤᠷᠠᠯ  ᠤᠨ ᠬᠠᠷ᠎ᠠ ᠪᠠᠷᠠᠭᠠᠨ ᠠᠴᠠ
ᠭᠡᠷᠡᠯ ᠭᠡᠭᠡ ᠶᠢ ᠨᠢ ᠢᠯᠭᠠᠭᠰᠠᠨ
ᠠᠵᠠᠲᠠᠢ ᠲᠡᠷᠡ ᠬᠦᠮᠦᠨ
ᠠᠯᠤᠰ  ᠦᠨ ᠵᠠᠮ ᠳᠤ ᠭᠤᠨᠳᠠᠬᠤ ᠦᠭᠡᠢ᠂
ᠶᠢᠷᠲᠢᠨᠴᠦ ᠶᠢᠨ ᠡᠭᠡᠯ ᠠᠮᠢᠳᠤᠷᠠᠯ  ᠡᠴᠡ
ᠵᠦᠪ ᠵᠠᠮ ᠢ ᠰᠣᠩᠭᠤᠭᠰᠠᠨ
ᠢᠷᠦᠭᠡᠯᠲᠡᠢ ᠲᠡᠷᠡ ᠬᠦᠮᠦᠨ ᠳᠦ
ᠠᠶᠠᠨ ᠦ ᠣᠯᠵᠠ ᠠᠯᠳᠠᠬᠤ ᠦᠭᠡᠢ᠂
ᠬᠠᠷᠠᠩᠬᠤᠢ ᠳᠤᠮᠳᠠ ᠭᠡᠷᠡᠯᠲᠦᠳᠡᠭ ᠵᠤᠯᠠ ᠭᠡᠵᠦ ᠪᠠᠢᠢᠳᠠᠭ᠂
ᠬᠠᠮᠤᠭ ᠦᠨ ᠳᠤᠮᠳᠠ ᠡᠴᠡ ᠲᠣᠳᠦᠷᠠᠳᠠᠭ ᠬᠤᠲᠤᠭᠲᠤ ᠭᠡᠵᠦ ᠪᠠᠢᠢᠳᠠᠭ᠂
ᠳᠠᠪᠠᠭ᠎ᠠ ᠬᠡᠳᠦᠢ ᠦᠷᠭᠡᠨ ᠴᠦ
ᠭᠠᠲᠤᠯᠵᠦ ᠴᠢᠳᠠᠭᠰᠠᠨ ᠨᠢ ᠢᠯᠠᠵᠦ ᠪᠠᠢᠢᠳᠠᠭ᠂
ᠪᠦᠷᠭᠦᠳ ᠪᠤᠯᠵᠤᠮᠤᠷ ᠡᠴᠡ ᠠᠶᠣᠳᠠᠭ  ᠦᠭᠡᠢ ᠰᠢᠭ᠌
ᠬᠤᠷᠸᠠ ᠡᠴᠡ ᠪᠢ ᠠᠶᠤᠬᠤ ᠦᠭᠡᠢ᠂
ᠠᠷᠰᠯᠠᠨ ᠭᠦᠷᠦᠭᠡᠰᠦ ᠡᠴᠡ ᠠᠶᠤᠳᠠᠭ ᠦᠭᠡᠢ ᠰᠢᠭ᠌
ᠦᠬᠦᠯ ᠡᠴᠡ ᠪᠢ ᠠᠶᠤᠬᠤ ᠦᠭᠡᠢ᠂
ᠠᠪᠤ ᠨᠢ ᠬᠦᠦ ᠡᠴᠡᠭᠡᠨ ᠠᠶᠤᠳᠠᠭ ᠦᠭᠡᠢ ᠰᠢᠭ᠌
ᠦᠨᠡᠨ ᠡᠴᠡ ᠪᠢ ᠠᠶᠤᠬᠤ ᠦᠭᠡᠢ
Цааш унших

Мөнгөн хуримтлал үүсгэж 200 сая төгрөгтэй болох боломж танд ч бий

2015-07-24

ᠮᠥᠩᠭᠦᠨ ᠬᠤᠷᠠᠮᠲᠤᠯᠠᠯ ᠡᠭᠦᠰᠬᠡᠵᠦ 200 ᠰᠠᠶ᠎ᠠ ᠲᠥᠭᠦᠷᠢᠭ ᠲᠡᠶ ᠪᠣᠯᠬᠤ ᠪᠣᠯᠤᠮᠵᠢ ᠲᠠᠨ ᠳᠤ ᠴᠤ ᠪᠤᠶ






ᠳᠡᠯᠡᠬᠡᠶ ᠶᠢᠨ ᠬᠠᠮᠤᠭ ᠤᠨ ᠠᠯᠳᠠᠷᠲᠠᠶ ᠬᠥᠷᠦᠩᠭᠡ ᠣᠷᠤᠭᠤᠯᠤᠭᠴᠢ᠂ ᠬᠥᠷᠦᠩᠭᠡ ᠣᠷᠤᠯᠭ᠎ᠠ ᠪᠠᠷ ᠢᠶᠠᠨ ᠲᠡᠷᠢᠭᠦᠯᠡᠭᠴᠢ ᠸᠣᠷᠷᠧᠨ ᠪᠠᠹᠹᠧᠲ ᠬᠦᠮᠦᠰ ᠲᠦ ᠬᠠᠨᠳᠤᠵᠤ ᠬᠠᠳᠠᠭᠠᠯᠠᠮᠵᠢ ᠶᠢᠨ ᠲᠠᠯ᠎ᠠ ᠪᠠᠷ᠄

《ᠶᠠᠭᠤᠨ ᠤ ᠡᠮᠦᠨ᠎ᠡ ᠬᠠᠳᠠᠭᠠᠯᠠᠭᠠᠳ᠂ ᠦᠯᠡᠳᠡᠭᠰᠡᠨ ᠮᠥᠩᠭᠦ ᠶᠢ ᠨᠢ ᠦᠷᠡᠵᠦ ᠪᠠᠶ》 ᠭᠡᠵᠦ ᠬᠡᠯᠡᠭᠰᠡᠨ ᠪᠠᠶᠢᠳᠠᠭ᠃

ᠬᠦᠮᠦᠨ ᠪᠣᠯᠭᠠᠨ ᠤ ᠰᠣᠨᠤᠰᠤᠭᠰᠠᠨ ᠪᠠᠶᠢᠵᠤ ᠮᠠᠭᠠᠳ ᠦᠭᠡᠶ ᠡᠨᠡ ᠦᠭᠡ ᠶᠢ ᠪᠢᠳᠡ ᠲᠡᠷᠡ ᠪᠦᠷᠢ ᠥᠪᠡᠷᠰᠡᠳ ᠦᠨ ᠠᠮᠢᠳᠤᠷᠠᠯ ᠳᠠᠭᠠᠨ ᠪᠠᠭᠤᠯᠭᠠᠵᠤ ᠬᠡᠷᠭᠵᠢᠭᠦᠯᠳᠡᠭ ᠦᠭᠡᠶ᠃ ᠡᠨᠡ ᠨᠢ ᠮᠠᠭᠠᠳ ᠦᠭᠡᠶ ᠪᠢᠳᠡ ᠬᠠᠳᠠᠭᠠᠯᠠᠮᠵᠢ᠂ ᠬᠤᠷᠠᠮᠲᠤᠯᠠᠯ ᠤᠷᠲᠤ ᠬᠤᠭᠤᠴᠠᠭᠠᠨ ᠳᠤ ᠶᠠᠮᠠᠷ ᠶᠡᠬᠡ ᠥᠭᠭᠦᠭᠡᠵᠢ ᠲᠡᠶ᠂ ᠤᠷᠲᠤ ᠬᠤᠭᠤᠴᠠᠭᠠᠨ ᠳᠤ ᠬᠦ᠋ᠦ ᠡᠴᠡ ᠬᠦ᠋ᠦ ᠪᠣᠳᠤᠭᠤᠯᠵᠤ ᠠᠪᠬᠤ ᠨᠢ ᠶᠠᠮᠠᠷ ᠶᠡᠬᠡ ᠠᠰᠢᠭᠲᠠᠶ ᠪᠣᠯᠬᠤ ᠶᠢ ᠲᠣᠭᠠᠴᠠᠵᠤ ᠮᠡᠳᠡᠳᠡᠭ ᠦᠭᠡᠶ ᠲᠡᠶ ᠬᠣᠯᠪᠤᠭᠠᠲᠠᠶ ᠪᠣᠯᠪᠠᠤ᠃

ᠵᠢᠱᠢᠶᠡᠯᠡᠪᠡᠯ 25 ᠨᠠᠰᠤᠲᠠᠶ ᠬᠦᠮᠦᠨ ᠰᠠᠷ᠎ᠠ ᠳᠤ 25,591 ᠲᠥᠭᠦᠷᠢᠭ ᠴᠠᠭᠠᠰᠢ ᠨᠢ ᠬᠢᠭᠡᠳ ᠪᠠᠶᠢᠪᠠᠯ 55 ᠨᠠᠰᠤ ᠬᠦᠷᠬᠦ ᠦᠶ᠎ᠡ ᠳᠡᠭᠡᠨ 100 ᠰᠠᠶ᠎ᠠ ᠲᠥᠭᠦᠷᠢᠭ ᠲᠡᠶ᠂ ᠬᠡᠷᠪᠡ ᠰᠠᠷ᠎ᠠ ᠪᠦᠷᠢ 51,182 ᠲᠥᠭᠦᠷᠢᠭ ᠬᠢᠭᠡᠳ ᠪᠠᠶᠢᠪᠠᠯ ᠲᠡᠷᠡ ᠦᠶ᠎ᠡ ᠳᠦ 200 ᠰᠠᠶ᠎ᠠ ᠲᠥᠭᠦᠷᠢᠭ ᠲᠡᠶ ᠪᠣᠯᠬᠤ ᠪᠣᠯᠤᠮᠵᠢᠲᠠᠶ ᠪᠠᠶᠢᠨ᠎ᠠ ᠭᠡᠪᠡᠯ ᠲᠠ ᠢᠲᠡᠭᠡᠬᠦ ᠦᠦ⁈ ᠴᠤᠬᠤᠮ ᠡᠭᠦᠨ ᠳᠦ ᠯᠡ ᠡᠨᠡ ᠠᠯᠳᠠᠷᠲᠠᠶ ᠡᠷᠬᠢᠮ ᠦᠨ ᠬᠡᠯᠡᠭᠰᠡᠨ ᠦᠭᠡᠨ ᠦ ᠤᠳᠬ᠎ᠠ ᠤᠴᠢᠷ ᠣᠷᠤᠰᠢᠵᠤ ᠪᠠᠶᠢᠭ᠎ᠠ ᠶᠤᠮ᠃ (ᠬᠠᠳᠠᠭᠠᠯᠠᠮᠵᠢ ᠶᠢᠨ ᠰᠠᠷ᠎ᠠ ᠶᠢᠨ ᠬᠦ᠋ᠦ ᠶᠢ 1.04%᠂ ᠵᠢᠯ ᠦᠨ ᠬᠦ᠋ᠦ ᠶᠢ 13.2% ᠪᠠᠶᠢᠬᠤ ᠪᠠᠷ ᠲᠣᠭᠠᠴᠠᠵᠤ ᠦᠵᠡᠪᠡ᠃ ᠬᠦ᠋ᠦ ᠡᠴᠡ ᠬᠦ᠋ᠦ ᠪᠣᠳᠤᠳᠠᠭ ᠬᠠᠳᠠᠭᠠᠯᠠᠮᠵᠢ)

ᠲᠡᠭᠡᠪᠡᠯ 55 ᠨᠠᠰᠤ ᠬᠦᠷᠬᠦ ᠳᠡᠭᠡᠨ 200 ᠰᠠᠶ᠎ᠠ ᠲᠥᠭᠦᠢᠷᠭ ᠦᠨ ᠮᠥᠩᠭᠦᠨ ᠬᠤᠷᠠᠮᠲᠤᠯᠠᠯ ᠲᠠᠶ ᠪᠣᠯᠬᠤ ᠶᠢᠨ ᠲᠤᠯᠠᠳᠠ ᠰᠠᠷ᠎ᠠ ᠪᠦᠷᠢ ᠬᠡᠳᠦᠨ ᠲᠥᠭᠦᠷᠢᠭ ᠴᠠᠭᠠᠰᠢ ᠨᠢ ᠬᠢᠬᠦ ᠶᠣᠰᠤᠲᠠᠶ ᠶᠢ ᠶᠠᠩᠵᠤ ᠪᠦᠷᠢ ᠶᠢᠨ ᠨᠠᠰᠤᠨ ᠤ ᠬᠦᠮᠦᠰ ᠦᠨ ᠬᠤᠪᠢ ᠳᠤ ᠲᠣᠭᠠᠴᠠᠵᠤ ᠦᠵᠡᠶ᠎ᠡ᠃ ᠡᠨᠡ ᠨᠢ ᠬᠡᠳᠦᠨ ᠵᠢᠯ ᠬᠠᠳᠠᠭᠠᠯᠠᠭᠤᠯᠬᠤ ᠪᠤᠶᠤ ᠲᠠ ᠬᠡᠳᠦᠨ ᠵᠢᠯ ᠦᠨ ᠳᠠᠷᠠᠭ᠎ᠠ 55 ᠬᠦᠷᠬᠦ ᠡᠴᠡ᠂ ᠮᠥᠨ ᠬᠠᠳᠠᠭᠠᠯᠠᠮᠵᠢ ᠶᠢᠨ ᠬᠦ᠋ᠦ ᠬᠡᠳᠦ ᠪᠠᠶᠢᠭ᠎ᠠ ᠠᠴᠠ ᠲᠤᠰ ᠲᠤᠰ ᠬᠠᠮᠢᠶᠠᠷᠤᠨ᠎ᠠ᠃ ᠵᠢᠱᠢᠶᠡᠯᠡᠪᠡᠯ ᠲᠠ ᠥᠨᠦᠳᠦᠷ 25 ᠨᠠᠰᠤᠲᠠᠶ ᠭᠡᠵᠦ ᠦᠵᠡᠪᠡᠯ 30 ᠵᠢᠯ ᠦᠨ ᠳᠠᠷᠠᠭ᠎ᠠ 55 ᠬᠦᠷᠦᠨ᠎ᠡ ᠭᠡᠬᠦ ᠮᠡᠲᠦ ᠲᠣᠭᠠᠴᠠᠭᠠᠯᠪᠠ᠃

ᠢᠩᠭᠢᠭᠡᠳ ᠰᠠᠷ᠎ᠠ ᠪᠦᠷᠢ ᠬᠡᠳᠦᠨ ᠲᠥᠭᠦᠷᠢᠭ ᠬᠠᠳᠠᠭᠠᠯᠠᠮᠵᠢᠨ ᠳᠠᠭᠠᠨ ᠬᠢᠬᠦ ᠶᠣᠰᠤᠲᠠᠶ ᠶᠢ ᠳᠣᠤᠷᠠᠬᠢ ᠬᠦᠰᠦᠨᠦᠭᠲᠦ ᠡᠴᠡ ᠬᠠᠷᠠᠨ᠎ᠠ ᠤᠤ᠃


ᠡᠨᠳᠡ ᠡᠴᠡ ᠦᠵᠡᠬᠦ ᠳᠦ ᠲᠠ ᠠᠯᠢ ᠪᠣᠯᠬᠤ ᠯᠠ ᠡᠷᠲᠡ ᠬᠠᠳᠠᠭᠠᠯᠠᠮᠵᠢ ᠲᠠᠶ ᠪᠣᠯᠤᠨ᠎ᠠ ᠲᠡᠷᠡ ᠲᠤᠰᠤᠮ ᠢᠶᠠᠨ ᠡᠨᠡ ᠦᠭᠡᠨ ᠦ ᠦᠨ᠎ᠡ ᠴᠡᠨ᠎ᠡ᠂ ᠤᠷᠲᠤ ᠬᠤᠭᠤᠴᠠᠭᠠᠨ ᠳᠤ ᠬᠤᠷᠠᠮᠲᠤᠯᠠᠯ ᠲᠠᠶ ᠪᠣᠯᠬᠤ ᠶᠢᠨ ᠠᠰᠢᠭ ᠲᠤᠰᠠ ᠶᠢ ᠮᠡᠳᠡᠬᠦ ᠪᠣᠯᠤᠨ᠎ᠠ᠃

ᠲᠠᠨ ᠳᠤ ᠠᠮᠵᠢᠯᠲᠠ ᠬᠦᠰᠡᠶ᠎ᠡ
Цааш унших

"Голомт" монгол ханын цаас

2015-06-18

《ᠭᠣᠯᠤᠮᠲᠠ》 ᠮᠣᠩᠭᠤᠯ ᠬᠠᠨ᠎ᠠ ᠶᠢᠨ ᠴᠠᠭᠠᠰᠤ






ᠮᠣᠩᠭᠤᠯᠴᠤᠳ ᠪᠢᠳᠡ ᠬᠣᠷᠯᠤ ᠲᠣᠭᠤᠨᠤᠲᠤ ᠮᠣᠩᠭᠤᠯ ᠭᠡᠷ ᠡᠴᠡᠭᠡᠨ ᠬᠣᠯᠠᠳᠠᠵᠤ᠂ ᠠᠰᠠᠷ ᠪᠠᠶᠢᠰᠢᠩ ᠤᠨ ᠳᠥᠷᠪᠡᠯᠵᠢᠨ ᠴᠢᠯᠦᠭᠡᠨ ᠳᠦ ᠣᠷᠤᠰᠢᠨ ᠠᠮᠢᠳᠤᠷᠠᠭᠰᠠᠨ ᠴᠤ ᠥᠷᠭᠦᠭᠡ ᠭᠡᠷ ᠦᠨ ᠳᠥᠷᠪᠡᠨ ᠬᠠᠨ᠎ᠠ ᠪᠠᠨ ᠦᠯᠡᠮᠵᠢ ᠶᠢᠨ ᠪᠡᠯᠭᠡᠳᠡᠯ ᠲᠡᠶ ᠮᠣᠩᠭᠤᠯ ᠤᠭᠠᠯᠵᠠ ᠪᠠᠷ ᠤᠷᠠᠯᠠᠨ ᠴᠢᠮᠡᠬᠦ ᠪᠣᠯᠤᠮᠵᠢᠲᠠᠶ ᠪᠣᠯᠤᠯ᠎ᠠ᠃































Цааш унших

Гайхамшигт монгол хэл

2015-06-16

ᠭᠠᠶᠢᠬᠠᠮᠰᠢᠭᠲᠤ ᠮᠣᠩᠭᠤᠯ ᠬᠡᠯᠡ


ᠢ ᠶᠣᠩ ᠴᠣᠯ (ᠰᠣᠯᠤᠩᠭᠤᠰ)



ᠪᠢ ᠬᠡᠯᠡ ᠶᠢ ᠤᠯᠠᠭᠠᠨᠪᠠᠭᠠᠲᠤᠷ ᠲᠤ ᠬᠣᠶᠠᠷ ᠵᠢᠯ ᠰᠤᠷᠤᠭᠠᠳ ᠨᠠᠶᠮᠠᠨ ᠵᠢᠯ ᠠᠰᠢᠭᠯᠠᠭᠰᠠᠨ᠃ ᠪᠢ ᠮᠣᠩᠭᠤᠯ ᠬᠡᠯᠡᠨ ᠡᠴᠡ ᠭᠠᠳᠠᠨ᠎ᠠ 10 ᠬᠡᠯᠡ ᠶᠢ ᠣᠶᠢᠯᠠᠭᠠᠳᠠᠭ ᠤᠴᠢᠷ ᠠᠴᠠ ᠮᠣᠩᠭᠤᠯ ᠬᠡᠯᠡᠨ ᠦ ᠪᠤᠰᠤᠳ ᠬᠡᠯᠡᠨ ᠡᠴᠡ ᠳᠠᠪᠠᠭᠤ ᠲᠠᠯ᠎ᠠ ᠶᠢ ᠦᠵᠡᠭᠡᠳ ᠲᠠ ᠨᠠᠷ ᠲᠠᠶ ᠬᠠᠮᠲᠤ ᠬᠤᠪᠢᠶᠠᠯᠴᠠᠬᠤ ᠶᠢ ᠬᠦᠰᠡᠵᠦ ᠪᠠᠶᠢᠨ᠎ᠠ᠃

1᠂ ᠮᠣᠩᠭᠤᠯ ᠬᠡᠯᠡ ᠥᠪᠡᠷ ᠦᠨ ᠴᠡᠪᠡᠷ ᠪᠠᠶᠢᠳᠠᠯ ᠢᠶᠠᠨ ᠬᠠᠮᠠᠭᠠᠯᠠᠵᠤ ᠢᠷᠡᠭᠰᠡᠨ᠃ ᠰᠣᠯᠤᠩᠭᠤᠰ᠂ ᠶᠠᠫᠣᠨ ᠬᠡᠯᠡ ᠪᠣᠯ ᠬᠢᠲᠠᠳ ᠤᠯᠤᠰ ᠤᠨ ᠰᠣᠶᠤᠯ ᠢᠷᠭᠡᠨᠰᠢᠯ ᠦᠨ ᠨᠥᠯᠦᠭᠡ ᠶᠢ ᠭᠦᠨ ᠬᠦᠷᠲᠡᠭᠰᠡᠨ᠂ ᠬᠢᠲᠠᠳ ᠦᠰᠦᠭ ᠢ ᠮᠠᠰᠢ ᠶᠡᠬᠡ ᠠᠰᠢᠭᠯᠠᠳᠠᠭ ᠪᠣᠯᠪᠠᠴᠤ ᠮᠣᠩᠭᠤᠯ ᠬᠡᠯᠡ ᠪᠣᠯ ᠲᠡᠶᠢᠮᠦ ᠪᠢᠰᠢ᠂ ᠥᠨᠦ ᠦᠶ᠎ᠡ ᠳᠦ ᠰᠣᠯᠤᠩᠭᠤᠰ ᠬᠡᠯᠡ ᠪᠠ ᠶᠠᠫᠣᠨ ᠬᠡᠯᠡᠨ ᠦ ᠦᠭᠡᠰ ᠦᠨ ᠰᠠᠩ ᠤᠨ 80 ᠬᠤᠪᠢ ᠠᠴᠠ ᠢᠯᠡᠭᠦᠦ ᠨᠢ ᠬᠢᠲᠠᠳ ᠦᠰᠦᠭ ᠡᠴᠡ ᠡᠭᠦᠰᠦᠯ ᠲᠡᠶ ᠪᠣᠯᠪᠠᠴᠤ ᠮᠣᠩᠭᠤᠯ ᠪᠢᠴᠢᠭ ᠦᠨ ᠳᠤᠮᠳᠠ ᠬᠢᠲᠠᠳ ᠪᠢᠴᠢᠭ ᠡᠴᠡ ᠢᠷᠡᠭᠰᠡᠨ ᠦᠭᠡ ᠮᠠᠰᠢ ᠬᠣᠪᠤᠷ ᠭᠡᠳᠡᠭ ᠨᠢ ᠭᠠᠶᠢᠬᠠᠯᠲᠠᠶ᠃

2᠂ ᠮᠣᠩᠭᠤᠯ ᠬᠡᠯᠡᠨ ᠳᠦ ᠣᠯᠠᠨ ᠡᠭᠡᠰᠢᠭ᠂ ᠣᠯᠠᠨ ᠭᠡᠶᠢᠭᠦᠯᠦᠭᠴᠢ ᠪᠠᠶᠢᠳᠠᠭ᠃ ᠶᠡᠬᠡᠩᠬᠢ ᠬᠡᠯᠡᠨ ᠳᠦ ᠦᠨᠳᠦᠰᠦᠨ ᠡᠭᠡᠰᠢᠭ 5 ᠪᠠᠶᠢᠳᠠᠭ ᠪᠣᠯ ᠮᠣᠩᠭᠤᠯ ᠬᠡᠯᠡᠨ ᠳᠦ 7 ᠪᠠᠶᠢᠳᠠᠭ᠃ ᠰᠣᠯᠤᠩᠭᠤᠰ᠂ ᠶᠠᠫᠣᠨ᠂ ᠠᠩᠭᠯᠢ᠂ ᠹᠷᠠᠨ᠋ᠼᠠ᠂ ᠢᠲ᠋ᠠᠯᠢ᠂ ᠢᠰᠫᠠᠨᠢ ᠬᠡᠯᠡᠨ ᠳᠦ ᠡᠶᠢᠮᠦ ᠣᠯᠠᠨ ᠡᠭᠡᠰᠢᠭ ᠪᠠᠶᠢᠬᠤ ᠦᠭᠡᠶ᠃ ᠠᠩᠭᠯᠢ ᠬᠡᠯᠡ 26 ᠴᠠᠭᠠᠨ ᠲᠣᠯᠤᠭᠠᠶ ᠲᠠᠶ᠂ ᠢᠲ᠋ᠠᠯᠢ ᠬᠡᠯᠡ 24 ᠴᠠᠭᠠᠨ ᠲᠣᠯᠤᠭᠠᠶ ᠲᠠᠶ᠂ ᠰᠣᠯᠤᠩᠭᠤᠰ ᠬᠡᠯᠡ 26 ᠴᠠᠭᠠᠨ ᠲᠣᠯᠤᠭᠠᠶ ᠲᠠᠶ ᠪᠠᠶᠢᠬᠤ ᠳᠤ ᠮᠣᠩᠭᠤᠯ ᠬᠡᠯᠡᠨ ᠦ ᠴᠠᠭᠠᠨ ᠲᠣᠯᠤᠭᠠᠶ 35 ᠪᠠᠶᠢᠳᠠᠭ (ᠻᠢᠷᠢᠯ)᠃

3᠂ ᠦᠶᠯᠡ ᠦᠭᠡ ᠶᠢᠨ ᠬᠤᠪᠢᠷᠠᠯ᠃ ᠮᠢᠨᠦ ᠮᠡᠳᠡᠳᠡᠭ ᠪᠦᠬᠦ ᠬᠡᠯᠡᠨ ᠦ ᠳᠣᠲᠤᠷ᠎ᠠ ᠮᠣᠩᠭᠤᠯ ᠬᠡᠯᠡ ᠰᠢᠭ ᠣᠯᠠᠨ ᠦᠶᠯᠡ ᠦᠭᠡ ᠶᠢᠨ ᠬᠤᠪᠢᠷᠠᠯ ᠲᠠᠶ ᠬᠡᠯᠡ ᠭᠡᠵᠦ ᠥᠭᠡᠷ᠎ᠡ ᠪᠠᠶᠢᠬᠤ ᠦᠭᠡᠶ᠃ ᠠᠩᠭᠯᠢ ᠬᠡᠯᠡᠨ ᠦ 《eat》 ᠭᠡᠳᠡᠭ ᠦᠶᠯᠡ ᠦᠭᠡ 《eat, eats, ate, eating, eaten》 ᠲᠠᠪᠤᠨ ᠶᠠᠩᠵᠤ ᠠᠴᠠ ᠢᠯᠡᠭᠦᠦ ᠪᠡᠷ ᠬᠤᠪᠢᠷᠠᠵᠤ ᠳᠡᠶᠢᠯᠬᠦ ᠦᠭᠡᠶ᠃ ᠬᠠᠷᠢᠨ ᠮᠣᠩᠭᠤᠯ ᠬᠡᠯᠡᠨ ᠦ 《ᠢᠳᠡ》 ᠭᠡᠳᠡᠭ ᠢᠵᠠᠭᠤᠷ ᠲᠠᠶ ᠦᠶᠯᠡ ᠦᠭᠡ ᠮᠢᠨᠤ ᠲᠣᠭᠠᠯᠠᠭᠰᠠᠨ ᠢᠶᠠᠷ 1944 ᠶᠠᠩᠵᠤ ᠪᠠᠷ ᠬᠤᠪᠢᠷᠠᠵᠤ ᠴᠢᠳᠠᠨ᠎ᠠ᠃ ᠬᠠᠭᠤᠴᠢᠨ ᠧᠦᠷᠧᠶ ᠬᠡᠯᠡ᠂ ᠡᠰᠡᠪᠡᠯ ᠬᠠᠭᠤᠴᠢᠨ ᠭᠧᠷᠧᠭ ᠬᠡᠯᠡ ᠴᠦ ᠮᠢᠩᠭ᠎ᠠ ᠭᠠᠷᠤᠶ ᠶᠠᠩᠵᠤ ᠪᠠᠷ ᠬᠤᠪᠢᠷᠠᠵᠤ ᠴᠢᠳᠠᠳᠠᠭ᠃ ᠶᠡᠬᠡᠩᠬᠢ ᠨᠢ ᠭᠤᠷᠪᠠᠨ ᠪᠡᠶ᠎ᠡ ᠶᠢᠨ ᠬᠤᠪᠢᠷᠠᠯ ᠲᠠᠶ ᠪᠣᠯᠪᠠᠴᠤ ᠮᠣᠩᠭᠤᠯ ᠬᠡᠯᠡ ᠰᠢᠭ ᠲᠡᠶᠢᠮᠦ ᠣᠯᠠᠨ ᠶᠠᠩᠵᠤ ᠶᠢᠨ ᠤᠳᠬ᠎ᠠ ᠪᠠᠷ ᠬᠤᠪᠢᠷᠠᠳᠠᠭ ᠪᠢᠰᠢ᠃ ᠵᠢᠱᠢᠶᠡᠯᠡᠪᠡᠯ᠂ ᠮᠣᠩᠭᠤᠯ ᠬᠡᠯᠡ ᠪᠡᠷ 《ᠢᠳᠡᠭᠰᠡᠭᠡᠷ》᠂ 《ᠢᠳᠡᠭᠦᠯᠴᠢᠬᠡᠪᠡᠯ》᠂ 《ᠢᠳᠡᠭᠦᠯᠵᠡᠭᠡᠴᠢᠬᠡᠭᠰᠡᠨ ᠦᠭᠡᠶ ᠳᠡᠭᠡᠨ》 ᠮᠡᠲᠦ ᠶᠢᠨ ᠦᠭᠡ ᠶᠢ ᠳᠠᠩ ᠢᠶᠠᠷ ᠨᠢ ᠪᠤᠰᠤᠳ ᠬᠡᠯᠡᠨ ᠳᠦ ᠣᠷᠴᠢᠭᠤᠯᠵᠤ ᠴᠢᠳᠠᠬᠤ ᠦᠭᠡᠶ᠃ ᠡᠨᠡ ᠨᠢ ᠮᠣᠩᠭᠤᠯᠴᠤᠳ ᠶᠠᠭᠤᠮᠠᠰ ᠤᠨ ᠬᠥᠳᠡᠯᠭᠡᠭᠡᠨ ᠢ ᠨᠠᠷᠢᠪᠴᠢᠯᠠᠨ ᠠᠵᠢᠭᠯᠠᠳᠠᠭ ᠢ ᠬᠠᠷᠠᠭᠤᠯᠵᠤ ᠪᠠᠶᠢᠨ᠎ᠠ᠃ ᠡᠨᠡ ᠪᠣᠯ ᠨᠡᠭᠦᠳᠡᠯ ᠰᠣᠶᠤᠯ ᠲᠠᠶ ᠬᠣᠯᠪᠤᠭ᠎ᠠ ᠲᠠᠶ ᠭᠡᠵᠦ ᠪᠢ ᠦᠵᠡᠵᠦ ᠪᠠᠶᠢᠨ᠎ᠠ᠃

4᠂ ᠰᠢᠯᠦᠭ ᠦᠨ ᠬᠡᠪ ᠨᠠᠮᠪᠠ ᠪᠠᠶᠠᠯᠢᠭ᠃ ᠰᠣᠯᠤᠩᠭᠤᠰ᠂ ᠶᠠᠫᠣᠨ ᠬᠡᠯᠡᠨ ᠦ ᠳᠠᠭᠠᠪᠤᠷᠢ ᠨᠢ ᠮᠣᠩᠭᠤᠯ ᠬᠡᠯᠡᠨ ᠦ ᠳᠠᠭᠠᠪᠤᠷᠢ ᠠᠴᠠ ᠢᠯᠡᠭᠦᠦ ᠳᠠᠩ ᠴᠤᠯᠭᠤᠶ ᠤᠴᠢᠷ ᠠᠴᠠ ᠰᠢᠯᠦᠭ ᠪᠢᠴᠢᠬᠦ ᠳᠦ ᠠᠷᠠᠶ ᠪᠡᠷᠬᠡ ᠲᠡᠶ᠃ ᠬᠠᠷᠢᠨ ᠮᠣᠩᠭᠤᠯ ᠬᠡᠯᠡᠨ ᠦ ᠦᠶᠯᠡ ᠦᠭᠡ ᠶᠢᠨ ᠥᠩᠭᠡᠷᠡᠭᠰᠡᠨ ᠴᠠᠭ ᠤᠨ ᠳᠠᠭᠠᠪᠤᠷᠢ ᠨᠢ 《‍ᠭᠰᠠᠨ (‍ᠭ᠋ᠰᠡᠨ)᠂ ‍ᠯ᠎ᠠ᠂‍ᠪᠠ᠂ ‍ᠳᠠᠭ (‍ᠳᠡᠭ)᠂ ‍ᠵᠠᠶ (‍ᠴᠠᠶ) 》᠂ ᠢᠷᠡᠭᠡᠳᠦᠶ ᠴᠠᠭ ᠢ ᠢᠯᠡᠳᠭᠡᠭᠰᠡᠨ ᠳᠠᠭᠠᠪᠤᠷᠢ 《‍ᠨ᠎ᠠ᠂ ‍ᠮᠤᠶ᠂ ‍ᠨᠠᠮ᠂ ‍ᠶᠤ᠂ ‍ᠮᠤ》 ᠵᠡᠷᠭᠡ ᠣᠯᠠᠨ ᠶᠠᠩᠵᠤ ᠪᠠᠷ ᠢᠯᠡᠳᠬᠡᠵᠦ ᠮᠠᠰᠢ ᠪᠠᠶᠠᠯᠢᠭ ᠪᠠᠶᠢᠳᠠᠭ ᠪᠣᠯ ᠰᠣᠯᠤᠩᠭᠤᠰ᠂ ᠶᠠᠫᠣᠨ ᠬᠡᠯᠡᠨ ᠳᠦ ᠥᠩᠭᠡᠷᠡᠭᠰᠡᠨ ᠴᠠᠭ ᠢ 《‍ᠳᠠ》 ᠪᠠᠷ ᠯᠠ ᠢᠯᠡᠳᠭᠡᠳᠡᠭ᠃ ᠮᠣᠩᠭᠤᠯ ᠬᠡᠯᠡᠨ ᠦ ᠣᠯᠠᠨ ᠨᠡᠷᠡᠲᠡᠶ ᠰᠢᠯᠦᠭ ᠨᠢ ᠲᠣᠯᠤᠭᠠᠶ ᠬᠣᠯᠪᠤᠵᠤ᠂ ᠰᠡᠭᠦᠯ ᠳᠠᠷᠤᠬᠤ ᠶᠢ ᠵᠡᠷᠭᠡ ᠳᠦᠨᠢ ᠠᠰᠢᠭᠯᠠᠳᠠᠭ᠃

ᠡᠶᠢᠮᠦ ᠪᠠᠶᠠᠯᠢᠭ ᠬᠡᠯᠡ ᠥᠪᠦᠷ ᠮᠣᠩᠭᠤᠯᠴᠤᠳ ᠤᠨ ᠳᠤᠮᠳᠠ ᠪᠠᠭᠤᠷᠠᠯᠲᠠ ᠶᠢᠨ ᠦᠵᠡᠭᠳᠡᠯ ᠲᠡᠶ ᠪᠠᠶᠢᠭ᠎ᠠ ᠨᠢ ᠬᠠᠷᠠᠮᠰᠠᠯᠲᠠᠶ᠃ ᠡᠨᠡ ᠨᠢ ᠵᠥᠪᠬᠡᠨ ᠮᠣᠩᠭᠤᠯᠴᠤᠳ ᠪᠤᠰᠤ ᠬᠠᠷᠢᠨ ᠬᠠᠮᠤᠭ ᠬᠦᠮᠦᠨ ᠲᠥᠷᠦᠯᠬᠢᠲᠡᠨ ᠦ ᠠᠯᠳᠠᠭᠳᠠᠯ ᠪᠣᠯᠤᠨ᠎ᠠ᠃

ᠠᠮᠧᠷᠢᠻᠠ ᠶᠢᠨ ᠨᠡᠷᠡᠲᠦ 《ᠸᠠᠱᠢᠩᠲ᠋ᠣᠨ ᠫᠣᠰᠲ》 ᠭᠡᠳᠡᠭ ᠰᠣᠨᠢᠨ 1000 ᠣᠨ ᠠᠴᠠ 2000 ᠣᠨ ᠬᠦᠷᠲᠡᠯᠡᠬᠢ ᠮᠢᠩᠭᠠᠨ ᠵᠢᠯ ᠦᠨ ᠲᠤᠷᠰᠢ ᠳᠡᠯᠡᠬᠡᠶ ᠳᠠᠬᠢᠨ ᠳᠤ ᠬᠠᠮᠤᠭ ᠤᠨ ᠶᠡᠬᠡ ᠨᠥᠯᠦᠭᠡ ᠦᠵᠡᠭᠦᠯᠦᠭᠰᠡᠨ ᠬᠦᠮᠦᠨ ᠢᠶᠡᠷ 《ᠴᠢᠩᠭᠢᠰ ᠬᠠᠭᠠᠨ》 ᠢ ᠰᠣᠩᠭᠤᠪᠠ᠃ ᠬᠡᠷᠪᠡ ᠮᠣᠩᠭᠤᠯ ᠬᠡᠯᠡ ᠤᠰᠠᠳᠬᠤ ᠶᠤᠮ ᠪᠣᠯ ᠬᠡᠨ ᠨᠢ ᠲᠡᠭᠦᠨ ᠦ ᠶᠠᠪᠤᠭᠰᠠᠨ ᠤᠯᠠ ᠮᠥᠷ ᠢ ᠭᠦᠨᠵᠡᠭᠡᠶ ᠰᠤᠳᠤᠯᠵᠤ ᠴᠢᠳᠠᠬᠤ ᠶᠤᠮ ᠪᠤᠶ᠃

ᠮᠣᠩᠭᠤᠯᠴᠤᠳ ᠤᠨ ᠬᠡᠯᠡ ᠡᠭᠦᠷᠢᠳᠡ ᠮᠥᠩᠭᠡᠳᠡ ᠬᠦᠮᠦᠨ ᠲᠥᠷᠦᠯᠬᠢᠲᠡᠨ ᠦ ᠪᠠᠬᠠᠷᠬᠠᠯ ᠪᠣᠯᠬᠤ ᠪᠣᠯᠲᠤᠭᠠᠶ⁉
Цааш унших

Чойжилын Чимид. Би монгол хүн

2015-06-15

ᠪᠢ ᠮᠣᠩᠭᠤᠯ ᠬᠦᠮᠦᠨ



ᠴᠣᠶᠢᠵᠠᠯ ᠤᠨ ᠴᠢᠮᠢᠳ



ᠠᠷᠭᠠᠯ  ᠦᠨ ᠣᠲᠤᠭ᠎ᠠ ᠪᠤᠷᠭᠢᠯᠠᠭᠰᠠᠨ
ᠮᠠᠯᠴᠢᠨ ᠦ ᠭᠡᠷ ᠲᠦ ᠲᠦᠷᠦᠭᠰᠡᠨ ᠪᠢ
ᠠᠲᠠᠷ ᠬᠡᠭᠡᠷ᠎ᠡ ᠨᠣᠲᠣᠭ ᠢᠶᠠᠨ
ᠦᠯᠦᠭᠡᠢ ᠮᠢᠨᠢ ᠭᠡᠵᠦ ᠪᠣᠳᠣᠳᠠᠭ᠃
ᠴᠡᠩᠬᠡᠷ ᠮᠠᠨᠠᠨ ᠰᠤᠭᠤᠨᠠᠭᠯᠠᠭᠰᠠᠨ
ᠠᠯᠤᠰ ᠦᠨ ᠪᠠᠷ᠎ᠠ  ᠢᠢ ᠰᠢᠷᠲᠡᠭᠡᠳ᠂
ᠴᠡᠯᠭᠡᠷ ᠰᠠᠢᠢᠬᠠᠨ ᠨᠣᠲᠣᠭ ᠢᠶᠠᠨ
ᠰᠡᠳᠬᠢᠯ ᠪᠠᠬᠠᠳᠤᠨ ᠬᠠᠷᠠᠬᠤ  ᠳᠦ᠂
ᠦᠯᠢᠶᠡᠵᠦ ᠪᠠᠢᠢᠭ᠎ᠠ ᠰᠠᠯᠬᠢ ᠨᠢ
ᠦᠨᠦᠰᠦᠭᠡᠳ ᠴᠦ ᠪᠠᠢᠢᠭ᠎ᠠ ᠶᠤᠮ ᠰᠢᠭ᠂
ᠦᠷᠦᠰᠢᠶᠡᠯᠲᠦ ᠡᠵᠢ ᠢᠨ ᠮᠢᠨᠢ ᠭᠠᠷ
ᠢᠯᠢᠭᠡᠳ ᠴᠦ ᠪᠠᠢᠢᠭ᠎ᠠ ᠶᠤᠮ ᠰᠢᠭ᠂
ᠡᠨᠡᠷᠢᠩᠭᠦᠢ ᠰᠠᠢᠢᠬᠠᠨ ᠰᠠᠨᠠᠭᠳᠠᠬᠤ  ᠳᠦ
ᠡᠯᠢᠭᠡ ᠵᠢᠷᠦᠭᠡ ᠮᠢᠨᠢ ᠳᠤᠭᠳᠤᠯᠵᠦ᠂
ᠬᠤᠤᠰ ᠦᠭᠡᠢ ᠪᠠᠶᠠᠷ  ᠦᠨ ᠨᠢᠯᠪᠤᠰᠤ
ᠬᠤᠶᠠᠷ ᠨᠢᠳᠤ  ᠢᠢ ᠮᠢᠨᠢ ᠪᠦᠷᠬᠦᠳᠡᠭ᠂
ᠦᠷᠭᠡᠨ ᠰᠠᠢᠢᠬᠠᠨ ᠨᠤᠲᠤᠭ  ᠤᠨ ᠢᠶᠠᠨ
ᠡᠪᠴᠢᠭᠦᠦ ᠳᠡᠭᠡᠷ᠎ᠡ ᠨᠢ ᠲᠦᠷᠦᠭᠡᠳ᠂
ᠦᠨᠢᠷ ᠠᠭᠤᠳᠠᠮ ᠲᠠᠯ᠎ᠠ ᠢᠨ ᠢᠶᠠᠨ
ᠦᠩᠬᠡᠲᠦ ᠠᠮᠢᠳᠤᠷᠠᠯ ᠤᠨ ᠲᠦᠯᠦᠭᠡ
ᠠᠮᠢ ᠪᠡᠶ᠎ᠡ ᠪᠡᠨ ᠵᠤᠷᠢᠭᠤᠯᠳᠠᠭ
ᠠᠷᠢᠭᠤᠨ ᠨᠠᠨᠳᠢᠨ ᠵᠠᠩᠰᠢᠯ ᠲᠠᠢ
ᠡᠪᠦᠭᠡᠳ ᠬᠦᠭ᠍ᠰᠢᠳ ᠳᠡᠭᠡᠳᠦᠰ ᠦᠨ ᠮᠢᠨᠢ
ᠦᠷ᠎ᠡ ᠪᠡᠨ ᠭᠡᠵᠦ ᠨᠠᠢᠢᠳᠠᠭᠠᠳ᠂
ᠦᠯᠡᠳᠡᠭᠡᠵᠦ ᠨᠠᠳᠤᠷ ᠦᠭ᠍ᠭᠦᠭ᠍ᠰᠡᠨ
ᠦᠨᠢᠷ ᠮᠣᠩᠭᠤᠯ ᠤᠷᠤᠨ ᠤ ᠨᠠᠷᠠ ᠨᠢ ᠨᠠᠮᠠᠢᠢ ᠭᠡᠢᠢᠭᠦᠯᠵᠦ᠂
ᠨᠠᠷᠢᠨ ᠰᠠᠯᠬᠢ ᠨᠢ ᠦᠯᠢᠶᠡᠵᠦ᠂
ᠨᠠᠢᠢᠷᠲᠠᠢ ᠰᠠᠢᠢᠬᠠᠨ ᠤᠷᠤᠨ ᠮᠢᠨᠢ
ᠨᠠᠳᠠ ᠲᠠᠢ ᠬᠤᠪᠢ ᠨᠢᠭᠡ ᠪᠠᠶᠢᠳᠠᠭ  ᠲᠤᠯᠠ
ᠤᠨᠠᠭᠰᠠᠨ ᠡᠨᠡ ᠨᠤᠲᠤᠭ ᠢᠶᠠᠨ ᠪᠢ
ᠦᠪᠡᠷ᠎ ᠦᠨ ᠪᠡᠶ᠎ᠡ ᠰᠢᠭ᠌ ᠬᠠᠢᠢᠷᠠᠯᠠᠵᠥ᠂
ᠣᠬᠢᠶᠠᠭᠰᠠᠨ ᠲᠤᠩᠭᠠᠯᠠᠭ ᠮᠦᠷᠡᠨ ᠢᠶᠡᠨ ᠪᠢ
᠌᠌ᠡᠬᠡ ᠢᠨ ᠰᠦᠨ ᠰᠢᠭ᠋ ᠰᠠᠨᠠᠳᠠᠭ᠂
ᠡᠨᠡ ᠨᠤᠲᠤᠭ ᠲᠠᠭᠠᠨ ᠪᠢ ᠡᠵᠡᠨ ᠨᠢ᠂
ᠡᠩᠬᠦᠷᠡᠢᠢᠯᠡᠯ ᠳᠦᠨᠢ ᠦᠰᠦᠭᠰᠡᠨ ᠬᠦᠦ ᠨᠢ ᠶᠤᠮ᠂
ᠢᠷᠡᠭᠡᠳᠦᠢ  ᠢᠢ ᠨᠢ ᠲᠦᠮᠡᠨ ᠲᠡᠶᠢᠭᠡᠨ ᠪᠤᠰᠬᠠᠯᠴᠠᠬᠤ
ᠶᠡᠬᠡ ᠡᠭᠦᠷᠭᠡ ᠬᠦᠯᠢᠶᠡᠭᠰᠡᠨ ᠶᠤᠮ᠂
ᠬᠡᠷᠪᠡ ᠬᠦᠮᠦᠨ ᠡᠬᠡ ᠤᠷᠤᠨ ᠢᠶᠠᠨ
ᠬᠠᠮᠤᠭ ᠡᠴᠡ ᠦᠨᠡᠲᠡᠢ ᠭᠡᠳᠡᠭ ᠪᠤᠯ᠂
ᠬᠡᠭᠡᠷ᠎ᠡ ᠲᠠᠯ᠎ᠠ ᠨᠤᠲᠤᠭ ᠢᠶᠠᠨ ᠶᠠᠭᠤᠨ ᠡᠴᠡ ᠴᠥ ᠢᠯᠡᠭᠦᠦ ᠰᠠᠨᠠᠳᠠᠭ ᠪᠤᠯ᠂
ᠠᠵᠢᠯᠯᠠᠬᠤ ᠬᠦᠳᠡᠯᠬᠦ ᠪᠦᠷᠢ ᠳᠡᠭᠡᠨ
ᠠᠷᠠᠳ ᠲᠦᠮᠡᠨ ᠦ ᠪᠡᠨ ᠲᠦᠯᠦᠭᠡ
ᠠᠯᠬᠤᠬᠤ ᠭᠢᠰᠬᠢᠬᠦ ᠪᠤᠯᠭᠠᠨ ᠳᠠᠭᠠᠨ
ᠠᠭᠤᠦ ᠤᠷᠤᠨ ᠦ ᠪᠠᠨ ᠲᠦᠯᠦᠭᠡ ᠪᠤᠯ᠂
ᠠᠯᠲᠠᠨ ᠰᠢᠷᠥᠢ ᠤᠷᠤᠭᠤ ᠪᠠᠨ ᠳᠠᠭᠠᠷᠢᠭᠰᠠᠨ
ᠠᠲᠠᠭᠠᠲᠠᠨ ᠦ ᠬᠤᠤᠷᠠᠲᠤ ᠰᠤᠮᠤ  ᠢᠢ
ᠠᠶᠥᠰᠢ ᠰᠢᠭ᠋ ᠴᠡᠭᠡᠵᠢ ᠪᠡᠷ ᠢᠶᠡᠨ ᠲᠠᠭᠯᠠᠵᠥ᠂
ᠠᠮᠢ ᠪᠠᠨ ᠦᠭ᠍ᠬᠦ ᠡᠴᠡ ᠪᠤᠴᠠᠬᠤ ᠦᠭᠡᠢ ᠪᠤᠯ᠂
ᠡᠨᠡ ᠬᠦᠮᠦᠨ ᠮᠣᠩᠭᠤᠯ ᠬᠦᠮᠦᠨ᠂
ᠡᠬᠡ ᠤᠷᠤᠨ ᠳᠠᠭᠠᠨ ᠬᠠᠢᠢᠷᠠᠲᠠᠢ ᠬᠦᠮᠦᠨ᠂
ᠡᠨᠡ ᠬᠠᠢᠢᠷ᠎ᠠ ᠨᠢ ᠮᠣᠩ᠌ᠭᠣᠯᠴᠤᠳ ᠲᠤ
ᠡᠷᠲᠡᠨ ᠡᠴᠡ ᠬᠡᠪᠰᠢᠭᠰᠡᠨ ᠬᠠᠢᠢᠷ᠎ᠠ ᠪᠢᠯᠡ᠂
ᠪᠢ ᠮᠣᠩᠭᠤᠯ ᠬᠦᠮᠦᠨ ᠪᠤᠯᠬᠤᠷ ᠢᠶᠠᠨ
ᠪᠢᠨᠳᠦᠷᠢᠶ᠎᠎ᠠ ᠨᠤᠲᠤᠭ ᠦᠨ ᠢᠶᠠᠨ ᠲᠦᠯᠦᠭᠡ
ᠪᠡᠶ᠎ᠡ ᠠᠮᠢ ᠪᠦᠬᠦ ᠨᠠᠰᠦ ᠪᠠᠨ᠂
ᠠᠪᠴᠥ ᠪᠠᠢᠢᠭ᠎ᠠ ᠠᠮᠢᠰᠬᠤᠯ ᠢᠶᠠᠨ᠂
ᠤᠷᠭᠢᠯᠠᠵᠥ ᠪᠠᠢᠢᠭ᠎ᠠ ᠵᠤᠷᠢᠭ ᠢᠶᠠᠨ᠂
ᠠᠯᠢᠨ ᠢ ᠨᠢ ᠴᠥ ᠬᠠᠢᠢᠷᠠᠯᠠᠯ ᠦᠭᠡᠢ ᠵᠤᠷᠢᠭᠤᠯᠳᠠᠭ᠂
ᠲᠦᠷᠦᠯᠬᠢ ᠤᠲᠤᠭ ᠢᠶᠠᠨ ᠭᠡᠢᠢᠭᠦᠯᠦᠭᠰᠡᠨ
ᠨᠠᠷᠠᠨ ᠦ ᠲᠤᠶᠠᠭᠠᠨ ᠳᠤ ᠬᠠᠢᠢᠷᠠᠲᠠᠢ ᠪᠢ᠂
ᠲᠦᠪᠰᠢᠨ ᠲᠠᠯ᠎ᠠ ᠳ᠋ᠠᠭᠠᠨ ᠴᠤᠤᠷᠢᠶᠠᠲᠤᠭᠰᠠᠨ
ᠡᠭᠡᠰᠢᠭᠲᠦ ᠳᠠᠭᠤᠨ ᠳ᠋ᠤ ᠳᠤᠷᠠᠲᠠᠢ ᠪᠢ᠂
ᠬᠠᠨᠠᠭᠠᠷ ᠴᠢᠯᠦᠭᠡᠲᠦ ᠨᠤᠲᠤᠭ ᠢᠶᠠᠨ
ᠬᠠᠷᠠᠬᠤ ᠲᠤᠰᠤᠮ ᠪᠠᠶᠠᠰᠴᠥ ᠪᠠᠢᠢᠨ᠎ᠠ᠂
ᠬᠠᠯᠠᠭᠤᠨ ᠠᠮᠢ ᠪᠠᠨ ᠬᠠᠢᠢᠷᠠᠯᠠᠬᠤ ᠦᠭᠡᠢ
ᠵᠢᠳᠬᠦᠬᠦ ᠵᠤᠷᠢᠭ ᠨᠡᠮᠡᠭᠳᠡᠵᠥ ᠪᠠᠢᠢᠨ᠎ᠠ᠂
ᠤᠩᠭᠢᠷᠠᠵᠥ ᠬᠦᠭᠡᠷᠦᠭᠰᠡᠨ ᠰᠡᠳᠬᠢᠯ  ᠡᠴᠡ ᠪᠢᠰᠢ᠂
ᠤᠷᠭᠢᠯᠠᠭᠰᠠᠨ ᠪᠠᠶᠠᠷᠲᠦ ᠰᠡᠳᠬᠢᠯ ᠢᠶᠡᠨ
ᠤᠷᠴᠢᠯᠠᠩ ᠳᠡᠯᠡᠭᠡᠢ ᠢᠨ ᠡᠮᠦᠨ᠎ᠠ
ᠤᠳᠤ ᠳᠠᠬᠢᠭᠠᠳ ᠳᠠᠪᠲᠠᠬᠤ ᠶᠤᠮ ᠪᠤᠯ
ᠪᠢ ᠮᠣᠩᠭᠤᠯ ᠬᠦᠮᠦᠨ ᠪᠤᠯᠬᠤ ᠪᠠᠷ ᠢᠶᠠᠨ
ᠨᠠᠷᠠᠯᠢᠭ ᠮᠣᠩᠭᠤᠯ ᠨᠤᠲᠤᠭ ᠦᠨ ᠢᠶᠠᠨ
ᠨᠠᠢᠢᠳᠠᠪᠦᠷᠢᠲᠦ ᠬᠦᠭ᠍ᠵᠢᠯ ᠦᠨ ᠲᠦᠯᠦᠭᠡ
ᠨᠠᠰᠦ ᠪᠠᠨ ᠵᠤᠷᠢᠭᠤᠯᠤᠭᠰᠠᠨ ᠤᠯᠤᠰ ᠢᠶᠠᠨ
ᠠᠨᠳᠠ ᠨᠦᠬᠦᠳ ᠲᠡᠶᠢᠭᠡᠨ
ᠠᠯᠠᠭ ᠪᠢᠷᠠᠭᠤ ᠰᠢᠭ ᠨᠤᠮᠤᠬᠠᠨ ᠪᠠᠢᠢᠨ᠎ᠠ ᠭᠡᠵᠦ᠂
ᠠᠯᠠᠯᠳᠤᠬᠤ ᠳᠠᠢᠢᠰᠤᠨ ᠤᠴᠠᠷᠠᠪᠠᠯ
ᠠᠷᠰᠯᠠᠨ ᠪᠠᠷᠰ ᠰᠢᠭ ᠳᠣᠭᠰᠢᠨ ᠪᠠᠢᠢᠨ᠎ᠠ ᠭᠡᠵᠦ᠂
ᠵᠦᠪᠬᠡᠨ ᠦᠭᠡ ᠬᠡᠯᠡ ᠪᠡᠷ ᠢᠶᠡᠨ ᠵᠤᠭᠰᠤᠬᠤ ᠦᠭᠡᠢ᠂
ᠵᠢᠷᠦᠭᠡ ᠰᠡᠳᠬᠢᠯ ᠢᠶᠡᠷ ᠢᠶᠡᠨ ᠮᠤᠩᠭᠤᠯᠵᠢᠭᠰᠠᠨ
ᠵᠦᠭ ᠵᠦᠭ ᠦᠨ ᠠᠬ᠎ᠠ ᠳᠡᠭᠦᠦ ᠨᠠᠷ ᠦᠨ ᠡᠮᠦᠨ᠎ᠡ ᠡᠴᠡ
ᠵᠦᠭᠯᠡᠵᠦ ᠬᠡᠯᠡᠬᠦ ᠳ᠋ᠦ ᠪᠡᠯᠡᠨ ᠪᠠᠢᠢᠨ᠎ᠠ
Цааш унших

Чингис хааны сургаалаас

ᠴᠢᠩᠭᠢᠰ ᠬᠠᠭᠠᠨ ᠤ ᠰᠤᠷᠭᠠᠯ ᠠᠴᠠ






ᠣᠯᠠᠨ ᠣᠮᠤᠭ ᠠᠶᠢᠮᠠᠭ ᠤᠨ ᠬᠦᠮᠦᠰ ᠴᠤᠬᠤᠮ ᠶᠠᠭᠤ ᠪᠣᠳᠤᠵᠤ ᠬᠦᠰᠡᠵᠦ ᠪᠠᠶᠢᠭ᠎ᠠ ᠶᠢ ᠣᠯᠵᠤ ᠮᠡᠳᠡᠬᠦ ᠶᠢ ᠬᠢᠴᠢᠶᠡᠭᠲᠦᠨ᠃ ᠶᠠᠭᠤ ᠬᠦᠰᠡᠵᠦ ᠪᠠᠶᠢᠭ᠎ᠠ ᠶᠢ ᠨᠢ ᠮᠡᠳᠡᠬᠦ ᠦᠭᠡᠶ ᠪᠡᠷ ᠲᠡᠳᠡᠨ ᠢ ᠳᠠᠭᠠᠭᠤᠯᠤᠨ ᠲᠡᠷᠢᠭᠦᠯᠡᠨ᠎ᠡ ᠭᠡᠵᠦ ᠦᠭᠡᠶ
Цааш унших

Этгээд хэл

2015-06-11

ᠡᠲᠡᠭᠡᠳ ᠬᠡᠯᠡ



ᠪᠢᠮᠪᠠ ᠶᠢᠨ ᠷᠢᠨᠴᠡᠨ


ᠦᠭᠡ ᠨᠢ ᠮᠣᠩᠭᠤᠯ ᠦᠭᠦᠯᠡᠪᠦᠷᠢ ᠨᠢ ᠣᠷᠤᠰ
ᠦᠵᠡᠬᠦ ᠳᠦ ᠡᠲᠡᠭᠡᠳ ᠰᠣᠨᠢᠨ ᠬᠡᠯᠡ
ᠦᠪ ᠰᠣᠶᠤᠯ ᠢᠶᠡᠨ ᠦᠯᠦ ᠲᠣᠭᠤᠮᠰᠠᠷᠯᠠᠨ
ᠦᠨᠦ ᠶᠢᠨ ᠪᠠᠢᠢᠳᠠᠯ ᠡᠢᠢᠮᠦ ᠪᠣᠯᠪᠠ᠃

ᠵᠠᠭᠤᠨ ᠲᠦᠮᠡᠨ ᠦᠭᠡ ᠲᠡᠢ ᠬᠡᠯᠡᠨ ᠳᠦ
ᠵᠤᠳ ᠲᠤᠰᠤᠭᠰᠠᠨ ᠢ ᠦᠨᠡᠮᠰᠢᠬᠦᠢ᠎ᠡ ᠪᠡᠷᠬᠡ
ᠬᠠᠷᠢ ᠶᠢᠨ ᠦᠭᠡ ᠪᠡᠷ ᠳᠠᠯᠠᠢᠢᠯᠭᠠᠭᠰᠠᠳ ᠢ
ᠬᠠᠮᠤᠭ ᠤᠨ ᠪᠣᠯᠪᠠᠰᠤᠷᠠᠭᠰᠠᠨ ᠭᠡᠬᠦ ᠳᠦ ᠪᠡᠷᠬᠡ᠃

ᠭᠠᠳᠠᠭᠠᠳᠤ ᠦᠭᠡ ᠪᠡᠷ ᠭᠠᠢᠢᠬᠠᠭᠤᠯᠤᠭᠰᠠᠳ ᠢ
ᠭᠠᠷᠮᠠᠭᠠᠢ ᠡᠷᠳᠡᠮᠲᠡᠨ ᠭᠡᠬᠦ ᠳᠦ ᠪᠡᠷᠭᠡ
ᠬᠡᠪᠯᠡᠯ ᠰᠣᠨᠢᠨ ᠤᠩᠰᠢᠭᠰᠠᠨ ᠦᠳᠡᠰᠢ ᠳᠡᠭᠡᠨ
ᠬᠡᠯᠡᠨ ᠦ ᠰᠢᠨᠵᠢᠯᠡᠯᠲᠡᠨ ᠦ ᠨᠣᠢᠢᠷ ᠬᠤᠯᠵᠢᠭᠠᠳ

ᠬᠡᠪᠲᠡᠪᠡᠴᠤ ᠰᠡᠳᠬᠢᠯ ᠳᠦ ᠡᠪ ᠦᠭᠡᠢ ᠦᠭᠡ
ᠬᠡᠩᠬᠦᠳᠡᠭ ᠳᠡᠭᠡᠷ᠎ᠡ ᠴᠢᠯᠠᠭᠤ ᠳᠠᠷᠤᠬᠤ ᠮᠡᠲᠦ
ᠬᠠᠷᠢ ᠦᠭᠡ ᠶᠢᠨ ᠪᠦᠯᠡᠬᠡᠨ ᠳᠦ ᠬᠠᠬᠠᠵᠤ
ᠬᠠᠷᠠᠩᠬᠤᠢ ᠰᠦᠨᠢ ᠬᠠᠷ᠎ᠠ ᠳᠠᠷᠤᠬᠤ ᠮᠡᠲᠤ᠃

Цааш унших

Зун боллоо шүү, бусдаас ялгарах монгол бичигтэй подволкоор гангарцгаах уу?

2015-06-08

ᠵᠤᠨ ᠪᠣᠯᠤᠯᠠᠠ ᠰᠢᠦ᠂ ᠮᠣᠩᠭᠤᠯ ᠪᠢᠴᠢᠭ ᠲᠡᠶ ᠥᠪᠡᠷᠮᠢᠴᠡ ᠵᠠᠭᠪᠤᠷ ᠲᠠᠶ ᠫᠣᠳᠸᠣᠯᠻ ᠢᠶᠠᠷ ᠭᠠᠩᠭᠠᠷᠠᠵᠠᠭᠠᠬᠤ ᠤᠤ⁈






ᠥᠪᠦᠷ ᠮᠣᠩᠭᠤᠯ ᠤᠨ ᠡᠩᠬᠡ ᠭᠡᠳᠡᠭ ᠵᠠᠯᠠᠭᠤ ᠮᠣᠩᠭᠤᠯ ᠪᠢᠴᠢᠭ ᠲᠡᠶ᠂ ᠮᠠᠰᠢ ᠥᠪᠡᠷᠮᠢᠴᠡ ᠵᠠᠭᠪᠤᠷ ᠲᠠᠶ ᠫᠣᠳᠸᠣᠯᠻ ᠭᠠᠷᠭᠠᠭᠰᠠᠨ ᠪᠠᠶᠢᠨᠠᠠ᠃ ᠲᠠ ᠪᠦᠬᠦᠨ ᠳᠦ ᠯᠠᠪᠲᠠᠶᠢᠶᠠᠠ ᠲᠠᠭᠠᠯᠠᠭᠳᠠᠨᠠᠠ ᠭᠡᠳᠡᠭ ᠲᠦ ᠢᠲᠡᠭᠡᠵᠦ ᠪᠠᠶᠢᠨᠠᠠ













Цааш унших

Цоодолын Хулан. Ганцхан ээждээ унших шүлэг

2015-06-07

ᠭᠠᠭᠴᠠᠬᠠᠨ ᠡᠵᠢ ᠳᠡᠭᠡᠨ ᠤᠩᠰᠢᠬᠤ ᠰᠢᠯᠦᠭ



ᠴᠣᠤᠳᠤᠯ ᠤᠨ ᠬᠤᠯᠠᠨ



ᠨᠠᠮᠤᠷ ᠤᠨ ᠠᠭᠤᠯᠠᠨ᠎ᠠ ᠪᠤᠭᠤ ᠶᠢᠨ ᠤᠷᠤᠮᠳᠠᠬᠤ ᠶᠢ ᠰᠣᠨᠤᠰᠤᠭᠠᠷᠠᠶ
ᠨᠠᠮᠠᠶ᠋ᠢ ᠤᠬᠠᠭᠠᠵᠢᠬᠤ ᠶᠢ ᠦᠵᠡᠬᠦ ᠭᠡᠵᠦ ᠢᠵᠢᠢ ᠮᠢᠨᠢ ᠲᠠ ᠤᠷᠲᠤ ᠨᠠᠰᠤᠯᠠᠭᠠᠷᠠᠶ
ᠮᠠᠨᠴᠤᠶ ᠳᠠᠭᠠᠨ ᠢᠷᠡᠵᠦ ᠲᠠᠨ ᠢ ᠪᠢ ᠭᠠᠭᠴᠠᠬᠠᠨ ᠤᠳᠠᠭ᠎ᠠ ᠵᠢᠷᠭᠠᠭᠠᠭᠰᠠᠨ
ᠮᠠᠭᠠᠳ ᠦᠭᠡᠶ ᠲᠡᠷᠡᠨ ᠡᠴᠡ ᠬᠣᠶᠢᠰᠢ ᠳᠠᠩᠳᠠ ᠵᠣᠪᠠᠭᠠᠭᠰᠠᠨ
ᠭᠠᠭᠴᠠᠬᠠᠨ ᠨᠠᠮᠠᠶ᠋ᠢ ᠭᠡᠵᠦ ᠢᠵᠢᠢ ᠲᠠ
ᠭᠠᠵᠠᠷ ᠳᠡᠭᠡᠷ᠎ᠡ ᠮᠢᠨᠢ ᠬᠡᠴᠢᠨᠡᠨ ᠤᠪᠠᠳᠢᠰ ᠲᠠᠶ ᠲᠥᠷᠦᠭᠰᠡᠨ ᠶᠤᠮ ᠪᠤᠶ⁈
ᠪᠠᠷᠢᠭᠤᠪᠴᠢ ᠶᠢ ᠮᠢᠨᠢ ᠡᠰᠬᠡᠵᠦ᠂ ᠬᠤᠷᠢᠮ ᠤᠨ ᠡᠮᠦᠰᠬᠡᠯ ᠴᠢᠮᠡᠭᠯᠡᠵᠦ
ᠪᠠᠯᠴᠢᠷ ᠠᠴᠠ ᠮᠢᠨᠢ ᠡᠳᠦᠶ ᠶᠢ ᠬᠦᠷᠲᠡᠯ᠎ᠡ ᠲᠠ ᠣᠶᠤᠳᠠᠯᠴᠢᠨ ᠶᠠᠪᠤᠯ᠎ᠠ
ᠣᠲᠠᠴᠢ ᠮᠠᠨᠠᠯ ᠤᠨ ᠬᠤᠪᠢᠯᠭᠠᠨ ᠡᠶᠢᠮᠦ ᠪᠠᠶᠢᠳᠠᠭ ᠤᠤ ᠭᠡᠯᠲᠡᠶ
ᠣᠷᠤᠨ ᠳᠡᠭᠡᠷ᠎ᠡ ᠡᠴᠡ ᠮᠢᠨᠢ ᠠᠯᠭᠠᠰᠠᠯ ᠦᠭᠡᠶ ᠲᠣᠩᠭᠤᠶᠢᠵᠤ
ᠳᠡᠷ᠎ᠡ ᠳᠡᠭᠡᠷ᠎ᠡ ᠮᠢᠨᠢ ᠨᠠᠮᠠᠶ᠋ᠢ ᠪᠦᠯᠢᠶᠡᠷᠡᠵᠦ ᠬᠣᠨᠤᠬᠤ ᠪᠣᠯᠭᠠᠨ ᠳᠤ
ᠳᠡᠯᠡᠬᠡᠶ ᠳᠦ ᠬᠠᠮᠤᠭ ᠤᠨ ᠰᠠᠶᠢᠨ ᠡᠮᠴᠢ ᠮᠢᠨᠢ ᠲᠠ ᠪᠠᠶᠢᠯ᠎ᠠ
ᠠᠶᠠᠭ᠎ᠠ ᠪᠠᠨ ᠡᠪᠳᠡᠨ᠂ ᠡᠷᠬᠡᠯᠡᠵᠦ ᠶᠠᠳᠠᠭᠰᠠᠨ ᠨᠠᠮᠠᠶ᠋ᠢ
ᠠᠷᠭᠠᠳᠠᠭᠰᠠᠨ ᠳᠠᠭᠠᠨ ᠠᠯᠢᠶᠠᠯᠠᠭᠴᠢ ᠪᠣᠯᠵᠤ ᠡᠮᠦᠨ᠎ᠡ ᠮᠢᠨᠢ ᠡᠷᠭᠢᠯᠳᠦᠭᠰᠡᠨ
《ᠠ》 ᠦᠰᠦᠭ ᠪᠢᠴᠢᠬᠦ ᠭᠡᠳ ᠪᠤᠳᠤᠯᠢᠵᠤ ᠴᠥᠬᠦᠵᠦ ᠰᠠᠭᠤᠬᠤ ᠳᠤ ᠮᠢᠨᠢ
ᠠᠯᠳᠠᠭ᠎ᠠ ᠲᠠᠶ ᠪᠠᠶᠢᠬᠤ ᠳᠤᠨᠢ ᠤᠯᠠᠭᠠᠨ ᠴᠠᠶᠢᠮ᠎ᠠ ᠣᠨᠴᠠ ᠲᠠᠯᠪᠢᠳᠠᠭ ᠪᠠᠭᠰᠢ ᠮᠢᠨᠢ
ᠴᠠᠭ ᠣᠷᠤᠶᠢᠲᠤᠭᠰᠠᠨ ᠪᠣᠯᠵᠤᠭᠠᠨ ᠠᠴᠠ ᠡᠷᠬᠢᠵᠦ ᠢᠷᠡᠬᠦ ᠳᠦ
ᠴᠠᠭᠳᠠᠭ᠎ᠠ᠂ ᠡᠰᠡᠪᠡᠯ ᠡᠭᠦᠳᠡᠨ ᠦ ᠮᠠᠨᠠᠭᠠᠴᠢ
ᠰᠠᠷᠠ ᠨᠠᠷᠠᠨ ᠤ ᠡᠭᠡᠯᠵᠢ ᠦᠭᠡᠶ ᠭᠠᠯ ᠰᠠᠬᠢᠭᠰᠠᠨ ᠲᠣᠭᠤᠭᠠᠴᠢ
ᠰᠠᠩ ᠤᠨ ᠪᠣᠶᠢᠫᠤᠷ ᠲᠤ ᠠᠷᠴᠠ ᠤᠭᠤᠬᠢᠭᠤᠯᠵᠤ ᠮᠠᠨᠢ ᠤᠩᠰᠢᠭᠰᠠᠨ ᠯᠠᠮᠠ ᠠ᠋᠁
ᠰᠢᠬᠦᠷ ᠲᠩᠷᠢ ᠶᠢᠨ ᠳᠣᠤᠷ᠎ᠠ ᠠᠯᠳᠠᠵᠤ ᠡᠨᠳᠡᠬᠦ ᠲᠣᠭᠠᠯᠠᠨ ᠳᠤ ᠮᠢᠨᠢ
ᠰᠢᠭᠦᠬᠦ ᠶᠢᠨ ᠲᠣᠭᠲᠠᠭᠠᠯ ᠤᠩᠰᠢᠳᠠᠭ ᠶᠠᠯᠠᠯᠠᠭᠴᠢ ᠨᠢ ᠲᠠ ᠮᠥᠷᠲᠡᠯ᠎ᠡ
ᠳᠠᠭᠠᠭᠠᠮᠠᠶ ᠶᠡᠬᠡ ᠬᠠᠶᠢᠷ᠎ᠠ ᠲᠠᠨᠢ ᠠᠨᠠᠶ ᠯᠠ ᠬᠡᠪ ᠢᠶᠡᠷ ᠢᠶᠡᠨ
ᠳᠠᠪᠠᠵᠤ ᠵᠠᠭᠠᠯᠳᠤᠬᠰᠠᠨ ᠥᠮᠦᠭᠡᠯᠡᠭᠴᠢ ᠪᠣᠯᠵᠤ ᠵᠣᠪᠠᠯᠠᠩ ᠠᠴᠠ ᠨᠠᠮᠠᠶ᠋ᠢ ᠰᠤᠯᠠᠯᠠᠨ᠎ᠠ ᠠ᠋
ᠵᠢᠭᠵᠢᠳ ᠪᠤᠷᠬᠠᠨ ᠢ ᠣᠯᠠᠨ ᠮᠤᠲᠤᠷ ᠲᠠᠶ ᠭᠡᠯᠴᠡᠨ᠎ᠡ
ᠵᠢᠵᠢᠭᠬᠡᠨ ᠡᠨᠡ ᠪᠡᠶ᠎ᠡ ᠴᠢᠨᠢ ᠲᠡᠭᠦᠨ ᠡᠴᠡ ᠴᠦ ᠣᠯᠠᠨ ᠭᠠᠷ ᠲᠠᠶ
ᠡᠯᠪᠡᠭ ᠶᠡᠬᠡ ᠬᠠᠶᠢᠷ᠎ᠠ᠂ ᠢᠵᠢᠢ ᠭᠡᠳᠡᠭ ᠨᠡᠷ᠎ᠡ ᠲᠠᠨᠢ
ᠡᠨᠡ ᠣᠷᠴᠢᠯᠠᠩ ᠠᠴᠠ ᠠᠪᠤᠭᠰᠠᠨ ᠬᠠᠮᠤᠭ ᠤᠨ ᠲᠣᠮᠤ ᠠᠯᠳᠠᠷ ᠠ᠋
ᠵᠡᠭᠦᠦ ᠶᠢᠨ ᠰᠦᠪᠡᠭᠴᠢ ᠪᠡᠷ ᠴᠦ ᠪᠠᠭᠲᠠᠬᠤ ᠣᠨ ᠵᠢᠯ ᠦᠨ ᠤᠷᠤᠰᠬᠠᠯ ᠳᠤ
ᠵᠦᠭᠡᠷ ᠯᠡ ᠳᠡᠷᠭᠡᠳᠡ ᠮᠢᠨᠢ ᠪᠠᠶᠢᠵᠤ ᠬᠠᠶᠢᠷᠠᠯᠠ
ᠢᠵᠢᠢ ᠭᠡᠵᠦ ᠳᠠᠭᠤᠳᠠᠬᠤ ᠪᠣᠯᠭᠠᠨ ᠳᠠᠭᠠᠨ ᠪᠠᠶᠠᠷᠯᠠᠳᠠᠭ
ᠢᠵᠢᠯ ᠬᠡᠳᠦᠨ ᠬᠡᠦᠬᠡᠳ ᠲᠡᠭᠡᠨ ᠤᠷᠲᠤ ᠨᠠᠰᠤᠯᠠᠵᠤ ᠬᠠᠶᠢᠷᠠᠯᠠ
Цааш унших

"ETHNOSPHERE" буюу үндэстний соёл урлагийн нэгдэл

《ETHNOSPHERE》 ᠪᠤᠶᠤ ᠦᠨᠳᠦᠰᠦᠲᠡᠨ ᠦ ᠰᠣᠶᠤᠯ ᠤᠷᠠᠯᠢᠭ ᠤᠨ ᠨᠢᠭᠡᠳᠦᠯ






《ETHNOSPHERE》 ᠪᠤᠶᠤ 《ᠦᠨᠳᠦᠰᠦᠲᠡᠨ ᠦ ᠰᠣᠶᠤᠯ ᠤᠷᠠᠯᠢᠭ ᠤᠨ ᠨᠢᠭᠡᠳᠦᠯ》 ᠴᠣᠮᠤᠭ ᠬᠥᠭᠵᠢᠮ ᠰᠣᠨᠢᠷᠬᠠᠭᠴᠢ ᠵᠠᠯᠠᠭᠤᠰ ᠤᠨ ᠬᠦᠷᠲᠡᠭᠡᠯ ᠪᠣᠯᠵᠡᠶ᠃ ᠲᠤᠰ ᠴᠣᠮᠤᠭ ᠲᠤ ᠮᠣᠩᠭᠤᠯ ᠤᠨ ᠰᠢᠯᠢᠳᠡᠭ ᠬᠥᠭᠵᠢᠮᠴᠢᠳ᠂ ᠳᠠᠭᠤᠴᠢᠳ ᠣᠷᠤᠯᠴᠠᠭᠰᠠᠨ ᠪᠥᠭᠡᠳ ᠴᠣᠮᠤᠭ ᠤᠨ ᠮᠠᠰᠲᠧᠷᠢᠩ ᠢ ᠭᠷᠧᠮᠮᠢ ᠶᠢᠨ ᠱᠠᠩᠨᠠᠯᠲᠤ 《ᠶᠦᠨᠢᠸᠧᠷᠰᠠᠯ ᠮᠦᠽᠢᠻ ᠰᠲᠦᠳᠢᠣ᠋》 ᠶᠢᠨ ᠢᠨ᠋ᠵᠧᠨᠧᠷ ᠡᠷᠢᠻ ᠯᠠᠪᠰᠣᠨ ᠬᠦᠶᠴᠡᠳᠭᠡᠭᠰᠡᠨ ᠶᠤᠮ᠃ ᠡᠨᠡᠬᠦ ᠴᠣᠮᠤᠭ ᠠᠴᠠ 《ᠧᠢ - ᠰᠠᠦᠨ᠋ᠳ》 ᠬᠠᠮᠲᠤᠯᠢᠭ ᠤᠨ ᠳᠠᠭᠤᠴᠢᠨ ᠳᠡᠮᠡᠦᠯᠦᠨ ᠪᠣᠯᠤᠨ 《ᠳᠧ ᠯᠧᠮᠣᠨ᠋ᠰ》 ᠬᠠᠮᠲᠤᠯᠢᠭ ᠤᠨ ᠳᠠᠭᠤᠴᠢᠨ ᠣᠳᠤᠨ᠎ᠠ ᠨᠠᠷ ᠤᠨ ᠳᠠᠭᠤᠯᠠᠭᠰᠠᠨ ᠴᠣ ᠰᠢᠨᠡᠬᠡᠨ ᠤᠷᠠᠨ ᠪᠦᠲᠦᠭᠡᠯ ᠢ ᠰᠣᠨᠢᠷᠬᠠᠬᠤ ᠪᠣᠯᠤᠮᠵᠢᠲᠠᠶ ᠶᠤᠮ ᠪᠠᠶᠢᠨ᠎ᠠ ᠰᠢᠦ᠂ ᠵᠠᠯᠠᠭᠤᠰ ᠠ᠋




Цааш унших