Монгол бичгээ хэрэглэцгээе! Chrome, Internet Explorer, Safari хөтчөөр үзнэ үү!

Цоодолын Хулан. Ганцхан ээждээ унших шүлэг

2015-06-07

ᠭᠠᠭᠴᠠᠬᠠᠨ ᠡᠵᠢ ᠳᠡᠭᠡᠨ ᠤᠩᠰᠢᠬᠤ ᠰᠢᠯᠦᠭᠴᠣᠤᠳᠤᠯ ᠤᠨ ᠬᠤᠯᠠᠨ



ᠨᠠᠮᠤᠷ ᠤᠨ ᠠᠭᠤᠯᠠᠨ᠎ᠠ ᠪᠤᠭᠤ ᠶᠢᠨ ᠤᠷᠤᠮᠳᠠᠬᠤ ᠶᠢ ᠰᠣᠨᠤᠰᠤᠭᠠᠷᠠᠶ
ᠨᠠᠮᠠᠶ᠋ᠢ ᠤᠬᠠᠭᠠᠵᠢᠬᠤ ᠶᠢ ᠦᠵᠡᠬᠦ ᠭᠡᠵᠦ ᠢᠵᠢᠢ ᠮᠢᠨᠢ ᠲᠠ ᠤᠷᠲᠤ ᠨᠠᠰᠤᠯᠠᠭᠠᠷᠠᠶ
ᠮᠠᠨᠴᠤᠶ ᠳᠠᠭᠠᠨ ᠢᠷᠡᠵᠦ ᠲᠠᠨ ᠢ ᠪᠢ ᠭᠠᠭᠴᠠᠬᠠᠨ ᠤᠳᠠᠭ᠎ᠠ ᠵᠢᠷᠭᠠᠭᠠᠭᠰᠠᠨ
ᠮᠠᠭᠠᠳ ᠦᠭᠡᠶ ᠲᠡᠷᠡᠨ ᠡᠴᠡ ᠬᠣᠶᠢᠰᠢ ᠳᠠᠩᠳᠠ ᠵᠣᠪᠠᠭᠠᠭᠰᠠᠨ
ᠭᠠᠭᠴᠠᠬᠠᠨ ᠨᠠᠮᠠᠶ᠋ᠢ ᠭᠡᠵᠦ ᠢᠵᠢᠢ ᠲᠠ
ᠭᠠᠵᠠᠷ ᠳᠡᠭᠡᠷ᠎ᠡ ᠮᠢᠨᠢ ᠬᠡᠴᠢᠨᠡᠨ ᠤᠪᠠᠳᠢᠰ ᠲᠠᠶ ᠲᠥᠷᠦᠭᠰᠡᠨ ᠶᠤᠮ ᠪᠤᠶ⁈
ᠪᠠᠷᠢᠭᠤᠪᠴᠢ ᠶᠢ ᠮᠢᠨᠢ ᠡᠰᠬᠡᠵᠦ᠂ ᠬᠤᠷᠢᠮ ᠤᠨ ᠡᠮᠦᠰᠬᠡᠯ ᠴᠢᠮᠡᠭᠯᠡᠵᠦ
ᠪᠠᠯᠴᠢᠷ ᠠᠴᠠ ᠮᠢᠨᠢ ᠡᠳᠦᠶ ᠶᠢ ᠬᠦᠷᠲᠡᠯ᠎ᠡ ᠲᠠ ᠣᠶᠤᠳᠠᠯᠴᠢᠨ ᠶᠠᠪᠤᠯ᠎ᠠ
ᠣᠲᠠᠴᠢ ᠮᠠᠨᠠᠯ ᠤᠨ ᠬᠤᠪᠢᠯᠭᠠᠨ ᠡᠶᠢᠮᠦ ᠪᠠᠶᠢᠳᠠᠭ ᠤᠤ ᠭᠡᠯᠲᠡᠶ
ᠣᠷᠤᠨ ᠳᠡᠭᠡᠷ᠎ᠡ ᠡᠴᠡ ᠮᠢᠨᠢ ᠠᠯᠭᠠᠰᠠᠯ ᠦᠭᠡᠶ ᠲᠣᠩᠭᠤᠶᠢᠵᠤ
ᠳᠡᠷ᠎ᠡ ᠳᠡᠭᠡᠷ᠎ᠡ ᠮᠢᠨᠢ ᠨᠠᠮᠠᠶ᠋ᠢ ᠪᠦᠯᠢᠶᠡᠷᠡᠵᠦ ᠬᠣᠨᠤᠬᠤ ᠪᠣᠯᠭᠠᠨ ᠳᠤ
ᠳᠡᠯᠡᠬᠡᠶ ᠳᠦ ᠬᠠᠮᠤᠭ ᠤᠨ ᠰᠠᠶᠢᠨ ᠡᠮᠴᠢ ᠮᠢᠨᠢ ᠲᠠ ᠪᠠᠶᠢᠯ᠎ᠠ
ᠠᠶᠠᠭ᠎ᠠ ᠪᠠᠨ ᠡᠪᠳᠡᠨ᠂ ᠡᠷᠬᠡᠯᠡᠵᠦ ᠶᠠᠳᠠᠭᠰᠠᠨ ᠨᠠᠮᠠᠶ᠋ᠢ
ᠠᠷᠭᠠᠳᠠᠭᠰᠠᠨ ᠳᠠᠭᠠᠨ ᠠᠯᠢᠶᠠᠯᠠᠭᠴᠢ ᠪᠣᠯᠵᠤ ᠡᠮᠦᠨ᠎ᠡ ᠮᠢᠨᠢ ᠡᠷᠭᠢᠯᠳᠦᠭᠰᠡᠨ
《ᠠ》 ᠦᠰᠦᠭ ᠪᠢᠴᠢᠬᠦ ᠭᠡᠳ ᠪᠤᠳᠤᠯᠢᠵᠤ ᠴᠥᠬᠦᠵᠦ ᠰᠠᠭᠤᠬᠤ ᠳᠤ ᠮᠢᠨᠢ
ᠠᠯᠳᠠᠭ᠎ᠠ ᠲᠠᠶ ᠪᠠᠶᠢᠬᠤ ᠳᠤᠨᠢ ᠤᠯᠠᠭᠠᠨ ᠴᠠᠶᠢᠮ᠎ᠠ ᠣᠨᠴᠠ ᠲᠠᠯᠪᠢᠳᠠᠭ ᠪᠠᠭᠰᠢ ᠮᠢᠨᠢ
ᠴᠠᠭ ᠣᠷᠤᠶᠢᠲᠤᠭᠰᠠᠨ ᠪᠣᠯᠵᠤᠭᠠᠨ ᠠᠴᠠ ᠡᠷᠬᠢᠵᠦ ᠢᠷᠡᠬᠦ ᠳᠦ
ᠴᠠᠭᠳᠠᠭ᠎ᠠ᠂ ᠡᠰᠡᠪᠡᠯ ᠡᠭᠦᠳᠡᠨ ᠦ ᠮᠠᠨᠠᠭᠠᠴᠢ
ᠰᠠᠷᠠ ᠨᠠᠷᠠᠨ ᠤ ᠡᠭᠡᠯᠵᠢ ᠦᠭᠡᠶ ᠭᠠᠯ ᠰᠠᠬᠢᠭᠰᠠᠨ ᠲᠣᠭᠤᠭᠠᠴᠢ
ᠰᠠᠩ ᠤᠨ ᠪᠣᠶᠢᠫᠤᠷ ᠲᠤ ᠠᠷᠴᠠ ᠤᠭᠤᠬᠢᠭᠤᠯᠵᠤ ᠮᠠᠨᠢ ᠤᠩᠰᠢᠭᠰᠠᠨ ᠯᠠᠮᠠ ᠠ᠋᠁
ᠰᠢᠬᠦᠷ ᠲᠩᠷᠢ ᠶᠢᠨ ᠳᠣᠤᠷ᠎ᠠ ᠠᠯᠳᠠᠵᠤ ᠡᠨᠳᠡᠬᠦ ᠲᠣᠭᠠᠯᠠᠨ ᠳᠤ ᠮᠢᠨᠢ
ᠰᠢᠭᠦᠬᠦ ᠶᠢᠨ ᠲᠣᠭᠲᠠᠭᠠᠯ ᠤᠩᠰᠢᠳᠠᠭ ᠶᠠᠯᠠᠯᠠᠭᠴᠢ ᠨᠢ ᠲᠠ ᠮᠥᠷᠲᠡᠯ᠎ᠡ
ᠳᠠᠭᠠᠭᠠᠮᠠᠶ ᠶᠡᠬᠡ ᠬᠠᠶᠢᠷ᠎ᠠ ᠲᠠᠨᠢ ᠠᠨᠠᠶ ᠯᠠ ᠬᠡᠪ ᠢᠶᠡᠷ ᠢᠶᠡᠨ
ᠳᠠᠪᠠᠵᠤ ᠵᠠᠭᠠᠯᠳᠤᠬᠰᠠᠨ ᠥᠮᠦᠭᠡᠯᠡᠭᠴᠢ ᠪᠣᠯᠵᠤ ᠵᠣᠪᠠᠯᠠᠩ ᠠᠴᠠ ᠨᠠᠮᠠᠶ᠋ᠢ ᠰᠤᠯᠠᠯᠠᠨ᠎ᠠ ᠠ᠋
ᠵᠢᠭᠵᠢᠳ ᠪᠤᠷᠬᠠᠨ ᠢ ᠣᠯᠠᠨ ᠮᠤᠲᠤᠷ ᠲᠠᠶ ᠭᠡᠯᠴᠡᠨ᠎ᠡ
ᠵᠢᠵᠢᠭᠬᠡᠨ ᠡᠨᠡ ᠪᠡᠶ᠎ᠡ ᠴᠢᠨᠢ ᠲᠡᠭᠦᠨ ᠡᠴᠡ ᠴᠦ ᠣᠯᠠᠨ ᠭᠠᠷ ᠲᠠᠶ
ᠡᠯᠪᠡᠭ ᠶᠡᠬᠡ ᠬᠠᠶᠢᠷ᠎ᠠ᠂ ᠢᠵᠢᠢ ᠭᠡᠳᠡᠭ ᠨᠡᠷ᠎ᠡ ᠲᠠᠨᠢ
ᠡᠨᠡ ᠣᠷᠴᠢᠯᠠᠩ ᠠᠴᠠ ᠠᠪᠤᠭᠰᠠᠨ ᠬᠠᠮᠤᠭ ᠤᠨ ᠲᠣᠮᠤ ᠠᠯᠳᠠᠷ ᠠ᠋
ᠵᠡᠭᠦᠦ ᠶᠢᠨ ᠰᠦᠪᠡᠭᠴᠢ ᠪᠡᠷ ᠴᠦ ᠪᠠᠭᠲᠠᠬᠤ ᠣᠨ ᠵᠢᠯ ᠦᠨ ᠤᠷᠤᠰᠬᠠᠯ ᠳᠤ
ᠵᠦᠭᠡᠷ ᠯᠡ ᠳᠡᠷᠭᠡᠳᠡ ᠮᠢᠨᠢ ᠪᠠᠶᠢᠵᠤ ᠬᠠᠶᠢᠷᠠᠯᠠ
ᠢᠵᠢᠢ ᠭᠡᠵᠦ ᠳᠠᠭᠤᠳᠠᠬᠤ ᠪᠣᠯᠭᠠᠨ ᠳᠠᠭᠠᠨ ᠪᠠᠶᠠᠷᠯᠠᠳᠠᠭ
ᠢᠵᠢᠯ ᠬᠡᠳᠦᠨ ᠬᠡᠦᠬᠡᠳ ᠲᠡᠭᠡᠨ ᠤᠷᠲᠤ ᠨᠠᠰᠤᠯᠠᠵᠤ ᠬᠠᠶᠢᠷᠠᠯᠠ

No comments:

Post a Comment