ᠮᠥᠩᠭᠦᠨ ᠬᠤᠷᠠᠮᠲᠤᠯᠠᠯ ᠡᠭᠦᠰᠬᠡᠵᠦ 200 ᠰᠠᠶ᠎ᠠ ᠲᠥᠭᠦᠷᠢᠭ ᠲᠡᠶ ᠪᠣᠯᠬᠤ ᠪᠣᠯᠤᠮᠵᠢ ᠲᠠᠨ ᠳᠤ ᠴᠤ ᠪᠤᠶ
ᠳᠡᠯᠡᠬᠡᠶ ᠶᠢᠨ ᠬᠠᠮᠤᠭ ᠤᠨ ᠠᠯᠳᠠᠷᠲᠠᠶ ᠬᠥᠷᠦᠩᠭᠡ ᠣᠷᠤᠭᠤᠯᠤᠭᠴᠢ᠂ ᠬᠥᠷᠦᠩᠭᠡ ᠣᠷᠤᠯᠭ᠎ᠠ ᠪᠠᠷ ᠢᠶᠠᠨ ᠲᠡᠷᠢᠭᠦᠯᠡᠭᠴᠢ ᠸᠣᠷᠷᠧᠨ ᠪᠠᠹᠹᠧᠲ ᠬᠦᠮᠦᠰ ᠲᠦ ᠬᠠᠨᠳᠤᠵᠤ ᠬᠠᠳᠠᠭᠠᠯᠠᠮᠵᠢ ᠶᠢᠨ ᠲᠠᠯ᠎ᠠ ᠪᠠᠷ᠄
《ᠶᠠᠭᠤᠨ ᠤ ᠡᠮᠦᠨ᠎ᠡ ᠬᠠᠳᠠᠭᠠᠯᠠᠭᠠᠳ᠂ ᠦᠯᠡᠳᠡᠭᠰᠡᠨ ᠮᠥᠩᠭᠦ ᠶᠢ ᠨᠢ ᠦᠷᠡᠵᠦ ᠪᠠᠶ》 ᠭᠡᠵᠦ ᠬᠡᠯᠡᠭᠰᠡᠨ ᠪᠠᠶᠢᠳᠠᠭ᠃
ᠬᠦᠮᠦᠨ ᠪᠣᠯᠭᠠᠨ ᠤ ᠰᠣᠨᠤᠰᠤᠭᠰᠠᠨ ᠪᠠᠶᠢᠵᠤ ᠮᠠᠭᠠᠳ ᠦᠭᠡᠶ ᠡᠨᠡ ᠦᠭᠡ ᠶᠢ ᠪᠢᠳᠡ ᠲᠡᠷᠡ ᠪᠦᠷᠢ ᠥᠪᠡᠷᠰᠡᠳ ᠦᠨ ᠠᠮᠢᠳᠤᠷᠠᠯ ᠳᠠᠭᠠᠨ ᠪᠠᠭᠤᠯᠭᠠᠵᠤ ᠬᠡᠷᠭᠵᠢᠭᠦᠯᠳᠡᠭ ᠦᠭᠡᠶ᠃ ᠡᠨᠡ ᠨᠢ ᠮᠠᠭᠠᠳ ᠦᠭᠡᠶ ᠪᠢᠳᠡ ᠬᠠᠳᠠᠭᠠᠯᠠᠮᠵᠢ᠂ ᠬᠤᠷᠠᠮᠲᠤᠯᠠᠯ ᠤᠷᠲᠤ ᠬᠤᠭᠤᠴᠠᠭᠠᠨ ᠳᠤ ᠶᠠᠮᠠᠷ ᠶᠡᠬᠡ ᠥᠭᠭᠦᠭᠡᠵᠢ ᠲᠡᠶ᠂ ᠤᠷᠲᠤ ᠬᠤᠭᠤᠴᠠᠭᠠᠨ ᠳᠤ ᠬᠦ᠋ᠦ ᠡᠴᠡ ᠬᠦ᠋ᠦ ᠪᠣᠳᠤᠭᠤᠯᠵᠤ ᠠᠪᠬᠤ ᠨᠢ ᠶᠠᠮᠠᠷ ᠶᠡᠬᠡ ᠠᠰᠢᠭᠲᠠᠶ ᠪᠣᠯᠬᠤ ᠶᠢ ᠲᠣᠭᠠᠴᠠᠵᠤ ᠮᠡᠳᠡᠳᠡᠭ ᠦᠭᠡᠶ ᠲᠡᠶ ᠬᠣᠯᠪᠤᠭᠠᠲᠠᠶ ᠪᠣᠯᠪᠠᠤ᠃
ᠵᠢᠱᠢᠶᠡᠯᠡᠪᠡᠯ 25 ᠨᠠᠰᠤᠲᠠᠶ ᠬᠦᠮᠦᠨ ᠰᠠᠷ᠎ᠠ ᠳᠤ 25,591 ᠲᠥᠭᠦᠷᠢᠭ ᠴᠠᠭᠠᠰᠢ ᠨᠢ ᠬᠢᠭᠡᠳ ᠪᠠᠶᠢᠪᠠᠯ 55 ᠨᠠᠰᠤ ᠬᠦᠷᠬᠦ ᠦᠶ᠎ᠡ ᠳᠡᠭᠡᠨ 100 ᠰᠠᠶ᠎ᠠ ᠲᠥᠭᠦᠷᠢᠭ ᠲᠡᠶ᠂ ᠬᠡᠷᠪᠡ ᠰᠠᠷ᠎ᠠ ᠪᠦᠷᠢ 51,182 ᠲᠥᠭᠦᠷᠢᠭ ᠬᠢᠭᠡᠳ ᠪᠠᠶᠢᠪᠠᠯ ᠲᠡᠷᠡ ᠦᠶ᠎ᠡ ᠳᠦ 200 ᠰᠠᠶ᠎ᠠ ᠲᠥᠭᠦᠷᠢᠭ ᠲᠡᠶ ᠪᠣᠯᠬᠤ ᠪᠣᠯᠤᠮᠵᠢᠲᠠᠶ ᠪᠠᠶᠢᠨ᠎ᠠ ᠭᠡᠪᠡᠯ ᠲᠠ ᠢᠲᠡᠭᠡᠬᠦ ᠦᠦ⁈ ᠴᠤᠬᠤᠮ ᠡᠭᠦᠨ ᠳᠦ ᠯᠡ ᠡᠨᠡ ᠠᠯᠳᠠᠷᠲᠠᠶ ᠡᠷᠬᠢᠮ ᠦᠨ ᠬᠡᠯᠡᠭᠰᠡᠨ ᠦᠭᠡᠨ ᠦ ᠤᠳᠬ᠎ᠠ ᠤᠴᠢᠷ ᠣᠷᠤᠰᠢᠵᠤ ᠪᠠᠶᠢᠭ᠎ᠠ ᠶᠤᠮ᠃ (ᠬᠠᠳᠠᠭᠠᠯᠠᠮᠵᠢ ᠶᠢᠨ ᠰᠠᠷ᠎ᠠ ᠶᠢᠨ ᠬᠦ᠋ᠦ ᠶᠢ 1.04%᠂ ᠵᠢᠯ ᠦᠨ ᠬᠦ᠋ᠦ ᠶᠢ 13.2% ᠪᠠᠶᠢᠬᠤ ᠪᠠᠷ ᠲᠣᠭᠠᠴᠠᠵᠤ ᠦᠵᠡᠪᠡ᠃ ᠬᠦ᠋ᠦ ᠡᠴᠡ ᠬᠦ᠋ᠦ ᠪᠣᠳᠤᠳᠠᠭ ᠬᠠᠳᠠᠭᠠᠯᠠᠮᠵᠢ)
ᠲᠡᠭᠡᠪᠡᠯ 55 ᠨᠠᠰᠤ ᠬᠦᠷᠬᠦ ᠳᠡᠭᠡᠨ 200 ᠰᠠᠶ᠎ᠠ ᠲᠥᠭᠦᠢᠷᠭ ᠦᠨ ᠮᠥᠩᠭᠦᠨ ᠬᠤᠷᠠᠮᠲᠤᠯᠠᠯ ᠲᠠᠶ ᠪᠣᠯᠬᠤ ᠶᠢᠨ ᠲᠤᠯᠠᠳᠠ ᠰᠠᠷ᠎ᠠ ᠪᠦᠷᠢ ᠬᠡᠳᠦᠨ ᠲᠥᠭᠦᠷᠢᠭ ᠴᠠᠭᠠᠰᠢ ᠨᠢ ᠬᠢᠬᠦ ᠶᠣᠰᠤᠲᠠᠶ ᠶᠢ ᠶᠠᠩᠵᠤ ᠪᠦᠷᠢ ᠶᠢᠨ ᠨᠠᠰᠤᠨ ᠤ ᠬᠦᠮᠦᠰ ᠦᠨ ᠬᠤᠪᠢ ᠳᠤ ᠲᠣᠭᠠᠴᠠᠵᠤ ᠦᠵᠡᠶ᠎ᠡ᠃ ᠡᠨᠡ ᠨᠢ ᠬᠡᠳᠦᠨ ᠵᠢᠯ ᠬᠠᠳᠠᠭᠠᠯᠠᠭᠤᠯᠬᠤ ᠪᠤᠶᠤ ᠲᠠ ᠬᠡᠳᠦᠨ ᠵᠢᠯ ᠦᠨ ᠳᠠᠷᠠᠭ᠎ᠠ 55 ᠬᠦᠷᠬᠦ ᠡᠴᠡ᠂ ᠮᠥᠨ ᠬᠠᠳᠠᠭᠠᠯᠠᠮᠵᠢ ᠶᠢᠨ ᠬᠦ᠋ᠦ ᠬᠡᠳᠦ ᠪᠠᠶᠢᠭ᠎ᠠ ᠠᠴᠠ ᠲᠤᠰ ᠲᠤᠰ ᠬᠠᠮᠢᠶᠠᠷᠤᠨ᠎ᠠ᠃ ᠵᠢᠱᠢᠶᠡᠯᠡᠪᠡᠯ ᠲᠠ ᠥᠨᠦᠳᠦᠷ 25 ᠨᠠᠰᠤᠲᠠᠶ ᠭᠡᠵᠦ ᠦᠵᠡᠪᠡᠯ 30 ᠵᠢᠯ ᠦᠨ ᠳᠠᠷᠠᠭ᠎ᠠ 55 ᠬᠦᠷᠦᠨ᠎ᠡ ᠭᠡᠬᠦ ᠮᠡᠲᠦ ᠲᠣᠭᠠᠴᠠᠭᠠᠯᠪᠠ᠃
ᠢᠩᠭᠢᠭᠡᠳ ᠰᠠᠷ᠎ᠠ ᠪᠦᠷᠢ ᠬᠡᠳᠦᠨ ᠲᠥᠭᠦᠷᠢᠭ ᠬᠠᠳᠠᠭᠠᠯᠠᠮᠵᠢᠨ ᠳᠠᠭᠠᠨ ᠬᠢᠬᠦ ᠶᠣᠰᠤᠲᠠᠶ ᠶᠢ ᠳᠣᠤᠷᠠᠬᠢ ᠬᠦᠰᠦᠨᠦᠭᠲᠦ ᠡᠴᠡ ᠬᠠᠷᠠᠨ᠎ᠠ ᠤᠤ᠃
ᠡᠨᠳᠡ ᠡᠴᠡ ᠦᠵᠡᠬᠦ ᠳᠦ ᠲᠠ ᠠᠯᠢ ᠪᠣᠯᠬᠤ ᠯᠠ ᠡᠷᠲᠡ ᠬᠠᠳᠠᠭᠠᠯᠠᠮᠵᠢ ᠲᠠᠶ ᠪᠣᠯᠤᠨ᠎ᠠ ᠲᠡᠷᠡ ᠲᠤᠰᠤᠮ ᠢᠶᠠᠨ ᠡᠨᠡ ᠦᠭᠡᠨ ᠦ ᠦᠨ᠎ᠡ ᠴᠡᠨ᠎ᠡ᠂ ᠤᠷᠲᠤ ᠬᠤᠭᠤᠴᠠᠭᠠᠨ ᠳᠤ ᠬᠤᠷᠠᠮᠲᠤᠯᠠᠯ ᠲᠠᠶ ᠪᠣᠯᠬᠤ ᠶᠢᠨ ᠠᠰᠢᠭ ᠲᠤᠰᠠ ᠶᠢ ᠮᠡᠳᠡᠬᠦ ᠪᠣᠯᠤᠨ᠎ᠠ᠃
ᠲᠠᠨ ᠳᠤ ᠠᠮᠵᠢᠯᠲᠠ ᠬᠦᠰᠡᠶ᠎ᠡ
⁉
No comments:
Post a Comment