Монгол бичгээ хэрэглэцгээе! Chrome, Internet Explorer, Safari хөтчөөр үзнэ үү!

Бэгзийн Явуухулан. Би хаана төрөө вэ

2015-08-07

ᠪᠢ ᠬᠠᠮᠢᠭ᠎ᠠ ᠲᠦᠷᠦᠭᠡ ᠪᠤᠢᠪᠡ᠊ᠭᠵᠡ ᠶᠢᠨ ᠢᠪᠠᠤ᠊ᠬᠤᠯᠠᠨ



ᠬᠦᠬᠡ ᠮᠠᠩᠬᠠᠨ ᠲᠩᠷᠢ ᠶᠢ ᠡᠵᠡᠩᠨᠡᠩᠬᠡᠨ ᠲᠦᠷᠦᠯᠦᠭᠡ ᠪᠢ᠃
ᠬᠦᠮᠦᠰᠭᠡᠨ ᠰᠠᠷᠠᠨ ᠦ ᠠᠶᠠᠯᠠᠬᠤ ᠠᠯᠤᠰ ᠦᠨ ᠠᠯᠤᠰ ᠲᠤᠭᠤᠷᠢᠭ ᠲᠤᠷ
ᠬᠤᠯᠠ ᠶᠢᠨ ᠬᠤᠶᠠᠷ ᠤᠳᠤᠨ ᠤ ᠲᠤᠬᠢᠶᠠᠬᠤ ᠪᠢᠴᠢᠬᠠᠨ ᠴᠢᠯᠦᠭᠡᠨ ᠳᠤᠷ
ᠬᠤᠶᠠᠷ ᠨᠢᠳᠦᠨ ᠦ ᠦᠵᠦᠭᠦᠷ ᠲᠦᠷ ᠴᠡᠩᠬᠡᠷᠯᠡᠬᠦ ᠲᠡᠳᠦᠢ ᠲᠡᠷᠡᠳᠡᠭᠡ ᠳᠦᠷ
ᠬᠦᠬᠡ ᠮᠠᠩᠬᠠᠨ ᠲᠩᠷᠢ ᠶᠢ ᠡᠵᠡᠩᠨᠡᠩᠬᠡᠨ ᠲᠦᠷᠦᠯᠦᠭᠡ ᠪᠢ᠃

ᠴᠠᠰᠤᠲᠦ ᠴᠠᠭᠠᠨ ᠠᠭᠤᠯᠠ ᠶᠢ ᠡᠵᠡᠩᠨᠡᠩᠬᠡᠨ ᠲᠦᠷᠦᠯᠦᠭᠡ ᠪᠢ᠃
ᠴᠠᠩ ᠬᠦᠦᠷᠭᠡ ᠰᠠᠪᠰᠠᠵᠦ ᠡᠭᠦᠯᠡᠰ ᠣᠷᠢᠶᠠᠬᠤ ᠣᠷᠭᠢᠯ ᠋ᠳ᠋ᠣᠷ
ᠴᠠᠰᠤᠨ ᠰᠢᠷᠬᠡᠭ ᠴᠠᠷᠴᠠᠵᠦ ᠮᠦᠰᠦ ᠪᠤᠯᠬᠤ ᠬᠠᠯᠢᠯ ᠳ᠋ᠤᠷ
ᠴᠠᠷᠬᠢᠶ᠎ᠠ ᠬᠦᠢᠲᠡᠨ ᠡᠪᠦᠯ ᠰᠠᠷᠯᠤᠭ ᠦᠨ ᠪᠤᠬ᠎ᠠ ᠳᠤᠰᠢᠭᠰᠠᠨ
ᠴᠠᠰᠤᠲᠦ ᠴᠠᠭᠠᠨ ᠠᠭᠤᠯᠠ ᠶᠢ ᠡᠵᠡᠩᠨᠡᠩᠬᠡᠨ ᠲᠦᠷᠦᠯᠦᠭᠡ ᠪᠢ᠃

ᠣᠩᠭᠤᠨ ᠴᠡᠩᠬᠡᠷ ᠲᠠᠯ᠎ᠠ ᠶᠢ ᠡᠵᠡᠩᠨᠡᠩᠬᠡᠨ ᠲᠦᠷᠦᠯᠦᠭᠡ ᠪᠢ᠃
ᠣᠷᠣᠭ ᠰᠠᠷᠠᠯ ᠵᠡᠷᠭᠡᠯᠭᠡ ᠬᠠᠪᠤᠷ ᠰᠦᠮᠡᠯᠵᠡᠬᠦ ᠬᠦᠨᠳᠡᠢ ᠳᠤᠷ
ᠣᠷᠣᠭᠰᠠᠨ ᠪᠣᠣᠷ᠎ᠠ ᠶᠢᠨ ᠰᠢᠳᠦ ᠡᠪᠦᠯ ᠬᠠᠩᠭᠢᠨᠠᠬᠤ ᠬᠣᠭᠣᠯᠠᠢ ᠳ᠋ᠣᠷ
ᠦᠯᠦᠭ ᠭᠦᠷᠪᠡᠯ  ᠦᠨ ᠮᠦᠷ ᠢ ᠡᠳᠦᠢ ᠬᠦᠷᠲᠡᠯ᠎ᠡ ᠬᠠᠳᠠᠭᠠᠯᠠᠭᠰᠠᠨ
ᠣᠩᠭᠤᠨ ᠴᠡᠩᠬᠡᠷ ᠲᠠᠯ᠎ᠠ ᠶᠢ ᠡᠵᠡᠩᠨᠡᠩᠬᠡᠨ ᠲᠦᠷᠦᠯᠦᠭᠡ ᠪᠢ᠃

ᠮᠦᠷᠡᠨ ᠭᠣᠣᠯ ᠤᠨ ᠤᠰᠤ ᠶᠢ ᠡᠵᠡᠩᠨᠡᠩᠬᠡᠨ ᠲᠦᠷᠦᠯᠦᠭᠡ ᠪᠢ᠃
ᠮᠦᠩᠬᠦᠨ ᠰᠠᠷᠠᠨ ᠦ ᠰᠡᠭᠦᠳᠡᠷ ᠲᠣᠯᠢᠶᠠᠷᠠᠨ ᠬᠦᠪᠬᠦ ᠲᠣᠯᠬᠢᠶᠠᠨ ᠳ᠋ᠣᠷ
ᠮᠢᠨᠦ ᠡᠪᠦᠭᠡ ᠳᠡᠭᠡᠳᠦᠰ ᠦᠨ ᠮᠣᠷᠢᠨ ᠲᠤᠭᠤᠷᠠᠢ ᠳᠤ ᠨᠠᠭᠠᠯᠳᠤᠭᠰᠠᠨ
ᠬᠦᠮᠦᠨ ᠦ ᠨᠤᠲᠤᠭ ᠤᠨ ᠰᠢᠷᠦᠢ ᠶᠢ ᠠᠷᠢᠭᠤᠨ ᠤᠰᠤ ᠪᠠᠷ ᠢᠶᠠᠨ ᠤᠬᠢᠶᠠᠭᠰᠠᠨ
ᠮᠦᠷᠡᠨ ᠭᠣᠣᠯ ᠤᠨ ᠤᠰᠤ ᠶᠢ ᠡᠵᠡᠩᠨᠡᠩᠬᠡᠨ ᠲᠦᠷᠦᠯᠦᠭᠡ ᠪᠢ᠃

ᠦᠨᠦᠷ ᠢᠯᠳᠠᠮ ᠠᠭᠢ ᠭᠠᠩᠭ᠎ᠠ ᠶᠢ ᠡᠵᠡᠩᠨᠡᠩᠬᠡᠨ ᠲᠦᠷᠦᠯᠦᠭᠡ ᠪᠢ᠃
ᠦᠷ ᠰᠦᠨᠢ ᠶᠢᠨ ᠵᠠᠪᠰᠠᠷ ᠰᠢᠭᠦᠳᠡᠷᠢ ᠪᠠᠭᠤᠬᠤ ᠨᠠᠪᠴᠢᠨ ᠳ᠋ᠤᠷ
ᠦᠷᠢᠯ ᠤᠰᠤᠨ ᠰᠢᠭᠦᠳᠡᠷᠢ ᠳᠤᠨᠢ ᠣᠳᠣᠳ ᠬᠢᠯᠠᠯᠵᠠᠬᠤ ᠲᠠᠯᠪᠢᠨ ᠳ᠋ᠤᠷ
ᠦᠭᠦᠯ ᠦᠭᠡᠢ ᠮᠦᠩᠬᠡ ᠶᠢᠨ ᠪᠡᠯᠭᠡᠳᠡᠯ ᠴᠠᠭᠠᠨ ᠤᠤᠯᠠ ᠴᠡᠴᠡᠭ ᠲᠤᠷ
ᠦᠨᠦᠷ ᠢᠯᠳᠠᠮ ᠠᠭᠢ ᠭᠠᠩ᠋ᠭ᠎ᠠ ᠶᠢ ᠡᠵᠡᠩᠨᠡᠩᠬᠡᠨ ᠲᠦᠷᠦᠯᠦᠭᠡ ᠪᠢ᠃

ᠵᠡᠭᠦᠷᠮᠡᠭᠯᠡᠭᠴᠢ ᠬᠤᠨ ᠰᠢᠭ ᠭᠡᠷ ᠢ ᠡᠵᠡᠩᠨᠡᠩᠬᠡᠨ ᠲᠦᠷᠦᠯᠦᠭᠡ ᠪᠢ
ᠵᠦᠢᠳᠡᠯ ᠦᠭᠡᠢ ᠴᠠᠭᠠᠨ ᠦᠷᠬᠦᠭᠡᠨ  ᠦ ᠬᠤᠢᠢᠮᠤᠰᠤᠯᠠᠵᠤ ᠲᠤᠮᠤᠭᠰᠠᠨ ᠤᠭᠤᠰᠤᠷ ᠲᠤᠷ
ᠵᠢᠷᠦᠭᠡᠨ ᠤᠯᠠᠭᠠᠨ ᠭᠠᠯ ᠲᠠᠢ ᠭᠠᠩ ᠲᠤᠯᠭ᠎ᠠ ᠶᠢᠨ ᠲᠤᠲᠤᠭᠤᠨ ᠳ᠋ᠤᠷ
ᠵᠠᠭᠤᠨ ᠲᠦᠮᠡᠨ ᠦᠶ᠎ᠡ ᠳᠦᠷ ᠮᠣᠩᠭᠤᠯ ᠬᠦᠮᠦᠨ ᠦ ᠢᠳᠡᠭᠡᠰᠢᠭᠰᠡᠨ
ᠵᠡᠭᠦᠷᠮᠡᠭᠯᠡᠭᠴᠢ ᠬᠤᠨ ᠰᠢᠭ᠌ ᠭᠡᠷ ᠢ ᠡᠵᠡᠩᠨᠡᠩᠬᠡᠨ ᠲᠦᠷᠦᠯᠦᠭᠡ ᠪᠢ᠃

ᠰᠠᠢᠢᠬᠠᠨ ᠪᠦᠰᠡᠭᠦᠢ ᠶᠢᠨ ᠰᠡᠳᠬᠢᠯ ᠢ ᠡᠵᠡᠩᠨᠡᠩᠬᠡᠨ ᠲᠦᠷᠦᠯᠦᠭᠡ ᠪᠢ᠃
ᠰᠤᠷᠮᠤᠰᠤᠨ ᠳᠤᠮᠳᠠ ᠪᠠᠨ ᠲᠠᠯᠮᠢᠶᠠᠷᠠᠬᠤ ᠠᠯᠠᠭ ᠨᠢᠳᠦᠨ ᠦ ᠮᠡᠯᠮᠡᠷᠡᠭᠡᠨ ᠳᠦᠷ
ᠰᠠᠭᠠᠯᠢ ᠶᠢᠨ ᠦᠨᠦᠷ ᠬᠠᠩᠬᠤᠯᠤᠭᠰᠠᠨ ᠳᠡᠪᠡᠯ ᠦᠨ ᠬᠤᠷᠮᠤᠢ ᠶᠢᠨ ᠨᠤᠭᠤᠯᠤᠭᠠᠰᠤᠨ ᠳ᠋ᠤᠷ
ᠰᠠᠨᠠᠨ ᠰᠠᠨᠠᠨ ᠤᠶᠠᠷᠠᠬᠤ ᠴᠡᠪᠡᠷ ᠢᠴᠢᠮᠡᠲᠡᠭᠡᠢ ᠠᠭᠠᠰᠢᠨ ᠳ᠋ᠤᠷ
ᠰᠠᠢᠢᠬᠠᠨ ᠪᠦᠰᠡᠭᠦᠢ ᠶᠢᠨ ᠰᠡᠳᠬᠢᠯ ᠢ ᠡᠵᠡᠩᠨᠡᠩᠬᠡᠨ ᠲᠦᠷᠦᠯᠦᠭᠡ ᠪᠢ᠃

ᠲᠡᠩᠬᠡᠬᠡ ᠲᠦ ᠬᠦᠯᠦᠭ ᠦᠨ ᠲᠦᠷᠦᠭᠡ ᠶᠢ ᠡᠵᠡᠩᠨᠡᠩᠬᠡᠨ ᠲᠦᠷᠦᠯᠦᠭᠡ ᠪᠢ᠃
ᠲᠡᠯᠮᠡᠨ ᠵᠢᠷᠤᠭ᠎ᠠ ᠮᠤᠷᠢᠨ ᠤ ᠱᠠᠩᠬᠤᠨ ᠤ ᠦᠵᠦᠭᠦᠷ ᠦᠨ ᠴᠡᠴᠡᠷᠡᠭᠡᠨ ᠳᠤᠷ
ᠲᠩᠷᠢ ᠶᠢᠨ ᠰᠠᠯᠬᠢᠨ ᠡᠴᠠ ᠪᠤᠰᠤᠳ ᠢ ᠲᠡᠭᠡᠷ᠎ᠡ ᠪᠡᠨ ᠭᠠᠷᠭᠠᠵᠦ ᠦᠵᠡᠭᠡᠳᠦᠢ
ᠲᠡᠨᠢᠭᠡᠷ ᠭᠤᠪᠢ ᠶᠢᠨ ᠰᠦᠷᠦᠭ ᠣᠩᠭᠣᠨ ᠬᠤᠯᠠᠨ ᠤ ᠨᠢᠷᠤᠭᠤᠨ ᠳ᠋ᠤᠷ
ᠲᠡᠩᠬᠡᠭᠡ ᠲᠦ ᠬᠦᠯᠦᠭ ᠦᠨ ᠲᠦᠷᠦᠭᠡ ᠶᠢ ᠡᠵᠡᠩᠨᠡᠩᠬᠡᠨ ᠲᠦᠷᠦᠯᠦᠭᠡ ᠪᠢ᠃

ᠠᠭᠠᠳᠠᠷ ᠬᠤᠷ᠎ᠠ ᠪᠤᠷᠤᠭ᠎ᠠ ᠶᠢ ᠡᠵᠡᠩᠨᠡᠩᠬᠡᠨ ᠲᠦᠷᠦᠯᠦᠭᠡ ᠪᠢ᠃
ᠠᠮᠤᠭᠤᠯᠠᠩ ᠲᠩᠷᠢ ᠶᠢ ᠰᠤᠴᠢᠭᠠᠬᠤ ᠠᠶᠤᠩᠭ᠎ᠠ ᠶᠢᠨ ᠳᠤᠭᠰᠢᠨ ᠬᠢᠯᠪᠠᠭᠠᠨ ᠳ᠋ᠤᠷ
ᠠᠷᠢᠭᠤᠨ ᠠᠭᠠᠷ ᠲᠦ ᠰᠢᠭᠦᠷᠯᠡᠬᠦ ᠮᠦᠨᠳᠦᠷ ᠦᠨ ᠴᠠᠭᠠᠨ ᠰᠢᠷᠬᠡᠭ᠌ ᠳᠤᠷ
ᠠᠯᠲᠠᠨ ᠲᠠᠯ᠎ᠠ ᠳ᠋ᠣᠷ ᠲᠠᠲᠠᠬᠤ ᠰᠤᠯᠤᠩᠭ᠎ᠠ ᠶᠢᠨ ᠳᠤᠯᠤᠭᠠᠨ ᠦᠩᠬᠡᠨ ᠳᠤᠷ
ᠠᠭᠠᠳᠠᠷ ᠬᠤᠷ᠎ᠠ ᠪᠤᠷᠤᠭ᠎ᠠ ᠶᠢ ᠡᠵᠡᠩᠨᠡᠩᠬᠡᠨ ᠲᠦᠷᠦᠯᠦᠭᠡ ᠪᠢ᠃

ᠴᠡᠭᠡᠯᠬᠡᠨ ᠳᠠᠭᠤᠨ ᠤ ᠡᠭᠡᠰᠢᠭ᠌ ᠢ ᠡᠵᠡᠩᠨᠡᠩᠬᠡᠨ ᠲᠦᠷᠦᠯᠦᠭᠡ ᠪᠢ᠃
ᠴᠡᠩᠬᠡᠷ ᠬᠠᠳᠠᠭ ᠦᠨ ᠳᠡᠭᠡᠷᠡᠬᠢ ᠮᠦᠩᠭᠦᠨ ᠠᠶᠠᠭ᠎ᠠ ᠲᠠᠢ ᠰᠠᠷᠬᠤᠳ ᠲᠤᠷ
ᠴᠡᠭᠡᠯ ᠰᠠᠢᠢᠬᠠᠨ ᠡᠭᠡᠰᠢᠭ ᠲᠡᠢ ᠤᠷᠲᠤ ᠶᠢᠨ ᠳᠠᠭᠤᠨ ᠤ ᠠᠶᠠᠨ ᠳ᠋ᠤᠷ
ᠴᠡᠩᠭᠡᠬᠦ ᠵᠤᠪᠠᠬᠤ ᠬᠤᠤᠰᠯᠠᠭᠰᠠᠨ ᠬᠦᠮᠦᠨ ᠦ ᠬᠤᠪᠢ ᠵᠠᠶᠠᠭᠠᠨ ᠳ᠋ᠤᠷ
ᠴᠡᠭᠡᠯᠬᠡᠨ ᠳᠠᠭᠤᠨ ᠤ ᠡᠭᠡᠰᠢᠭ᠌ ᠢ ᠡᠵᠡᠩᠨᠡᠩᠬᠡᠨ ᠲᠦᠷᠦᠯᠦᠭᠡ ᠪᠢ᠃

ᠠᠪᠬᠠᠯᠵᠢᠲᠦ ᠬᠦᠮᠦᠨ ᠦ ᠪᠡᠶ᠎ᠡ ᠶᠢ ᠡᠵᠡᠩᠨᠡᠩᠬᠡᠨ ᠲᠦᠷᠦᠯᠦᠭᠡ ᠪᠢ᠃
ᠠᠮᠢ ᠨᠢᠭᠡ ᠲᠡᠢ ᠤᠯᠠᠨ ᠦ ᠪᠠᠨ ᠮᠣᠩᠭᠤᠯ ᠢᠶᠠᠨ ᠬᠡᠮᠡᠭᠰᠡᠨ ᠰᠡᠳᠬᠢᠯ ᠳᠤᠷ
ᠦᠷ ᠦᠨ ᠲᠠᠪᠤᠨ ᠵᠢᠩ ᠢᠶᠠᠷ ᠬᠦᠳᠡᠷ ᠨᠡᠭᠡᠨ ᠤᠯᠠᠯᠵᠠᠬᠤ
ᠦᠢᠯᠡᠳᠪᠦᠷᠢ ᠶᠢᠨ ᠦᠨᠳᠦᠷ ᠶᠠᠩᠳᠤᠩ  ᠤᠨ ᠬᠢᠯᠢᠩ ᠤᠯᠠᠭᠠᠨ ᠭᠠᠯ ᠳ᠋ᠤᠷ
ᠠᠪᠬᠠᠯᠵᠢᠲᠦ ᠬᠦᠮᠦᠨ ᠦ ᠪᠡᠶ᠎ᠡ ᠶᠢ ᠡᠵᠡᠩᠨᠡᠩᠬᠡᠨ ᠲᠦᠷᠦᠯᠦᠭᠡ ᠪᠢ᠃

ᠬᠦᠬᠡ ᠲᠩᠷᠢ ᠶᠢᠨ ᠣᠷᠣᠨ ᠢ ᠡᠵᠡᠩᠨᠡᠩᠬᠡᠨ ᠲᠦᠷᠦᠯᠦᠭᠡ ᠪᠢ᠃
ᠬᠦᠬᠡ ᠮᠣᠩᠭᠤᠯ ᠠᠯᠳᠠᠷᠰᠢᠭᠰᠠᠨ ᠦ ᠦᠶ᠎ᠡ ᠳᠠᠮᠵᠢᠭᠰᠠᠨ ᠳᠣᠮᠣᠭ ᠲᠤᠷ
ᠬᠦᠴᠦᠷᠬᠡᠭ᠌ ᠳᠡᠭᠡᠳᠦᠰ ᠦᠨ ᠨᠣᠲᠣᠭ ᠲᠤ ᠮᠠᠨᠳᠤᠭᠰᠠᠨ ᠬᠤᠪᠢᠰᠬᠠᠯ ᠤᠨ ᠲᠦᠯᠦᠨ ᠳᠤᠷ
ᠬᠦᠷᠦᠰᠦᠲᠦ ᠠᠯᠲᠠᠨ ᠳᠡᠯᠡᠭᠡᠢ ᠶᠢᠨ ᠦᠷᠴᠢᠯᠡᠭᠡᠲᠦ ᠮᠠᠩᠨᠠᠢ ᠪᠤᠯᠤᠭᠰᠠᠨ
ᠬᠦᠭᠡ ᠲᠩᠷᠢ ᠶᠢᠨ ᠣᠷᠣᠨ ᠢ ᠡᠵᠡᠩᠨᠡᠩᠬᠡᠨ ᠲᠦᠷᠦᠯᠦᠭᠡ ᠪᠢ

No comments:

Post a Comment