Монгол бичгээ хэрэглэцгээе! Chrome, Internet Explorer, Safari хөтчөөр үзнэ үү!

10 жилдээ барих бидний бэлэг уйгуржин сайт байх юм

2014-11-28

10 ᠵᠢᠯ ᠳᠡᠭᠡᠨ ᠪᠠᠷᠢᠬᠤ ᠪᠢᠳᠡᠨ ᠦ ᠪᠡᠯᠡᠭ ᠤᠶᠢᠭᠤᠷᠵᠢᠨ ᠰᠠᠶᠢᠲ ᠪᠠᠶᠢᠬᠤ ᠶᠤᠮ



ᠠ᠊᠂ ᠲᠤᠯᠭ᠎ᠠ | 《ᠦᠨᠳᠦᠰᠦᠨ ᠦ ᠰᠢᠤᠳᠠᠨ》 ᠰᠣᠨᠢᠨ | 2014 ᠣᠨ ᠤ 11 ᠳᠦᠭᠡᠷ ᠰᠠᠷ᠎ᠠ ᠶᠢᠨ 26



News ᠠᠭᠧᠨᠲᠯᠢᠭ᠋ ᠤᠨ 10 ᠵᠢᠯ ᠦᠨ ᠣᠢ ᠶᠢ ᠲᠣᠬᠢᠶᠠᠯᠳᠤᠭᠤᠯᠤᠨ ᠲᠤᠰ ᠠᠭᠧᠨᠲᠯᠢᠭ᠋ ᠤᠨ ᠳᠡᠳ ᠵᠠᠬᠢᠷᠤᠯ ᠳ∙ ᠨᠠᠷᠠᠨᠲᠤᠶᠠᠭ᠎ᠠ ᠲᠠᠢ ᠶᠠᠷᠢᠯᠴᠠᠯ᠎ᠠ᠃

- 10 ᠵᠢᠯ ᠭᠡᠳᠡᠭ ᠬᠦᠮᠦᠨ ᠦ ᠠᠮᠢᠳᠤᠷᠠᠯ ᠤᠨ ᠪᠠᠭ᠎ᠠ ᠦᠭᠡᠢ ᠬᠤᠭᠤᠴᠠᠭ᠎ᠠ. News ᠠᠭᠧᠨᠲᠯᠢᠭ᠋ ᠠᠩᠬ᠎ᠠ ᠪᠠᠶᠢᠭᠤᠯᠤᠭᠳᠠᠬᠤ ᠠᠴᠠ ᠨᠢ ᠬᠣᠶᠢᠰᠢ ᠠᠵᠢᠯᠯᠠᠭᠠᠳ ᠲᠠ ᠶᠠᠭ 10 ᠵᠢᠯ ᠪᠣᠯᠵᠤ ᠪᠠᠶᠢᠨ᠎ᠠ᠃ ᠡᠨᠡ ᠬᠤᠭᠤᠴᠠᠭ᠎ᠠ ᠶᠢ ᠪᠠᠨ ᠶᠠᠭᠤ ᠭᠡᠵᠦ ᠲᠣᠳᠣᠷᠬᠠᠶᠢᠯᠠᠬᠤ ᠪᠤᠢ⁈

- ᠲᠡᠶᠢᠮᠦ ᠡ᠃ ᠣᠳᠤ ᠠᠴᠠ 10 ᠵᠢᠯ ᠦᠨ ᠡᠮᠦᠨ᠎ᠡ 2004 ᠣᠨ ᠤ ᠠᠷᠪᠠᠳᠤᠭᠠᠷ ᠰᠠᠷ᠎ᠠ ᠶᠢᠨ ᠳᠤᠮᠳᠠᠭᠤᠷ ᠠᠭᠧᠨᠲᠯᠢᠭ᠋ ᠤᠨ ᠮᠠᠨᠢ ᠵᠠᠬᠢᠷᠤᠯ ᠪ᠊∙ ᠲᠡᠮᠡᠦᠯᠦᠨ ᠰᠢᠨ᠎ᠡ ᠡᠳᠦᠷ ᠲᠤᠲᠤᠮ ᠤᠨ ᠰᠣᠨᠢᠨ ᠭᠠᠷᠬᠤ ᠭᠡᠵᠦ ᠪᠠᠶᠢᠭ᠎ᠠ᠂ ᠲᠡᠷᠡ ᠰᠣᠨᠢᠨ ᠤ ᠡᠷᠬᠢᠯᠡᠭᠴᠢ ᠪᠡᠷ ᠠᠵᠢᠯᠯᠠᠬᠤ ᠭᠡᠵᠦ ᠪᠠᠶᠢᠭ᠎ᠠ ᠲᠤᠬᠠᠢ ᠶᠢ ᠪᠠᠨ ᠬᠡᠯᠡᠭᠡᠳ᠂ ᠬᠠᠮᠲᠤᠷᠠᠵᠤ ᠠᠵᠢᠯᠯᠠᠬᠤ ᠰᠠᠨᠠᠯ ᠲᠠᠯᠪᠢᠭᠰᠠᠨ᠃ ᠬᠡᠳᠦᠢ ᠪᠡᠷ ᠪᠢ ᠮᠣᠰᠻᠸᠠ ᠶᠢᠨ ᠶᠡᠬᠡ ᠰᠤᠷᠭᠠᠭᠤᠯᠢ ᠶᠢ ᠰᠡᠳᠬᠦᠯᠴᠢ ᠮᠡᠷᠭᠡᠵᠢᠯ ᠢᠶᠡᠷ ᠲᠡᠭᠦᠰᠴᠦ ᠢᠷᠡᠭᠡᠳ ᠬᠡᠳᠦ ᠬᠡᠳᠦᠨ ᠰᠣᠨᠢᠨ ᠤ ᠷᠧᠳᠠᠻᠼᠢ ᠳᠤ ᠠᠵᠢᠯᠯᠠᠵᠤ ᠪᠠᠶᠢᠭᠰᠠᠨ ᠴᠤ ᠡᠳᠦᠷ ᠲᠤᠲᠤᠮ ᠤᠨ ᠰᠣᠨᠢᠨ ᠳᠤ ᠠᠵᠢᠯᠯᠠᠵᠤ ᠦᠵᠡᠭᠡᠳᠦᠶ ᠪᠠᠶᠢᠯ᠎ᠠ᠃ ᠭᠣᠣᠯ ᠲᠥᠯᠥᠪ ᠳᠣᠯᠣᠭ᠎ᠠ ᠬᠣᠨᠣᠭ ᠲᠤᠲᠤᠮ ᠤᠨ ᠰᠣᠨᠢᠨ ᠳᠤ ᠠᠵᠢᠯᠯᠠᠭᠰᠠᠨ ᠪᠠᠶᠢᠳᠠᠭ ᠶᠤᠮ᠃ ᠰᠠᠨᠠᠯ ᠲᠠᠯᠪᠢᠬᠤ ᠦᠶ᠎ᠡ ᠳᠦ ᠪᠢ ᠮᠣᠩᠭᠣᠯ ᠤᠨ ᠴᠠᠬᠢᠯᠭᠠᠨ ᠮᠡᠳᠡᠭᠡ᠂ ᠮᠣᠩᠴᠠᠮᠡ ᠠᠭᠧᠨᠲᠯᠢᠭ᠋ ᠤᠨ ᠠᠩᠭᠯᠢ ᠬᠡᠯᠡ ᠳᠡᠭᠡᠷ᠎ᠡ ᠭᠠᠷᠳᠠᠭ 《The Mongol Messenger》 ᠰᠣᠨᠢᠨ ᠳᠤ ᠠᠵᠢᠯᠯᠠᠵᠤ ᠪᠠᠶᠢᠯ᠎ᠠ᠃ ᠭᠡᠬᠦ ᠳᠡᠭᠡᠨ ᠰᠡᠳᠬᠦᠯᠴᠢ ᠬᠦᠮᠦᠨ ᠦ ᠬᠤᠪᠢ ᠳᠤ᠂ ᠡᠳᠦᠷ ᠲᠤᠲᠤᠮ ᠤᠨ ᠰᠣᠨᠢᠨ ᠭᠡᠳᠡᠭ ᠪᠣᠯ ᠰᠡᠳᠬᠦᠯᠴᠢ ᠬᠦᠮᠦᠨ ᠦ᠂ ᠲᠡᠷᠡ ᠳᠤᠮᠳᠠ ᠪᠠᠨ ᠰᠣᠨᠢᠨ ᠤ ᠰᠡᠳᠬᠦᠯᠴᠢ ᠶᠢᠨ ᠵᠠᠪᠠᠯ ᠠᠵᠢᠯᠯᠠᠬᠤ ᠶᠣᠰᠣᠲᠠᠢ ᠭᠠᠵᠠᠷ ᠭᠡᠵᠦ ᠰᠡᠳᠬᠢᠯ ᠳᠡᠭᠡᠨ ᠪᠣᠳᠣᠵᠤ ᠶᠠᠪᠤᠳᠠᠭ ᠪᠠᠶᠢᠭᠰᠠᠨ᠃ ᠬᠡᠳᠦᠢ ᠪᠡᠷ ᠰᠦᠷᠳᠡᠵᠦ ᠪᠠᠶᠢᠭᠰᠠᠨ ᠴᠤ ᠴᠢᠳᠠᠯ ᠢᠶᠠᠨ ᠦᠵᠡᠶ᠎ᠡ ᠭᠡᠵᠦ ᠪᠣᠳᠣᠭᠠᠳ 《ᠠᠷᠠᠳ ᠤᠨ ᠡᠷᠬᠡ》 ᠰᠣᠨᠢᠨ ᠤ ᠬᠠᠷᠢᠭᠤᠴᠠᠯᠭ᠎ᠠ ᠲᠠᠢ ᠨᠠᠷᠢᠨ ᠪᠢᠴᠢᠭ ᠦᠨ ᠳᠠᠷᠤᠭ᠎ᠠ ᠭᠡᠳᠡᠭ ᠲᠣᠮᠤ ᠠᠯᠪᠠ ᠶᠢ ᠬᠦᠯᠢᠶᠡᠨ ᠠᠪᠤᠭᠰᠠᠨ᠃ ᠰᠣᠨᠢᠨ ᠮᠠᠨᠢ ᠴᠤ ᠰᠢᠨ᠎ᠡ᠂ ᠬᠦᠮᠦᠰ ᠮᠠᠨᠢ ᠴᠤ ᠰᠢᠨ᠎ᠡ ᠪᠠᠶᠢᠭᠰᠠᠨ ᠤᠴᠢᠷ ᠠᠴᠠ ᠡᠬᠢᠨ ᠦ ᠬᠡᠳᠦᠨ ᠳ᠋ᠤᠭᠠᠷ ᠢ ᠶᠡᠬᠡ ᠯᠠ ᠵᠦᠳᠡᠷᠡᠵᠦ ᠬᠢᠭᠰᠡᠨ ᠰᠠᠨᠠᠭᠳᠠᠳᠠᠭ ᠶᠤᠮ᠃ 《ᠠᠷᠠᠳ ᠤᠨ ᠡᠷᠬᠡ》 ᠰᠣᠨᠢᠨ ᠮᠠᠨᠢ ᠡᠮᠦᠨ᠎ᠡ 1924 ᠣᠨ᠂ 1991 ᠣᠨ ᠳᠤ ᠲᠥᠷᠥ ᠶᠢᠨ ᠬᠡᠪᠯᠡᠯ ᠨᠡᠷᠡᠲᠡᠢ ᠪᠡᠷ ᠭᠠᠷᠴᠤ ᠪᠠᠶᠢᠭᠰᠠᠨ᠂ ᠲᠡᠦᠬᠡ ᠲᠡᠢ ᠰᠣᠨᠢᠨ᠃ ᠮᠣᠩᠭᠣᠯ ᠤᠯᠤᠰ ᠠᠷᠠᠳᠴᠢᠯᠠᠭᠰᠠᠨ ᠨᠡᠶᠢᠭᠡᠮ ᠳᠦ ᠰᠢᠯᠵᠢᠭᠡᠳ ᠲᠥᠷᠥ ᠶᠢᠨ ᠬᠡᠪᠯᠡᠯ ᠨᠡᠷᠡᠲᠡᠢ ᠪᠡᠷ ᠭᠠᠷᠴᠤ ᠪᠠᠶᠢᠭᠠᠳ 1998 ᠣᠨ ᠳᠤ ᠪᠠᠲᠤᠯᠠᠭᠳᠠᠭᠰᠠᠨ ᠬᠡᠪᠯᠡᠯ ᠦᠨ ᠡᠷᠬᠡ ᠴᠢᠯᠦᠭᠡᠨ ᠦ ᠦᠨᠳᠦᠰᠦᠨ ᠵᠢᠭᠠᠯᠲᠠ ᠪᠣᠯᠬᠤ ᠲᠥᠷᠥ ᠡᠴᠡ ᠠᠯᠢᠪᠠ ᠬᠡᠪᠯᠡᠯ ᠮᠡᠳᠡᠭᠡᠯᠡᠯ ᠦᠨ ᠬᠡᠷᠡᠭᠰᠡᠯ ᠢ ᠰᠠᠩᠬᠦᠵᠢᠭᠦᠯᠬᠦ ᠦᠭᠡᠢ ᠭᠡᠰᠡᠨ ᠦ ᠳᠠᠭᠠᠭᠤ 1999 ᠣᠨ ᠳᠤ ᠬᠠᠭᠠᠭᠳᠠᠭᠰᠠᠨ ᠪᠠᠶᠢᠳᠠᠭ᠃ ᠢᠩᠭᠢᠬᠦ ᠳᠡᠭᠡᠨ ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠳᠠᠭᠠᠭᠤ ᠲᠤᠰ ᠰᠣᠨᠢᠨ ᠤ ᠨᠡᠷ᠎ᠡ ᠶᠢ ᠬᠡᠨ ᠨᠢᠭᠡᠨ ᠡᠲᠡᠭᠡᠳ ᠲᠠᠪᠤᠨ ᠵᠢᠯ ᠨᠡᠷ᠎ᠡ ᠶᠢ ᠨᠢ ᠠᠰᠢᠭᠯᠠᠬᠤ ᠶᠢ ᠬᠣᠷᠢᠭᠯᠠᠭᠰᠠᠨ ᠶᠤᠮ᠃ ᠡᠨᠡ ᠬᠤᠭᠤᠴᠠᠭ᠎ᠠ 2004 ᠣᠨ ᠳᠤ ᠳᠠᠭᠤᠰᠴᠤ᠂ ᠲᠤᠬᠠᠢ ᠶᠢᠨ ᠦᠶ᠎ᠡ ᠶᠢᠨ ᠮᠠᠨᠠᠶ ᠬᠥᠷᠥᠩᠭᠡ ᠣᠷᠣᠭᠤᠯᠤᠭᠴᠢᠳ ᠨᠡᠷ᠎ᠡ ᠶᠢ ᠠᠪᠴᠤ᠂ 《ᠠᠷᠠᠳ ᠤᠨ ᠡᠷᠬᠡ》 ᠰᠣᠨᠢᠨ ᠮᠠᠨᠢ ᠭᠠᠷᠴᠤ ᠡᠬᠢᠯᠡᠭᠰᠡᠨ᠃ ᠡᠨᠡ 10 ᠵᠢᠯ ᠦᠨ ᠬᠤᠭᠤᠴᠠᠭᠠᠨ ᠳᠤ ᠡᠳᠦᠷ ᠲᠤᠲᠤᠮ ᠤᠨ 《ᠠᠷᠠᠳ ᠤᠨ ᠡᠷᠬᠡ》 ᠰᠣᠨᠢᠨ᠂ ᠮᠥᠨ ᠮᠡᠳᠡᠭᠡᠯᠡᠯ ᠦᠨ www.news.mn ᠰᠠᠶᠢᠲ ᠢ ᠥᠯᠥᠭᠡᠶᠢᠳᠡᠨ ᠠᠪᠴᠠᠢ᠃ ᠲᠡᠶᠢᠮᠦ ᠡᠴᠡ ᠥᠩᠭᠡᠷᠡᠭᠰᠡᠨ 10 ᠵᠢᠯ ᠢᠶᠡᠨ ᠪᠢ ᠮᠢᠨᠦ ᠬᠤᠪᠢ ᠳᠤ ᠶᠡᠬᠡ ᠥᠭᠡᠷᠡᠴᠢᠯᠡᠯᠲᠡ ᠶᠢᠨ ᠵᠢᠯ ᠦᠳ ᠪᠠᠶᠢᠵᠠᠢ ᠭᠡᠵᠦ ᠪᠣᠳᠣᠳᠠᠭ᠃

- News ᠠᠭᠧᠨᠲᠯᠢᠭ᠋ ᠢ www.news.mn ᠰᠠᠶᠢᠲ ᠦᠭᠡᠢ ᠪᠡᠷ ᠲᠥᠰᠥᠭᠡᠯᠡᠬᠦ ᠠᠷᠭ᠎ᠠ ᠦᠭᠡᠢ᠃ ᠡᠨᠡ ᠰᠠᠶᠢᠲ ᠮᠠᠨᠢ ᠥᠨᠥᠳᠥᠷ ᠬᠡᠪᠯᠡᠯ ᠮᠡᠳᠡᠭᠡᠯᠡᠯ ᠦᠨ ᠰᠠᠯᠪᠤᠷᠢ ᠶᠢᠨ ᠨᠢᠭᠡ ᠪᠷᠧᠨᠳ᠋ ᠪᠣᠯᠲᠠᠯ᠎ᠠ ᠪᠠᠨ ᠥᠰᠴᠢ ᠬᠥᠭᠵᠢᠵᠡᠢ᠃ www.news.mn ᠍ ᠤᠨ ᠠᠮᠵᠢᠯᠲᠠ ᠶᠠᠭᠤᠨ ᠳᠠᠭᠠᠨ ᠪᠠᠶᠢᠭᠰᠠᠨ ᠭᠡᠵᠦ ᠪᠣᠳᠣᠳᠠᠭ ᠪᠤᠢ⁈

- ᠣᠨ᠋ᠯᠠᠶᠢᠨ ᠮᠧᠳᠢᠶ᠎ᠠ ᠭᠡᠳᠡᠭ ᠪᠣᠯ ᠳᠡᠯᠡᠬᠡᠢ ᠨᠡᠶᠢᠲᠡ ᠶᠢᠨ ᠰᠡᠳᠬᠦᠯ ᠵᠦᠢ ᠶᠢᠨ ᠬᠥᠭᠵᠢᠯ ᠦᠨ ᠰᠢᠨ᠎ᠡ ᠬᠠᠨᠳᠤᠯᠭ᠎ᠠ ᠪᠠᠶᠢᠭᠰᠠᠨ᠃ ᠡᠨᠡ ᠬᠠᠨᠳᠤᠯᠭ᠎ᠠ ᠪᠠᠷᠠᠭᠤᠨ ᠳᠤ ᠢᠳᠡ ᠬᠦᠴᠦ ᠪᠡᠨ ᠠᠪᠴᠤ ᠪᠠᠶᠢᠬᠤ ᠦᠶ᠎ᠡ ᠳᠦ ᠪᠢᠳᠡ ᠡᠨᠡ ᠵᠠᠬ᠎ᠠ ᠵᠡᠭᠡᠯᠢ ᠦᠷᠦᠭᠦᠦ ᠣᠷᠣᠭᠰᠠᠨ᠃ ᠪᠢᠳᠡᠨ ᠦ ᠠᠷᠤ ᠠᠴᠠ ᠣᠯᠠᠨ ᠴᠤ ᠬᠦᠮᠦᠨ ᠪᠠᠰᠠ ᠳᠠᠭᠠᠭᠰᠠᠨ᠃ ᠭᠡᠬᠦ ᠳᠡᠭᠡᠨ ᠮᠠᠨᠠᠶᠢᠬᠢ ᠰᠢᠭ᠋ ᠠᠮᠵᠢᠯᠲᠠ ᠣᠯᠤᠭᠰᠠᠨ ᠨᠢ ᠴᠥᠭᠡᠨ᠃ ᠡᠭᠦᠨ ᠢ ᠪᠢ ᠬᠡᠳᠦ ᠬᠡᠳᠦᠨ ᠵᠦᠢᠯ ᠲᠡᠢ ᠬᠣᠯᠪᠣᠵᠤ ᠲᠠᠶᠢᠯᠪᠤᠷᠢᠯᠠᠬᠤ ᠶᠢ ᠬᠦᠰᠡᠳᠡᠭ᠃ ᠨᠢᠭᠡᠳᠦᠭᠡᠷ ᠲᠦ᠂ ᠡᠨᠡ ᠰᠠᠶᠢᠲ ᠢ 《ᠠᠷᠠᠳ ᠤᠨ ᠡᠷᠬᠡ》 ᠰᠣᠨᠢᠨ ᠤ ᠮᠡᠷᠭᠡᠵᠢᠯ ᠦᠨ ᠪᠠᠭ ᠲᠤ ᠲᠤᠯᠭᠠᠭᠤᠷᠢᠯᠠᠵᠤ ᠪᠤᠢ ᠪᠣᠯᠭᠠᠭᠰᠠᠨ᠃ ᠬᠣᠶᠠᠳᠤᠭᠠᠷ ᠲᠤ᠂ ᠵᠠᠬ᠎ᠠ ᠵᠡᠭᠡᠯᠢ ᠳᠦ ᠲᠦᠷᠦᠭᠦᠯᠡᠨ᠂ ᠠᠮᠵᠢᠵᠤ ᠪᠠᠶᠢᠷᠢᠰᠢᠵᠤ ᠴᠢᠳᠠᠭᠰᠠᠨ᠃ ᠭᠤᠷᠪᠠᠳᠤᠭᠠᠷ ᠲᠤ᠂ ᠬᠡᠷᠡᠭᠯᠡᠭᠴᠢ ᠶᠢ ᠲᠠᠲᠠᠬᠤ ᠰᠢᠨ᠎ᠡ ᠡᠯᠧᠮᠧᠨᠲ ᠢ ᠪᠤᠰᠤᠳ ᠥᠷᠢᠰᠦᠯᠳᠦᠭᠴᠢ ᠡᠴᠡᠭᠡᠨ ᠲᠦᠷᠦᠭᠦᠯᠡᠵᠦ ᠰᠠᠨᠠᠯ ᠪᠣᠯᠭᠠᠵᠤ ᠴᠢᠳᠠᠭᠰᠠᠨ᠃ ᠰᠠᠶᠢᠲ ᠮᠠᠨᠢ 2007 ᠣᠨ ᠤ ᠠᠷᠪᠠᠨ ᠨᠢᠭᠡᠳᠦᠭᠡᠷ ᠰᠠᠷ᠎ᠠ ᠳᠤ ᠠᠯᠪᠠᠨ ᠶᠣᠰᠣᠨ ᠤ ᠨᠡᠭᠡᠭᠡᠯᠲᠡ ᠪᠡᠨ 《ᠰᠧᠦᠯ》 ᠷᠧᠰᠲᠣᠷᠠᠨ ᠳᠤ ᠬᠢᠭᠰᠡᠨ᠃ 《ᠰᠧᠦᠯ》 ᠷᠧᠰᠲᠣᠷᠠᠨ ᠤ ᠽᠠᠯ ᠳᠤ ᠲᠣᠮᠤ ᠳᠡᠯᠭᠡᠴᠡ ᠪᠠᠶᠢᠷᠢᠯᠠᠭᠤᠯᠤᠭᠠᠳ ᠲᠡᠨᠳᠡ ᠪᠣᠯᠵᠤ ᠪᠠᠶᠢᠭ᠎ᠠ ᠨᠡᠭᠡᠭᠡᠯᠲᠡ ᠶᠢᠨ ᠮᠡᠳᠡᠭᠡ ᠶᠢ ᠵᠢᠷᠤᠭ ᠲᠠᠢ ᠪᠠᠷ ᠣᠷᠣᠭᠤᠯᠵᠤ᠂ ᠤᠷᠢᠭᠳᠠᠭᠰᠠᠨ ᠬᠦᠮᠦᠰ ᠲᠡᠭᠡᠨ ᠬᠠᠷᠠᠭᠤᠯᠵᠤ ᠪᠠᠶᠢᠭᠰᠠᠨ ᠶᠤᠮ᠃ ᠣᠳᠤ ᠪᠣᠳᠣᠬᠤ ᠳᠤ ᠮᠡᠳᠡᠭᠡ ᠶᠢ ᠲᠡᠭᠡᠵᠦ ᠰᠢᠭᠤᠷᠬᠠᠢ ᠣᠷᠣᠭᠤᠯᠤᠨ᠎ᠠ ᠭᠡᠳᠡᠭ ᠢᠨᠢᠶᠡᠳᠦᠮ ᠲᠡᠢ ᠳᠠᠮᠰᠢᠭ ᠶᠤᠮ ᠰᠢᠭ ᠪᠣᠯᠪᠠᠴᠤ ᠲᠤᠬᠠᠢ ᠶᠢᠨ ᠦᠶ᠎ᠡ ᠳᠡᠭᠡᠨ ᠲᠧᠯᠧᠸᠢᠽ ᠦᠨ ᠰᠢᠭᠤᠳ ᠳᠠᠮᠵᠢᠭᠤᠯᠤᠯᠲᠠ ᠶᠢ ᠡᠰᠡ ᠲᠣᠭᠠᠴᠠᠪᠠᠯ ᠮᠡᠳᠡᠭᠡᠯᠡᠯ ᠢ ᠲᠡᠶᠢᠮᠦ ᠰᠢᠭᠤᠷᠬᠠᠢ ᠳᠠᠮᠵᠢᠭᠤᠯᠳᠠᠭ ᠦᠭᠡᠢ ᠪᠠᠶᠢᠯ᠎ᠠ᠃ ᠡᠳᠦᠷ ᠲᠤᠲᠤᠮ ᠤᠨ ᠰᠣᠨᠢᠨ ᠭᠡᠳᠡᠭ ᠠᠮᠠᠷ ᠬᠥᠳᠡᠯᠮᠦᠷᠢ ᠪᠢᠰᠢ᠃ ᠡᠳᠦᠷ ᠲᠤᠲᠤᠮ ᠤᠨ ᠰᠣᠨᠢᠨ ᠬᠢᠵᠦ ᠪᠠᠶᠢᠭ᠎ᠠ ᠬᠦᠮᠦᠰ ᠢᠶᠡᠷ ᠴᠠᠭ ᠮᠢᠨᠦ᠋ᠲ ᠲᠤᠲᠤᠮ ᠰᠢᠨᠡᠴᠢᠯᠡᠭᠳᠡᠳᠡᠭ ᠰᠠᠶᠢᠲ ᠲᠤ ᠳᠠᠪᠬᠤᠷ ᠮᠡᠳᠡᠭᠡ᠂ ᠰᠤᠷᠪᠤᠯᠵᠢᠯᠠᠭ᠎ᠠ ᠪᠡᠯᠡᠳᠬᠡᠭᠦᠯᠦᠨ᠎ᠡ ᠭᠡᠳᠡᠭ ᠠᠮᠠᠷ ᠠᠵᠢᠯ ᠪᠢᠰᠢ ᠪᠠᠶᠢᠯ᠎ᠠ᠃ ᠠᠵᠢᠯ ᠤᠨ ᠠᠴᠢᠶᠠᠯᠠᠯ ᠢ ᠴᠠᠯᠢᠩ ᠢ ᠨᠢ ᠥᠰᠬᠡᠬᠦ ᠵᠠᠮ ᠢᠶᠠᠷ ᠰᠢᠢᠳᠴᠦ ᠪᠣᠯᠬᠤ ᠴᠤ ᠰᠡᠳᠬᠢᠯ ᠵᠦᠢ ᠶᠢᠨ ᠪᠠᠷᠧᠷ ᠢ ᠳᠠᠪᠠᠨ᠎ᠠ ᠭᠡᠳᠡᠭ ᠴᠠᠭ ᠬᠤᠭᠤᠴᠠᠭ᠎ᠠ ᠱᠠᠭᠠᠷᠳᠠᠭᠰᠠᠨ ᠠᠵᠢᠯ ᠪᠠᠶᠢᠭᠰᠠᠨ᠃ ᠭᠡᠰᠡᠨ ᠴᠤ ᠪᠢᠳᠡ ᠴᠠᠭ ᠦᠶ᠎ᠡ ᠲᠡᠶᠢᠭᠡᠨ ᠬᠥᠯ ᠨᠡᠶᠢᠯᠡᠵᠦ ᠠᠯᠬᠤᠶ᠎ᠠ ᠭᠡᠪᠡᠯ᠂ ᠢᠷᠡᠭᠡᠳᠦᠢ ᠳᠡᠭᠡᠨ ᠢᠲᠡᠭᠡᠯᠲᠡᠢ ᠰᠠᠶᠢᠬᠠᠨ ᠠᠮᠢᠳᠤᠷᠠᠶ᠎ᠠ ᠭᠡᠪᠡᠯ ᠡᠨᠡ ᠰᠣᠩᠭᠣᠯᠲᠠ ᠶᠢ ᠬᠢᠬᠦ ᠡᠴᠡ ᠥᠭᠡᠷ᠎ᠡ ᠠᠷᠭ᠎ᠠ ᠦᠭᠡᠢ ᠭᠡᠳᠡᠭ ᠰᠤᠷᠲᠠᠯ ᠤᠬᠠᠭᠤᠯᠭ᠎ᠠ ᠶᠢ ᠪᠠᠶᠢᠩᠭᠤ ᠬᠢᠵᠦ ᠪᠠᠶᠢᠭᠰᠠᠨ ᠰᠠᠨᠠᠭᠳᠠᠳᠠᠭ᠃ ᠪ᠊∙ ᠲᠡᠮᠡᠦᠯᠦᠨ ᠡᠷᠬᠢᠯᠡᠭᠴᠢ ᠪᠢᠳᠡ ᠬᠣᠶᠠᠷ ᠨᠥᠬᠥᠴᠡᠯ ᠪᠠᠶᠢᠳᠠᠯ ᠳᠤ ᠲᠠᠭᠠᠷᠠᠭᠤᠯᠤᠨ ᠬᠦᠮᠦᠰ ᠢᠶᠡᠨ ᠰᠣᠨᠢᠨ᠂ ᠰᠠᠶᠢᠲ ᠭᠡᠵᠦ ᠨᠢᠭᠡ ᠨᠡᠶᠢᠯᠡᠭᠦᠯᠵᠦ᠂ ᠨᠢᠭᠡ ᠰᠠᠯᠭᠠᠵᠤ᠂ ᠶᠠᠩᠵᠤ ᠶᠠᠩᠵᠤ ᠪᠠᠷ ᠯᠠ ᠲᠤᠷᠰᠢᠵᠤ ᠦᠵᠡᠭᠰᠡᠨ᠃ ᠡᠳᠡ ᠮᠠᠨᠢ ᠴᠤ ᠳᠠᠭᠤᠭᠦᠶᠢᠬᠡᠨ ᠪᠢᠳᠡᠨ ᠳᠦ ᠢᠲᠡᠭᠡᠭᠡᠳ ᠲᠤᠷᠰᠢᠭᠳᠠᠭᠠᠳ ᠶᠠᠪᠤᠵᠤ ᠪᠠᠶᠢᠭᠰᠠᠨ ᠳᠤ ᠪᠠᠶᠠᠷᠯᠠᠳᠠᠭ᠃ ᠪᠠᠷᠠᠭᠤᠨ ᠳᠤ ᠴᠤ ᠭᠡᠰᠡᠨ ᠷᠧᠳᠠᠻᠼᠢ ᠨᠤᠭᠤᠳ ᠨᠢ ᠣᠨ᠋ᠯᠠᠶᠢᠨ ᠬᠡᠯᠪᠡᠷᠢ ᠪᠡᠨ ᠡᠬᠢᠯᠡᠭᠦᠯᠬᠦ ᠳᠡᠭᠡᠨ ᠮᠠᠨᠠᠶᠢᠬᠢ ᠰᠢᠭ᠋ ᠢᠩᠭᠢᠵᠦ ᠲᠤᠷᠰᠢᠵᠤ ᠪᠠᠶᠢᠭᠰᠠᠨ ᠲᠤᠬᠠᠢ ᠰᠠᠶ᠋ᠢᠬᠠᠨ ᠤᠩᠰᠢᠭᠰᠠᠨ᠃

- ᠣᠨ᠋ᠯᠠᠶᠢᠨ ᠪᠣᠯᠤᠨ ᠰᠣᠨᠢᠨ ᠤ ᠰᠡᠳᠬᠦᠯ ᠵᠦᠢ ᠳᠦ ᠢᠯᠭᠠᠭ᠎ᠠ ᠪᠤᠢ ᠤᠤ⁈

- ᠡᠨᠡ ᠠᠰᠠᠭᠤᠯᠲᠠ ᠶᠢ ᠬᠦᠮᠦᠰ ᠶᠡᠬᠡ ᠠᠰᠠᠭᠤᠳᠠᠭ᠃ ᠭᠣᠣᠯ ᠵᠠᠷᠴᠢᠮ ᠪᠣᠯ ᠢᠵᠢᠯ᠃ ᠪᠣᠳᠠᠲᠠᠢ᠂ ᠨᠢᠭᠲᠠ ᠨᠢᠮᠪᠠᠢ᠂ ᠰᠢᠭᠤᠷᠬᠠᠢ ᠮᠡᠳᠡᠭᠡᠯᠡᠬᠦ᠃ ᠭᠠᠭᠴᠠᠬᠦ ᠣᠨ᠋ᠯᠠᠶᠢᠨ ᠰᠡᠳᠬᠦᠯ ᠵᠦᠢ ᠰᠡᠳᠬᠦᠯᠴᠢ ᠡᠴᠡ ᠢᠯᠡᠭᠦᠦ ᠣᠯᠠᠨ ᠲᠠᠯ᠎ᠠ ᠶᠢᠨ ᠴᠢᠳᠠᠪᠤᠷᠢᠲᠠᠢ ᠪᠠᠶᠢᠬᠤ ᠶᠢ ᠱᠠᠭᠠᠷᠳᠠᠵᠤ ᠪᠠᠶᠢᠨ᠎ᠠ᠃ ᠮᠡᠳᠡᠭᠡᠯᠡᠬᠦ ᠡᠴᠡ ᠭᠠᠳᠠᠨ᠎ᠠ᠂ ᠵᠢᠷᠤᠭ ᠢᠶᠠᠨ ᠠᠪᠴᠢᠬᠠᠳᠠᠭ ᠪᠠᠶᠢᠬᠤ᠂ ᠸᠢᠳᠧᠣ᠋ ᠬᠡᠯᠪᠡᠷᠢ ᠪᠡᠷ ᠣᠷᠣᠭᠤᠯᠳᠠᠭ ᠪᠠᠶᠢᠬᠤ᠂ ᠪᠠᠰᠠ ᠣᠯᠠᠨ ᠨᠡᠶᠢᠲᠡ ᠶᠢᠨ ᠴᠠᠬᠢᠮ ᠰᠦᠯᠵᠢᠶ᠎ᠡ ᠪᠡᠷ ᠴᠠᠴᠠᠳᠠᠭ ᠪᠠᠶᠢᠬᠤ ᠶᠢ ᠱᠠᠭᠠᠷᠳᠠᠵᠤ ᠪᠠᠶᠢᠨ᠎ᠠ᠃ ᠢᠩᠭᠢᠵᠦ ᠬᠥᠷᠪᠡᠵᠦ ᠴᠢᠳᠠᠭᠰᠠᠨ ᠨᠢ ᠯᠠ ᠵᠠᠬ᠎ᠠ ᠵᠡᠭᠡᠯᠢ ᠳᠦ ᠲᠡᠰᠴᠦ ᠦᠯᠡᠳᠡᠨ᠎ᠡ᠃ ᠣᠨ᠋ᠯᠠᠶᠢᠨ ᠮᠧᠳᠢᠶ᠎ᠠ ᠤᠯᠠᠮᠵᠢᠯᠠᠯᠲᠤ ᠮᠧᠳᠢᠶ᠎ᠠ ᠶᠢ ᠥᠭᠡᠷᠡᠴᠢᠯᠡᠵᠦ ᠪᠠᠶᠢᠨ᠎ᠠ ᠭᠡᠵᠦ ᠪᠢ ᠦᠵᠡᠳᠡᠭ᠃ ᠵᠥᠪᠬᠡᠨ ᠰᠡᠳᠬᠦᠯᠴᠢ ᠲᠡᠳᠦᠢ ᠦᠭᠡᠢ᠂ ᠤᠳᠤᠷᠢᠳᠬᠤ ᠠᠵᠢᠯᠲᠠᠨ ᠨᠤᠭᠤᠳ ᠤᠨ ᠬᠠᠨᠳᠤᠯᠭ᠎ᠠ᠂ ᠰᠡᠳᠬᠢᠯᠭᠡ ᠶᠢ ᠴᠤ ᠥᠭᠡᠷᠡᠴᠢᠯᠡᠵᠦ ᠪᠠᠶᠢᠨ᠎ᠠ᠃ ᠳ᠋ᠢᠵᠢᠲ᠋ᠠᠯ ᠡᠷᠢᠨ ᠳᠦ ᠬᠡᠪᠯᠡᠯ ᠮᠡᠳᠡᠭᠡᠯᠡᠯ ᠦᠨ ᠪᠠᠶᠢᠭᠤᠯᠤᠯᠭ᠎ᠠ ᠶᠢ ᠤᠳᠤᠷᠢᠳᠬᠤ ᠶᠢᠨ ᠲᠤᠯᠠᠳᠠ ᠰᠠᠯᠪᠤᠷᠢ ᠶᠢᠨ ᠮᠡᠳᠡᠯᠭᠡ᠂ ᠮᠧᠨᠧᠵᠧᠷ ᠦᠨ ᠴᠢᠳᠠᠪᠤᠷᠢ ᠠᠴᠠ ᠭᠠᠳᠠᠨ᠎ᠠ ᠲᠧᠭᠨᠢᠭ᠂ ᠲᠧᠭᠨᠣᠯᠣᠭᠢ ᠶᠢᠨ ᠲᠠᠯ᠎ᠠ ᠪᠠᠷ ᠥᠨᠳᠥᠷ ᠮᠡᠳᠡᠯᠭᠡ ᠲᠡᠢ ᠪᠠᠶᠢᠬᠤ ᠬᠡᠷᠡᠭᠲᠡᠢ ᠪᠣᠯᠵᠤ ᠪᠠᠶᠢᠨ᠎ᠠ᠃ ᠭᠡᠬᠦ ᠳᠡᠭᠡᠨ ᠴᠠᠭᠠᠰᠤᠨ ᠬᠡᠪᠯᠡᠯ ᠤᠰᠠᠳᠤᠨ᠎ᠠ ᠭᠡᠵᠦ ᠶᠠᠷᠢᠳᠠᠭ ᠬᠦᠮᠦᠰ ᠦᠨ ᠦᠭᠡᠨ ᠳᠦ ᠢᠲᠡᠭᠡᠳᠡᠭ ᠦᠭᠡᠢ᠃ ᠴᠠᠭᠠᠰᠤᠨ ᠬᠡᠪᠯᠡᠯ ᠢ ᠭᠠᠷ ᠲᠠᠭᠠᠨ ᠪᠠᠷᠢᠭᠠᠳ᠂ ᠬᠦᠰᠡᠭᠰᠡᠨ ᠢᠶᠡᠷ ᠢᠶᠡᠨ ᠨᠤᠭᠤᠯᠤᠭᠠᠳ᠂ ᠬᠠᠮᠢᠭ᠎ᠠ ᠴᠤ ᠬᠠᠮᠢᠶ᠎ᠠ ᠦᠭᠡᠢ ᠠᠪᠴᠤ ᠶᠠᠪᠤᠭᠠᠳ ᠤᠩᠰᠢᠨ᠎ᠠ ᠭᠡᠳᠡᠭ ᠪᠣᠯ ᠨᠢᠭᠡ ᠲᠥᠷᠥᠯ ᠦᠨ ᠻᠠᠶᠢᠹ᠃ ᠥᠷᠯᠥᠭᠡ ᠠᠵᠢᠯ ᠳᠡᠭᠡᠷ᠎ᠡ ᠪᠡᠨ ᠢᠷᠡᠭᠡᠳ ᠰᠣᠨᠢᠨ ᠤ ᠰᠢᠨᠡᠬᠡᠨ ᠳ᠋ᠤᠭᠠᠷ ᠤᠳ ᠢ ᠡᠷᠭᠢᠭᠦᠯᠦᠭᠡᠳ ᠤᠩᠰᠢᠬᠤ ᠪᠣᠯ ᠲᠠᠭᠠᠰᠢᠶᠠᠯ᠃ ᠣᠳᠤ ᠶᠢᠨ ᠬᠡᠦᠬᠡᠳ ᠦᠳ ᠻᠣᠮᠫᠢᠶᠦ᠋ᠲᠧᠷ ᠦᠨ᠂ ᠭᠠᠷ ᠤᠲᠠᠰᠤᠨ ᠤ᠂ ᠲᠠᠪᠯᠧᠲ ᠤᠨ ᠳᠡᠯᠭᠡᠴᠡ ᠡᠴᠡ ᠮᠡᠳᠡᠭᠡᠯᠡᠯ ᠠᠪᠴᠤ ᠪᠠᠶᠢᠨ᠎ᠠ᠃ ᠮᠠᠭᠠᠳ ᠦᠭᠡᠢ ᠴᠠᠭᠠᠰᠤᠨ ᠳᠡᠭᠡᠷ᠎ᠡ ᠬᠡᠪᠯᠡᠭᠰᠡᠨ ᠵᠦᠢᠯ ᠡᠴᠡ ᠮᠡᠳᠡᠭᠡᠯᠡᠯ ᠠᠪᠴᠤ ᠥᠰᠦᠭᠡᠳᠦᠶ ᠡᠨᠡ ᠦᠶ᠎ᠡ ᠥᠰᠴᠦ ᠥᠨᠳᠡᠶᠢᠬᠦ ᠦᠶ᠎ᠡ ᠳᠦ ᠪᠠᠶᠢᠳᠠᠯ ᠥᠭᠡᠷ᠎ᠡ ᠪᠣᠯᠵᠤ ᠮᠠᠭᠠᠳ ᠦᠭᠡᠢ ᠯᠠ ᠶᠤᠮ᠃

- ᠠᠭᠧᠨᠲᠯᠢᠭ᠋ ᠭᠡᠳᠡᠭ ᠠᠷᠠᠢ ᠠᠮᠪᠢᠼᠢ ᠲᠠᠢ ᠨᠡᠷ᠎ᠡ ᠪᠢᠰᠢᠦ⁈

- ᠪᠢᠳᠡ ᠮᠡᠳᠡᠭᠡᠯᠡᠯ ᠦᠨ ᠵᠠᠬ᠎ᠠ ᠵᠡᠭᠡᠯᠢ ᠳᠦ ᠪᠦᠬᠦᠢ ᠯᠠ ᠲᠠᠯ᠎ᠠ ᠪᠠᠷ ᠥᠷᠢᠰᠦᠯᠳᠦᠨ᠎ᠡ ᠭᠡᠰᠡᠨ ᠬᠣᠯᠠ ᠶᠢᠨ ᠵᠣᠷᠢᠯᠭ᠎ᠠ ᠶᠢᠨ ᠡᠭᠦᠳᠡᠨ ᠡᠴᠡ ᠠᠭᠧᠨᠲᠯᠢᠭ᠋ ᠭᠡᠳᠡᠭ ᠢ ᠰᠣᠩᠭᠣᠭᠰᠠᠨ᠃ ᠡᠳᠦᠷ ᠲᠤᠲᠤᠮ ᠤᠨ ᠪᠦᠬᠦ ᠲᠥᠷᠥᠯ ᠦᠨ ᠮᠡᠳᠡᠭᠡ᠂ ᠭᠡᠷᠡᠯ ᠵᠢᠷᠤᠭ᠂ ᠸᠢᠳᠧᠣ᠋ ᠮᠡᠳᠡᠭᠡ᠂ ᠴᠠᠭᠠᠰᠢᠯᠠᠭᠠᠳ ᠲᠧᠯᠧᠸᠢᠽ ᠦᠨ ᠰᠤᠪᠠᠭ ᠲᠠᠢ ᠪᠠᠶᠢᠨ᠎ᠠ ᠭᠡᠰᠡᠨ ᠵᠣᠷᠢᠯᠭ᠎ᠠ ᠪᠢᠳᠡᠨ ᠳᠦ ᠪᠤᠢ᠃ ᠨᠢᠭᠡ ᠦᠶ᠎ᠡ ᠪᠡᠨ ᠪᠣᠳᠣᠪᠠᠯ ᠮᠣᠩᠭᠣᠯ ᠳᠤ ᠪᠦᠬᠦ ᠵᠦᠢᠯ ᠪᠠᠶᠢᠷᠢ ᠪᠠᠨ ᠤᠯᠬᠤ ᠴᠢᠭ ᠬᠠᠨᠳᠤᠯᠭ᠎ᠠ ᠤᠷᠤᠭᠤ ᠣᠷᠣᠵᠤ ᠪᠠᠶᠢᠨ᠎ᠠ᠃ ᠵᠠᠬ᠎ᠠ ᠵᠡᠭᠡᠯᠢ ᠶᠢᠨ ᠴᠢᠭ ᠬᠠᠨᠳᠤᠯᠭ᠎ᠠ᠂ ᠬᠡᠷᠡᠭᠯᠡᠭᠴᠢ ᠶᠢᠨ ᠲᠥᠯᠥᠪ ᠪᠠᠶᠢᠳᠠᠯ ᠠᠴᠠ ᠬᠠᠮᠢᠶᠠᠷᠴᠤ ᠴᠠᠭᠠᠰᠢᠳᠠ ᠪᠠᠨ ᠬᠡᠪᠯᠡᠯ ᠦᠨ ᠵᠠᠬ᠎ᠠ ᠵᠡᠭᠡᠯᠢ ᠳᠦ ᠮᠣᠩᠭᠣᠯ ᠻᠣᠨᠲᠧᠨᠲ ᠦᠨ ᠬᠡᠷᠡᠭᠯᠡᠭᠡ ᠤᠯᠠᠮ ᠨᠡᠮᠡᠭᠳᠡᠨ᠎ᠡ᠃

- ᠥᠩᠭᠡᠷᠡᠭᠰᠡᠨ ᠵᠢᠯ ᠡᠴᠡ ᠳᠣᠯᠣᠭ᠎ᠠ ᠬᠣᠨᠣᠭ ᠲᠤᠲᠤᠮ ᠤᠨ ᠰᠣᠨᠢᠨ ᠬᠢᠵᠦ᠂ ᠦᠨ᠎ᠡ ᠦᠭᠡᠢ ᠲᠦᠭᠡᠭᠡᠵᠦ ᠪᠠᠶᠢᠭ᠎ᠠ ᠭᠡᠰᠡᠨ⁈

- ᠲᠡᠶᠢᠮᠦ᠃ ᠪᠢᠳᠡᠨ ᠦ ᠪᠠᠰᠠ ᠨᠢᠭᠡ ᠲᠤᠷᠰᠢᠯᠲᠠ ᠶᠢᠨ ᠨᠢᠭᠡ᠃ ᠰᠠᠶᠢᠲ ᠠᠩᠬ᠎ᠠ ᠡᠭᠦᠰᠬᠦ ᠦᠶ᠎ᠡ ᠳᠦ ᠪᠤᠶᠤ 2007-2008 ᠣᠨ ᠳᠤ 《ᠠᠷᠠᠳ ᠤᠨ ᠡᠷᠬᠡ》 ᠰᠣᠨᠢᠨ ᠮᠠᠨᠢ ᠰᠠᠶᠢᠲ ᠢᠶᠠᠨ ᠲᠡᠵᠢᠭᠡᠵᠦ ᠪᠠᠶᠢᠭᠰᠠᠨ ᠪᠣᠯ ᠶᠠᠪᠤᠭᠠᠨ ᠳᠠᠭᠠᠨ ᠪᠠᠶᠢᠷᠢ ᠨᠢ ᠥᠭᠡᠷᠡᠴᠢᠯᠡᠭᠳᠡᠵᠦ ᠰᠣᠨᠢᠨ ᠮᠠᠨᠢ ᠤᠭᠵᠢᠨ ᠤ ᠬᠡᠦᠬᠡᠳ ᠰᠢᠭ᠋ ᠪᠣᠯᠤᠭᠰᠠᠨ᠃ ᠡᠳ ᠍ ᠦᠨ ᠵᠠᠰᠠᠭ ᠤᠨ ᠦᠷ᠎ᠡ ᠠᠰᠢᠭ ᠦᠭᠡᠶ ᠪᠠᠶᠢᠭᠰᠠᠨ ᠤᠴᠢᠷ ᠠᠴᠠ ᠪᠢᠳᠡ 《ᠠᠷᠠᠳ ᠤᠨ ᠡᠷᠬᠡ》 ᠰᠣᠨᠢᠨ ᠤ 2000 ᠳᠠᠬᠢ ᠳ᠋ᠤᠭᠠᠷ ᠢ ᠭᠠᠷᠭᠠᠭᠠᠳ᠂ 2012 ᠣᠨ ᠤ ᠠᠷᠪᠠᠳᠤᠭᠠᠷ ᠰᠠᠷ᠎ᠠ ᠳᠤ ᠰᠣᠨᠢᠨ ᠢᠶᠠᠨ ᠬᠠᠭᠠᠭᠰᠠᠨ᠃ ᠮᠡᠳᠡᠭᠡᠵᠢ ᠥᠪᠡᠷᠰᠡᠳ ᠢᠶᠡᠨ ᠲᠥᠷᠦᠭᠦᠯᠵᠦ᠂ ᠥᠰᠴᠦ ᠥᠨᠳᠡᠶᠢᠯᠭᠡᠭᠰᠡᠨ ᠪᠣᠯᠬᠣᠷ ᠰᠣᠨᠢᠨ ᠢᠶᠠᠨ ᠬᠠᠭᠠᠨ᠎ᠠ ᠭᠡᠳᠡᠭ ᠬᠡᠴᠡᠭᠦᠦ ᠪᠠᠶᠢᠭᠰᠠᠨ᠃ ᠭᠡᠰᠡᠨ ᠴᠤ ᠪᠣᠳᠠᠲᠤ ᠪᠠᠶᠢᠳᠠᠯ ᠲᠠᠢ ᠡᠪᠯᠡᠷᠡᠬᠦ ᠡᠴᠡ ᠥᠭᠡᠷ᠎ᠡ ᠠᠷᠭ᠎ᠠ ᠪᠠᠶᠢᠭᠠᠳᠤᠶ᠃ ᠰᠣᠨᠢᠨ ᠢᠶᠠᠨ ᠬᠠᠭᠠᠬᠤ ᠰᠢᠢᠳᠪᠦᠷᠢ ᠪᠢᠳᠡᠨ ᠦ ᠬᠤᠪᠢ ᠳᠤ ᠬᠠᠮᠤᠭ ᠤᠨ ᠬᠦᠨᠳᠦ ᠰᠢᠢᠳᠪᠦᠷᠢ ᠪᠠᠶᠢᠭᠰᠠᠨ᠃ ᠢᠩᠭᠢᠭᠡᠳ ᠰᠣᠨᠢᠨ ᠦᠭᠡᠢ ᠬᠡᠰᠡᠭ ᠶᠠᠪᠤᠵᠤ ᠦᠵᠡᠯ᠎ᠡ᠃ ᠬᠡᠳᠦᠢ ᠪᠡᠷ ᠰᠠᠶᠢᠲ ᠲᠤ ᠮᠠᠨᠢ ᠡᠳᠦᠷ ᠲᠦ ᠮᠡᠳᠡᠭᠡ᠂ ᠰᠤᠷᠪᠤᠯᠵᠢᠯᠠᠭ᠎ᠠ᠂ ᠣᠷᠴᠢᠭᠤᠯᠭ᠎ᠠ ᠶᠢᠨ ᠮᠡᠳᠡᠭᠡ᠂ ᠭᠡᠷᠡᠯ ᠵᠢᠷᠤᠭ᠂ ᠸᠢᠳᠧᠣ᠋ ᠮᠡᠳᠡᠭᠡ ᠭᠡᠳ 150 ᠭᠠᠷᠤᠢ ᠻᠣᠨᠲᠧᠨᠲ ᠣᠷᠣᠵᠤ ᠪᠠᠶᠢᠭ᠎ᠠ ᠴᠤ ᠰᠣᠨᠢᠨ ᠢᠶᠠᠷ ᠬᠦᠮᠦᠵᠢᠭᠰᠡᠨ ᠬᠦᠮᠦᠰ ᠰᠣᠨᠢᠨ ᠢᠶᠠᠨ ᠦᠭᠡᠶᠢᠯᠡᠳᠡᠭ ᠶᠤᠮ ᠪᠢᠯᠡ᠃ ᠲᠡᠭᠡᠭᠡᠳ ᠤᠳᠠᠲᠠᠯ᠎ᠠ ᠶᠠᠷᠢᠭᠰᠠᠨ ᠤ ᠡᠴᠦᠰ ᠲᠦ ᠳᠣᠯᠣᠭ᠎ᠠ ᠬᠣᠨᠣᠭ ᠲᠤᠲᠤᠮ ᠤᠨ 《News Week》 ᠰᠣᠨᠢᠨ ᠢ ᠭᠠᠷᠭᠠᠬᠤ ᠪᠠᠷ ᠰᠢᠢᠳᠦᠭᠰᠡᠨ᠃ ᠵᠢᠯ ᠡᠴᠡ ᠵᠢᠯ ᠳᠦ ᠰᠣᠨᠢᠨ ᠤ ᠵᠠᠬᠢᠶᠠᠯᠠᠭᠴᠢ ᠶᠢᠨ ᠲᠣᠭ᠎ᠠ ᠲᠠᠰᠤᠷᠠᠯᠲᠠ ᠦᠭᠡᠢ ᠪᠠᠭᠤᠷᠠᠵᠤ ᠪᠠᠶᠢᠭ᠎ᠠ ᠨᠢ ᠮᠠᠷᠭᠤᠰᠢ ᠦᠭᠡᠢ ᠦᠨᠡᠨ᠃ ᠲᠡᠶᠢᠮᠦ ᠡᠴᠡ ᠪᠢᠳᠡ ᠵᠠᠬᠢᠶᠠᠯᠠᠭ᠎ᠠ ᠳᠤ ᠨᠠᠶᠢᠳᠠᠭᠠᠳᠤᠶ᠃ ᠲᠡᠭᠡᠭᠡᠳ ᠯᠠ ᠰᠣᠨᠢᠨ ᠢᠶᠠᠨ ᠦᠨ᠎ᠡ ᠦᠭᠡᠢ ᠲᠠᠷᠠᠭᠠᠵᠤ᠂ ᠠᠯᠢ ᠪᠣᠯᠬᠤ ᠣᠯᠠᠨ ᠬᠦᠮᠦᠨ ᠳᠦ ᠬᠦᠷᠭᠡᠶ᠎ᠡ᠂ ᠣᠯᠠᠨ ᠬᠤᠪᠢ ᠲᠠᠢ ᠪᠠᠶᠢᠵᠤ ᠭᠡᠮᠡᠨ᠎ᠡ ᠵᠠᠷ ᠰᠤᠷᠲᠠᠯᠴᠢᠯᠠᠭ᠎ᠠ ᠣᠯᠵᠤ ᠴᠢᠳᠠᠨ᠎ᠠ ᠭᠡᠵᠦ ᠪᠣᠳᠣᠭᠰᠠᠨ᠃

- 10 ᠵᠢᠯ ᠦᠨ ᠣᠢ ᠪᠠᠨ ᠬᠡᠷᠬᠢᠨ ᠲᠡᠮᠳᠡᠭᠯᠡᠬᠦ ᠭᠡᠵᠦ ᠪᠠᠶᠢᠨ᠎ᠠ᠃ ᠰᠣᠨᠢᠨ ᠰᠣᠳᠣᠨ ᠵᠦᠢᠯ ᠪᠠᠶᠢᠭ᠎ᠠ ᠤᠤ⁈

- ᠮᠡᠳᠡᠭᠡᠵᠢ 10 ᠵᠢᠯ ᠦᠨ ᠠᠵᠢᠯ ᠢᠶᠠᠨ ᠳ᠋ᠦᠩᠨᠡᠵᠦ ᠪᠠᠶᠢᠨ᠎ᠠ᠃ 《ᠠᠷᠠᠳ ᠤᠨ ᠡᠷᠬᠡ》 ᠰᠣᠨᠢᠨ ᠠᠩᠬ᠎ᠠ ᠭᠠᠷᠴᠤ ᠢᠷᠡᠭᠡᠳ 《ᠣᠨ ᠤ ᠬᠦᠮᠦᠨ》 ᠭᠡᠵᠦ ᠲᠣᠳᠣᠷᠠᠭᠤᠯᠵᠤ ᠢᠷᠡᠭᠰᠡᠨ᠃ ᠲᠤᠬᠠᠢ ᠶᠢᠨ ᠤᠯᠠᠷᠢᠵᠤ ᠪᠤᠢ ᠵᠢᠯ ᠳᠡᠭᠡᠨ ᠰᠢᠢᠳᠪᠦᠷᠢ᠂ ᠬᠡᠯᠡᠭᠰᠡᠨ ᠦᠭᠡ᠂ ᠦᠢᠯᠡᠳᠦᠯ ᠨᠢ ᠣᠯᠠᠨ ᠬᠦᠮᠦᠨ ᠳᠦ ᠨᠥᠯᠦᠭᠡᠯᠡᠭᠰᠡᠨ ᠭᠡᠳᠡᠭ ᠰᠢᠯᠭᠠᠭᠤᠷ ᠢᠶᠠᠷ ᠲᠣᠳᠣᠷᠠᠭᠤᠯᠳᠠᠭ ᠶᠤᠮ᠃ ᠥᠩᠭᠡᠷᠡᠭᠰᠡᠨ 10 ᠵᠢᠯ ᠦᠨ 《ᠣᠨ ᠤ ᠬᠦᠮᠦᠨ》 ᠢᠶᠡᠨ ᠣᠯᠠᠨ ᠳᠤ ᠲᠠᠨᠢᠭᠤᠯᠬᠤ ᠶᠢ ᠬᠦᠰᠡᠵᠦ ᠪᠠᠶᠢᠨ᠎ᠠ᠃ ᠮᠥᠨ 《News Hit》 ᠭᠡᠵᠦ ᠲᠣᠳᠣᠷᠠᠭᠤᠯᠬᠤ ᠭᠡᠵᠦ ᠪᠠᠶᠢᠨ᠎ᠠ᠃ ᠡᠨᠡ ᠨᠢ ᠬᠠᠮᠤᠭ ᠤᠨ ᠬᠠᠮᠤᠭ ᠤᠨ ᠭᠡᠰᠡᠨ ᠦᠭᠡ ᠯᠠ ᠳ᠋ᠡ᠃ ᠵᠢᠱᠢᠶ᠎ᠡ ᠨᠢ᠂ ᠮᠡᠳᠡᠭᠡᠨ ᠦ ᠬᠠᠶᠢᠯᠲᠠ ᠪᠠᠷ ᠬᠠᠮᠤᠭ ᠤᠨ ᠶᠡᠬᠡ ᠨᠡᠷ᠎ᠡ ᠨᠢ ᠬᠠᠶ᠋ᠢᠭᠳᠠᠭᠰᠠᠨ ᠬᠦᠮᠦᠨ᠂ ᠨᠡᠷ᠎ᠡ ᠨᠢ ᠣᠷᠣᠭᠰᠠᠨ ᠮᠡᠳᠡᠭᠡ ᠨᠢ ᠬᠠᠮᠤᠭ ᠤᠨ ᠶᠡᠬᠡ ᠤᠩᠰᠢᠭᠳᠠᠭᠰᠠᠨ ᠭᠡᠬᠦ ᠵᠡᠷᠭᠡ ᠰᠢᠯᠭᠠᠭᠤᠷ ᠢᠶᠠᠷ ᠰᠢᠯᠭᠠᠷᠠᠭᠤᠯᠬᠤ ᠶᠤᠮ᠃ ᠮᠥᠨ 《News Forum》 ᠭᠡᠰᠡᠨ ᠬᠡᠯᠡᠯᠴᠡᠭᠦᠯᠭᠡ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠡᠨᠡ ᠬᠡᠯᠡᠯᠴᠡᠭᠦᠯᠭᠡ ᠶᠢᠨ ᠦᠶ᠎ᠡ ᠪᠡᠷ ᠳ᠋ᠢᠵᠢᠲ᠋ᠠᠯ ᠡᠷᠢᠨ ᠳ᠋ᠡᠬᠢ ᠬᠡᠪᠯᠡᠯ ᠮᠡᠳᠡᠭᠡᠯᠡᠯ ᠦᠨ ᠣᠷᠣᠨ ᠵᠠᠢ᠂ ᠣᠨ᠋ᠯᠠᠶᠢᠨ ᠡᠷᠬᠡ ᠴᠢᠯᠦᠭᠡ᠂ ᠣᠨ᠋ᠯᠠᠶᠢᠨ ᠰᠡᠳᠬᠦᠯ ᠵᠦᠢ ᠭᠡᠰᠡᠨ ᠰᠡᠳᠦᠪ ᠦᠳ ᠢᠶᠡᠷ ᠰᠠᠨᠠᠯ ᠪᠣᠳᠣᠯ ᠰᠤᠯᠢᠯᠴᠠᠬᠤ ᠶᠤᠮ᠃ ᠣᠢ ᠶᠢᠨ ᠬᠠᠮᠤᠭ ᠤᠨ ᠭᠣᠣᠯ ᠰᠢᠶᠦ᠋ᠷᠫᠷᠢᠽ ᠨᠢ ᠰᠢᠨ᠎ᠡ ᠪᠡᠷ ᠨᠡᠭᠡᠭᠡᠭᠳᠡᠬᠦ ᠤᠶᠢᠭᠤᠷᠵᠢᠨ ᠮᠣᠩᠭᠣᠯ ᠪᠢᠴᠢᠭ ᠦᠨ ᠳᠡᠳ ᠰᠠᠶᠢᠲ ᠮᠠᠨᠢ ᠪᠠᠶᠢᠬᠤ ᠶᠤᠮ᠃ ᠮᠣᠩᠭᠣᠯ ᠪᠢᠴᠢᠭ ᠦᠨ ᠥᠪ ᠰᠤᠶᠤᠯ ᠢᠶᠠᠨ ᠳᠡᠭᠡᠳᠦᠯᠡᠬᠦ᠂ ᠲᠦᠭᠡᠭᠡᠬᠦ ᠶᠢᠨ ᠵᠡᠷᠭᠡᠴᠡᠭᠡ ᠥᠪᠥᠷ ᠮᠣᠩᠭᠣᠯ ᠤᠨ ᠵᠠᠬ᠎ᠠ ᠵᠡᠭᠡᠯᠢ ᠦᠷᠦᠭᠦᠦ ᠭᠠᠷᠬᠤ ᠵᠣᠷᠢᠯᠭ᠎ᠠ ᠲᠠᠢ᠃ ᠡᠨᠡ ᠳᠡᠳ ᠰᠠᠶᠢᠲ ᠮᠠᠨᠢ ᠨᠡᠭᠡᠭᠡᠭᠳᠡᠭᠰᠡᠨ ᠢᠶᠡᠷ News.mn ᠨᠡᠶᠢᠲᠡ ᠳᠡᠭᠡᠨ 17 ᠳᠡᠳ ᠰᠠᠶᠢᠲ ᠲᠠᠢ ᠪᠣᠯᠵᠤ ᠪᠠᠶᠢᠭ᠎ᠠ ᠶᠤᠮ᠃

- ᠶᠠᠷᠢᠯᠴᠠᠭᠰᠠᠨ ᠳᠤ ᠪᠠᠶᠠᠷᠯᠠᠯ᠎ᠠ᠃ ᠲᠠ ᠪᠦᠬᠦᠨ ᠳᠦ ᠠᠮᠵᠢᠯᠲᠠ ᠬᠦᠰᠡᠶ᠎ᠡ

No comments:

Post a Comment