Монгол бичгээ хэрэглэцгээе! Chrome, Internet Explorer, Safari хөтчөөр үзнэ үү!

Д.Бямбасүрэн: Монголын ирээдүй оюутан, залуусын толгойд бий

2014-11-14

ᠳᠠ᠊᠂ ᠪᠢᠮᠪᠠᠰᠦ᠋ᠷᠦᠩ᠄ ᠮᠣᠩᠭᠤᠯ ᠤᠨ ᠢᠷᠡᠭᠡᠳᠦᠶ ᠣᠶᠤᠲᠠᠨ᠂ ᠵᠠᠯᠠᠭᠤᠰ ᠤᠨ ᠲᠣᠯᠤᠭᠠᠶ ᠳᠤ ᠪᠤᠶ



ᠴ᠂ ᠦᠯᠦ᠆ᠣᠯᠳᠠᠬᠤ | ᠵᠠᠭᠤᠨ ᠤ ᠮᠡᠳᠡᠭᠡ | 2014 ᠣᠨ ᠤ 11 ᠳᠦᠭᠡᠷ ᠰᠠᠷᠠᠠ ᠶᠢᠨ 14



ᠮᠣᠩᠭᠤᠯ ᠤᠯᠤᠰ ᠤᠨ 17 ᠳᠠᠬᠢ ᠶᠡᠷᠦᠩᠬᠡᠶ ᠰᠠᠶᠢᠳ ᠳᠠ᠊᠂ ᠪᠢᠮᠪᠠᠰᠦ᠋ᠷᠦᠩ ᠠᠷᠠᠳᠴᠢᠯᠠᠭᠰᠠᠨ ᠬᠦᠴᠦᠨ ᠦ ᠬᠣᠯᠪᠤᠭᠠᠨ ᠤ ᠵᠠᠯᠠᠭᠤᠴᠤᠳ ᠤᠨ ᠬᠦᠰᠡᠯᠲᠡ ᠪᠡᠷ ᠡᠳ ᠦᠨ ᠵᠠᠰᠠᠭ᠂ ᠴᠠᠭ ᠦᠶᠡᠡ ᠶᠢᠨ ᠠᠰᠠᠭᠤᠳᠠᠯ ᠢᠶᠠᠷ ᠯᠧᠻᠼᠢ ᠤᠩᠰᠢᠨᠰᠠᠨ ᠢ 《ᠪᠠᠰᠠᠩ ᠭᠠᠷᠠᠭ ᠤᠨ ᠵᠣᠴᠢᠨ》 ᠪᠤᠯᠤᠩ ᠳᠠᠭᠠᠨ ᠲᠣᠶᠢᠮᠤᠯᠠᠨ ᠬᠦᠷᠭᠡᠵᠦ ᠪᠠᠶᠢᠨᠠᠠ᠃

ᠬᠥᠭᠵᠢᠬᠦ ᠪᠣᠯ ᠪᠠᠶᠠᠵᠢᠬᠤ ᠠᠴᠠ ᠥᠭᠡᠷᠡᠡ

ᠪᠢᠳᠡ ᠬᠥᠭᠵᠢᠯ ᠦᠨ ᠲᠤᠬᠠᠶ ᠶᠠᠷᠢᠭᠠᠳ ᠤᠳᠠᠯᠠᠠ᠃ ᠮᠣᠩᠭᠤᠯ ᠣᠷᠤᠨ 1995 ᠣᠨ ᠳᠤ ᠠᠩᠬᠠᠠ ᠬᠥᠭᠵᠢᠯ ᠦᠨ ᠦᠵᠡᠯ ᠪᠠᠷᠢᠮᠲᠠᠯᠠᠯ ᠢᠶᠠᠨ ᠭᠠᠷᠭᠠᠵᠤ ᠪᠠᠶᠢᠯᠠᠠ᠃ ᠲᠡᠭᠦᠨ ᠡᠴᠡ ᠬᠣᠶᠢᠰᠢ ᠲᠥᠷᠦ ᠶᠢᠨ ᠦᠵᠡᠯ ᠪᠠᠷᠢᠮᠲᠠᠯᠠᠯ ᠲᠠᠪᠤᠨ ᠤᠳᠠᠭᠠᠠ ᠥᠭᠡᠷᠡᠴᠢᠯᠡᠭᠳᠡᠯᠡᠡ᠃ ᠭᠡᠬᠦ ᠳᠡᠭᠡᠨ ᠡᠨᠡ ᠠᠰᠠᠭᠤᠳᠠᠯ ᠳᠤ ᠡᠷᠡᠭᠡᠯᠵᠡᠭᠰᠡᠨ ᠬᠡᠪ ᠢᠶᠡᠷ ᠪᠠᠶᠢᠨᠠᠠ᠃ ᠡᠭᠦᠨ ᠢ ᠠᠯᠢ ᠨᠢᠭᠡ ᠤᠯᠤᠰ ᠲᠥᠷᠦ ᠶᠢᠨ ᠬᠦᠴᠦᠨ᠂ ᠡᠰᠡᠪᠡᠯ ᠤᠯᠤᠰ ᠲᠥᠷᠦ ᠶᠢᠨ ᠵᠢᠳᠬᠦᠯᠲᠡᠨ᠂ ᠶᠡᠷᠦᠩᠬᠡᠶᠢᠯᠡᠭᠴᠢ᠂ ᠶᠡᠷᠦᠩᠬᠡᠶ ᠰᠠᠶᠢᠳ ᠪᠠᠶᠢᠭᠰᠠᠨ ᠬᠦᠮᠦᠰ ᠲᠡᠶ ᠬᠣᠯᠪᠤᠵᠤ ᠶᠠᠷᠢᠭᠠᠳ ᠪᠤᠷᠤᠭᠤᠳᠬᠠᠬᠤ ᠠᠮᠠᠷᠬᠠᠨ᠃ ᠭᠡᠲᠡᠯᠡᠡ ᠬᠠᠮᠤᠭ ᠤᠨ ᠭᠣᠤᠯ ᠦᠨᠳᠦᠰᠦ ᠨᠢ ᠪᠢᠳᠡ ᠥᠪᠡᠷᠰᠡᠳ ᠢᠶᠡᠨ ᠬᠥᠭᠵᠢᠬᠦ ᠢᠷᠡᠭᠡᠳᠦᠶ ᠪᠡᠨ ᠵᠥᠪ ᠣᠨᠤᠭᠠᠵᠤ᠂ ᠲᠥᠰᠦᠭᠡᠯᠡᠵᠦ ᠴᠢᠳᠠᠵᠤ ᠪᠠᠶᠢᠨᠠᠤ ᠭᠡᠳᠡᠭ ᠴᠢᠬᠤᠯᠠ᠃ ᠪᠢ ᠰᠠᠶ᠋ᠢᠬᠠᠨ ᠤ ᠵᠢᠱᠢᠶᠡᠡ ᠬᠡᠯᠡᠶᠡᠡ᠃ 2011 ᠣᠨ ᠳᠤ ᠮᠣᠩᠭᠤᠯ ᠤᠨ ᠡᠳ ᠦᠨ ᠵᠠᠰᠠᠭ ᠤᠨ ᠥᠰᠦᠯᠲᠡ 17 ᠬᠤᠪᠢ ᠳᠤ ᠬᠦᠷᠴᠦ᠂ ᠲᠤᠬᠠᠶ ᠶᠢᠨ ᠦᠶᠡᠡ ᠳᠦ ᠮᠠᠨᠠᠶ ᠬᠡᠪᠯᠡᠯ᠂ ᠮᠡᠳᠡᠭᠡᠯᠡᠯ ᠦᠨ ᠬᠡᠷᠡᠭᠰᠡᠯ ᠦᠳ᠂ ᠡᠷᠬᠡ ᠮᠡᠳᠡᠯ ᠪᠦᠬᠦᠶ ᠵᠠᠷᠢᠮ ᠬᠦᠮᠦᠨ ᠦ ᠶᠠᠷᠢᠵᠤ ᠪᠠᠶᠢᠭᠠᠠ ᠪᠠᠷ ᠮᠣᠩᠭᠤᠯ ᠤᠯᠤᠰ ᠬᠥᠭᠵᠢᠯ ᠦᠨ ᠬᠠᠭᠠᠯᠭᠠᠠ ᠶᠢ ᠨᠡᠭᠡᠭᠡᠴᠢᠬᠡᠯᠡᠡ᠃ ᠣᠳᠤ ᠡᠨᠡ ᠴᠢᠭ ᠢᠶᠡᠷ ᠢᠶᠡᠨ ᠳᠡᠭᠦᠯᠢᠭᠰᠡᠭᠡᠷ ᠪᠠᠶᠢᠭᠠᠳ ᠠᠽᠢ ᠶᠢᠨ ᠪᠠᠷᠰ ᠪᠠᠶᠢᠲᠤᠭᠠᠶ ᠶᠡᠷᠦᠨᠢ ᠲᠡᠭᠡᠭᠡᠳ ᠲᠩᠷᠢ ᠳᠦ ᠨᠢᠰᠬᠦ ᠶᠤᠮ ᠰᠢᠭ ᠢᠶᠡᠷ ᠲᠥᠰᠦᠭᠡᠯᠡᠬᠦ ᠨᠢ ᠡᠯᠪᠡᠭ ᠪᠠᠶᠢᠭᠰᠠᠨ᠃ ᠲᠠ ᠪᠦᠬᠦᠨ ᠮᠡᠳᠡᠬᠦ ᠪᠠᠶᠢᠬᠠᠠ᠂ ᠮᠣᠩᠭᠤᠯ ᠤᠨ ᠬᠥᠭᠵᠢᠯ ᠦᠨ ᠳᠥᠷᠪᠡ ᠳᠡᠬᠢ ᠦᠵᠡᠯ ᠪᠠᠷᠢᠮᠲᠠᠯᠠᠯ ᠳᠤ ᠵᠢᠯ ᠪᠦᠬᠦᠨ ᠡᠳ ᠦᠨ ᠵᠠᠰᠠᠭ 15 ᠬᠤᠪᠢ ᠪᠠᠷ ᠥᠰᠦᠨᠡᠡ᠂ ᠲᠡᠭᠡᠭᠰᠡᠭᠡᠷ ᠶᠠᠪᠤᠭᠠᠨ ᠳᠠᠭᠠᠨ ᠴᠣᠶᠢᠯᠤᠭᠠᠳ ᠭᠠᠷᠤᠭᠠᠳ ᠶᠠᠪᠤᠴᠢᠬᠠᠨᠠᠠ ᠭᠡᠳ ᠪᠠᠶᠢᠭᠰᠠᠨ᠃

ᠲᠡᠭᠦᠨ ᠡᠴᠡ ᠬᠣᠶᠢᠰᠢ ᠣᠯᠠᠨ ᠵᠢᠯ ᠥᠩᠭᠡᠷᠡᠯᠡᠡ᠃ ᠪᠢᠳᠡᠨ ᠳᠦ ᠬᠠᠮᠤᠭ ᠤᠨ ᠭᠣᠤᠯ ᠨᠢ ᠪᠢᠳᠡ ᠥᠪᠡᠷᠰᠡᠳ ᠢᠶᠡᠨ ᠶᠠᠭᠤ ᠬᠦᠰᠡᠭᠡᠳ ᠪᠠᠶᠢᠨᠠᠠ ᠪᠤᠶ ᠭᠡᠳᠡᠭ ᠢᠶᠡᠨ ᠣᠶᠢᠯᠠᠭᠠᠬᠤ ᠨᠢ ᠴᠢᠬᠤᠯᠠ᠃ ᠲᠡᠭᠡᠬᠦ ᠳᠡᠭᠡᠨ ᠲᠡᠷᠡ ᠪᠣᠯ ᠰᠢᠨᠵᠢᠯᠡᠬᠦ ᠤᠬᠠᠭᠠᠨ ᠤ ᠦᠨᠳᠦᠰᠦ ᠲᠡᠶ ᠪᠡᠷ ᠣᠶᠢᠯᠠᠭᠠᠬᠤ ᠠᠰᠠᠭᠤᠳᠠᠯ᠃ ᠡᠨᠡ ᠶᠠᠷᠢᠶᠠᠠ ᠶᠢ ᠪᠢᠳᠡ ᠬᠥᠭᠵᠢᠯ ᠭᠡᠳᠡᠭ ᠢ ᠦᠨᠡᠬᠡᠷ ᠵᠥᠪ ᠣᠶᠢᠯᠠᠭᠠᠵᠤ ᠪᠠᠶᠢᠨᠠᠤ ᠭᠡᠳᠡᠭ ᠡᠴᠡ ᠡᠬᠢᠯᠡᠬᠦ ᠶᠣᠰᠤᠲᠠᠶ᠃ ᠬᠥᠭᠵᠢᠬᠦ ᠭᠡᠵᠦ ᠦᠭᠡ ᠪᠤᠶ᠂ ᠥᠰᠬᠦ ᠭᠡᠵᠦ ᠦᠭᠡ ᠪᠤᠶ᠃ ᠪᠠᠰᠠ ᠪᠠᠶᠠᠵᠢᠬᠤ ᠭᠡᠵᠦ ᠦᠭᠡ ᠪᠠᠶᠢᠨᠠᠠ᠃ ᠮᠠᠨᠠᠶ ᠨᠡᠶᠢᠭᠡᠮ ᠳᠦ ᠨᠢᠭᠡ ᠦᠶᠡᠡ 《ᠢᠷᠭᠡᠨ ᠪᠠᠶᠠᠨ ᠪᠣᠯ ᠤᠯᠤᠰ ᠪᠠᠶᠠᠨ》 ᠭᠡᠳ ᠪᠦᠭᠦᠳᠡ ᠪᠠᠶᠠᠴᠤᠳ ᠪᠣᠯᠴᠢᠬᠠᠠᠬᠤ ᠶᠤᠮ ᠰᠢᠭ ᠰᠠᠨᠠᠵᠤ ᠪᠠᠶᠠᠵᠢᠭᠲᠤᠨ ᠭᠡᠰᠡᠨ 1930᠆᠊ᠭᠠᠳ ᠣᠨ ᠤ ᠯᠣᠽᠦᠩ ᠢ ᠡᠷᠬᠢᠵᠦ ᠰᠡᠷᠭᠦᠭᠡᠭᠡᠳ ᠰᠤᠷᠲᠠᠯᠴᠢᠯᠠᠳᠠᠭ ᠪᠠᠶᠢᠯᠠᠠ᠃ ᠳᠠᠷᠠᠭᠠᠠ ᠨᠢ ᠡᠳ ᠦᠨ ᠵᠠᠰᠠᠭ ᠤᠨ ᠥᠰᠦᠯᠲᠡ᠂ ᠳᠣᠲᠤᠭᠠᠳᠤ ᠶᠢᠨ ᠨᠡᠶᠢᠲᠡ ᠪᠦᠲᠦᠭᠡᠭᠳᠡᠭᠦᠨ ᠦ ᠥᠰᠦᠯᠲᠡ ᠬᠥᠭᠵᠢᠯ ᠦᠨ ᠢᠶᠡᠨ ᠬᠡᠮᠵᠢᠶᠡᠨ ᠳᠦ ᠬᠦᠷᠦᠭᠰᠡᠨ᠃ ᠥᠨᠦᠳᠦᠷ ᠮᠣᠩᠭᠤᠯ ᠤᠨ ᠳᠣᠲᠤᠭᠠᠳᠤ ᠶᠢᠨ ᠨᠡᠶᠢᠲᠡ ᠪᠦᠲᠦᠭᠡᠭᠳᠡᠬᠦᠨ ᠦ ᠬᠡᠮᠵᠢᠶᠡᠡ ᠵᠢᠷᠭᠤᠭᠠᠨ ᠬᠤᠪᠢ ᠳᠤ ᠬᠦᠷᠴᠦ ᠥᠰᠬᠦ ᠪᠡᠷ ᠪᠠᠶᠢᠨᠠᠠ᠃ ᠡᠨᠡ ᠨᠢᠭᠡ ᠯᠡ ᠵᠢᠱᠢᠶᠡᠡ᠃ ᠪᠢ ᠪᠣᠳᠤᠳᠠᠭ ᠶᠤᠮ᠂ ᠠᠩᠬᠠᠨ ᠤ ᠨᠣᠪᠧᠯ ᠤᠨ ᠱᠠᠩᠨᠠᠯ ᠬᠦᠷᠲᠡᠵᠦ ᠪᠠᠶᠢᠭᠰᠠᠨ ᠠᠮᠧᠷᠢᠻᠠ ᠶᠢᠨ ᠨᠢᠭᠡᠳᠦᠭᠰᠡᠨ ᠤᠯᠤᠰ ᠤᠨ ᠡᠷᠳᠡᠮᠲᠡᠨ ᠵᠢᠭᠳᠡ ᠥᠰᠦᠯᠲᠡ ᠭᠡᠵᠦ ᠳᠡᠯᠡᠬᠡᠶ ᠳᠡᠭᠡᠷᠡᠡ ᠪᠠᠶᠢᠵᠤ ᠪᠣᠯᠬᠤ ᠦᠭᠡᠶ᠃ ᠥᠰᠦᠯᠲᠡ ᠳᠡᠭᠡᠭᠰᠢ᠂ ᠳᠣᠭᠤᠭᠰᠢ ᠦᠷᠭᠦᠯᠵᠢ ᠲᠠᠬᠢᠷ ᠱᠤᠭᠤᠮ ᠢᠶᠠᠷ ᠥᠭᠡᠷᠡᠴᠢᠯᠡᠭᠳᠡᠵᠦ ᠪᠠᠶᠢᠭᠰᠠᠨ ᠭᠡᠳᠡᠭ ᠣᠨᠤᠯ ᠢ ᠨᠡᠭᠡᠭᠡᠭᠰᠡᠨ᠃

ᠲᠡᠭᠦᠨ ᠡᠴᠡ ᠬᠣᠶᠢᠰᠢ 70᠆᠊ᠭᠠᠳ ᠵᠢᠯ ᠥᠩᠭᠡᠷᠡᠯᠡᠡ᠃ ᠪᠢᠳᠡ ᠥᠰᠦᠯᠲᠡ᠂ ᠬᠥᠭᠵᠢᠯ ᠢᠶᠡᠨ ᠲᠥᠰᠦᠭᠡᠯᠡᠵᠦ ᠴᠢᠳᠠᠬᠤ ᠦᠭᠡᠶ ᠪᠠᠶᠢᠨᠠᠠ᠃ ᠤᠭ ᠨᠢ ᠠᠮᠢᠳᠤᠷᠠᠯ ᠳᠡᠭᠡᠷᠡᠡ ᠢᠯᠭᠠᠭᠠᠠ ᠶᠢ ᠨᠢ ᠪᠠᠭᠤᠯᠭᠠᠵᠤ ᠲᠥᠰᠦᠭᠡᠯᠡᠬᠦ ᠠᠮᠠᠷᠬᠠᠨ᠃ ᠨᠢᠭᠡ ᠬᠦᠮᠦᠨ ᠨᠢᠭᠡ ᠰᠢᠭᠤᠳᠠᠶ ᠵᠠᠷᠤᠯᠠᠠ ᠭᠡᠵᠦ ᠪᠣᠳᠤᠶᠠᠠ᠂ ᠮᠠᠷᠭᠠᠰᠢ ᠨᠢ ᠬᠣᠶᠠᠷ ᠢ ᠵᠠᠷᠤᠵᠤ᠂ ᠵᠠᠷᠤᠭᠰᠠᠨ ᠮᠥᠩᠭᠦᠨ ᠦ ᠲᠣᠭᠠᠠ ᠬᠡᠮᠵᠢᠶᠡᠡ 100 ᠬᠤᠪᠢ ᠥᠰᠴᠡᠶ᠃ ᠪᠢᠳᠡ ᠬᠥᠭᠵᠢᠵᠦ ᠦᠦ⁈ ᠲᠡᠷᠡ ᠬᠥᠭᠵᠢᠯ ᠪᠢᠰᠢ ᠥᠰᠦᠯᠲᠡ᠃ ᠡᠭᠦᠨ ᠦ ᠵᠡᠷᠭᠡᠴᠡᠭᠡ ᠪᠠᠶᠠᠵᠢᠬᠤ ᠭᠡᠵᠦ ᠣᠶᠢᠯᠠᠭᠠᠯᠲᠠ ᠪᠠᠶᠢᠨᠠᠠ᠃ ᠮᠠᠯᠴᠢᠨ ᠬᠦᠮᠦᠨ ᠬᠣᠲᠠᠨ ᠠᠴᠠᠭᠠᠨ ᠥᠨᠦᠳᠦᠷ ᠨᠢᠭᠡ ᠬᠣᠨᠢ ᠵᠠᠷᠤᠴᠢᠬᠠᠯᠠᠠ᠂ ᠮᠥᠩᠭᠦ ᠲᠡᠶ ᠪᠣᠯᠵᠡᠶ᠃ ᠮᠠᠷᠭᠠᠰᠢ ᠬᠣᠶᠠᠷ ᠳᠠᠬᠢ ᠬᠣᠨᠢ ᠪᠠᠨ ᠵᠠᠷᠤᠯᠠᠠ᠂ ᠣᠪᠤᠭᠠᠠ ᠮᠥᠩᠭᠦ ᠲᠡᠶ ᠪᠣᠯᠴᠢᠬᠠᠵᠢ᠃ ᠪᠠᠶᠠᠵᠢᠪᠠ ᠤᠤ᠂ ᠬᠥᠭᠵᠢᠪᠡ ᠦᠦ᠃ ᠬᠣᠲᠠᠨ ᠳᠠᠭᠠᠨ ᠪᠠᠶᠢᠭᠰᠠᠨ ᠮᠠᠯ ᠢᠶᠠᠨ ᠮᠥᠩᠬᠦ ᠪᠣᠯᠭᠠᠵᠤ ᠯᠠ ᠬᠤᠪᠢᠷᠭᠠᠵᠢ᠃ ᠪᠢᠳᠡ ᠬᠥᠭᠵᠢᠭᠰᠡᠨ ᠦᠦ⁈ ᠴᠢᠮᠠᠯᠠᠯᠲᠠᠲᠠᠶ ᠪᠠᠶᠢᠭᠠᠠ ᠪᠢᠵᠡ⁈ ᠰᠠᠶᠢ ᠶᠢᠨ ᠬᠣᠶᠠᠷ ᠵᠢᠱᠢᠶᠡᠡ ᠲᠡᠶ ᠳᠦᠶᠴᠡᠭᠦᠯᠬᠦ ᠳᠦ ᠪᠢᠳᠡ ᠲᠠᠪᠤᠨ ᠰᠠᠶᠠᠠ ᠲᠣᠨᠠ ᠨᠡᠭᠦᠷᠡᠰᠦ ᠭᠠᠷᠭᠠᠵᠤ ᠪᠠᠶᠢᠭᠰᠠᠨ ᠢᠶᠠᠨ 10 ᠰᠠᠶᠠᠠ ᠲᠣᠨᠠ ᠳᠤ ᠬᠦᠷᠭᠡᠵᠦ ᠮᠥᠩᠭᠦ ᠣᠯᠵᠤ ᠪᠣᠯᠤᠨᠠᠠ᠃ ᠲᠡᠷᠡ ᠥᠰᠦᠯᠲᠡ᠂ ᠬᠥᠭᠵᠢᠯ ᠪᠢᠰᠢ᠃ ᠬᠣᠲᠠᠨ ᠳᠤ ᠪᠠᠶᠢᠭᠰᠠᠨ ᠮᠠᠯ ᠢᠶᠠᠨ ᠵᠠᠷᠤᠭᠠᠳ ᠮᠥᠩᠭᠦ ᠪᠣᠯᠭᠠᠳᠠᠭ ᠰᠢᠭ ᠪᠢᠳᠡ ᠭᠠᠵᠠᠷ ᠤᠨ ᠢᠶᠠᠨ ᠭᠦᠨ ᠳᠦ ᠪᠠᠶᠢᠭᠰᠠᠨ ᠡᠷᠦᠳᠡᠰᠦ ᠪᠠᠶᠠᠯᠢᠭ ᠢᠶᠠᠨ ᠬᠤᠳᠠᠯᠳᠤᠭᠠᠳ ᠬᠥᠭᠵᠢᠵᠦ ᠪᠠᠶᠢᠨᠠᠠ ᠭᠡᠪᠡᠯ ᠪᠢᠰᠢ ᠡ᠃ ᠲᠡᠭᠡᠬᠦᠯᠡᠷ ᠬᠥᠭᠵᠢᠯ ᠦᠨ ᠲᠤᠬᠠᠶ ᠣᠶᠢᠯᠠᠭᠠᠯᠲᠠ ᠥᠭᠡᠷᠡᠡ ᠶᠤᠮ᠃ ᠮᠢᠨᠤ ᠪᠣᠳᠤᠬᠤ ᠳᠤ ᠣᠳᠤ ᠮᠠᠨᠠᠶ ᠡᠷᠳᠡᠮ ᠰᠢᠨᠵᠢᠯᠡᠭᠡᠨ ᠦ ᠪᠠᠶᠢᠭᠤᠯᠤᠯᠭᠠᠠ ᠨᠤᠭᠤᠳ ᠴᠤ᠂ ᠲᠥᠷᠦ ᠶᠢᠨ ᠠᠯᠪᠠ ᠬᠠᠰᠢᠵᠤ ᠪᠠᠶᠢᠭᠠᠠ ᠡᠷᠬᠢᠮ ᠦᠳ ᠴᠦ ᠡᠨᠡ ᠲᠠᠯᠠᠠ ᠳᠦ ᠳᠤᠲᠠᠭᠤ ᠰᠡᠳᠬᠢᠳᠡᠭ᠃


ᠡᠭᠦᠨ ᠢ ᠣᠶᠢᠯᠠᠭᠠᠬᠤ ᠶᠢᠨ ᠲᠤᠯᠠᠳᠠ ᠡᠨ᠋ᠲᠷᠣᠫᠢ ᠲᠠᠶ ᠲᠠᠨᠢᠯᠴᠠ

ᠲᠠ ᠪᠦᠬᠦᠨ ᠰᠠᠶᠢᠨ ᠮᠡᠳᠡᠨᠡᠡ᠃ ᠣᠳᠤ ᠠᠴᠠ 60᠆᠊ᠭᠠᠳ ᠵᠢᠯ ᠦᠨ ᠡᠮᠦᠨᠡᠡ ᠠᠮᠢᠳᠤᠷᠠᠵᠤ᠂ ᠪᠦᠲᠦᠭᠡᠯ ᠢᠶᠡᠨ ᠲᠤᠭᠤᠷᠪᠢᠵᠤ ᠪᠠᠶᠢᠭᠰᠠᠨ ᠠᠮᠧᠷᠢᠻᠠ ᠶᠢᠨ ᠡᠷᠳᠡᠮᠲᠡᠨ ᠨᠣᠪᠧᠷᠲ ᠸᠢᠨᠧᠷ 《ᠨᠡᠶᠢᠭᠡᠮ ᠪᠠ ᠻᠢᠪᠧᠷᠨᠧᠲᠢᠭ》 ᠨᠣᠮ ᠳᠠᠭᠠᠨ 《ᠣᠷᠴᠢᠨ ᠦᠶᠡᠡ ᠶᠢᠨ ᠬᠥᠭᠵᠢᠯᠲᠡᠶ ᠤᠯᠤᠰ ᠣᠷᠤᠨ ᠭᠡᠳᠡᠭ ᠪᠣᠯ ᠡᠨ᠋ᠲᠷᠣᠫᠢ ᠶᠢᠨ ᠶᠡᠬᠡ ᠳᠠᠯᠠᠶ ᠳᠤᠮᠳᠠᠬᠢ ᠵᠢᠵᠢᠭ ᠠᠷᠠᠯ ᠤᠳ ᠶᠤᠮ》 ᠭᠡᠵᠦ ᠲᠣᠮᠢᠶᠠᠯᠠᠭᠰᠠᠨ ᠪᠠᠶᠢᠳᠠᠭ ᠶᠤᠮ᠃ ᠪᠢ ᠡᠨᠡ ᠦᠭᠡ ᠶᠢ ᠹᠢᠯᠣᠰᠣᠹᠢ ᠶᠢᠨ ᠬᠤᠪᠢ ᠳᠤ᠂ ᠰᠢᠨᠵᠢᠯᠡᠬᠦ ᠤᠬᠠᠭᠠᠨ ᠤ ᠬᠤᠪᠢ ᠳᠤ ᠬᠡᠵᠢᠶᠡᠡ ᠴᠦ ᠤᠳᠬᠠᠠ ᠠᠭᠤᠯᠭᠠᠠ ᠪᠠᠨ ᠠᠯᠳᠠᠬᠤ ᠦᠭᠡᠶ ᠭᠦᠨ ᠲᠣᠮᠢᠶᠠᠯᠠᠯ ᠭᠡᠵᠦ ᠪᠣᠳᠤᠳᠠᠭ ᠶᠤᠮ᠃ ᠬᠠᠷᠠᠮᠰᠠᠯᠲᠠᠶ ᠨᠢ ᠣᠳᠤ ᠬᠠᠶᠠ ᠬᠥᠭᠵᠢᠯ ᠦᠨ ᠲᠤᠬᠠᠶ ᠯᠧᠻᠼᠢ ᠤᠩᠰᠢᠵᠤ ᠪᠠᠶᠢᠬᠤ ᠳᠤ ᠡᠨ᠋ᠲᠷᠣᠫᠢ ᠭᠡᠳ ᠬᠡᠯᠡᠬᠦ ᠪᠡᠷ ᠬᠦᠮᠦᠰ ᠦᠨ ᠴᠢᠷᠠᠶ ᠨᠢᠭᠡ ᠯᠡ ᠪᠦᠳᠡᠬᠢ ᠪᠣᠯᠤᠭᠠᠳ ᠶᠠᠪᠤᠴᠢᠬᠠᠳᠠᠭ᠃

ᠤᠭ ᠨᠢ ᠨᠠᠮᠠᠶ᠋ᠢ ᠳᠤᠮᠳᠠᠳᠤ ᠰᠤᠷᠭᠠᠭᠤᠯᠢ ᠳᠤ ᠰᠤᠷᠴᠤ ᠪᠠᠶᠢᠬᠤ ᠳᠤ ᠳᠣᠯᠤᠳᠤᠭᠠᠷ ᠠᠩᠭᠢ ᠳᠤ ᠹᠢᠽᠢᠻ ᠦᠨ ᠬᠢᠴᠢᠶᠡᠯ ᠳᠡᠭᠡᠷᠡᠡ ᠦᠵᠡᠳᠡᠭ ᠪᠠᠶᠢᠭᠰᠠᠨ ᠣᠶᠢᠯᠠᠭᠠᠯᠲᠠ ᠯᠠ ᠳᠠ᠃ ᠡᠨ᠋ᠲᠷᠣᠫᠢ ᠭᠡᠳᠡᠭ ᠪᠣᠯ ᠲᠣᠳᠤᠷᠬᠠᠶ ᠦᠭᠡᠶ ᠲᠣᠭᠠᠠ ᠬᠡᠮᠵᠢᠶᠡᠡ᠃ ᠡᠮᠬᠢ ᠵᠠᠮᠪᠠᠷᠠᠭᠠᠠ ᠦᠭᠡᠶ ᠲᠣᠭᠠᠠ ᠬᠡᠮᠵᠢᠶᠡᠡ ᠶᠢ ᠬᠡᠯᠡᠳᠡᠭ ᠶᠤᠮ᠃ ᠹᠢᠽᠢᠻ ᠦᠨ ᠰᠢᠨᠵᠢᠯᠡᠬᠦ ᠤᠬᠠᠭᠠᠨ ᠳᠤ ᠡᠭᠦᠨ ᠢ ᠲᠣᠮᠢᠶᠠᠯᠠᠬᠤ ᠶᠤᠮ ᠪᠣᠯ ᠡᠨ᠋ᠲᠷᠣᠫᠢ ᠨᠢ ᠲᠤᠬᠠᠶ ᠶᠢᠨ ᠪᠡᠶᠡᠲᠦ ᠶᠢᠨ ᠲᠧᠮᠫᠧᠷᠠᠲ᠋ᠦᠷ ᠦᠨ ᠨᠢᠭᠡᠴᠡ ᠳᠦ ᠨᠣᠭᠳᠠᠬᠤ ᠳᠤᠯᠠᠭᠠᠨ ᠤ ᠬᠡᠮᠵᠢᠶᠡᠡ ᠶᠢ ᠬᠡᠯᠡᠳᠡᠭ ᠶᠤᠮ᠃ ᠡᠭᠦᠨ ᠢ ᠠᠮᠢᠳᠤᠷᠠᠯ ᠳᠤ ᠪᠠᠭᠤᠯᠭᠠᠪᠠᠯ᠂ ᠮᠣᠩᠭᠤᠯᠴᠤᠳ ᠵᠤᠤᠬᠠᠠ᠂ ᠫᠢᠰᠢᠩ ᠭᠠᠯᠯᠠᠳᠠᠭ᠃ ᠵᠤᠤᠬᠠᠨ ᠳᠠᠭᠠᠨ ᠠᠷᠭᠠᠯ᠂ ᠲᠦᠯᠡᠭᠡ ᠪᠡᠨ ᠬᠢᠵᠦ ᠠᠰᠠᠭᠠᠮᠠᠭᠴᠠ 30 ᠮᠢᠨᠦ᠋ᠲᠠ ᠶᠢᠨ ᠳᠣᠲᠤᠷᠠᠠ ᠬᠠᠯᠠᠭᠤ ᠳᠦᠦᠭᠡᠨᠡᠡ᠃ ᠤᠯᠠᠭᠠᠨ ᠲᠣᠭᠤᠰᠬᠠᠨ ᠫᠢᠰᠢᠩ ᠳᠦ ᠭᠠᠯ ᠲᠦᠯᠡᠬᠦ ᠳᠦ 20-30 ᠮᠢᠨᠦ᠋ᠲᠠ ᠶᠢᠨ ᠳᠠᠷᠠᠭᠠᠠ ᠰᠠᠶᠢᠬᠠᠨ ᠪᠣᠯᠤᠨᠠᠠ᠃ ᠲᠡᠭᠡᠪᠡᠯ ᠫᠢᠰᠢᠩ ᠢᠶᠡᠨ ᠼᠧᠮᠧᠨᠲ ᠦᠨ ᠵᠠᠭᠤᠷᠠᠮᠠᠭ ᠢᠶᠠᠷ ᠬᠢᠴᠢᠬᠡᠭᠡᠳ ᠳᠣᠲᠤᠷᠠᠠ ᠨᠢ ᠭᠠᠯ ᠲᠦᠯᠡᠬᠦ ᠳᠦ ᠬᠡᠳᠦᠨ ᠴᠠᠭ ᠪᠣᠯᠤᠭᠰᠠᠨ ᠴᠤ ᠳᠤᠯᠠᠭᠠᠴᠠᠬᠤ ᠦᠭᠡᠶ᠃ ᠳᠤᠯᠠᠭᠠᠨ ᠰᠢᠩᠭᠡᠭᠡᠯᠲᠡ ᠨᠢ ᠲᠡᠶᠢᠮᠦ ᠶᠡᠬᠡ ᠪᠠᠶᠢᠨᠠᠠ᠃

ᠲᠡᠭᠦᠨ ᠲᠡᠶ ᠠᠳᠠᠯᠢ ᠠᠯᠢ ᠨᠢᠭᠡ ᠣᠷᠤᠨ ᠤ ᠡᠳ ᠦᠨ ᠵᠠᠰᠠᠭ ᠢ ᠠᠪᠤᠭᠠᠳ ᠦᠵᠡᠶᠡᠡ᠃ ᠬᠡᠴᠢᠨᠡᠨ ᠴᠦ ᠬᠥᠷᠦᠩᠭᠡ ᠣᠷᠤᠭᠤᠯᠵᠤ᠂ ᠸᠠᠯᠦ᠋ᠲᠠ ᠴᠢᠳᠬᠤᠬᠭᠠᠳ ᠥᠭᠡᠳᠡ ᠪᠡᠨ ᠭᠠᠷᠳᠠᠭ ᠦᠭᠡᠶ ᠨᠥᠭᠦᠭᠡ ᠯᠡ ᠳᠦᠯᠡᠶ ᠳᠦᠮᠪᠦ ᠣᠷᠭᠢᠭᠠᠳ ᠪᠠᠶᠢᠭᠰᠠᠨ ᠢᠶᠠᠷ ᠢᠶᠠᠨ ᠪᠠᠶᠢᠵᠤ ᠪᠠᠶᠢᠳᠠᠭ᠃ ᠵᠢᠭᠠᠬᠠᠨ ᠬᠥᠷᠦᠩᠭᠡ ᠣᠷᠤᠭᠤᠯᠤᠭᠠᠳ ᠥᠭᠡᠳᠡ ᠪᠡᠨ ᠭᠠᠷᠬᠤ ᠨᠢ ᠴᠤ ᠪᠤᠶ᠃ ᠶᠠᠩᠵᠤ ᠪᠦᠷᠢ ᠶᠢᠨ ᠰᠢᠯᠲᠠᠭᠠᠨ ᠪᠠᠶᠢᠨᠠᠠ᠃ ᠶᠠᠩᠵᠤ ᠪᠦᠷᠢ ᠪᠡᠷ ᠲᠠᠶᠢᠯᠪᠤᠷᠢᠯᠠᠵᠤ ᠴᠤ ᠪᠣᠯᠤᠨᠠᠠ᠃ ᠵᠢᠱᠢᠶᠡᠡ ᠨᠢ᠂ ᠪᠢᠳᠡ ᠥᠩᠭᠡᠷᠡᠭᠰᠡᠨ ᠬᠣᠶᠠᠷ ᠵᠢᠯ ᠳᠦ ᠴᠢᠩᠭᠢᠰ ᠪᠣᠨ᠋ᠳ ᠭᠡᠳ 400-500 ᠰᠠᠶᠠᠠ ᠠᠮ᠊᠂ ᠳ᠋ᠣᠯᠯᠠᠷ ᠠᠪᠤᠯᠠᠠ᠃ ᠵᠢᠵᠢᠭᠬᠡᠨ ᠮᠣᠩᠭᠤᠯ ᠤᠨ ᠡᠳ ᠦᠨ ᠵᠠᠰᠠᠭ ᠲᠤ ᠲᠡᠷᠡ ᠠᠰᠤᠷᠤ ᠶᠡᠬᠡ ᠮᠥᠩᠭᠦ᠃ ᠭᠢᠯᠠᠯᠵᠠᠭᠠᠳ ᠪᠣᠰᠤᠭᠠᠳ ᠢᠷᠡᠬᠦ ᠤᠴᠢᠷᠲᠠᠶ᠃ ᠭᠡᠲᠡᠯᠡᠡ ᠪᠠᠶᠢᠬᠤ ᠦᠭᠡᠶ᠃ ᠲᠥᠭᠦᠷᠢᠭ ᠦᠨ ᠬᠠᠩᠰᠢ ᠤᠯᠠᠮ ᠤᠨᠠᠵᠤ᠂ ᠦᠶᠯᠡᠳᠪᠦᠷᠢᠯᠡᠯ ᠦᠨ ᠥᠰᠦᠯᠲᠡ ᠵᠣᠭᠰᠤᠵᠤ᠂ ᠥᠷᠢᠨ ᠳᠡᠭᠡᠨ ᠪᠠᠷᠢᠭᠳᠠᠵᠤ ᠵᠤᠲᠠᠷᠠᠭᠠᠳ ᠥᠨᠦᠳᠦᠷ ᠵᠠᠰᠠᠭ ᠢᠶᠠᠨ ᠤᠨᠠᠭᠠᠭᠠᠳ ᠰᠠᠭᠤᠵᠤ ᠪᠠᠶᠢᠨᠠᠠ᠃ ᠶᠡᠷᠦᠩᠬᠡᠶ ᠳᠡᠭᠡᠨ ᠪᠣᠯ ᠮᠣᠩᠭᠤᠯ ᠤᠨ ᠨᠡᠶᠢᠭᠡᠮ ᠦᠨ ᠡᠨ᠋ᠲᠷᠣᠫᠢ ᠥᠰᠦᠭᠰᠡᠨ ᠪᠠᠶᠢᠨᠠᠠ᠃ ᠠᠰᠤᠷᠤ ᠶᠡᠬᠡ ᠪᠠᠶᠢᠨᠠᠠ᠃

ᠡᠨ᠋ᠲᠷᠣᠫᠢ ᠶᠢ ᠪᠠᠭᠠᠰᠬᠠᠵᠤ ᠪᠠᠶᠢᠵᠤ ᠯᠠ ᠬᠥᠭᠵᠢᠨᠡᠡ

ᠡᠨ᠋ᠲᠷᠣᠫᠢ ᠨᠡᠶᠢᠭᠡᠮ ᠦᠨ ᠤᠬᠠᠭᠠᠨ ᠳᠤ ᠨᠡᠪᠲᠡᠷᠡᠭᠡᠳᠦᠶ ᠨᠡᠷᠡᠡ ᠲᠣᠮᠢᠶᠠᠠ ᠴᠤ ᠡᠨᠳᠡ ᠪᠢ ᠹᠢᠯᠣᠰᠣᠹᠢ ᠤᠳᠬᠠᠠ ᠪᠠᠷ ᠵᠣᠷᠢᠭᠤᠳᠠ ᠬᠡᠯᠡᠵᠡ ᠪᠠᠶᠢᠭᠠᠠ ᠶᠤᠮ᠃ ᠶᠠᠭᠠᠬᠢᠭᠠᠳ ᠭᠡᠪᠡᠯ ᠮᠠᠨᠠᠶ ᠨᠡᠶᠢᠭᠡᠮ ᠦᠨ ᠤᠬᠠᠭᠠᠨ ᠤ ᠬᠡᠳᠦᠨ ᠡᠷᠳᠡᠮᠲᠡᠨ᠂ ᠡᠰᠡᠪᠡᠯ ᠤᠯᠤᠰ ᠲᠥᠷᠦᠴᠢ ᠨᠥᠬᠦᠳ ᠦᠳ ᠮᠡᠳᠡᠮᠡᠬᠡᠶᠢᠷᠡᠵᠦ᠂ ᠮᠥᠩᠭᠦᠨ ᠦ ᠬᠠᠩᠰᠢ᠂ ᠥᠰᠦᠯᠲᠡ ᠭᠡᠬᠦᠴᠢᠯᠡᠨ ᠨᠡᠷᠡᠡ ᠲᠣᠮᠢᠶᠠᠠ ᠶᠠᠷᠢᠬᠤ ᠠᠴᠠ ᠪᠠᠶᠢᠭᠠᠯᠢ ᠶᠢᠨ ᠵᠢᠮᠠᠠ ᠤᠷᠤᠭᠤ ᠣᠷᠤᠳᠠᠭ ᠦᠭᠡᠶ᠃ ᠡᠭᠦᠨ ᠢ ᠹᠢᠽᠢᠻ ᠦᠨ ᠤᠬᠠᠭᠠᠨ ᠳᠤ ᠬᠠᠮᠢᠶᠠᠷᠤᠭᠤᠯᠵᠤ᠂ ᠮᠢᠨᠤ ᠶᠠᠷᠢᠭᠠᠳ ᠪᠠᠶᠢᠭᠠᠠ ᠰᠠᠨᠠᠭᠠᠠ ᠪᠣᠯ ᠡᠨ᠋ᠲᠷᠣᠫᠢ ᠶᠢ ᠪᠠᠭᠠᠰᠬᠠᠵᠤ ᠪᠠᠶᠢᠵᠤ ᠯᠠ ᠪᠢᠳᠡ ᠴᠢᠯᠦᠭᠡᠲᠦ ᠡᠷᠴᠢᠮ ᠢ ᠣᠯᠵᠤ ᠠᠪᠤᠨᠠᠠ᠃ ᠲᠡᠷᠡ ᠨᠢ ᠬᠥᠭᠵᠢᠯ᠃ ᠡᠨ᠋ᠲᠷᠣᠫᠢ ᠶᠢᠨ ᠮᠠᠰᠢ ᠵᠢᠵᠢᠭ ᠬᠤᠪᠢᠰᠤᠯ ᠲᠣᠮᠤ ᠬᠤᠪᠢᠰᠬᠠᠯ ᠳᠤ ᠬᠦᠷᠭᠡᠬᠦ ᠪᠣᠯᠤᠮᠵᠢᠲᠠᠶ᠃ ᠵᠢᠱᠢᠶᠡᠡ ᠨᠢ᠂ ᠮᠠᠭᠠᠳᠯᠠᠯ ᠤᠨ ᠣᠨᠤᠯ ᠢᠶᠠᠷ ᠥᠷᠦᠭᠡᠨ ᠳᠣᠲᠤᠷᠠᠠ ᠨᠢᠰᠴᠦ ᠶᠠᠪᠤᠭᠠᠠ ᠢᠯᠠᠭᠠᠠ ᠶᠢ ᠬᠦᠮᠦᠨ ᠨᠢᠳᠦ ᠪᠡᠨ ᠪᠣᠭᠤᠴᠢᠬᠠᠭᠠᠳ ᠭᠠᠷ ᠪᠤᠤ ᠪᠠᠷ ᠪᠤᠤᠳᠠᠪᠠᠯ ᠣᠨᠤᠬᠤ ᠦᠭᠡᠶ᠃ ᠬᠢᠵᠠᠭᠠᠷ ᠦᠭᠡᠶ ᠪᠤᠤᠳᠠᠪᠠᠯ ᠬᠡᠵᠢᠶᠡᠡ ᠨᠢᠭᠡᠨ ᠴᠠᠭ ᠲᠤ ᠣᠨᠤᠵᠤ ᠪᠣᠯᠤᠨᠠᠠ᠃

ᠲᠡᠷᠡ ᠬᠢᠵᠠᠭᠠᠷ ᠦᠭᠡᠶ ᠣᠯᠠᠨ ᠲᠣᠭᠠᠨ ᠤ ᠵᠢᠵᠢᠭ ᠵᠦᠢᠯ ᠦᠳ ᠢ ᠶᠠᠭᠠᠬᠢᠵᠤ ᠨᠢᠭᠡᠳᠬᠡᠨ ᠠᠪᠴᠤ ᠦᠵᠡᠵᠦ ᠳ᠋ᠦᠩᠨᠡᠬᠦ ᠪᠤᠶ᠃ ᠡᠨ᠋ᠲᠷᠣᠫᠢ ᠪᠠᠭᠤᠷᠠᠪᠠᠯ ᠮᠠᠭᠠᠳᠯᠠᠯ ᠨᠡᠮᠡᠭᠳᠡᠨᠡᠡ ᠭᠡᠰᠡᠨ ᠦᠭᠡ᠃ ᠲᠡᠭᠦᠨ ᠡᠴᠡ ᠬᠦᠮᠦᠨ ᠲᠥᠷᠦᠯᠬᠢᠲᠡᠨ ᠨᠢᠷᠤᠭᠤ ᠪᠠᠨ ᠪᠥᠭᠲᠦᠶᠢᠲᠡᠯᠡᠡ ᠬᠥᠳᠡᠯᠮᠦᠷᠢᠯᠡᠭᠰᠡᠨ ᠢᠶᠡᠷ ᠬᠥᠭᠵᠢᠯ ᠢᠷᠡᠬᠦ ᠦᠭᠡᠶ᠃ ᠮᠣᠩᠭᠤᠯ ᠤᠨ ᠮᠠᠯᠴᠢᠳ ᠬᠡᠳᠦᠨ ᠮᠢᠩᠭᠠᠨ ᠵᠢᠯ ᠮᠠᠯ ᠢᠶᠠᠨ ᠮᠠᠯᠯᠠᠭᠰᠠᠨ᠂ ᠥᠨᠦᠳᠦᠷ ᠮᠠᠯᠴᠢᠨ ᠬᠡᠪ ᠢᠶᠡᠷ ᠢᠶᠡᠨ ᠯᠡ ᠪᠠᠶᠢᠨᠠᠠ᠃ ᠭᠡᠲᠡᠯᠡᠡ ᠪᠢᠳᠡᠨ ᠦ ᠳᠡᠭᠡᠭᠦᠷ ᠥᠨᠦᠳᠦᠷ ᠣᠩᠭᠤᠴᠠ ᠨᠢᠰᠴᠦ ᠪᠠᠶᠢᠭᠠᠠ᠃ ᠪᠢᠳᠡ ᠬᠥᠭᠵᠢᠭᠰᠡᠨ ᠦᠭᠡᠶ᠃ ᠠᠯᠲᠠ᠂ ᠵᠡᠰ᠂ ᠨᠡᠭᠦᠷᠡᠰᠦ ᠪᠡᠨ ᠤᠬᠤᠭᠠᠳ ᠬᠥᠭᠵᠢᠬᠦ ᠦᠭᠡᠶ᠃ ᠲᠡᠭᠦᠪᠡᠷ ᠶᠠᠭᠤᠮᠠᠠ ᠬᠢᠵᠦ ᠴᠢᠳᠠᠵᠤ ᠪᠠᠶᠢᠪᠠᠯ ᠬᠥᠭᠵᠢᠵᠦ ᠪᠠᠶᠢᠭᠠᠠ ᠶᠤᠮ᠃ ᠲᠡᠭᠦᠨ ᠡᠴᠡ ᠵᠢᠭᠡᠯᠡ ᠠᠪᠤᠭᠠᠳ ᠲᠡᠭᠦᠨ ᠢ ᠪᠡᠨ ᠬᠤᠪᠢᠶᠠᠭᠠᠳ ᠢᠳᠡᠴᠢᠬᠡᠬᠦ ᠪᠡᠷ ᠶᠠᠭᠤ ᠪᠣᠯᠬᠤ ᠪᠢᠯᠡ᠃ ᠪᠦᠲᠦᠭᠡᠵᠦ ᠴᠢᠳᠠᠳᠠᠭ᠂ ᠬᠢᠵᠦ ᠴᠢᠳᠠᠳᠠᠭ ᠪᠠᠶᠢᠬᠤ ᠨᠢ ᠴᠢᠬᠤᠯᠠ᠃ ᠲᠡᠭᠦᠨ ᠦ ᠲᠥᠯᠦᠭᠡ ᠣᠷᠴᠢᠨ ᠬᠡᠷᠡᠭᠲᠡᠶ᠃ ᠳᠡᠯᠡᠬᠡᠶ ᠶᠢᠷᠲᠢᠨᠴᠦ ᠪᠦᠬᠦᠯᠢ ᠳᠡᠭᠡᠨ ᠨᠢᠭᠡ ᠣᠷᠴᠢᠨ ᠪᠣᠯ ᠤᠯᠤᠰ ᠣᠷᠤᠨ ᠨᠤᠭᠤᠳ ᠲᠤᠰ ᠲᠤᠰ ᠲᠠᠭᠠᠨ ᠣᠷᠴᠢᠨ ᠨᠥᠭᠦᠴᠡᠯ ᠲᠡᠶ᠃

ᠮᠠᠨᠠᠶ ᠬᠥᠭᠵᠢᠯ ᠦᠨ ᠣᠷᠴᠢᠨ ᠶᠠᠮᠠᠷ ᠪᠠᠶᠢᠨᠠᠠ⁈

ᠥᠨᠦᠳᠦᠷ ᠳᠡᠯᠡᠬᠡᠶ ᠶᠢᠨ ᠬᠥᠭᠵᠢᠯ ᠦᠨ ᠴᠥᠮᠡᠡ ᠠᠽᠢ ᠲᠢᠢᠪ ᠦᠷᠦᠭᠦᠦ ᠰᠢᠯᠵᠢᠯᠡᠡ᠃ ᠬᠢᠲᠠᠳ᠂ ᠣᠷᠤᠰ ᠭᠡᠰᠡᠨ ᠳᠡᠯᠡᠬᠡᠶ ᠶᠢᠨ ᠬᠣᠶᠠᠷ ᠰᠦᠫᠧᠷ ᠭᠦᠷᠦᠨ ᠦ ᠬᠣᠯᠪᠤᠭᠠᠠ ᠡᠭᠦᠰᠦᠯᠡᠡ᠃ ᠡᠨᠡ ᠪᠣᠯ ᠬᠥᠭᠵᠢᠯ ᠦᠨ ᠣᠷᠤᠰᠢᠬᠤᠶ ᠨᠥᠭᠦᠴᠡᠯ ᠦᠨ ᠰᠢᠨᠡᠡ ᠰᠢᠨᠵᠢ ᠲᠥᠯᠦᠪ᠃ ᠡᠨᠡ ᠮᠡᠲᠦ ᠪᠡᠷ ᠳᠡᠯᠡᠬᠡᠶ ᠳᠡᠭᠡᠷᠡᠡ ᠨᠥᠭᠦᠴᠡᠯ ᠣᠷᠴᠢᠨ ᠥᠭᠡᠷᠡᠴᠢᠯᠡᠭᠳᠡᠵᠦ ᠪᠠᠶᠢᠳᠠᠭ᠃ ᠲᠡᠷᠡ ᠨᠢ ᠰᠠᠨᠠᠭᠠᠲᠠᠶ᠂ ᠰᠠᠨᠠᠮᠰᠠᠷ ᠦᠭᠡᠶ ᠣᠯᠠᠨ ᠬᠦᠴᠦᠨ ᠵᠦᠶᠯ ᠡᠴᠡ ᠡᠭᠦᠰᠳᠡᠭ᠃ ᠡᠭᠦᠨ ᠢ ᠪᠠᠶᠢᠩᠭᠤ ᠬᠠᠷᠠᠵᠤ ᠪᠠᠶᠢᠬᠤ ᠬᠡᠷᠡᠭᠲᠡᠶ᠃ ᠮᠣᠩᠭᠤᠯ ᠤᠨ ᠬᠤᠪᠢ ᠳᠤ ᠣᠷᠤᠰ᠂ ᠧᠦᠷᠣᠫᠠ ᠶᠢᠨ ᠳᠤᠮᠳᠠ ᠡᠭᠦᠰᠦᠭᠰᠡᠨ ᠠᠰᠠᠭᠤᠳᠠᠯ ᠦᠨᠡᠬᠡᠷ ᠠᠰᠢᠭᠲᠠᠶ ᠲᠠᠭᠠᠲᠠᠶ ᠪᠠᠶᠢᠳᠠᠯ ᠪᠤᠶ ᠪᠣᠯᠭᠠᠯᠠᠠ᠃ ᠤᠷᠳᠤ ᠠᠴᠠ ᠬᠣᠶᠢᠰᠢ ᠪᠠᠨ ᠶᠠᠪᠤᠬᠤ ᠠᠴᠢᠶᠠᠠ ᠶᠠᠭᠤ ᠪᠠᠶᠢᠨᠠᠠ᠂ ᠬᠣᠶᠢᠨᠠᠠ ᠠᠴᠠ ᠤᠷᠤᠭᠰᠢ ᠪᠠᠨ ᠶᠠᠪᠤᠬᠤ ᠠᠴᠢᠶᠠᠠ ᠶᠠᠭᠤ ᠪᠠᠶᠢᠨᠠᠠ ᠪᠤᠶ᠃

ᠣᠳᠤ ᠪᠢᠳᠡ ᠣᠷᠤᠰ᠂ ᠬᠢᠲᠠᠳ ᠤᠨ ᠬᠣᠭᠤᠷᠤᠨᠳᠤ ᠶᠢᠨ ᠵᠠᠭᠤᠴᠢ ᠲᠡᠳᠦᠶ ᠦᠭᠡᠶ᠂ ᠡᠳ ᠦᠨ ᠵᠠᠰᠠᠭ ᠤᠨ ᠠᠵᠢᠯᠯᠠᠭᠠᠨ ᠳᠤ ᠣᠷᠤᠯᠴᠠᠬᠤ ᠪᠣᠯᠤᠮᠵᠢᠲᠠᠶ᠃ ᠬᠣᠶᠠᠷ ᠡᠳᠦᠷ ᠦᠨ ᠡᠮᠦᠨᠡᠡ ᠠᠽᠢ᠆ᠨᠣᠮᠤᠬᠠᠨ ᠳᠠᠯᠠᠶ ᠶᠢᠨ ᠣᠷᠤᠨ ᠨᠤᠭᠤᠳ ᠤᠨ ᠬᠠᠮᠲᠤ ᠶᠢᠨ ᠠᠵᠢᠯᠯᠠᠭᠠᠨ ᠤ ᠳᠡᠭᠡᠳᠦ ᠬᠡᠮᠵᠢᠶᠡᠨ ᠦ ᠠᠭᠤᠯᠵᠠᠯᠲᠠ ᠥᠨᠳᠦᠷᠯᠡᠯᠡᠡ᠃ ᠲᠡᠨᠳᠡ ᠴᠢᠯᠦᠭᠡᠲᠦ ᠬᠤᠳᠠᠯᠳᠤᠭᠠᠨ ᠤ ᠠᠰᠠᠭᠤᠳᠠᠯ ᠮᠠᠰᠢ ᠲᠣᠮᠤ ᠪᠠᠷ ᠲᠠᠯᠪᠢᠭᠳᠠᠯᠠᠠ᠃ ᠣᠷᠤᠰ ᠤᠳ ᠳᠡᠮᠵᠢᠯᠡᠡ᠃ ᠮᠣᠩᠭᠤᠯ ᠤᠨ ᠬᠤᠪᠢ ᠳᠤ ᠲᠡᠷᠡ ᠪᠣᠯ ᠭᠠᠶᠢᠯᠢ ᠦᠭᠡᠶ ᠬᠤᠳᠠᠯᠳᠤᠭᠠᠠ ᠭᠡᠰᠡᠨ ᠦᠭᠡ᠃ ᠡᠭᠦᠨ ᠡᠴᠡ ᠢᠯᠡᠭᠦᠦ ᠲᠠᠭᠠᠲᠠᠶ ᠨᠥᠭᠦᠴᠡᠯ ᠭᠡᠵᠦ ᠶᠠᠭᠤ ᠪᠠᠶᠢᠬᠤ ᠪᠤᠶ᠃ ᠪᠢᠳᠡᠨ ᠡᠴᠡ ᠬᠠᠮᠢᠶᠠᠷᠬᠤ ᠦᠭᠡᠶ ᠬᠦᠴᠦᠨ ᠵᠦᠶᠯ ᠪᠢᠳᠡᠨ ᠦ ᠡᠮᠦᠨᠡᠡ ᠣᠷᠤᠰ ᠤᠨ ᠵᠠᠬᠠᠠ ᠵᠡᠭᠡᠯᠢ ᠶᠢ ᠨᠡᠭᠡᠭᠡᠵᠦ ᠥᠭᠭᠦᠯᠡᠡ᠃ ᠣᠷᠤᠰ ᠤᠨ ᠬᠣᠯᠪᠤᠭᠠᠨ ᠤ ᠤᠯᠤᠰ ᠮᠣᠩᠭᠤᠯ ᠠᠴᠠ ᠠᠭᠤᠯᠠ ᠠᠭᠤᠷᠬᠠᠶ ᠶᠢᠨ ᠶᠠᠮᠠᠷ ᠴᠤ ᠪᠦᠲᠦᠭᠡᠭᠳᠡᠭᠦᠨ ᠠᠪᠬᠤ ᠦᠭᠡᠶ᠃ ᠭᠡᠬᠦ ᠳᠡᠭᠡᠨ ᠪᠢᠳᠡᠨ ᠳᠦ ᠨᠢᠭᠡ ᠲᠣᠮᠤ ᠳᠠᠪᠠᠭᠤ ᠲᠠᠯᠠᠠ ᠪᠤᠶ᠃ ᠣᠷᠤᠰ ᠤᠯᠤᠰ ᠳᠡᠯᠡᠬᠡᠶ ᠶᠢᠨ ᠬᠣᠶᠢᠳᠤ ᠲᠠᠯᠠᠠ ᠶᠢᠨ ᠰᠡᠷᠢᠭᠦᠨ ᠪᠦᠰᠡ ᠶᠢᠨ ᠬᠠᠭᠤᠷᠠᠶ ᠭᠠᠵᠠᠷ ᠤᠨ ᠶᠡᠬᠡᠩᠬᠢ ᠶᠢ ᠡᠵᠡᠯᠡᠳᠡᠭ᠃ ᠪᠢᠳᠡ ᠨᠣᠤᠰᠤ ᠨᠣᠯᠤᠤᠷ᠂ ᠠᠷᠠᠰᠤ ᠰᠢᠷᠢᠨ ᠪᠦᠲᠦᠭᠡᠭᠳᠡᠬᠦᠨ᠂ ᠠᠳᠠᠭᠯᠠᠭᠠᠳ ᠢᠰᠡᠭᠡᠶ ᠭᠤᠲᠤᠯ᠂ ᠬᠢᠪᠢᠰ᠂ ᠨᠡᠬᠡᠶ ᠳᠡᠪᠡᠯ ᠢᠶᠡᠨ ᠣᠷᠤᠰ ᠤᠷᠤᠭᠤ ᠭᠠᠷᠭᠠᠬᠤ ᠳᠤ ᠴᠢᠯᠦᠭᠡᠲᠡᠶ ᠪᠣᠯᠤᠨᠠᠠ᠃ ᠲᠡᠭᠡᠬᠦᠯᠡᠷ ᠳᠡᠯᠡᠬᠡᠶ ᠶᠢᠨ ᠨᠥᠭᠦᠴᠡᠯ ᠪᠠᠶᠢᠳᠠᠯ ᠥᠭᠡᠷᠡᠴᠢᠯᠡᠭᠳᠡᠬᠦ ᠨᠢ ᠮᠣᠩᠭᠤᠯ ᠪᠣᠯᠤᠭᠠᠳ ᠪᠤᠰᠤᠳ ᠣᠷᠤᠨ ᠳᠤ ᠲᠠᠭᠠᠲᠠᠶ᠂ ᠨᠠᠷᠠ ᠭᠡᠶᠢᠭᠰᠡᠨ ᠴᠣᠭᠤᠷᠬᠠᠶ ᠨᠤᠭᠤᠳ ᠢ ᠪᠤᠶ ᠪᠣᠯᠭᠠᠳᠠᠭ ᠶᠤᠮ ᠪᠠᠶᠢᠨᠠᠠ᠃ ᠡᠭᠦᠨ ᠢ ᠪᠡᠨ ᠪᠢᠳᠡ ᠣᠯᠵᠤ ᠬᠠᠷᠠᠬᠤ ᠶᠣᠰᠤᠲᠠᠶ᠃

ᠪᠢᠳᠡ ᠭᠠᠳᠠᠨᠠᠠ ᠠᠴᠠ ᠪᠦᠬᠦ ᠵᠦᠶᠯ ᠰᠢᠯᠲᠠᠭᠠᠯᠠᠭᠠᠳ ᠪᠠᠶᠢᠭᠠᠠ ᠮᠡᠲᠦ ᠪᠡᠷ ᠶᠠᠷᠢᠳᠠᠭ᠃ ᠦᠨᠡᠨ ᠳᠡᠭᠡᠨ ᠪᠣᠯ ᠪᠢᠳᠡᠨ ᠡᠴᠡ ᠰᠢᠯᠲᠠᠭᠠᠯᠠᠵᠤ ᠪᠠᠶᠢᠭᠠᠠ ᠶᠤᠮ᠃ ᠥᠨᠦᠳᠦᠷ ᠮᠣᠩᠭᠤᠯ ᠤᠨ ᠬᠦᠮᠦᠨ ᠠᠮᠠ ᠭᠤᠷᠪᠠᠨ ᠰᠠᠶᠠᠠ ᠪᠠᠶᠢᠨᠠᠠ᠂ ᠴᠠᠭᠠᠰᠢᠳᠠ ᠲᠠᠪᠤᠨ ᠰᠠᠶᠠᠠ ᠪᠣᠯᠤᠨᠠᠠ᠃ ᠪᠦᠲᠦᠭᠡᠬᠦ ᠴᠢᠳᠠᠪᠤᠷᠢ ᠥᠰᠦᠨᠡᠡ᠃ ᠪᠢ ᠮᠣᠩᠭᠤᠯ ᠬᠦᠮᠦᠨ ᠦ ᠣᠶᠤᠨ ᠤᠬᠠᠭᠠᠨ ᠢ ᠭᠠᠶᠢᠬᠠᠳᠠᠭ᠃ ᠥᠨᠦᠳᠦᠷ ᠳᠡᠯᠡᠬᠡᠶ ᠶᠢᠨ ᠲᠣᠮᠤᠬᠠᠨ ᠤᠷᠤᠯᠳᠤᠭᠠᠨ᠂ ᠲᠡᠮᠡᠴᠡᠭᠡᠨ ᠳᠦ ᠮᠣᠩᠭᠤᠯ ᠬᠦᠮᠦᠨ ᠲᠦᠷᠦᠭᠦᠯᠡᠴᠢᠬᠡᠭᠡᠳ ᠢᠷᠡᠵᠦ ᠪᠠᠶᠢᠨᠠᠠ ᠰᠢᠦ ᠳᠡ᠃ 1989 ᠣᠨ ᠳᠤ ᠮᠣᠩᠭᠤᠯ ᠬᠦᠮᠦᠨ ᠣᠩᠭᠤᠴᠠ ᠬᠢᠭᠰᠡᠨ ᠶᠤᠮ ᠰᠢᠦ ᠳᠡ᠃ ᠬᠥᠪᠰᠦᠭᠦᠯ ᠦᠨ ᠨᠢᠮᠠᠳᠠᠸᠠ ᠭᠡᠵᠦ ᠬᠦᠮᠦᠨ ᠬᠣᠶᠠᠷ ᠬᠦᠮᠦᠨ ᠦ᠂ ᠳᠥᠷᠪᠡᠨ ᠬᠦᠮᠦᠨ ᠦ ᠣᠩᠭᠤᠴᠠ ᠬᠢᠭᠡᠳ ᠲᠡᠭᠦᠪᠡᠷ ᠢᠶᠡᠨ ᠨᠢᠰᠴᠦ ᠪᠠᠶᠢᠭᠰᠠᠨ᠃ ᠳᠠᠩᠴᠤ ᠠᠸᠠᠷ ᠲᠤ ᠣᠷᠤᠨᠠᠠ ᠭᠡᠳ ᠬᠣᠷᠢᠭᠯᠠᠴᠢᠬᠠᠭᠰᠠᠨ᠃ ᠲᠡᠷᠡ ᠦᠶᠡᠡ ᠳᠦ ᠵᠢᠵᠢᠭ ᠣᠩᠭᠤᠴᠠᠨ ᠤ ᠦᠢᠯᠡᠳᠪᠦᠷᠢ ᠬᠥᠭᠵᠢᠭᠦᠯᠦᠭᠰᠡᠨ ᠪᠣᠯ ᠥᠨᠦᠳᠦᠷ ᠶᠠᠮᠠᠷ ᠪᠠᠶᠢᠬᠤ ᠪᠤᠶ᠃

ᠪᠢᠳᠡ ᠬᠥᠭᠵᠢᠯ ᠢᠶᠡᠨ ᠲᠣᠳᠤᠷᠬᠠᠶᠢᠯᠠᠵᠤ ᠴᠢᠳᠠᠳᠠᠭ ᠦᠭᠡᠶ

-ᠮᠠᠨᠠᠶᠢᠬᠢᠨ ᠥᠨᠦᠳᠦᠷ ᠤᠯᠤᠰ ᠤᠨ ᠲᠥᠰᠦᠪ ᠭᠡᠳ ᠶᠠᠷᠢᠭᠠᠳ ᠪᠠᠶᠢᠳᠠᠭ᠃ 5-10 ᠵᠢᠯ ᠳᠦ ᠶᠠᠭᠤ ᠬᠢᠵᠦ ᠴᠢᠳᠠᠬᠤ ᠪᠤᠶ ᠭᠡᠳᠡᠭ ᠢᠶᠡᠨ ᠲᠣᠳᠤᠷᠬᠠᠶᠢᠯᠠᠵᠤ ᠲᠥᠯᠦᠪᠯᠡᠬᠦ ᠦᠭᠡᠶ ᠪᠠᠶᠢᠨᠠᠠ᠃ ᠲᠡᠭᠦᠨ ᠡᠴᠡ ᠪᠢᠰᠢ ᠬᠡᠴᠢᠨᠡᠨ ᠮᠥᠩᠭᠦ ᠣᠯᠬᠤ ᠪᠠᠨ ᠲᠦᠷᠦᠭᠦᠯᠡᠵᠦ ᠪᠣᠳᠤᠬᠤ ᠬᠡᠷᠡᠭ ᠦᠭᠡᠶ᠃ ᠭᠡᠲᠡᠯᠡᠡ ᠣᠳᠤ ᠬᠡᠳᠦᠨ ᠲᠥᠭᠦᠷᠢᠭ ᠪᠠᠶᠢᠨᠠᠠ᠂ ᠲᠡᠳᠦᠨ ᠵᠢᠯ ᠦᠨ ᠳᠠᠷᠠᠭᠠᠠ ᠲᠡᠶᠢᠮᠦ ᠪᠣᠯᠤᠨᠠᠠ ᠭᠡᠵᠦ ᠪᠣᠳᠤᠭᠠᠳ ᠪᠠᠶᠢᠳᠠᠭ᠃ ᠲᠡᠷᠡ ᠬᠥᠭᠵᠢᠯ ᠪᠢᠰᠢ᠃ ᠲᠡᠭᠦᠨ ᠦ ᠪᠡᠨ ᠣᠷᠤᠨ ᠳᠤ ᠲᠧᠬᠨᠣᠯᠣᠭᠢ ᠪᠣᠳᠤᠬᠤ ᠶᠣᠰᠤᠲᠠᠶ ᠶᠤᠮ᠃ ᠭᠠᠳᠠᠭᠠᠳᠤ ᠳᠤ ᠮᠡᠷᠭᠡᠵᠢᠯ ᠢᠶᠡᠷ ᠢᠶᠡᠨ ᠬᠣᠴᠤᠷᠤᠭᠳᠠᠭᠰᠠᠨ ᠬᠦᠮᠦᠨ ᠡᠨᠳᠡ ᠢᠷᠡᠭᠡᠳ ᠮᠣᠩᠭᠤᠯ ᠬᠦᠮᠦᠨ ᠡᠴᠡ ᠵᠢᠬᠠᠭᠠᠨ ᠳᠡᠭᠡᠬᠡᠨ ᠶᠠᠭᠤᠮᠠᠠ ᠬᠢᠨᠡᠡ ᠪᠢᠵᠡ᠂ ᠪᠢᠳᠡ ᠬᠥᠭᠵᠢᠯᠲᠡᠶ ᠣᠷᠤᠨ ᠨᠤᠭᠤᠳ ᠢ ᠭᠦᠶᠴᠡᠬᠦ ᠦᠭᠡᠶ᠃ ᠲᠡᠭᠦᠨ ᠰᠢᠭ᠋ ᠬᠣᠴᠤᠷᠤᠭᠳᠠᠭᠰᠠᠨ ᠲᠧᠬᠨᠣᠯᠣᠭᠢ ᠣᠷᠤᠵᠤ ᠢᠷᠡᠭᠡᠳ ᠶᠠᠭᠠᠬᠢᠬᠤ ᠪᠤᠶ᠂ ᠪᠦᠬᠦ ᠶᠠᠭᠤᠮᠠᠠ ᠳᠠᠭᠤᠰᠤᠨᠠᠠ ᠰᠢᠦ ᠳᠡ᠃

ᠪᠣᠬᠢᠷ ᠮᠥᠩᠭᠦ ᠣᠷᠤᠵᠤ ᠢᠷᠡᠭᠡᠳ ᠶᠠᠭᠠᠬᠢᠬᠤ ᠪᠤᠶ᠂ ᠡᠳ ᠦᠨ ᠵᠠᠰᠠᠭ ᠤᠨ ᠭᠡᠮᠲᠦ ᠬᠡᠷᠡᠭᠲᠡᠨ ᠨᠦᠭᠦᠳ ᠦᠨ ᠭᠠᠷ ᠲᠤ ᠣᠷᠤᠭᠤᠯᠤᠭᠠᠳ ᠳᠠᠭᠤᠰᠤᠨᠠᠠ᠃ ᠡᠨᠡ ᠶᠠᠭᠤ ᠪᠤᠶ ᠭᠡᠬᠦᠯᠡᠷ᠂ ᠲᠦᠷᠦᠭᠦᠨ ᠮᠢᠨᠤ ᠶᠠᠷᠢᠶᠠᠨ ᠤ ᠡᠬᠢᠨ ᠳᠦ ᠳᠤᠷᠠᠳᠤᠭᠰᠠᠨ ᠡᠨ᠋ᠲᠷᠣᠫᠢ᠃ ᠲᠣᠳᠤᠷᠬᠠᠶ ᠦᠭᠡᠶ ᠪᠠᠶᠢᠳᠠᠯ᠂ ᠡᠮᠬᠢ ᠵᠠᠮᠪᠠᠷᠠᠭᠠᠠ ᠦᠭᠡᠶ ᠪᠠᠶᠢᠳᠠᠯ᠂ ᠴᠡᠭᠴᠡᠷᠡᠭᠡᠳᠦᠶ ᠬᠥᠳᠡᠯᠭᠡᠭᠡᠨ ᠡᠭᠦᠰᠬᠡᠭᠡᠳ ᠭᠠᠷᠤᠭᠠᠳ ᠶᠠᠪᠤᠨᠠᠠ᠃ ᠡᠭᠦᠨ ᠳᠡᠭᠡᠨ ᠪᠢᠳᠡ ᠬᠢᠨᠠᠯᠲᠠ ᠲᠣᠭᠲᠠᠭᠠᠬᠤ ᠶᠣᠰᠤᠲᠠᠶ᠃ ᠭᠠᠳᠠᠨᠠᠠ ᠠᠴᠠ ᠴᠢᠨᠠᠷ ᠦᠭᠡᠶ ᠪᠠᠷᠠᠭᠠᠠ ᠣᠷᠤᠭᠤᠯᠳᠠᠭ ᠦᠭᠡᠶ᠂ ᠬᠣᠴᠤᠷᠤᠭᠳᠠᠭᠰᠠᠨ ᠲᠧᠬᠨᠣᠯᠣᠭᠢ ᠣᠷᠤᠭᠤᠯᠳᠠᠭ ᠦᠭᠡᠶ᠂ ᠡᠻᠣᠯᠣᠭᠢ ᠶᠢᠨ ᠬᠣᠤᠷᠲᠠᠶ ᠦᠶᠯᠡᠳᠪᠦᠷᠢ ᠣᠷᠤᠭᠤᠯᠳᠠᠭ ᠦᠭᠡᠶ᠂ ᠲᠡᠭᠡᠭᠰᠡᠨ ᠠᠲᠠᠯᠠᠠ ᠳᠣᠲᠤᠷᠠᠠ ᠪᠠᠨ ᠲᠡᠷᠡ ᠪᠦᠬᠦᠨ ᠢ ᠬᠢᠵᠠᠭᠠᠷᠯᠠᠵᠤ ᠴᠢᠳᠠᠳᠠᠭ ᠪᠠᠶᠢᠵᠤ ᠪᠢᠳᠡ ᠤᠷᠤᠭᠰᠢ ᠪᠠᠨ ᠳᠠᠪᠬᠢᠨᠠᠠ᠃ ᠭᠡᠲᠡᠯᠡᠡ ᠵᠠᠪᠠᠭᠠᠷᠠᠬᠤ ᠶᠢᠨ ᠶᠡᠬᠡ ᠪᠡᠷ ᠵᠠᠪᠠᠭᠠᠷᠠᠴᠢᠬᠠᠭᠠᠳ ᠳᠡᠭᠡᠷᠡᠡ ᠨᠢ ᠨᠡᠭᠦᠷᠡᠰᠦ᠂ ᠠᠯᠲᠠᠨ ᠤ ᠠᠭᠤᠷᠬᠠᠶ ᠪᠠᠷ ᠪᠣᠬᠢᠷᠳᠠᠭᠤᠯᠴᠢᠬᠠᠭᠠᠳ ᠵᠠᠨᠠᠷ ᠤᠨ ᠲᠤᠬᠠᠶ ᠶᠠᠷᠢᠵᠤ ᠡᠬᠢᠯᠡᠭᠰᠡᠨ᠃ ᠬᠡᠶ ᠬᠡᠷᠡᠭᠲᠡᠶ ᠪᠠᠶᠢᠵᠤ ᠪᠣᠯᠤᠨᠠᠠ᠃ ᠵᠠᠨᠠᠷ ᠤᠨ ᠬᠡᠶ ᠭᠠᠵᠠᠷ ᠤᠨ ᠬᠦᠨ ᠦᠷᠦᠭᠦᠦ ᠬᠢᠮᠢ ᠶᠢᠨ ᠠᠭᠤᠰᠤᠮᠠᠯ ᠰᠢᠬᠠᠭᠠᠳ ᠡᠷᠭᠢᠭᠡᠳ 50 ᠬᠤᠪᠢ ᠶᠢ ᠨᠢ ᠯᠠ ᠪᠤᠴᠠᠭᠠᠵᠤ ᠠᠪᠳᠠᠭ᠃ ᠰᠠᠶᠢᠬᠠᠨ ᠠᠮᠧᠷᠢᠻᠠ ᠶᠢᠨ ᠨᠢᠭᠡᠳᠦᠭᠰᠡᠨ ᠤᠯᠤᠰ ᠤᠨ ᠨᠢᠭᠡ ᠮᠤᠵᠢ ᠥᠪᠡᠷ ᠦᠨ ᠨᠤᠲᠤᠭ ᠳᠡᠪᠢᠰᠬᠡᠷ ᠲᠦ ᠵᠠᠨᠠᠷ ᠤᠨ ᠬᠡᠶ ᠶᠢ ᠬᠣᠷᠢᠭᠯᠠᠭᠰᠠᠨ ᠬᠠᠤᠯᠢ ᠭᠠᠷᠭᠠᠭᠰᠠᠨ᠃

ᠲᠡᠷᠡ ᠬᠡᠶ ᠳᠦ ᠬᠦᠮᠦᠨ ᠬᠣᠤᠷᠠᠳᠠᠵᠤ᠂ ᠠᠮᠢᠲᠠᠳ ᠦᠬᠦᠵᠦ ᠪᠠᠶᠢᠭᠠᠠ ᠨᠢ ᠬᠥᠭᠵᠢᠯ ᠦᠦ᠃ ᠡᠭᠦᠨ ᠦ ᠠᠷᠤ ᠳᠤ ᠮᠠᠰᠢ ᠲᠣᠮᠤ ᠠᠰᠠᠭᠤᠯᠲᠠ ᠶᠢᠨ ᠲᠡᠮᠳᠡᠭ ᠪᠠᠶᠢᠨᠠᠠ᠃ ᠮᠠᠨᠠᠶᠢᠬᠢᠨ ᠮᠥᠩᠭᠦ ᠣᠯᠤᠨᠠᠠ ᠭᠡᠳ ᠹᠷᠠᠨ᠋ᠼᠠ ᠶᠢᠨ 《ᠠᠷᠧᠸᠠ》 ᠶᠢ ᠣᠷᠤᠭᠤᠯᠵᠤ ᠢᠷᠡᠵᠦ ᠪᠠᠬᠠᠨ ᠭᠠᠵᠠᠷ ᠤᠬᠤᠵᠤ ᠦᠷᠠᠨ ᠣᠯᠪᠤᠷᠢᠯᠠᠭᠤᠯᠴᠢᠬᠠᠭᠠᠳ᠂ ᠮᠠᠯ ᠦᠭᠦᠭᠰᠡᠨ ᠦ ᠳᠠᠷᠠᠭᠠᠠ ᠮᠠᠨᠠᠶ ᠡᠷᠳᠡᠮᠲᠡᠨ ᠮᠡᠷᠭᠡᠳ᠂ ᠬᠠᠮᠤᠭ ᠤᠨ ᠬᠠᠷᠠᠮᠰᠠᠯᠲᠠᠶ ᠨᠢ ᠲᠥᠷᠦ ᠶᠢᠨ ᠬᠢᠨ ᠦᠷᠠᠨ ᠠᠴᠠ ᠪᠣᠯᠵᠤ ᠮᠠᠯ ᠬᠣᠤᠷᠠᠳᠠᠭᠠᠳᠤᠶ᠂ ᠰᠧᠯᠧᠨᠢ ᠡᠴᠡ ᠪᠣᠯᠵᠤ ᠮᠠᠯ ᠬᠣᠤᠷᠠᠳᠠᠭᠰᠠᠨ ᠭᠡᠵᠦ ᠪᠠᠶᠢᠨᠠᠠ᠃ ᠮᠠᠯᠴᠢᠳ ᠲᠡᠷᠡ ᠰᠧᠯᠧᠨᠢ ᠭᠡᠬᠦ ᠪᠣᠳᠠᠰ ᠢ ᠭᠠᠵᠠᠷ ᠤᠨ ᠭᠦᠨ ᠦᠷᠦᠭᠦᠦ ᠬᠢᠭᠡᠳᠦᠶ᠃ ᠲᠡᠷᠡ ᠭᠠᠵᠠᠷ ᠤᠨ ᠭᠦᠨ ᠡᠴᠡ ᠤᠷᠭᠤᠵᠤ ᠭᠠᠷᠠᠭᠠᠳᠤᠶ᠃ ᠲᠡᠨᠳᠡ ᠠᠭᠤᠷᠬᠠᠶ ᠠᠵᠢᠯᠯᠠᠭᠤᠯᠤᠭᠰᠠᠨ ᠻᠣᠮᠫᠠᠨᠢ ᠲᠡᠷᠡ ᠠᠵᠢᠯ ᠢ ᠶᠠᠪᠤᠭᠤᠯᠤᠭᠰᠠᠨ ᠪᠠᠶᠢᠨᠠᠠ᠃ ᠢᠩᠭᠢᠭᠡᠳ ᠪᠣᠳᠤᠬᠤ ᠳᠤ ᠬᠥᠭᠵᠢᠯ ᠭᠡᠵᠦ ᠪᠠᠶᠠᠵᠢᠬᠤ ᠶᠢ ᠠᠨᠳᠠᠭᠤᠷᠠᠬᠤ ᠶᠤᠮ ᠪᠣᠯ ᠮᠥᠭᠦᠯ ᠰᠦᠶᠷᠡᠯ ᠦᠷᠦᠭᠦᠦ ᠶᠠᠪᠤᠨᠠᠠ᠃ ᠡᠭᠦᠨ ᠢ ᠪᠡᠨ ᠪᠢᠳᠡ ᠬᠢᠵᠠᠭᠠᠷᠯᠠᠬᠤ ᠶᠣᠰᠤᠲᠠᠶ ᠶᠤᠮ᠃


ᠮᠣᠩᠭᠤᠯ ᠤᠨ ᠬᠥᠭᠵᠢᠯ ᠦᠨ ᠭᠠᠷᠴᠠ ᠶᠠᠭᠤ ᠪᠤᠶ⁈

-ᠣᠳᠤ ᠠᠴᠠ 21 ᠵᠢᠯ ᠦᠨ ᠡᠮᠦᠨᠡᠡ ᠳᠡᠯᠡᠬᠡᠶ ᠶᠢᠨ ᠨᠡᠷᠡᠲᠡᠶ ᠤᠯᠤᠰ ᠲᠥᠷᠦᠴᠢ 《ᠠᠷᠠᠳᠴᠢᠯᠠᠯ᠂ ᠵᠠᠬᠠᠠ ᠵᠡᠭᠡᠯᠢ ᠶᠢᠨ ᠡᠳ ᠦᠨ ᠵᠠᠰᠠᠭ ᠭᠡᠳᠡᠭ ᠪᠣᠯ ᠬᠥᠭᠵᠢᠯ ᠦᠨ ᠵᠠᠶᠢᠯᠠᠰᠢ ᠦᠭᠡᠶ ᠤᠭᠲᠤᠪᠤᠷᠢ ᠨᠥᠭᠦᠴᠡᠯ ᠮᠥᠨ᠃ ᠭᠡᠬᠦ ᠳᠡᠭᠡᠨ ᠬᠠᠩᠭᠠᠯᠲᠠᠲᠠᠶ ᠨᠥᠬᠦᠴᠡᠯ ᠪᠢᠰᠢ᠃ ᠪᠢᠳᠡ ᠠᠷᠠᠳᠴᠢᠯᠠᠭᠰᠠᠨ ᠣᠷᠤᠨ ᠪᠣᠯᠤᠯᠠᠠ᠂ ᠵᠠᠬᠠᠠ ᠵᠡᠭᠡᠯᠢ ᠶᠢᠨ ᠡᠳ ᠦᠨ ᠵᠠᠰᠠᠭ ᠲᠤ ᠰᠢᠯᠵᠢᠯᠡᠡ ᠭᠡᠳ ᠠᠦᠲᠣᠮᠠᠲ ᠢᠶᠠᠷ ᠬᠥᠭᠵᠢᠯ ᠦᠨ ᠵᠠᠮ ᠳᠡᠭᠡᠷᠡᠡ ᠭᠠᠷᠬᠤ ᠦᠭᠡᠶ᠃ ᠨᠢᠭᠡ ᠯᠡ ᠶᠠᠭᠤᠮᠠᠠ ᠬᠡᠷᠡᠭᠲᠡᠶ᠃ ᠮᠠᠨᠠᠶᠢᠬᠢᠨ ᠵᠠᠬᠠᠠ ᠵᠡᠭᠡᠯᠢ ᠭᠡᠵᠦ ᠬᠡᠷᠡᠭᠯᠡᠭᠴᠢᠳ ᠢᠶᠡᠨ ᠱᠤᠯᠤᠳᠠᠭ ᠳᠠᠮ ᠤᠨ ᠮᠠᠶᠢᠠᠮᠠᠶᠢᠴᠢᠳ ᠢᠶᠠᠷ ᠲᠥᠰᠦᠭᠡᠯᠡᠴᠢᠬᠡᠭᠡᠳ ᠪᠣᠯᠤᠭᠠᠳ ᠪᠠᠶᠢᠨᠠᠠ ᠭᠡᠵᠦ ᠪᠣᠳᠤᠵᠤ ᠪᠠᠶᠢᠬᠠᠠ ᠰᠢᠭ ᠪᠠᠶᠢᠨᠠᠠ᠃ ᠲᠡᠷᠡ ᠥᠭᠡᠷᠡᠴᠢᠯᠡᠭᠳᠡᠬᠦ ᠦᠭᠡᠶ ᠪᠠᠶᠢᠬᠠᠠ ᠯᠠ ᠳᠠ᠃ ᠭᠡᠬᠦ ᠳᠡᠭᠡᠨ ᠪᠢᠳᠡᠨ ᠳᠦ ᠶᠠᠭᠤ ᠬᠡᠷᠡᠭᠲᠡᠶ ᠪᠤᠶ᠃

ᠬᠥᠭᠵᠢᠬᠦ ᠶᠢᠨ ᠲᠤᠯᠠᠳᠠ ᠣᠶᠤᠨ ᠤ ᠪᠦᠲᠦᠭᠡᠬᠦ ᠴᠢᠳᠠᠪᠬᠢ ᠶᠢ ᠯᠠ ᠳᠡᠮᠵᠢᠬᠦ ᠬᠡᠷᠡᠭᠲᠡᠶ᠃ ᠲᠠ ᠨᠠᠷ ᠪᠣᠳᠤᠭᠠᠳ ᠦᠵᠡ᠃ ᠮᠣᠩᠭᠤᠯ ᠤᠨ ᠣᠶᠤᠨ ᠤ ᠪᠦᠲᠦᠭᠡᠬᠦ ᠴᠢᠳᠠᠪᠬᠢ ᠬᠠᠮᠢᠭᠠᠠ ᠪᠠᠶᠢᠨᠠᠠ⁈ ᠶᠡᠬᠡ᠂ ᠳᠡᠭᠡᠳᠦ ᠰᠤᠷᠭᠠᠭᠤᠯᠢ ᠨᠤᠭᠤᠳ ᠤᠨ ᠰᠡᠷᠭᠦᠯᠡᠩ ᠵᠠᠯᠠᠭᠤ ᠣᠶᠤᠲᠠᠨ ᠨᠤᠭᠤᠳ ᠤᠨ ᠲᠠᠷᠢᠬᠢᠨ ᠳᠤ ᠪᠠᠶᠢᠨᠠᠠ᠃ ᠲᠡᠭᠦᠨ ᠢ ᠬᠥᠳᠡᠯᠭᠡᠵᠦ ᠴᠢᠳᠠᠪᠠᠯ᠂ ᠲᠡᠷᠡ ᠪᠠᠭᠰᠢ ᠨᠠᠷ᠂ ᠡᠷᠳᠡᠮᠲᠡᠳ ᠮᠡᠳᠡᠯᠭᠡ ᠪᠡᠨ ᠣᠶᠤᠲᠠᠨ ᠨᠤᠭᠤᠳ ᠲᠠᠭᠠᠨ ᠥᠭᠭᠦᠭᠡᠳ ᠲᠡᠭᠦᠨ ᠢ ᠬᠡᠷᠡᠭᠵᠢᠭᠦᠯᠵᠦ ᠴᠢᠳᠠᠪᠠᠯ ᠪᠢᠳᠡ ᠬᠥᠭᠵᠢᠨᠡᠡ᠃ ᠲᠡᠭᠦᠨ ᠡᠴᠡ ᠪᠢᠰᠢ ᠡᠨᠳᠡ ᠲᠡᠨᠳᠡ ᠭᠠᠭᠴᠠ ᠠᠵᠤ ᠠᠬᠤᠶ ᠶᠢᠨ ᠨᠢᠭᠡᠴᠡ ᠶᠢ ᠬᠠᠷᠠᠭᠠᠳ ᠪᠦᠲᠦᠬᠦ ᠦᠭᠡᠶ᠃ ᠪᠢᠳᠡ ᠶᠠᠮᠠᠷ ᠪᠠᠶᠢᠳᠠᠯ ᠲᠠᠶ ᠪᠠᠶᠢᠨᠠᠠ᠃ ᠡᠨᠡ ᠬᠠᠪᠤᠷ ᠶᠡᠬᠡ᠂ ᠳᠡᠭᠡᠳᠦ ᠰᠤᠷᠭᠠᠭᠤᠯᠢ ᠳᠤ ᠡᠯᠰᠡᠬᠦ ᠣᠶᠤᠲᠠᠨ ᠨᠤᠭᠤᠳ ᠡᠯᠰᠡᠯᠲᠡ ᠶᠢᠨ ᠰᠢᠯᠭᠠᠯᠲᠠ ᠥᠭᠭᠦᠯᠡᠡ᠃ ᠡᠯᠰᠡᠯᠲᠡ ᠶᠢᠨ ᠰᠢᠯᠭᠠᠯᠲᠠ ᠥᠭᠭᠦᠭᠰᠡᠨ ᠬᠡᠦᠬᠡᠳ ᠦᠳ ᠦᠨ 96.3 ᠬᠤᠪᠢ ᠨᠢ ᠮᠠᠲᠧᠮᠠᠲ᠋ᠢᠭ ᠤᠨ ᠬᠢᠴᠢᠶᠡᠯ ᠳᠦ 0 ᠠᠪᠤᠯᠠᠠ᠃ ᠡᠨᠡ ᠶᠠᠭᠠᠬᠢᠵᠤ ᠪᠠᠶᠢᠨᠠᠠ ᠪᠤᠶ᠂ ᠰᠠᠯᠪᠤᠷᠢ ᠶᠢᠨ ᠰᠠᠶᠢᠳ ᠨᠢ ᠶᠠᠭᠤ ᠬᠢᠵᠦ ᠪᠠᠶᠢᠨᠠᠠ᠃ ᠹᠣᠷᠮ ᠤᠨ ᠬᠤᠪᠴᠠᠰᠤ ᠶᠠᠷᠢᠵᠤ ᠪᠣᠯᠤᠨᠠᠠ᠂ ᠪᠠᠷᠢᠯᠭᠠᠠ ᠶᠢᠨ ᠲᠤᠬᠠᠶ ᠶᠠᠷᠢᠵᠤ ᠪᠣᠯᠤᠨᠠᠠ᠃ ᠬᠠᠮᠤᠭ ᠤᠨ ᠭᠣᠤᠯ ᠨᠢ ᠬᠡᠦᠬᠡᠳ ᠦᠳ ᠦᠨ ᠲᠠᠷᠢᠬᠢᠨ ᠳᠤ ᠶᠠᠭᠤᠮᠠᠠ ᠬᠢᠬᠦ᠃ ᠮᠣᠩᠭᠤᠯ ᠤᠨ ᠪᠦᠬᠦ ᠲᠧᠬᠨᠢᠭ᠂ ᠲᠧᠬᠨᠣᠯᠣᠭᠢ ᠶᠢᠨ ᠰᠤᠷᠭᠠᠭᠤᠯᠢ ᠨᠤᠭᠤᠳ ᠤᠨ ᠯᠠᠪᠣᠷᠠᠲ᠋ᠣᠷᠢ ᠶᠢ ᠳᠡᠯᠡᠬᠡᠶ ᠶᠢᠨ ᠲᠦᠪᠰᠢᠨ ᠳᠦ ᠬᠦᠷᠲᠡᠯᠡᠡ ᠰᠢᠢᠳᠪᠦᠷᠢᠯᠡᠬᠦ ᠳᠦ ᠭᠤᠴᠢᠬᠠᠨ ᠰᠠᠶᠠᠠ ᠠᠮ᠊᠂ ᠳ᠋ᠣᠯᠯᠠᠷ ᠬᠡᠷᠡᠭᠲᠡᠶ᠃ ᠣᠳᠤ ᠪᠠᠷ ᠪᠣᠯ 50 ᠲᠡᠷᠪᠤᠮ ᠲᠥᠭᠦᠷᠢᠭ ᠭᠡᠰᠡᠨ ᠦᠭᠡ᠃ ᠮᠠᠨᠠᠶ ᠲᠥᠷᠦ᠂ ᠵᠠᠰᠠᠭ 50 ᠲᠡᠷᠪᠤᠮ ᠲᠥᠭᠦᠷᠢᠭ ᠢ ᠶᠠᠭᠤᠨ ᠳᠤ ᠵᠠᠷᠤᠴᠠᠭᠤᠯᠳᠠᠭ ᠪᠢᠯᠡ᠃

ᠶᠠᠮᠠᠷ ᠴᠤ ᠬᠡᠷᠡᠭ ᠦᠭᠡᠶ ᠵᠦᠶᠯ ᠳᠦ᠂ ᠤᠬᠤᠨᠠᠠ ᠢᠮᠠᠭᠠᠨ ᠳᠤ ᠥᠭᠴᠦ ᠪᠠᠶᠢᠬᠤ ᠵᠢᠱᠢᠶᠡᠲᠡᠶ᠃ ᠰᠣᠩᠭᠤᠭᠤᠯᠢ ᠳᠤ ᠳᠡᠪᠰᠢᠵᠦ᠂ ᠰᠠᠨᠠᠯ ᠠᠪᠤᠭᠰᠠᠨ ᠬᠦᠮᠦᠰ ᠶᠠᠭᠠᠬᠢᠳᠠᠭ ᠪᠤᠶ᠃ ᠭᠡᠲᠡᠯᠡᠡ ᠰᠠᠶᠢᠬᠠᠨ ᠨᠢᠭᠡ ᠴᠠᠬᠢᠮ ᠬᠠᠭᠤᠳᠠᠰᠤ ᠬᠠᠷᠠᠵᠤ ᠪᠠᠶᠢᠬᠤ ᠳᠤ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠳᠠᠷᠤᠭᠠᠠ ᠳᠠ᠊᠂ ᠪᠠᠲᠤᠲᠤᠯᠭᠠᠠ ᠭᠠᠷ ᠤᠨ ᠦᠰᠦᠭ ᠵᠢᠷᠤᠭᠠᠳ ᠬᠣᠲᠠ ᠶᠢᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠥᠯᠦᠭᠡᠯᠡᠭᠴᠢᠳ ᠤᠯᠠᠷᠢᠯ ᠲᠤᠲᠤᠮ 10 ᠰᠠᠶᠠᠠ᠂ ᠵᠢᠯ ᠳᠦ 40 ᠰᠠᠶᠠᠠ ᠲᠥᠭᠦᠷᠢᠭ ᠢ ᠴᠠᠯᠢᠩ ᠠᠴᠠ ᠭᠠᠳᠠᠭᠤᠷ ᠠᠪᠳᠠᠭ ᠶᠤᠮ ᠪᠠᠶᠢᠨᠠᠠ᠃ ᠡᠨᠡ ᠶᠠᠭᠤ ᠭᠡᠰᠡᠨ ᠦᠭᠡ ᠪᠤᠶ᠃ ᠬᠣᠲᠠ᠂ ᠳᠡᠭᠦᠷᠭᠡ ᠭᠡᠳ ᠴᠠᠭᠠᠰᠢ ᠪᠣᠳᠤᠭᠠᠳ ᠦᠵᠡᠬᠦ ᠳᠦ ᠵᠢᠯ ᠳᠦ ᠲᠡᠷᠪᠤᠮ ᠭᠠᠷᠤᠶ ᠲᠥᠭᠦᠷᠢᠭ ᠢ ᠠᠬᠠᠠ ᠳᠡᠭᠦᠦ ᠨᠠᠷ ᠳᠠᠭᠤᠴᠢᠬᠠᠳᠠᠭ ᠶᠤᠮ ᠪᠠᠶᠢᠨᠠᠠ᠃ ᠲᠡᠭᠡᠭᠦᠯᠡᠷ ᠠᠶᠢᠮᠠᠭ᠂ ᠰᠣᠮᠤ ᠶᠢᠨ ᠬᠢ ᠶᠠᠭᠤ ᠪᠣᠯᠵᠤ ᠪᠠᠶᠢᠨᠠᠠ ᠪᠤᠶ᠃ ᠲᠠᠲᠠᠪᠤᠷᠢ ᠶᠢᠨ ᠬᠢᠨ ᠭᠡᠲᠡᠯᠡᠡ ᠲᠥᠯᠦᠪᠯᠡᠭᠡ ᠪᠡᠨ ᠪᠡᠶᠡᠯᠡᠭᠦᠯᠦᠭᠰᠡᠨ ᠭᠡᠳ 800 ᠰᠠᠶᠠᠠ ᠪᠠᠷ ᠪᠡᠶᠡᠡ ᠪᠡᠶᠡᠡ ᠪᠡᠨ ᠱᠠᠩᠨᠠᠯᠠᠠ ᠭᠡᠨᠡᠡ᠃ ᠡᠨᠡ ᠮᠥᠩᠭᠦ ᠶᠢ ᠴᠤᠭᠯᠠᠭᠤᠯᠤᠭᠠᠳ ᠶᠡᠬᠡ᠂ ᠳᠡᠭᠡᠳᠦ ᠰᠤᠷᠭᠠᠭᠤᠯᠢ ᠶᠢᠨ ᠢᠶᠠᠨ ᠯᠠᠪᠣᠷᠠᠲ᠋ᠣᠷᠢ ᠶᠢ ᠣᠷᠴᠢᠨ ᠦᠶᠡᠡ ᠶᠢᠨ ᠲᠦᠪᠰᠢᠨ ᠳᠦ ᠬᠦᠷᠭᠡᠵᠦ᠂ ᠲᠤᠷᠰᠢᠯᠲᠠ ᠦᠶᠯᠡᠳᠪᠦᠷᠢᠯᠡᠯ ᠲᠡᠶ ᠪᠣᠯᠭᠠᠭᠠᠳ ᠥᠭᠭᠦᠭᠰᠡᠨ ᠪᠣᠯ ᠣᠶᠤᠲᠠᠨ ᠵᠠᠯᠠᠭᠤᠰ᠂ ᠡᠷᠳᠡᠮᠲᠡᠨ ᠪᠠᠭᠰᠢ ᠨᠠᠷ ᠢᠷᠠᠯᠵᠠᠲᠠᠯᠠᠠ ᠠᠵᠢᠯᠯᠠᠨᠠᠠ᠃ ᠮᠠᠨᠠᠶ ᠪᠦᠲᠦᠭᠡᠬᠦ ᠬᠦᠴᠦ ᠲᠡᠨᠳᠡ ᠪᠠᠶᠢᠨᠠᠠ᠃

ᠰᠢᠨᠵᠢᠯᠡᠬᠦ ᠤᠬᠠᠭᠠᠨ ᠤ ᠲᠥᠯᠦᠪᠯᠡᠯᠲᠡ᠂ ᠰᠠᠩᠬᠦᠵᠢᠯᠲᠡ ᠶᠢ ᠦᠨᠳᠦᠰᠦ ᠪᠡᠷ ᠨᠢ ᠥᠭᠡᠷᠡᠴᠢᠯᠡᠬᠦ ᠴᠠᠭ ᠪᠣᠯᠵᠢ᠃ ᠡᠨᠡ ᠬᠥᠭᠵᠢᠯ ᠦᠨ ᠭᠠᠷᠴᠠ ᠶᠢᠨ ᠨᠢᠭᠡᠳᠦᠭᠡᠷ ᠠᠰᠠᠭᠤᠳᠠᠯ᠃ ᠠᠷᠠᠳᠴᠢᠯᠠᠯ ᠪᠢᠳᠡᠨ ᠳᠦ ᠬᠠᠩᠭᠠᠯᠲᠠᠲᠠᠶ ᠪᠠᠶᠢᠨᠠᠠ᠃ ᠲᠥᠷᠦ᠂ ᠵᠠᠰᠠᠭ ᠢᠶᠠᠨ ᠤᠨᠠᠭᠠᠭᠠᠵᠤ ᠴᠢᠳᠠᠵᠤ ᠪᠠᠶᠢᠨᠠᠠ᠂ ᠬᠠᠷᠢᠶᠠᠵᠤ ᠵᠦᠬᠡᠵᠦ ᠴᠢᠳᠠᠵᠤ ᠪᠠᠶᠢᠨᠠᠠ᠂ ᠪᠣᠯᠤᠭᠠᠠ ᠪᠢᠰᠢᠦ᠃ ᠣᠳᠤ ᠣᠶᠤᠨ ᠤ ᠪᠠᠨ ᠴᠢᠳᠠᠪᠬᠢ ᠶᠢ ᠲᠡᠳᠬᠦᠬᠦ ᠴᠠᠭ ᠪᠣᠯᠵᠡᠶ᠃ ᠳᠡᠯᠡᠬᠡᠶ ᠶᠢᠷᠲᠢᠨᠴᠦ ᠥᠭᠡᠷᠡᠴᠢᠯᠡᠭᠳᠡᠵᠦ᠂ ᠠᠰᠤᠷᠤ ᠶᠡᠬᠡ ᠮᠥᠩᠭᠦᠨ ᠦ ᠤᠷᠤᠰᠬᠠᠯ ᠠᠽᠢ ᠲᠢᠢᠪ ᠢ ᠴᠢᠭᠯᠡᠵᠦ ᠪᠠᠶᠢᠨᠠᠠ᠃ 2016 ᠣᠨ ᠳᠤ ᠧᠦᠷᠠᠽᠢ ᠶᠢᠨ ᠠᠭᠤᠯᠵᠠᠯᠲᠠ ᠮᠣᠩᠭᠤᠯ ᠳᠤ ᠪᠣᠯᠤᠨᠠᠠ᠃ ᠳᠠᠷᠤᠭᠠᠠ ᠨᠠᠷ ᠭᠣᠶᠤ ᠬᠤᠪᠴᠠᠰᠤ ᠪᠠᠨ ᠡᠮᠦᠰᠴᠦ ᠶᠣᠰᠤᠯᠠᠭᠠᠳ ᠥᠭᠭᠡᠷᠡᠭᠡᠴᠢᠬᠡᠨᠡᠡ᠃ ᠮᠣᠩᠭᠤᠯ ᠣᠷᠤᠨ ᠠᠽᠢ ᠲᠢᠢᠪ ᠦᠨ ᠭᠦᠨ ᠳᠦ ᠬᠥᠷᠦᠩᠭᠡ᠂ ᠮᠥᠩᠭᠦ ᠰᠠᠩᠬᠦᠦ ᠶᠢ ᠲᠥᠪᠯᠡᠷᠡᠭᠦᠯᠳᠡᠭ ᠲᠥᠪ ᠨᠢ ᠪᠠᠶᠢᠵᠤ ᠪᠣᠯᠬᠤ ᠦᠭᠡᠶ ᠭᠡᠵᠦ ᠦᠦ᠃ ᠡᠭᠦᠨ ᠦ ᠲᠥᠯᠦᠭᠡ ᠮᠣᠩᠭᠤᠯ ᠤᠨ ᠡᠳ ᠦᠨ ᠵᠠᠰᠠᠭᠴᠢ᠂ ᠪᠠᠩᠭᠢᠷ ᠤᠳ ᠠᠵᠢᠯᠯᠠᠵᠤ ᠴᠢᠳᠠᠬᠤ ᠦᠭᠡᠶ ᠭᠡᠵᠦ ᠦᠦ᠃ ᠬᠦᠮᠦᠨ ᠦ ᠣᠶᠤᠨ ᠤᠬᠠᠭᠠᠨ ᠠᠯᠢ ᠴᠤ ᠰᠠᠯᠪᠤᠷᠢ ᠳᠤ ᠠᠵᠢᠯᠯᠠᠵᠤ᠂ ᠪᠦᠲᠦᠭᠡᠵᠦ ᠴᠢᠳᠠᠪᠠᠯ ᠲᠡᠨᠳᠡ ᠬᠥᠭᠵᠢᠯ ᠪᠠᠶᠢᠨᠠᠠ᠃ ᠣᠶᠤᠨ ᠤᠬᠠᠭᠠᠨ ᠬᠠᠮᠢᠭᠠᠠ ᠴᠠᠷᠴᠠᠭᠰᠠᠨ ᠪᠠᠶᠢᠨᠠᠠ᠂ ᠲᠡᠨᠳᠡ ᠬᠥᠭᠵᠢᠯ ᠢᠷᠡᠬᠦ ᠦᠭᠡᠶ ᠮᠥᠬᠦᠯ ᠯᠡ ᠢᠷᠡᠨᠡᠡ᠃ ᠭᠡᠬᠦ ᠳᠡᠭᠡᠨ ᠪᠢ ᠮᠣᠩᠭᠤᠯ ᠳᠤ ᠬᠥᠭᠵᠢᠯ ᠢᠷᠡᠨᠡᠡ ᠭᠡᠵᠦ ᠢᠲᠡᠭᠡᠳᠡᠭ

No comments:

Post a Comment