Монгол бичгээ хэрэглэцгээе! Chrome, Internet Explorer, Safari хөтчөөр үзнэ үү!

"Антарктидад Монголын судалгааны баазтай болох зорилго тавьж байна"

2015-01-17

《ᠠᠨ᠋ᠲᠠᠷᠻᠲᠢᠳ᠋ ᠲᠤ ᠮᠣᠩᠭᠤᠯ ᠤᠨ ᠰᠤᠳᠤᠯᠭᠠᠨ ᠤ ᠪᠠᠭᠠᠵᠠ ᠲᠠᠶ ᠪᠣᠯᠬᠤ ᠵᠣᠷᠢᠯᠭ᠎ᠠ ᠲᠠᠯᠪᠢᠵᠤ ᠪᠠᠶᠢᠨ᠎ᠠ》



ᠪ᠊᠂ ᠪᠢᠮᠪᠠᠰᠦ᠋ᠷᠦᠩ | ikon.mn | 2014 ᠣᠨ ᠤ 1 ᠳᠦᠭᠡᠷ ᠰᠠᠷ᠎ᠠ ᠶᠢᠨ 16


Responsive image
ᠤᠰᠤ ᠴᠠᠭ ᠠᠭᠤᠷ᠂ ᠣᠷᠴᠢᠨ ᠤ ᠰᠢᠨᠵᠢᠯᠡᠭᠡᠨ  ᠬᠦᠷᠢᠶᠡᠯᠡᠩ ᠦᠨ ᠤᠰᠤ ᠰᠤᠳᠤᠯᠤᠯ ᠤᠨ ᠰᠧᠻᠲᠣᠷ ᠤᠨ ᠲᠧᠭᠨᠣᠯᠣᠭᠢᠴᠢ ᠢᠨ᠋ᠵᠧᠨᠧᠷ ᠬ∙ ᠫᠦᠷᠪᠦᠳᠠᠭᠪᠠ 2014 ᠣᠨ ᠤ ᠠᠷᠪᠠᠨ ᠨᠢᠭᠡᠳᠦᠭᠡᠷ ᠰᠠᠷ᠎ᠠ ᠶᠢᠨ 10 ᠠᠴᠠ ᠨᠢᠭᠡᠳᠦᠭᠡᠷ ᠰᠠᠷ᠎ᠠ ᠶᠢᠨ 3᠍ ᠦ ᠬᠣᠭᠣᠷᠣᠨᠳᠤ ᠪᠣᠯᠭᠠᠷ ᠤᠨ ᠣᠯᠠᠨ ᠤᠯᠤᠰ ᠤᠨ ᠠᠨ᠋ᠲᠠᠷᠻᠲᠢᠳ᠋ ᠰᠤᠳᠤᠯᠤᠯ ᠤᠨ ᠡᠻᠰᠫᠧᠳᠢᠼ ᠦᠨ ᠬᠠᠮᠲᠤᠷᠠᠭᠰᠠᠨ ᠰᠤᠳᠤᠯᠭᠠᠨ ᠤ ᠠᠵᠢᠯ ᠳᠤ ᠣᠷᠣᠯᠴᠠᠭᠠᠳ ᠡᠬᠡ ᠣᠷᠣᠨ  ᠳᠠᠭᠠᠨ ᠢᠷᠡᠵᠡᠢ᠃

ᠲᠡᠷᠡ ᠪᠡᠷ ᠠᠨ᠋ᠲᠠᠷᠻᠲᠢᠳ᠋ ᠤᠨ ᠯᠢᠸᠢᠩᠰᠲ᠋ᠣᠨ ᠠᠷᠠᠯ ᠳᠤ ᠪᠠᠶᠢᠷᠢᠯᠠᠬᠤ ᠪᠣᠯᠭᠠᠷ ᠤᠨ ᠪᠠᠭᠠᠵᠠ ᠳᠤ ᠨᠢᠭᠡ ᠰᠠᠷ᠎ᠠ ᠶᠢᠨ ᠲᠤᠷᠰᠢ ᠠᠵᠢᠯᠯᠠᠵᠤ ᠴᠠᠰᠤ᠂ ᠮᠥᠰᠦᠨ ᠦ ᠨᠥᠭᠡᠴᠡ᠂ ᠬᠠᠶᠢᠯᠤᠯᠲᠠ᠂ ᠬᠤᠷᠠᠮᠳᠤᠯᠠᠯ᠂ ᠲᠡᠭᠦᠨ ᠳᠦ ᠨᠦᠯᠦᠭᠡᠯᠡᠬᠦ ᠠᠭᠤᠷ ᠠᠮᠢᠰᠬᠤᠯ᠂ ᠤᠰᠤᠨ ᠤ ᠭᠣᠷᠢᠮ ᠢ ᠲᠣᠭᠲᠠᠭᠠᠬᠤ ᠰᠤᠳᠤᠯᠭᠠᠨ ᠤ ᠠᠵᠢᠯ ᠬᠢᠭᠰᠡᠨ ᠪᠠᠶᠢᠨ᠎ᠠ᠃ ᠰᠤᠳᠤᠯᠤᠭᠠᠴᠢ ᠶᠢᠨ ᠵᠠᠮ ᠤᠨ ᠵᠠᠷᠤᠳᠠᠯ ᠢ ᠮᠣᠩᠭᠣᠯ ᠤᠨ ᠲᠠᠯ᠎ᠠ ᠬᠠᠷᠢᠭᠤᠴᠠᠵᠠᠢ᠃

ᠪᠣᠯᠭᠠᠷ ᠤᠨ ᠠᠨ᠋ᠲᠠᠷᠻᠲᠢᠳ᠋ ᠍ ᠤᠨ ᠬᠦᠷᠢᠶᠡᠯᠡᠩ ᠡᠴᠡ ᠡᠨᠡ ᠤᠳᠠᠭ᠎ᠠ ᠶᠢᠨ ᠡᠻᠰᠫᠧᠳᠢᠼ ᠲᠤ ᠮᠣᠩᠭᠣᠯ ᠤᠨ ᠲᠠᠯ᠎ᠠ ᠠᠴᠠ ᠰᠤᠳᠤᠯᠭ᠎ᠠ ᠬᠢᠬᠦ ᠨᠢᠭᠡ ᠮᠡᠷᠭᠡᠵᠢᠯᠲᠡᠨ ᠢ ᠣᠷᠤᠯᠴᠠᠭᠤᠯᠬᠤ ᠪᠣᠯᠤᠮᠵᠢ ᠣᠯᠭᠤᠭᠰᠠᠨ ᠠᠵᠢ᠃

ᠲᠡᠷᠡᠪᠡᠷ
  • ᠠᠨ᠋ᠲᠠᠷᠻᠲᠢᠳ᠋ ᠰᠤᠳᠤᠯᠤᠯ ᠤᠨ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠳᠤ ᠮᠣᠩᠭᠣᠯ ᠤᠯᠤᠰ ᠤᠨ ᠣᠷᠣᠯᠴᠠᠭ᠎ᠠ ᠶᠢ ᠬᠠᠩᠭᠠᠬᠤ;
  • ᠠᠨ᠋ᠲᠠᠷᠻᠲᠢᠳ᠋ ᠰᠤᠳᠤᠯᠤᠯ ᠳᠤ ᠮᠣᠩᠭᠣᠯ ᠤᠯᠤᠰ ᠤᠨ ᠬᠤᠪᠢ ᠨᠡᠮᠡᠷᠢ ᠶᠢ ᠤᠷᠤᠭᠤᠯᠬᠤ;
  • ᠠᠨ᠋ᠲᠠᠷᠻᠲᠢᠳ᠋ ᠲᠢᠢᠪ ᠢ ᠯᠢᠸᠢᠩᠰᠲ᠋ᠣᠨ ᠤ ᠠᠷᠠᠯ ᠢᠶᠠᠷ ᠲᠥᠯᠦᠭᠡᠯᠡᠭᠦᠯᠵᠦ ᠴᠠᠰᠤ᠂ ᠮᠥᠰᠥ᠂ ᠤᠰᠤᠨ ᠤ ᠭᠣᠷᠢᠮ᠂ ᠠᠭᠤᠷ ᠠᠮᠢᠰᠬᠤᠯ ᠤᠨ ᠰᠤᠳᠤᠯᠭ᠎ᠠ ᠬᠢᠬᠦ ᠵᠣᠷᠢᠯᠭ᠎ᠠ ᠳᠡᠪᠰᠢᠭᠦᠯᠦᠨ ᠠᠵᠢᠯᠯᠠᠭᠰᠠᠨ ᠪᠢᠯᠡ᠃

- ᠮᠣᠩᠭᠣᠯ ᠤᠯᠤᠰ ᠠᠴᠠ ᠠᠨ᠋ᠲᠠᠷᠻᠲᠢᠳ᠋ ᠲᠢᠢᠪ ᠲᠦ ᠣᠴᠢᠵᠤ ᠰᠤᠳᠤᠯᠭ᠎ᠠ ᠬᠢᠬᠦ ᠶᠢᠨ ᠠᠴᠢ ᠬᠣᠯᠪᠣᠭᠳᠠᠯ᠂ ᠴᠠᠭᠠᠰᠢᠯᠠᠭᠠᠳ ᠲᠡᠨᠳᠡ ᠮᠠᠨᠠᠶ ᠤᠯᠤᠰ ᠤᠨ ᠰᠤᠳᠤᠯᠭᠠᠨ ᠤ ᠪᠠᠭᠠᠵᠠ ᠪᠠᠶᠢᠭᠤᠯᠬᠤ ᠶᠢᠨ ᠠᠴᠢ ᠬᠣᠯᠪᠣᠭᠳᠠᠯ ᠶᠠᠭᠤ ᠪᠤᠢ⁈

- ᠠᠨ᠋ᠲᠠᠷᠻᠲᠢᠳ᠋ ᠲᠢᠢᠪ ᠦᠨ ᠰᠤᠳᠤᠯᠭ᠎ᠠ 1800᠍ ᠊ᠭᠠᠳ ᠣᠨ ᠤ ᠦᠶ᠎ᠡ ᠳᠦ ᠡᠬᠢᠯᠡᠭᠰᠡᠨ᠃ ᠲᠡᠨᠳᠡ ᠳᠡᠯᠡᠬᠡᠢ ᠶᠢᠨ 29 ᠣᠷᠣᠨ ᠤ 60 ᠣᠷᠴᠢᠮ ᠰᠤᠳᠤᠯᠭᠠᠨ ᠤ ᠪᠠᠭᠠᠵᠠ ᠪᠠᠶᠢᠷᠢᠯᠠᠵᠤ ᠪᠠᠶᠢᠨ᠎ᠠ᠃ ᠲᠡᠨᠳᠡ ᠰᠤᠳᠤᠯᠭ᠎ᠠ ᠬᠢᠬᠦ ᠶᠢᠨ ᠠᠴᠢ ᠬᠣᠯᠪᠣᠭᠳᠠᠯ ᠢ ᠨ᠂ ᠳᠦᠭᠡᠷᠵᠠᠪ ᠭᠤᠸᠠᠢ 《ᠮᠣᠩᠭᠣᠯ ᠬᠦᠮᠦᠨ ᠰᠠᠨᠰᠠᠷ ᠲᠤ ᠨᠢᠰᠬᠦ ᠶᠠᠮᠠᠷ ᠬᠡᠷᠡᠭᠲᠡᠢ ᠪᠤᠢ ᠭᠡᠰᠡᠨ ᠲᠡᠢ ᠤᠳᠬ᠎ᠠ ᠨᠢᠭᠡ ᠠᠰᠠᠭᠤᠳᠠᠯ》 ᠬᠡᠮᠡᠨ ᠲᠠᠶᠢᠯᠪᠤᠷᠢᠯᠠᠭᠰᠠᠨ ᠪᠠᠶᠢᠳᠠᠭ᠃

ᠲᠡᠭᠡᠬᠦ ᠪᠡᠷ ᠠᠴᠢ ᠬᠣᠯᠪᠣᠭᠳᠠᠯ ᠤᠨ ᠬᠤᠪᠢ ᠳᠤ ᠬᠤᠭᠤᠴᠠᠭᠠᠨ ᠳᠠᠭᠠᠨ ᠪᠤᠢ᠃ ᠣᠳᠤ ᠪᠠᠷ ᠲᠡᠨᠳᠡ ᠮᠠᠰᠢ ᠶᠡᠬᠡ ᠨᠥᠭᠡᠴᠡ ᠪᠠᠶᠠᠯᠢᠭ ᠢᠯᠡᠷᠡᠵᠦ ᠪᠠᠶᠢᠨ᠎ᠠ᠃ ᠵᠢᠱᠢᠶ᠎ᠡ ᠨᠢ ᠳᠡᠯᠡᠬᠡᠢ ᠶᠢᠨ ᠴᠡᠪᠡᠷ ᠤᠰᠤᠨ ᠤ ᠨᠥᠭᠡᠴᠡ ᠶᠢᠨ 80 ᠬᠤᠪᠢ ᠨᠢ ᠠᠨ᠋ᠲᠠᠷᠻᠲᠢᠳ᠋᠍ ᠲᠤ ᠣᠷᠣᠰᠢᠵᠤ ᠪᠠᠶᠢᠨ᠎ᠠ᠃ ᠲᠡᠶᠢᠮᠦ ᠡᠴᠡ ᠲᠡᠨᠳᠡ ᠰᠤᠳᠤᠯᠭ᠎ᠠ ᠬᠢᠨ᠎ᠡ ᠭᠡᠳᠡᠭ ᠪᠣᠯ ᠢᠷᠡᠭᠡᠳᠦᠢ ᠳᠦ ᠲᠡᠷᠡ ᠶᠡᠬᠡ ᠪᠠᠶᠠᠯᠢᠭ ᠠᠴᠠ ᠬᠦᠷᠲᠡᠬᠦ ᠪᠣᠯᠤᠮᠵᠢᠲᠠᠢ ᠪᠣᠯᠤᠨ᠎ᠠ ᠭᠡᠰᠡᠨ ᠦᠭᠡ᠃

- ᠲᠠ ᠤᠰᠤᠨ ᠤ ᠴᠢᠭᠯᠡᠯ ᠢᠶᠡᠷ ᠰᠤᠳᠤᠯᠭ᠎ᠠ ᠬᠢᠯ᠎ᠡ᠃ ᠬᠢᠷᠢ ᠠᠮᠵᠢᠯᠲᠠᠲᠠᠢ ᠪᠠᠶᠢᠪᠠ⁈

- ᠪᠣᠯᠭᠠᠷ ᠤᠨ ᠡᠻᠰᠫᠧᠳᠢᠼ ᠦᠳ ᠪᠠᠭᠠᠵᠠ ᠪᠠᠨ ᠠᠪᠤᠷᠠᠬᠤ ᠵᠣᠷᠢᠯᠭ᠎ᠠ ᠲᠠᠢ ᠠᠵᠢᠯᠯᠠᠭᠰᠠᠨ᠃ ᠤᠴᠢᠷ ᠨᠢ ᠪᠠᠭᠠᠵᠠ ᠨᠢ ᠳᠥᠷᠪᠡᠨ ᠮᠧᠲᠷ ᠴᠠᠰᠤᠨ ᠳᠤ ᠳᠠᠷᠤᠭᠳᠠᠭᠰᠠᠨ ᠪᠠᠶᠢᠭᠰᠠᠨ᠃ ᠮᠢᠨᠦ ᠬᠤᠪᠢ ᠳᠤ ᠲᠡᠷᠡ ᠠᠵᠢᠯ ᠳᠤᠨᠢ ᠲᠤᠰᠯᠠᠬᠤ ᠶᠢᠨ ᠬᠠᠵᠠᠭᠤ ᠪᠠᠷ ᠴᠠᠰᠤᠨ ᠤ ᠰᠠᠭᠤᠷᠢ ᠰᠤᠳᠤᠯᠭᠠᠨ ᠤ ᠠᠵᠢᠯ ᠤᠳ ᠢᠶᠠᠨ ᠬᠢᠭᠰᠡᠨ᠃ ᠳᠥᠷᠪᠡᠨ ᠮᠧᠲᠷ ᠭᠦᠨ ᠤᠷᠤᠭᠤ ᠣᠷᠣᠵᠤ ᠰᠤᠳᠤᠯᠤᠯ᠎ᠠ᠃ ᠲᠡᠷᠡᠨ ᠡᠴᠡ ᠴᠠᠭᠠᠰᠢ ᠶᠠᠪᠤᠬᠤ ᠪᠣᠯᠤᠮᠵᠢ ᠪᠠᠶᠢᠭᠰᠠᠨ ᠦᠭᠡᠢ᠃

- ᠴᠠᠭᠠᠰᠢᠳᠠ ᠠᠨ᠋ᠲᠠᠷᠻᠲᠢᠳ᠋ ᠰᠤᠳᠤᠯᠤᠭᠠᠴᠢᠳ ᠶᠠᠮᠠᠷ ᠵᠣᠷᠢᠯᠭ᠎ᠠ ᠲᠠᠢ ᠠᠵᠢᠯᠯᠠᠵᠤ ᠪᠠᠶᠢᠨ᠎ᠠ ᠪᠤᠢ⁈

- ᠴᠠᠭᠠᠰᠢᠳᠠ ᠪᠢᠳᠡ ᠠᠨ᠋ᠲᠠᠷᠻᠲᠢᠳ᠋᠍ ᠲᠤ ᠮᠣᠩᠭᠣᠯ ᠪᠠᠭᠠᠵᠠ ᠲᠠᠢ ᠪᠣᠯᠬᠤ ᠵᠣᠷᠢᠯᠭ᠎ᠠ ᠲᠠᠯᠪᠢᠵᠤ ᠪᠠᠶᠢᠨ᠎ᠠ᠃ ᠣᠳᠤ ᠪᠠᠷ ᠠᠶᠢᠯ ᠤᠨ ᠭᠡᠷ ᠲᠦ ᠣᠴᠢᠵᠤ ᠪᠠᠶᠢᠭ᠎ᠠ ᠲᠠᠢ ᠠᠳᠠᠯᠢ ᠰᠤᠳᠤᠯᠭ᠎ᠠ ᠬᠢᠵᠦ ᠪᠠᠶᠢᠭ᠎ᠠ ᠤᠴᠢᠷ ᠨᠢᠭᠡ ᠡᠴᠡ ᠢᠯᠡᠭᠦᠦ ᠬᠦᠮᠦᠨ ᠢ ᠣᠷᠤᠯᠴᠠᠭᠤᠯᠬᠤ ᠪᠣᠯᠤᠮᠵᠢ ᠪᠠᠶᠢᠳᠠᠭ ᠦᠭᠡᠢ

No comments:

Post a Comment