Монгол бичгээ хэрэглэцгээе! Chrome, Internet Explorer, Safari хөтчөөр үзнэ үү!

Дашдоржийн Нацагдорж. Миний нутаг

2015-06-07

ᠮᠢᠨᠤ ᠨᠤᠲᠤᠭ



ᠳᠡᠰᠢᠳᠣᠷᠵᠢ ᠶᠢᠨ ᠨᠠᠴᠤᠭᠳᠥᠷᠵᠢ



ᠬᠡᠨᠲᠡᠢ᠂ ᠬᠠᠩᠭᠠᠢ᠂ ᠰᠣᠶᠣᠨ ᠤ ᠦᠨᠳᠦᠷ ᠰᠠᠢᠢᠬᠠᠨ ᠨᠢᠷᠤᠭᠤ ᠨᠤᠭᠤᠳ
ᠬᠣᠢᠢᠳᠤ ᠵᠦᠭ ᠦᠨ ᠴᠢᠮᠡᠭ ᠪᠣᠯᠣᠭᠰᠠᠨ ᠣᠢ ᠬᠦᠪᠴᠢᠨ ᠠᠭᠤᠯᠠ ᠨᠤᠭᠤᠳ
ᠮᠡᠨᠡᠨ᠂ ᠰᠢᠷᠭᠠᠠ᠂ ᠨᠣᠮᠢᠨ ᠤ ᠦᠷᠭᠡᠨ ᠶᠡᠬᠡ ᠭᠣᠪᠢ ᠨᠤᠭᠤᠳ
ᠡᠮᠦᠨ᠎ᠠ ᠵᠦᠭ ᠦᠨ ᠮᠠᠩᠯᠠᠢ ᠪᠣᠯᠣᠭᠰᠠᠨ ᠡᠯᠡᠰᠦᠨ ᠮᠠᠩᠬᠠᠨ ᠳᠠᠯᠠᠢ ᠨᠣᠭᠣᠳ
     ᠡᠨᠡ ᠪᠣᠯ ᠮᠢᠨᠥ ᠲᠦᠷᠦᠭᠰᠡᠨ ᠨᠤᠲᠤᠭ
     ᠮᠤᠩᠭᠤᠯ ᠤᠨ ᠰᠠᠢᠢᠬᠠᠨ ᠤᠷᠤᠨ
ᠬᠡᠷᠦᠯᠦᠨ᠂ ᠣᠨᠣᠨ᠂ ᠲᠣᠣᠯᠠ ᠢᠨ ᠲᠤᠩᠭᠠᠯᠠᠭ ᠠᠷᠢᠭᠤᠨ ᠮᠦᠷᠡᠨ ᠨᠣᠭᠦᠳ
ᠬᠣᠲᠠᠯᠠ ᠣᠯᠠᠨ ᠤ ᠡᠮ ᠪᠣᠯᠣᠭᠰᠠᠨ ᠭᠣᠷᠣᠬ᠎ᠠ᠂ ᠪᠤᠯᠠᠭ᠂ ᠷᠠᠰᠢᠶᠡᠨ ᠨᠣᠭᠣᠳ
ᠬᠦᠪᠰᠦᠭᠦᠯ᠂ ᠤᠪᠰᠤ᠂ ᠪᠤᠢᠢᠷ ᠦᠨ ᠭᠦᠨ ᠴᠡᠩᠬᠡᠷ ᠨᠠᠭᠤᠷ ᠦᠳ
ᠬᠦᠮᠦᠨ ᠮᠠᠯ ᠦᠨ ᠤᠮᠳᠠᠭ᠎ᠠ ᠪᠤᠯᠤᠭᠰᠠᠨ ᠲᠤᠭᠤᠷᠢᠮ ᠪᠦᠷᠢᠳᠦ ᠤᠰᠤ ᠨᠣᠭᠣᠳ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠣᠷᠬᠤᠨ᠂ ᠰᠡᠯᠡᠩᠭᠡ᠂ ᠬᠦᠬᠦᠢ ᠢᠨ ᠣᠨᠴᠠ ᠰᠠᠢᠢᠬᠠᠨ ᠭᠣᠣᠯ ᠦᠳ
ᠠᠭᠤᠷᠬᠠᠢ ᠪᠠᠶᠠᠯᠢᠭ ᠦᠨ ᠣᠬᠢ ᠂ ᠣᠯᠠᠨ ᠠᠭᠣᠯᠠ ᠳᠠᠪᠠᠭ᠎ᠠ ᠨᠣᠭᠣᠳ
ᠬᠠᠭᠤᠴᠢᠨ ᠬᠦᠰᠢᠢ᠎ᠡ ᠳᠤᠷᠠᠰᠬᠠᠯ ᠂ ᠬᠣᠲᠠ ᠪᠠᠯᠭᠠᠳ ᠦᠨ ᠰᠠᠭᠤᠷᠢᠨ ᠨᠣᠭᠣᠳ
ᠬᠣᠯᠠ ᠭᠠᠵᠠᠷ᠎ᠠ ᠣᠳᠣᠭᠰᠠᠨ ᠬᠠᠷᠭᠤᠢ ᠳᠠᠷᠳᠠᠩ ᠵᠠᠮ ᠦᠳ
     ᠡᠨᠡ ᠪᠣᠯ ᠮᠢᠨᠥ ᠲᠦᠷᠦᠭᠰᠡᠨ ᠨᠤᠲᠤᠭ
     ᠮᠤᠩᠭᠤᠯ ᠤᠨ ᠰᠠᠢᠢᠬᠠᠨ ᠤᠷᠤᠨ
ᠬᠣᠯᠠᠬᠢ ᠭᠠᠵᠠᠷ ᠡᠴᠡ ᠬᠢᠯᠠᠯᠵᠠᠭᠰᠠᠨ ᠴᠠᠰᠤᠲᠤ ᠦᠨᠳᠦᠷ ᠬᠠᠢᠢᠷᠬᠠᠨ ᠨᠤᠭᠤᠳ
ᠬᠦᠬᠡ ᠲᠩᠷᠢ ᠴᠡᠯᠮᠡᠭᠰᠡᠨ ᠬᠦᠳᠡᠭᠡ ᠭᠡᠭᠡᠷ᠎ᠡ ᠴᠠᠢᠢᠳᠠᠮ ᠦᠳ
ᠬᠤᠯᠠ ᠢᠨ ᠪᠡᠷ᠎ᠠ ᠬᠠᠷᠠᠭᠳᠠᠭᠰᠠᠨ ᠨᠤᠶᠠᠨ ᠱᠤᠪᠬᠤ ᠰᠠᠷᠢᠳᠠᠭ ᠦᠳ
ᠬᠦᠮᠦᠨ ᠦ ᠰᠡᠳᠬᠢᠯ ᠲᠡᠨᠢᠢᠭ᠌ᠰᠡᠨ ᠠᠭᠤᠳᠠᠮ ᠠᠮᠢᠰᠬᠤᠯᠲᠤ ᠲᠠᠯ᠎ᠠ ᠨᠤᠭᠤᠳ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠬᠠᠩᠭᠠᠢ ᠭᠤᠪᠢ ᠢᠨ ᠬᠤᠭᠤᠷᠤᠨᠳᠤ ᠬᠠᠯᠬ᠎᠎ᠠ ᠢᠨ ᠠᠭᠤᠳᠠᠮ ᠨᠣᠲᠣᠭ
ᠬᠠᠷ᠎ᠠ ᠪᠠᠭ᠎ᠠ ᠨᠠᠰᠤᠨ ᠡᠴᠡᠭᠠᠨ ᠬᠦᠨᠳᠡᠯᠡᠨ ᠭᠤᠯᠳᠤ ᠳᠠᠪᠬᠢᠭᠰᠠᠨ ᠭᠠᠵᠠᠷ
ᠬᠦᠷᠦᠭᠡᠰᠦ ᠠᠷᠢᠶᠠᠲᠠᠨ ᠠᠪᠠᠯᠠᠭᠰᠠᠨ ᠤᠷᠲᠤ ᠤᠷᠲᠤ ᠰᠢᠯᠢ ᠨᠣᠭᠦᠳ
ᠬᠦᠯᠦᠭ ᠮᠣᠷᠢ ᠤᠷᠤᠯᠳᠤᠭᠰᠠᠨ ᠬᠦᠨᠲᠡᠢ ᠰᠠᠢᠢᠬᠠᠨ ᠬᠣᠭᠤᠯᠠᠢ ᠨᠤᠭᠤᠳ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠰᠠᠯᠬᠢᠨ ᠦ ᠦᠵᠦᠭᠦᠷ ᠲᠦ ᠨᠠᠢᠢᠭᠤᠭᠰᠠᠨ ᠰᠤᠷᠭᠤᠭ ᠨᠠᠷᠢᠨ ᠨᠤᠭᠤᠭ᠎ᠠ ᠲᠠᠢ
ᠰᠠᠷᠠᠭᠤᠯ ᠲᠠᠯ᠎ᠠ ᠳᠥ ᠢᠷᠡᠯᠵᠠᠭᠰᠠᠨ ᠰᠣᠨᠢᠨ ᠶᠠᠩᠵᠤ ᠢᠨ ᠵᠡᠷᠭᠡᠯᠭᠡ ᠲᠡᠢ
ᠰᠠᠢᠢᠨ ᠡᠷᠡᠰ ᠴᠣᠭᠯᠠᠷᠠᠭᠰᠠᠨ ᠪᠠᠢᠢᠴᠠ ᠪᠡᠷᠬᠡ ᠭᠠᠵᠠᠷ ᠲᠠᠢ
ᠰᠦᠯᠳᠡ ᠲᠠᠬᠢᠯᠠᠭ᠎ᠠ ᠤᠯᠠᠷᠢᠭᠰᠠᠨ ᠰᠦᠮᠪᠦᠷ ᠶᠡᠬᠡ ᠣᠪᠣᠭ᠎ᠠ ᠲᠠᠢ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠨᠠᠷᠢᠨ ᠡᠪᠡᠰᠦ ᠣᠷᠭᠣᠭᠰᠠᠨ ᠮᠠᠯ ᠦᠨ ᠰᠠᠢᠢᠬᠠᠨ ᠪᠡᠯᠴᠢᠭᠡᠷ ᠲᠡᠢ
ᠨᠠᠭᠠᠰᠢ ᠴᠠᠭᠠᠰᠢ ᠰᠦᠯᠵᠢᠭᠰᠡᠨ ᠲᠡᠨᠢᠭᠡᠷ ᠰᠠᠢᠢᠬᠠᠨ ᠨᠢᠷᠤᠭᠤ ᠲᠠᠢ
ᠳᠦᠷᠪᠡᠨ ᠴᠠᠭ ᠦᠨ ᠤᠯᠠᠷᠢᠯ ᠳᠦ ᠳᠤᠷ᠎ᠠ ᠪᠠᠷ ᠢᠶᠠᠨ ᠨᠡᠭᠦᠭᠦ ᠨᠤᠲᠤᠭ ᠲᠠᠢ
ᠲᠠᠪᠤᠨ ᠵᠦᠢᠯ ᠦᠨ ᠲᠠᠷᠢᠶᠠᠨ ᠤ ᠬᠦᠷᠦᠰᠦ ᠰᠢᠷᠤᠢ ᠭᠠᠵᠠᠷ ᠲᠠᠢ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠦᠯᠦᠭᠡᠢ ᠰᠠᠢᠢᠬᠠᠨ ᠠᠭᠤᠯᠠᠨ ᠳᠤ ᠡᠪᠦᠭᠡᠳ ᠢ ᠲᠠᠯᠪᠢᠭᠰᠠᠨ ᠭᠠᠵᠠᠷ
ᠦᠷ᠎ᠠ ᠠᠴᠢ ᠬᠡᠦᠬᠡᠳ ᠦᠨ ᠦᠷᠡᠵᠢᠵᠦ ᠦᠰᠦᠭᠰᠡᠨ ᠣᠷᠣᠨ
ᠲᠠᠪᠦᠨ ᠬᠣᠰᠢᠭᠤ ᠮᠠᠯ ᠲᠦᠭᠦᠷᠡᠩ ᠪᠡᠯᠴᠢᠭᠰᠡᠨ ᠨᠣᠲᠣᠭ
ᠮᠣᠩᠭᠤᠯ ᠬᠦᠮᠦᠨ ᠪᠢᠳᠡᠨ ᠦ ᠰᠡᠳᠬᠢᠯ ᠢ ᠰᠣᠷᠣᠭᠰᠠᠨ ᠣᠷᠣᠨ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠡᠪᠦᠯ ᠦᠨ ᠲᠠᠰᠬᠢᠮ᠎ᠠ ᠴᠠᠭ ᠲᠦ ᠴᠠᠰᠦᠨ ᠮᠦᠰᠦᠨ ᠪᠦᠷᠭᠦᠭᠡᠳ
ᠪᠣᠯᠣᠷ ᠰᠢᠯ ᠦᠨ ᠦᠩᠭᠡ ᠬᠢᠯᠳᠤᠬᠡᠨᠠᠵᠦ ᠭᠢᠯᠠᠯᠵᠠᠭᠰᠠᠨ ᠣᠷᠣᠨ
ᠵᠤᠨ ᠦ ᠨᠠᠢᠢᠷᠲᠠᠢ ᠣᠯᠠᠷᠢᠯ ᠳᠥ ᠴᠡᠴᠡᠭ ᠨᠠᠪᠴᠢ ᠳᠡᠯᠭᠡᠷᠡᠭᠡᠳ
ᠵᠢᠭᠦᠷᠲᠡᠨ ᠰᠢᠪᠠᠭᠤ ᠬᠤᠯᠠ ᠡᠴᠡ ᠭᠠᠩᠭᠠᠷ ᠭᠤᠩᠭᠠᠷ ᠳᠣᠩᠭᠤᠳᠤᠭᠰᠠᠨ ᠣᠷᠣᠨ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠠᠯᠳᠠᠢ᠂ ᠬᠢᠩᠭᠠᠨ ᠦ ᠵᠠᠪᠰᠠᠷ ᠠᠲᠠᠷ ᠪᠠᠶᠠᠯᠢᠭ ᠣᠷᠣᠨ
ᠠᠪᠦ ᠡᠵᠢ ᠢᠨ ᠮᠢᠨᠢ ᠣᠷᠣᠰᠢᠭᠰᠠᠨ ᠠᠰᠢᠳᠠ ᠢᠨ ᠵᠠᠶᠠᠭᠠᠭᠰᠠᠨ ᠨᠣᠲᠣᠭ
ᠠᠯᠲᠠᠨ ᠨᠠᠷᠠᠨ ᠦ ᠲᠣᠶᠠᠭᠠᠨ ᠳᠦ ᠡ᠊ᠩᠬᠡᠵᠢᠨ ᠲᠣᠭᠲᠠᠭᠰᠠᠨ ᠣᠷᠣᠨ
ᠮᠦᠩᠭᠦᠨ ᠰᠠᠷᠠᠨ ᠦ ᠭᠡᠷᠡᠯ ᠳᠦ ᠮᠦᠩᠭᠡᠵᠢᠨ ᠬᠢᠯᠠᠯᠵᠠᠭᠰᠠᠨ ᠭᠠᠵᠠᠷ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠾᠦᠩᠨᠦ ᠰᠦᠩᠨᠦ ᠢᠨ ᠦᠶ᠎ᠡ ᠡᠴᠡ ᠬᠦᠭᠰᠢᠳ ᠡᠪᠦᠭᠡᠳ ᠦᠨ ᠮᠢᠨᠢ ᠨᠣᠲᠣᠭ
ᠬᠦᠮᠦᠨ ᠠᠷᠠᠳ ᠪᠢᠳᠡᠨ ᠦ ᠬᠠᠢᠢᠷ᠎ᠠ ᠢᠢ ᠪᠤᠯᠢᠶᠠᠭᠰᠠᠨ ᠣᠷᠣᠨ
ᠣᠨ ᠣᠨ ᠳᠤ ᠢᠳᠡᠭᠡᠰᠢᠵᠦ ᠣᠯᠠᠨ ᠵᠢᠯ ᠳᠦ ᠲᠠᠰᠣᠭᠰᠠᠨ ᠨᠣᠲᠣᠭ
ᠣᠳᠤ ᠢᠨ ᠰᠢᠨ᠎ᠠ ᠮᠣᠩᠭᠤᠯ ᠦᠨ ᠣᠯᠠᠭᠠᠨ ᠲᠣᠭ ᠪᠦᠷᠬᠦᠭ᠍ᠰᠡᠨ ᠣᠷᠣᠨ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠦᠰᠦᠭᠰᠦᠨ ᠲᠦᠷᠦᠭᠰᠡᠨ ᠪᠢᠳᠡᠨ ᠦ ᠦᠨᠳᠦᠰᠦᠨ ᠦ ᠬᠠᠢᠢᠷᠠᠲᠠᠢ ᠨᠣᠲᠣᠭ
ᠦᠩᠭᠡᠯᠵᠡᠭ᠍ᠴᠢ ᠳᠠᠢᠢᠰᠤᠨ ᠢᠷᠡᠪᠡᠯ ᠦᠳᠲᠡᠷ ᠢᠰᠬᠦᠯᠦᠨ ᠬᠦᠭᠡᠭᠡᠨ᠎ᠠ
ᠬᠤᠪᠢ ᠲᠠᠢ ᠡᠨᠡ ᠤᠷᠤᠨ  ᠳᠠᠭᠠᠨ ᠬᠣᠪᠢᠰᠬᠠᠯᠲᠤ ᠤᠯᠤᠰ ᠢᠶᠠᠨ ᠮᠠᠨᠳᠤᠭᠤᠯᠵᠦ
ᠬᠤᠢᠢᠴᠢ ᠢᠨ ᠰᠢᠨ᠎ᠡ ᠶᠢᠷᠲᠢᠨᠴᠦ ᠳᠡᠭᠡᠷ᠎ᠡ ᠬᠦᠨᠳᠦᠳᠦ ᠭᠠᠪᠢᠶ᠎ᠠ ᠢᠢ ᠪᠠᠢᠢᠭᠤᠯᠤᠢ᠎᠎ᠠ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ
ᠮᠣᠩᠭᠤᠯ ᠭᠡᠳᠡᠭ ᠨᠢᠭᠡ ᠨᠡᠷ᠎ᠡ ᠶᠢᠷᠲᠢᠨᠴᠦ ᠢᠨ ᠴᠢᠬᠢᠨ᠎ᠡ ᠳᠤᠷᠠᠰᠬᠠᠯ ᠲᠠᠶ
ᠮᠣᠩᠭᠤᠯ ᠤᠨ ᠲᠦᠯᠦᠭᠡ ᠭᠡᠳᠡᠭ ᠰᠠᠨᠠᠭ᠎ᠠ ᠪᠢᠳᠡᠨ ᠦ ᠵᠢᠷᠦᠬᠡᠨ ᠳᠦ ᠬᠣᠯᠪᠣᠭ᠎ᠠ ᠲᠠᠢ
ᠦᠰᠬᠦ ᠡᠴᠡ ᠰᠣᠷᠣᠭᠰᠠᠨ ᠦᠨᠳᠦᠰᠦᠨ ᠬᠡᠯᠡ
ᠮᠠᠷᠲᠠᠵᠦ ᠪᠤᠯᠤᠰᠢ ᠦᠭᠡᠢ ᠰᠤᠶᠤᠯ
ᠦᠬᠦᠳᠡᠯ᠎ᠡ ᠤᠷᠤᠰᠢᠬᠤ ᠲᠦᠷᠦᠯᠬᠢ ᠨᠣᠲᠣᠭ
ᠰᠠᠯᠵᠦ ᠪᠤᠯᠤᠰᠢ ᠦᠭᠡᠢ ᠣᠷᠣᠨ
     ᠡᠨᠡ ᠪᠣᠯ ᠮᠢᠨᠥ ᠲᠦᠷᠦᠭᠰᠡᠨ ᠨᠤᠲᠤᠭ
     ᠮᠣᠩᠭᠤᠯ ᠤᠨ ᠰᠠᠢᠢᠬᠠᠨ ᠤᠷᠤᠨ

No comments:

Post a Comment