Монгол бичгээ хэрэглэцгээе! Chrome, Internet Explorer, Safari хөтчөөр үзнэ үү!

Шинэ ном: Хайр сэтгэл ба мөнгө (Доржсүрэнгийн Болдбаатар)

2015-06-07

ᠨᠣᠮ ᠤᠨ ᠬᠤᠷ᠎ᠠ ᠶᠢᠨ ᠰᠢᠮ᠎ᠡ ᠶᠢ ᠬᠦᠷᠲᠡᠵᠡᠭᠡᠶ᠎ᠡ



ᠳᠣᠷᠵᠢᠰᠦ᠋ᠷᠦᠩ ᠦᠨ ᠪᠣᠯᠤᠳᠪᠠᠭᠠᠲᠤᠷ | facebook.com



ᠣᠶᠢᠷ᠎ᠠ ᠳᠠᠭᠠᠨ ᠨᠢᠭᠤᠷ ᠨᠣᠮ ᠤᠨ ᠠᠨᠳᠠ ᠨᠤᠭᠤᠳ ᠲᠠᠶᠢᠭᠠᠨ ᠭᠠᠳᠠᠭᠠᠳᠤ ᠬᠡᠯᠡ ᠰᠤᠷᠬᠤ ᠠᠷᠭ᠎ᠠ ᠪᠠᠷᠢᠯ ᠤᠨ ᠲᠠᠯ᠎ᠠ ᠪᠠᠷ ᠲᠡᠳᠦᠶᠢᠯᠡᠨ ᠥᠪᠡᠷ ᠦᠨ ᠲᠤᠷᠰᠢᠯᠭ᠎ᠠ ᠪᠠᠨ ᠬᠤᠪᠢᠶᠠᠯᠴᠠᠭᠰᠠᠨ ᠦᠭᠡᠶ᠃ ᠪᠢ ᠪᠠᠭ᠎ᠠ ᠪᠠᠶᠢᠬᠤ ᠳᠠᠭᠠᠨ ᠵᠤᠨ ᠤ ᠠᠮᠠᠷᠠᠯᠲᠠ ᠪᠠᠷ ᠪᠤᠰᠤᠳ ᠠᠶᠢᠯ ᠤᠨ ᠬᠡᠦᠬᠡᠳ ᠦᠳ ᠲᠡᠶ ᠪᠠᠶᠢᠯᠳᠤᠵᠤ ᠲᠣᠭᠯᠠᠬᠤ᠂ ᠨᠢᠭᠤᠭᠳᠠᠵᠤ ᠲᠣᠭᠯᠠᠬᠤ ᠵᠡᠷᠭᠡ ᠪᠡᠷ ᠴᠠᠭ ᠨᠥᠬᠴᠢᠭᠡᠳᠡᠭ ᠪᠠᠶᠢᠭᠰᠠᠨ ᠪᠠᠶᠢᠵᠤ ᠲᠠᠭᠠᠷᠠᠨ᠎ᠠ᠃ ᠲᠡᠭᠦᠨ ᠢ ᠬᠠᠷᠠᠭᠰᠠᠨ ᠮᠠᠨᠠᠶ ᠬᠠᠮᠢᠶᠠᠲᠠᠨ ᠤ ᠠᠬ᠎ᠠ ᠵᠠᠯᠠᠭᠤ ᠶᠡᠬᠡᠳᠡ ᠬᠠᠯᠠᠭᠯᠠᠵᠤ᠄ 《ᠪᠣᠯᠤᠳ ᠠ᠋᠂ ᠡᠳᠦᠶ ᠲᠣᠮᠤ ᠳᠡᠩᠬᠡᠶᠢᠭᠰᠡᠨ ᠠᠮᠢᠲᠠᠨ ᠪᠣᠯᠴᠢᠬᠠᠭᠠᠳ ᠵᠤᠨᠵᠢᠨ ᠪᠠᠶᠢᠯᠳᠤᠵᠤ ᠲᠣᠭᠯᠠᠭᠠᠳ ᠬᠠᠶᠢᠷᠠᠨ ᠴᠠᠭ ᠢᠶᠠᠨ ᠳᠡᠮᠡᠶ ᠦᠷᠡᠴᠢᠬᠡᠬᠦ ᠶᠤᠮ ᠳᠠ᠃ ᠬᠡᠷᠪᠡ ᠴᠢ ᠨᠢᠭᠡ ᠣᠷᠤᠰ ᠠᠷᠠᠳ ᠤᠨ ᠦᠯᠢᠭᠡᠷ ᠲᠣᠯᠢᠳᠠᠵᠤ ᠤᠩᠰᠢᠭᠠᠳ ᠲᠡᠭᠦᠨ ᠢ ᠪᠡᠨ ᠴᠡᠭᠡᠵᠢᠯᠡᠭᠡᠳ ᠶᠠᠷᠢᠳᠠᠭ ᠪᠣᠯᠴᠢᠬᠠᠪᠠᠯ ᠰᠤᠷᠭᠠᠭᠤᠯᠢ ᠳᠠᠭᠠᠨ ᠪᠠᠶᠢᠬᠤ ᠦᠭᠡᠶ ᠮᠤᠨᠳᠠᠭ ᠣᠷᠤᠰ ᠬᠡᠯᠡᠲᠡᠨ ᠪᠣᠯᠤᠨ᠎ᠠ ᠳᠠ᠃》 ᠬᠡᠮᠡᠨ ᠰᠠᠨᠠᠭᠤᠯᠤᠨ ᠬᠡᠯᠡᠬᠦ ᠳᠦ ᠪᠢ ᠳᠣᠲᠤᠷ᠎ᠠ ᠪᠠᠨ 《ᠶᠠᠭᠤ ᠪᠣᠯᠤᠯ᠎ᠠ ᠭᠡᠵᠦ ᠭᠠᠭᠴᠠᠬᠠᠨ ᠣᠷᠤᠰ ᠦᠯᠢᠭᠡᠷ ᠴᠡᠭᠡᠵᠢ ᠪᠡᠷ ᠶᠠᠷᠢᠳᠠᠭ ᠪᠣᠯᠤᠭᠰᠠᠨ ᠲᠡᠳᠦᠶᠢᠬᠡᠨ ᠢᠶᠠᠷ ᠲᠡᠶᠢᠮᠦ ᠮᠤᠨᠳᠠᠭ ᠠᠮᠢᠲᠠᠨ ᠪᠣᠯᠬᠤ ᠪᠢᠯᠡ》 ᠭᠡᠰᠡᠨ ᠰᠢᠦ ᠶᠠᠭᠤᠮ᠎ᠠ ᠪᠣᠳᠤᠵᠤ ᠪᠠᠶᠢᠭᠰᠠᠨ ᠳᠠ᠃

ᠥᠨᠦᠳᠦᠷ ᠡᠳᠦᠶ ᠨᠠᠰᠤᠨ ᠤ ᠥᠨᠳᠦᠷᠯᠢᠭ ᠳᠡᠭᠡᠷ᠎ᠡ ᠡᠴᠡ ᠡᠷᠭᠢᠭᠡᠳ ᠬᠠᠷᠠᠬᠤ ᠳᠤ ᠲᠡᠷᠡ ᠦᠨᠡᠲᠦ ᠵᠥᠪᠯᠡᠭᠡᠨ ᠦ ᠦᠨ᠎ᠡ ᠴᠡᠨ᠎ᠡ ᠨᠢ ᠭᠠᠭᠴᠠ ᠨᠢᠭᠡ ᠦᠯᠢᠭᠡᠷ ᠴᠡᠭᠡᠵᠢᠯᠡᠬᠦ ᠳᠦ ᠪᠤᠰᠤ ᠶᠠᠭᠠᠬᠢᠬᠤ ᠤᠴᠢᠷ ᠢᠶᠠᠨ ᠣᠯᠬᠤ ᠦᠭᠡᠶ ᠵᠦᠭ ᠴᠢᠭ ᠦᠭᠡᠶ ᠲᠥᠭᠡᠷᠢᠵᠦ ᠶᠠᠪᠤᠭᠰᠠᠨ ᠵᠢᠭᠠᠬᠠᠨ ᠬᠡᠦᠬᠡᠳ ᠢ ᠵᠥᠪ ᠵᠣᠷᠢᠯᠭ᠎ᠠ ᠶᠢᠨ ᠲᠥᠯᠦᠭᠡ ᠪᠡᠶ᠎ᠡ ᠪᠡᠨ ᠳᠠᠶᠢᠴᠢᠯᠠᠵᠤ ᠰᠤᠷ᠃ ᠲᠡᠭᠡᠪᠡᠯ ᠲᠡᠭᠦᠨ ᠦ ᠪᠡᠨ ᠦᠷ᠎ᠡ ᠰᠢᠮ᠎ᠡ ᠶᠢ ᠪᠣᠳᠠᠲᠠᠶ ᠪᠠᠷ ᠠᠮᠰᠠᠬᠤ ᠪᠣᠯᠤᠨ᠎ᠠ ᠭᠡᠵᠦ ᠣᠶᠢᠯᠠᠭᠠᠭᠤᠯᠤᠭᠰᠠᠨ ᠳᠤ ᠪᠠᠶᠢᠵᠢ ᠳᠡ ᠭᠡᠵᠦ ᠪᠣᠳᠤᠳᠠᠭ ᠶᠤᠮ᠃

ᠰᠤᠷᠠᠭ ᠨᠢ ᠭᠠᠷᠤᠭᠠᠳ ᠨᠡᠯᠢᠶᠡᠳ ᠤᠳᠠᠭᠰᠠᠨ 《ᠬᠠᠶᠢᠷ᠎ᠠ ᠰᠡᠳᠬᠢᠯ ᠪᠠ ᠮᠥᠩᠬᠦ》 ᠨᠣᠮ ᠮᠠᠨᠢ 《ᠠᠩᠭᠯᠢ᠂ ᠻᠢᠷᠢᠯ᠂ ᠮᠣᠩᠭᠤᠯ ᠪᠢᠴᠢᠭ》᠂ 《ᠬᠢᠲᠠᠳ᠂ ᠻᠢᠷᠢᠯ᠂ ᠮᠣᠩᠭᠤᠯ ᠪᠢᠴᠢᠭ》 ᠭᠡᠰᠡᠨ ᠬᠣᠶᠠᠷ ᠬᠤᠪᠢᠯᠪᠤᠷᠢ ᠪᠠᠷ ᠬᠡᠪᠯᠡᠭᠳᠡᠨ ᠭᠠᠷᠤᠭᠠᠳ ᠲᠠ ᠪᠦᠬᠦᠨ ᠦ ᠭᠠᠷ ᠳᠡᠭᠡᠷ᠎ᠡ ᠣᠴᠢᠬᠤ ᠳᠤ ᠪᠡᠯᠡᠬᠡᠨ ᠪᠣᠯᠤᠯ᠎ᠠ᠃ ᠠᠯᠢᠪᠠ ᠠᠮᠠᠷᠠᠯᠲᠠ᠂ ᠲᠡᠷᠡ ᠳᠤᠮᠳᠠ ᠪᠠᠨ ᠵᠤᠨ ᠤ ᠠᠮᠠᠷᠠᠯᠲᠠ ᠭᠡᠳᠡᠭ ᠪᠣᠯ ᠭᠠᠳᠠᠭᠠᠳᠤ ᠬᠡᠯᠡ ᠰᠣᠨᠢᠷᠬᠠᠨ ᠰᠤᠷᠤᠯᠴᠠᠵᠤ ᠪᠠᠶᠢᠭ᠎ᠠ ᠬᠡᠦᠬᠡᠳ ᠵᠠᠯᠠᠭᠤᠰ ᠤᠨ ᠬᠤᠪᠢ ᠳᠤ ᠣᠯᠳᠠᠰᠢ ᠦᠭᠡᠶ ᠬᠣᠪᠤᠷ ᠴᠤᠬᠠᠭ ᠦᠶ᠎ᠡ ᠪᠠᠶᠢᠬᠤ ᠤᠴᠢᠷᠲᠠᠶ ᠶᠤᠮ᠃

ᠵᠠᠯᠠᠭᠤ ᠬᠦᠮᠦᠨ ᠳᠡᠯᠡᠬᠡᠶ ᠨᠡᠶᠢᠲᠡ ᠶᠢᠨ ᠬᠡᠯᠡ ᠭᠡᠳᠡᠭ ᠪᠠᠶᠢᠷᠢ ᠰᠠᠭᠤᠷᠢ ᠪᠠᠨ ᠪᠠᠲᠤᠲᠠᠶ ᠪᠡᠬᠢᠵᠢᠭᠦᠯᠵᠦ ᠴᠢᠳᠠᠭᠰᠠᠨ ᠠᠩᠭᠯᠢ ᠬᠡᠯᠡ ᠦᠭᠡᠶ ᠪᠣᠯ ᠬᠣᠯᠠ ᠠᠯᠬᠤᠵᠤ ᠴᠢᠳᠠᠬᠤ ᠦᠭᠡᠶ ᠨᠢ ᠣᠶᠢᠯᠠᠭᠠᠮᠵᠢᠲᠠᠶ᠃ ᠲᠡᠶᠢᠮᠦ ᠪᠣᠯᠬᠤᠷ ᠲᠠ ᠪᠦᠬᠦᠨ 《ᠬᠠᠶᠢᠷ᠎ᠠ ᠰᠡᠳᠬᠢᠯ ᠪᠠ ᠮᠥᠩᠭᠦ》 ᠨᠣᠮ ᠤᠨ ᠠᠩᠭᠯᠢ ᠬᠤᠪᠢᠯᠪᠤᠷᠢ ᠶᠢ ᠲᠣᠯᠢᠳᠠᠵᠤ ᠤᠩᠰᠢᠴᠢᠬᠠᠭᠠᠳ ᠴᠢᠩᠭ᠎ᠠ ᠳᠠᠭᠤ ᠪᠠᠷ ᠤᠩᠰᠢᠭᠠᠳ ᠪᠠᠶᠢᠬᠤ ᠳᠤ ᠬᠡᠯᠡᠨ ᠦ ᠮᠡᠳᠡᠯᠭᠡ ᠴᠢᠨᠢ ᠡᠷᠡᠰ ᠳᠡᠭᠡᠭᠰᠯᠢᠬᠦ ᠶᠢᠨ ᠵᠡᠷᠭᠡᠴᠡᠭᠡ ᠴᠠᠭᠠᠰᠢᠳᠠ ᠭᠦᠨᠵᠡᠭᠡᠶᠢᠷᠡᠭᠦᠯᠦᠨ ᠰᠤᠷᠬᠤ ᠠᠷᠭ᠎ᠠ ᠡᠪ ᠢᠶᠡᠨ ᠣᠯᠤᠭᠠᠳ ᠡᠬᠢᠯᠡᠬᠦ ᠪᠤᠶ᠃

ᠬᠢᠲᠠᠳ ᠬᠡᠯᠡᠨ ᠦ ᠲᠤᠬᠠᠶ ᠳᠤ ᠭᠡᠪᠡᠯ ᠭᠠᠳᠠᠭᠠᠳᠤ ᠳᠣᠲᠤᠭᠠᠳᠤ᠂ ᠳᠤᠮᠳᠠᠳᠤ ᠳᠡᠭᠡᠳᠦ ᠰᠤᠷᠭᠠᠭᠤᠯᠢ ᠳᠤ ᠠᠽᠢ ᠶᠢᠨ ᠡᠨᠡ ᠲᠣᠮᠤ ᠬᠡᠯᠡ ᠶᠢ ᠮᠠᠨᠠᠶᠢᠬᠢᠨ ᠲᠦᠯᠬᠢᠭᠦᠦ ᠦᠵᠡᠵᠦ ᠪᠠᠶᠢᠭ᠎ᠠ ᠪᠣᠯᠬᠤᠷ ᠬᠣᠶᠠᠷ ᠬᠤᠪᠢᠯᠪᠤᠷᠶ ᠶᠢ ᠬᠠᠷᠭᠤᠭᠤᠯᠵᠤ ᠦᠵᠡᠬᠦ ᠶᠢᠨ ᠵᠡᠷᠭᠡᠴᠡᠭᠡ ᠲᠣᠯᠢᠳᠠᠵᠤ ᠴᠢᠩᠭ᠎ᠠ ᠳᠠᠭᠤ ᠪᠠᠷ ᠤᠩᠰᠢᠭᠠᠳ ᠪᠠᠶᠢᠪᠠᠯ ᠳᠡᠭᠡᠷ᠎ᠡ ᠳᠤᠷᠠᠳᠤᠭᠰᠠᠨ ᠦᠷᠶ᠎ᠡ ᠰᠢᠮ᠎ᠡ ᠶᠢ ᠪᠣᠭᠤᠨᠢ ᠬᠤᠭᠤᠴᠠᠭᠠᠨ ᠳᠤ ᠠᠮᠰᠠᠬᠤ ᠨᠢ ᠲᠣᠳᠤᠷᠬᠠᠶ᠃

ᠮᠣᠩᠭᠤᠯ ᠤᠯᠤᠰ᠂ ᠮᠣᠩᠭᠤᠯ ᠬᠦᠮᠦᠨ ᠮᠣᠩᠭᠤᠯ ᠢᠶᠠᠷ ᠢᠶᠠᠨ ᠦᠯᠡᠳᠡᠵᠦ᠂ ᠮᠣᠩᠭᠤᠯ ᠭᠡᠳᠡᠭ ᠨᠢᠭᠡᠨ ᠨᠡᠷ᠎ᠡ ᠶᠢ ᠶᠢᠷᠲᠢᠨᠴᠦ ᠶᠢᠨ ᠴᠢᠬᠢᠨ᠎ᠡ ᠳᠠᠭᠤᠷᠢᠰᠬᠠᠬᠤ ᠳᠤ ᠦᠨᠳᠦᠰᠦᠨ ᠦ ᠮᠣᠩᠭᠤᠯ ᠪᠢᠴᠢᠭ ᠦᠨ ᠮᠠᠨᠢ ᠡᠭᠦᠷᠭᠡ ᠨᠡᠩ ᠶᠡᠬᠡ ᠪᠥᠯᠦᠭᠡ᠃ ᠲᠡᠷᠡ ᠡᠭᠦᠳᠡᠨ ᠡᠴᠡ ᠬᠣᠶᠠᠷ ᠬᠤᠪᠢᠯᠪᠤᠷᠢ ᠳᠤᠨᠢ ᠮᠣᠩᠭᠤᠯ ᠪᠢᠴᠢᠭ ᠦᠨ ᠬᠠᠳᠠᠮᠠᠯ ᠣᠷᠴᠢᠭᠤᠯᠭ᠎ᠠ ᠶᠢ ᠬᠠᠪᠰᠤᠷᠭᠠᠭᠰᠠᠨ ᠶᠤᠮ ᠰᠢᠦ᠃

ᠭᠠᠳᠠᠭᠤᠷ ᠵᠢᠭᠠᠭᠳᠠᠭᠠᠳ ᠪᠠᠶᠢᠭ᠎ᠠ ᠮᠣᠩᠭᠤᠯ ᠪᠢᠴᠢᠭ ᠦᠨ ᠬᠢᠴᠢᠶᠡᠯ ᠢ ᠬᠠᠷᠠᠭᠠᠳ ᠪᠠᠶᠢᠬᠤ ᠳᠤ ᠭᠠᠳᠠᠭᠠᠳᠤ ᠶᠢᠨ ᠬᠦᠮᠦᠨ ᠳᠦ ᠮᠣᠩᠭᠤᠯ ᠬᠡᠯᠡ ᠵᠢᠭᠠᠵᠤ ᠪᠠᠶᠢᠭ᠎ᠠ ᠮᠡᠲᠦ ᠮᠠᠰᠢ ᠬᠦᠨᠳᠦ ᠬᠡᠯᠪᠡᠷᠢ ᠵᠣᠩᠭᠢᠯᠠᠭᠠᠳ ᠪᠠᠶᠢᠬᠤ ᠰᠢᠭ ᠰᠠᠨᠠᠭᠳᠠᠳᠠᠭ᠃ ᠡᠬᠢᠨ ᠦ ᠡᠭᠡᠯᠵᠢᠨ ᠳᠦ ᠮᠣᠩᠭᠤᠯ ᠪᠢᠴᠢᠭ ᠢᠶᠡᠷ ᠢᠶᠡᠨ ᠲᠦᠭᠳᠡᠷᠡᠯ ᠦᠭᠡᠶ ᠰᠠᠶᠢᠬᠠᠨ ᠤᠩᠰᠢᠳᠠᠭ ᠪᠣᠯᠴᠢᠬ᠎ᠠ᠃ ᠲᠡᠭᠦᠨ ᠢ ᠳᠠᠭᠠᠯᠳᠤᠭᠠᠳ ᠯᠠ ᠮᠣᠩᠭᠤᠯ ᠪᠢᠴᠢᠭ ᠦᠨ ᠴᠢᠨᠢ ᠮᠡᠳᠡᠯᠭᠡ ᠤᠯᠠᠮ ᠵᠤᠵᠠᠭᠠᠷᠠᠨ ᠪᠡᠬᠢᠵᠢᠬᠦ ᠪᠣᠯᠤᠮᠵᠢᠲᠠᠶ ᠪᠣᠯᠬᠤ ᠶᠢ ᠪᠢᠳᠡ ᠡᠨᠡ ᠨᠣᠮ ᠢ ᠪᠦᠲᠦᠭᠡᠵᠦ ᠪᠠᠶᠢᠬᠤ ᠶᠠᠪᠤᠴᠠ ᠳᠠᠭᠠᠨ ᠬᠠᠷᠠᠭᠠᠯᠵᠠᠨ ᠦᠵᠡᠭᠰᠡᠨ ᠪᠣᠯᠤᠨ᠎ᠠ ᠭᠡᠳᠡᠭ ᠢ ᠬᠡᠯᠡᠬᠦ ᠨᠢ ᠪᠠᠷᠤᠭ ᠢᠯᠡᠭᠦᠴᠡ ᠬᠡᠷᠡᠭ ᠪᠤᠶ ᠵ᠎ᠠ᠃ ᠡᠨᠡ ᠳᠠᠰᠢᠷᠠᠮ ᠳᠤ ᠤᠭ ᠨᠣᠮ ᠤᠨ ᠮᠣᠩᠭᠤᠯ ᠪᠢᠴᠢᠭ ᠦᠨ ᠬᠤᠪᠢᠯᠪᠤᠷᠢ ᠶᠢᠨ ᠠᠯᠳᠠᠭ᠎ᠠ ᠮᠠᠳᠠᠭ ᠢ ᠤᠶᠢᠭᠠᠭᠦᠶ ᠬᠢᠨᠠᠨ ᠵᠠᠰᠠᠵᠤ ᠥᠭᠭᠦᠭᠰᠡᠨ ᠣᠶᠤᠲᠠᠨ ᠠᠬᠤᠶ ᠶᠢᠨ ᠰᠠᠶᠢᠨ ᠠᠨᠳᠠ ᠮ᠂ ᠪᠠᠶᠠᠷᠰᠠᠶᠢᠬᠠᠨ ᠳᠠᠭᠠᠨ ᠭᠦᠨ ᠲᠠᠯᠠᠷᠬᠠᠯ ᠢᠯᠡᠷᠬᠡᠶᠢᠯᠡᠶ᠎ᠡ᠃ ᠡᠨᠡ ᠬᠣᠶᠠᠷ ᠨᠣᠮ ᠥᠨᠦᠳᠦᠷ ᠡᠴᠡ ᠡᠬᠢᠯᠡᠨ ᠪᠦᠬᠦ ᠨᠣᠮ ᠤᠨ ᠳᠡᠯᠭᠡᠭᠦᠷ ᠦᠳ ᠢᠶᠡᠷ ᠲᠠᠷᠠᠭᠠᠭᠳᠠᠵᠤ ᠡᠬᠢᠯᠡᠨ᠎ᠡ