Очирбатын Дашбалбар. Монголоо муулж харийнханд бөхөлзөгсдөд
ᠮᠣᠩᠭᠤᠯ ᠢᠶᠠᠨ ᠮᠠᠭᠣᠯᠠᠵᠤ ᠬᠠᠷᠢ ᠶᠢᠨ ᠬᠢᠨ ᠳᠦ ᠪᠦᠬᠦᠯᠵᠡᠭᠰᠡᠳ ᠲᠦ
ᠸᠴᠢᠷᠪᠠᠲᠤ ᠶᠢᠨ ᠳᠠᠰᠢᠪᠠᠯᠪᠠᠷ
ᠦᠨᠡᠨ ᠮᠢᠨᠢ ᠠᠯᠳᠠᠷᠠᠬᠤ ᠶᠢ ᠴᠢ ᠦᠵᠡᠬᠦ ᠦᠭᠡᠢ
ᠦᠯᠢᠭᠡᠷ ᠮᠢᠨᠢ ᠳᠠᠭᠤᠰᠬᠤ ᠶᠢ ᠴᠢ ᠦᠵᠡᠬᠦ ᠦᠭᠡᠢ
ᠲᠦᠷᠦᠯ ᠮᠢᠨᠢ ᠳᠠᠰᠤᠷᠠᠬᠤ ᠶᠢ ᠴᠢ ᠦᠵᠡᠬᠦ ᠦᠭᠡᠢ
ᠰᠣᠶᠣᠩᠪᠣ ᠮᠢᠨᠢ ᠪᠦᠳᠡᠭᠢᠷᠡᠬᠦ ᠶᠢ ᠴᠢ ᠦᠵᠡᠬᠦ ᠦᠭᠡᠢ
ᠰᠣᠶᠣᠯ ᠮᠢᠨᠢ ᠰᠣᠯᠢᠭᠳᠠᠬᠤ ᠶᠢ ᠴᠢ ᠦᠵᠡᠬᠦ ᠦᠭᠡᠢ
ᠣᠨᠣᠨ ᠮᠢᠨᠢ ᠰᠢᠷᠭᠢᠬᠦ ᠶᠢ ᠴᠢ ᠦᠵᠡᠬᠦ ᠦᠭᠡᠢ
ᠣᠯᠠᠨ ᠮᠢᠨᠢ ᠵᠣᠪᠠᠬᠤ ᠶᠢ ᠴᠢ ᠦᠵᠡᠬᠦ ᠦᠭᠡᠢ
ᠬᠡᠨᠲᠡᠢ ᠮᠢᠨᠢ ᠨᠠᠮᠣᠰᠬᠤ ᠶᠢ ᠴᠢ ᠦᠵᠡᠬᠦ ᠦᠭᠡᠢ
ᠬᠡᠷᠦᠯᠦᠨ ᠮᠢᠨᠢ ᠲᠠᠲᠠᠷᠠᠬᠤ ᠶᠢ ᠴᠢ ᠦᠵᠡᠬᠦ ᠦᠭᠡᠢ
ᠬᠡᠢᠢᠮᠥᠷᠢ ᠮᠢᠨᠢ ᠳᠣᠷᠣᠢᠢᠲᠠᠬᠤ ᠶᠢ ᠴᠢ ᠦᠵᠡᠬᠦ ᠦᠭᠡᠢ
ᠬᠣᠢᠢᠮᠣᠷ ᠮᠢᠨᠢ ᠬᠠᠩᠬᠠᠢᠢᠬᠤ ᠶᠢ ᠴᠢ ᠦᠵᠡᠬᠦ ᠦᠭᠡᠢ
ᠰᠦᠯᠳᠡ ᠮᠢᠨᠢ ᠤᠨᠠᠬᠤ ᠶᠢ ᠴᠢ ᠦᠵᠡᠬᠦ ᠦᠭᠡᠢ
ᠰᠦᠨᠡᠰᠦ ᠮᠢᠨᠢ ᠳᠡᠭᠡᠭ᠍ᠰᠢᠯᠡᠬᠦ ᠶᠢ ᠴᠢ ᠦᠵᠡᠬᠦ ᠦᠭᠡᠢ
ᠰᠡᠳᠬᠢᠯ ᠮᠢᠨᠢ ᠰᠡᠪᠲᠦᠬᠦ ᠶᠢ ᠴᠢ ᠦᠵᠡᠬᠦ ᠦᠭᠡᠢ
ᠰᠡᠷᠡᠮᠵᠢ ᠮᠢᠨᠢ ᠠᠯᠳᠠᠷᠠᠬᠤ ᠶᠢ ᠴᠢ ᠦᠵᠡᠬᠦ ᠦᠭᠡᠢ
ᠤᠬᠠᠭᠠᠨ ᠮᠢᠨᠢ ᠰᠠᠮᠠᠭᠤᠷᠠᠬᠤ ᠶᠢ ᠴᠢ ᠦᠵᠡᠬᠦ ᠦᠭᠡᠢ
ᠤᠴᠠᠷᠠᠭᠰᠠᠨ ᠮᠢᠨᠢ ᠰᠠᠯᠬᠤ ᠶᠢ ᠴᠢ ᠦᠵᠡᠬᠦ ᠦᠭᠡᠢ
ᠡᠪ ᠮᠢᠨᠢ ᠡᠪᠳᠡᠷᠡᠬᠦ ᠶᠢ ᠴᠢ ᠦᠵᠡᠬᠦ ᠦᠭᠡᠢ
ᠡᠵᠡᠨ ᠮᠢᠨᠢ ᠵᠠᠯᠠᠷᠠᠬᠤ ᠶᠢ ᠴᠢ ᠦᠵᠡᠬᠦ ᠦᠭᠡᠢ
ᠳᠠᠭᠤᠤ ᠮᠢᠨᠢ ᠰᠠᠭᠠᠷᠠᠬᠤ ᠶᠢ ᠴᠢ ᠦᠵᠡᠬᠦ ᠦᠭᠡᠢ
ᠳᠤᠤᠯᠢᠶᠠᠨ ᠮᠢᠨᠢ ᠲᠠᠰᠤᠷᠠᠬᠤ ᠶᠢ ᠴᠢ ᠦᠵᠡᠬᠦ ᠦᠭᠡᠢ᠃
ᠪᠠᠯᠴᠢᠭ ᠰᠢᠪᠠᠷ ᠳᠤᠮᠳᠠ ᠡᠴᠡ
ᠪᠠᠳᠮᠠᠯᠢᠩᠬᠤ᠎ᠠ ᠤᠷᠭᠤᠳᠠᠭ ᠶᠤᠮ᠃
ᠪᠠᠷᠠᠭᠤᠨ ᠰᠢᠭᠤᠢ ᠳᠤᠮᠳᠠ ᠨᠢ
ᠴᠠᠭᠠᠨ ᠬᠤᠰᠤ ᠬᠢᠷᠠᠯᠵᠠᠳᠠᠭ ᠶᠤᠮ᠃
ᠬᠤᠭ ᠲᠠᠢ ᠠᠭᠠᠷ ᠳᠤᠮᠳᠠ ᠨᠢ
ᠰᠡᠷᠵᠢᠭᠢᠨᠡ᠊ᠩᠬᠡᠨ ᠳᠡᠯᠪᠢᠯᠡᠳᠡᠭ ᠶᠤᠮ᠃
ᠬᠤᠭ ᠤᠨ ᠡᠪᠡᠰᠦ ᠳᠤᠮᠳᠠ ᠨᠢ
ᠠᠯᠲᠠᠨ ᠬᠠᠷᠭᠠᠨ᠎ᠠ ᠲᠤᠶᠠᠭᠠᠷᠠᠳᠠᠭ ᠶᠤᠮ᠃
ᠤᠯᠠᠨ ᠲᠡᠨᠡᠭ ᠦᠳ ᠳᠤᠮᠳᠠ ᠡᠴᠡ ᠨᠢ
ᠰᠡᠴᠡᠨ ᠮᠡᠷᠭᠡᠳ ᠨᠢ ᠲᠦᠷᠦᠳᠡᠭ ᠶᠤᠮ᠃
ᠤᠷᠴᠢᠯᠠᠩ ᠤᠨ ᠵᠢᠮ᠎ᠠ
ᠭᠤᠲᠤᠷᠠᠵᠥ ᠭᠤᠨᠢᠬᠤ ᠶᠢᠨ ᠬᠡᠷᠡᠭ ᠦᠭᠡᠢ
ᠤᠷᠤᠭ ᠰᠠᠷᠠᠯ ᠮᠠᠨᠠᠨ ᠢ ᠲᠡᠪᠲᠦᠭᠡᠵᠦ
ᠰᠠᠷᠠᠨ ᠲᠤᠶᠠᠭᠠᠷᠠᠳᠠᠭ ᠶᠤᠮ᠃
ᠬᠠᠷᠠᠩᠬᠤᠢ ᠰᠦᠨᠢ ᠶᠢᠨ ᠲᠩᠷᠢ ᠳᠦ
ᠤᠳᠤᠳ ᠬᠦᠴᠦᠲᠡᠢ ᠭᠡᠷᠡᠯᠲᠦᠳᠡᠭ᠃
ᠬᠠᠩᠭᠠᠢ ᠶᠢᠨ ᠠᠭᠤᠯᠠ ᠶᠢᠨ ᠲᠠᠭᠲᠦ ᠳᠤ
ᠸᠠᠩᠰᠡᠮᠪᠡᠷᠦ ᠤᠷᠭᠤᠳᠠᠭ᠃
ᠡᠪᠡᠰᠦ ᠨᠤᠭᠤᠭ᠎ᠠ ᠡᠴᠡ ᠵᠠᠢᠢᠳᠠᠭᠤ
ᠦᠨᠢ ᠮᠦᠩᠬᠡ ᠶᠢᠨ ᠵᠢᠪᠡᠷᠭᠡᠨ ᠰᠠᠯᠬᠢᠨ ᠳᠦ
ᠭᠤᠨᠳᠠᠭᠤᠬᠠᠨ ᠪᠠᠢᠢᠵᠤ ᠤᠷᠭᠤᠳᠠᠭ᠃
ᠠᠮᠢᠳᠤᠷᠠᠯ ᠤᠨ ᠬᠠᠷ᠎ᠠ ᠪᠠᠷᠠᠭᠠᠨ ᠠᠴᠠ
ᠭᠡᠷᠡᠯ ᠭᠡᠭᠡ ᠶᠢ ᠨᠢ ᠢᠯᠭᠠᠭᠰᠠᠨ
ᠠᠵᠠᠲᠠᠢ ᠲᠡᠷᠡ ᠬᠦᠮᠦᠨ
ᠠᠯᠤᠰ ᠦᠨ ᠵᠠᠮ ᠳᠤ ᠭᠤᠨᠳᠠᠬᠤ ᠦᠭᠡᠢ᠂
ᠶᠢᠷᠲᠢᠨᠴᠦ ᠶᠢᠨ ᠡᠭᠡᠯ ᠠᠮᠢᠳᠤᠷᠠᠯ ᠡᠴᠡ
ᠵᠦᠪ ᠵᠠᠮ ᠢ ᠰᠣᠩᠭᠤᠭᠰᠠᠨ
ᠢᠷᠦᠭᠡᠯᠲᠡᠢ ᠲᠡᠷᠡ ᠬᠦᠮᠦᠨ ᠳᠦ
ᠠᠶᠠᠨ ᠦ ᠣᠯᠵᠠ ᠠᠯᠳᠠᠬᠤ ᠦᠭᠡᠢ᠂
ᠬᠠᠷᠠᠩᠬᠤᠢ ᠳᠤᠮᠳᠠ ᠭᠡᠷᠡᠯᠲᠦᠳᠡᠭ ᠵᠤᠯᠠ ᠭᠡᠵᠦ ᠪᠠᠢᠢᠳᠠᠭ᠂
ᠬᠠᠮᠤᠭ ᠦᠨ ᠳᠤᠮᠳᠠ ᠡᠴᠡ ᠲᠣᠳᠦᠷᠠᠳᠠᠭ ᠬᠤᠲᠤᠭᠲᠤ ᠭᠡᠵᠦ ᠪᠠᠢᠢᠳᠠᠭ᠂
ᠳᠠᠪᠠᠭ᠎ᠠ ᠬᠡᠳᠦᠢ ᠦᠷᠭᠡᠨ ᠴᠦ
ᠭᠠᠲᠤᠯᠵᠦ ᠴᠢᠳᠠᠭᠰᠠᠨ ᠨᠢ ᠢᠯᠠᠵᠦ ᠪᠠᠢᠢᠳᠠᠭ᠂
ᠪᠦᠷᠭᠦᠳ ᠪᠤᠯᠵᠤᠮᠤᠷ ᠡᠴᠡ ᠠᠶᠣᠳᠠᠭ ᠦᠭᠡᠢ ᠰᠢᠭ᠌
ᠬᠤᠷᠸ᠎ᠠ ᠡᠴᠡ ᠪᠢ ᠠᠶᠤᠬᠤ ᠦᠭᠡᠢ᠂
ᠠᠷᠰᠯᠠᠨ ᠭᠦᠷᠦᠭᠡᠰᠦ ᠡᠴᠡ ᠠᠶᠤᠳᠠᠭ ᠦᠭᠡᠢ ᠰᠢᠭ᠌
ᠦᠬᠦᠯ ᠡᠴᠡ ᠪᠢ ᠠᠶᠤᠬᠤ ᠦᠭᠡᠢ᠂
ᠠᠪᠤ ᠨᠢ ᠬᠦᠦ ᠡᠴᠡᠭᠡᠨ ᠠᠶᠤᠳᠠᠭ ᠦᠭᠡᠢ ᠰᠢᠭ᠌
ᠦᠨᠡᠨ ᠡᠴᠡ ᠪᠢ ᠠᠶᠤᠬᠤ ᠦᠭᠡᠢ᠅
Subscribe to:
Post Comments
(
Atom
)
No comments:
Post a Comment