Монгол бичгээ хэрэглэцгээе! Chrome, Internet Explorer, Safari хөтчөөр үзнэ үү!

Ринчений Чойном. Үг

2015-08-21

ᠦᠭᠡ



ᠷᠢᠨᠴᠡᠨ ᠦ ᠴᠣᠶᠢᠨᠤᠮ



ᠬᠡᠨ ᠬᠦᠮᠦᠨ ᠲᠡᠢ ᠦᠭᠡ ᠶᠠᠷᠢᠨ᠎ᠠ ᠭᠡᠳᠡᠭ
ᠬᠡᠷᠡᠭ ᠳᠡᠭᠡᠷ᠎ᠡ ᠪᠡᠨ ᠲᠤᠯᠤᠯᠳᠤᠭᠠᠨ ᠶᠤᠮ᠃
ᠬᠠᠯᠠᠭᠤᠨ ᠬᠦᠢᠲᠡᠨ ᠶᠠᠮᠠᠷ ᠴᠤ ᠵᠡᠪᠰᠡᠭ ᠡᠴᠡ
ᠬᠠᠲᠠᠭᠤ ᠵᠦᠭᠡᠯᠡᠨ ᠦᠭᠡ ᠬᠦᠴᠦᠲᠡᠢ᠃

ᠦᠭᠡ ᠪᠡᠷ ᠬᠦᠮᠦᠨ ᠢ ᠵᠠᠬᠢᠷᠴᠥ ᠪᠤᠯᠤᠨ᠎ᠠ᠃
ᠦᠬᠦᠭᠦᠯᠵᠦ ᠴᠦ ᠪᠤᠯᠤᠨ᠎ᠠ᠂ ᠰᠡᠭᠡᠭᠡᠵᠦ ᠴᠦ ᠪᠤᠯᠤᠨ᠎ᠠ᠃
ᠱᠠᠯᠳᠠᠯᠠᠭᠤᠯᠵᠦ ᠢᠨᠢᠶᠡᠯᠭᠡᠵᠦ ᠤᠬᠢᠯᠠᠭᠤᠯᠵᠥ ᠪᠤᠯᠥᠨ᠎ᠠ᠃
ᠰᠢᠷᠬᠠᠯᠠᠭᠤᠯᠵᠦ᠂ ᠪᠠᠰᠠ ᠡᠳᠡᠭᠡᠭᠡᠵᠦ ᠪᠤᠯᠤᠨ᠎ᠠ᠃

ᠶᠠᠷᠢᠨ᠎ᠠ ᠭᠡᠳᠡᠭ ᠬᠠᠷᠢᠨ ᠴᠢᠩᠭ᠎ᠠ ᠳᠤᠤᠭᠠᠷᠬᠤ ᠶᠢᠨ ᠨᠡᠷ᠎ᠡ ᠪᠢᠰᠢ᠂
ᠢᠷᠠᠭᠤ ᠤᠷᠠᠨ ᠢᠯᠡᠳᠬᠡᠬᠦ ᠶᠢᠨ ᠨᠡᠷ᠎ᠡ ᠴᠦ ᠪᠢᠰᠢ᠂
ᠭᠠᠯ ᠰᠢᠭ ᠪᠠᠳᠠᠷᠠᠵᠦ᠂ ᠤᠰᠤ ᠰᠢᠭ ᠤᠷᠤᠰᠬᠤ ᠶᠢᠨ ᠨᠡᠷ᠎ᠡ ᠪᠢᠰᠢ᠂
ᠭᠠᠭᠴᠠᠬᠦ ᠵᠦᠪ ᠰᠡᠳᠬᠢᠵᠦ᠂ ᠵᠦᠪ ᠳᠤᠤᠭᠠᠷᠬᠤ ᠶᠢᠨ ᠨᠡᠷ᠎ᠡ᠃

ᠡᠰᠡᠷᠭᠦ ᠲᠠᠯ᠎᠎ᠠ ᠎ᠪᠠᠨ ᠰᠤᠳᠤᠯᠤᠯ ᠦᠭᠡᠢ ᠪᠡᠷ
ᠡᠬᠢᠯᠡᠵᠦ ᠲᠤᠯᠤᠭᠠᠨ ᠳ᠋ᠤ ᠤᠷᠤᠳᠠᠭ ᠦᠭᠡᠢ ᠲᠡᠢ ᠠᠳᠠᠯᠢ
ᠶᠠᠷᠢᠵᠤ ᠪᠠᠢᠢᠭ᠎ᠠ ᠬᠦᠮᠦᠨ ᠢᠶᠡᠨ ᠮᠡᠳᠡᠯ ᠦᠭᠡᠢ ᠪᠡᠷ
ᠶᠠᠮᠠᠷ ᠦᠭᠡ ᠲᠡᠭᠦᠨ ᠳᠤ ᠲᠤᠬᠢᠷᠠᠭᠤᠯᠬᠤ ᠪᠤᠢ᠃

ᠠᠷᠰᠯᠠᠨ ᠵᠠᠭᠠᠨ ᠰᠢᠭ ᠯᠤᠲᠤ ᠡᠲᠡᠭᠡᠳ ᠢ
ᠠᠩ ᠤᠨ ᠻᠠᠯᠢᠪᠷ ᠰᠢᠭ ᠦᠭᠡ ᠪᠡᠷ ᠵᠠᠭᠠᠲᠤᠨᠠᠭᠤᠯᠬᠤ ᠴᠤ ᠦᠭᠡᠢ᠃
ᠲᠠᠩᠻ ᠡᠰᠡᠷᠭᠦᠴᠡᠬᠦ ᠪᠤᠤ ᠰᠢᠭ ᠬᠦᠴᠦᠲᠦ ᠦᠭᠡ ᠪᠡᠷ ᠪᠦᠮᠪᠦᠭᠡᠳᠡᠪᠡᠯ
ᠲᠠᠷᠪᠠᠭ᠎ᠠ ᠰᠢᠭ ᠬᠦᠮᠦᠨ ᠡᠴᠡ ᠶᠠᠭᠤ ᠦᠯᠡᠳᠡᠬᠦ ᠪᠤᠢ᠃

ᠡᠬᠡ ᠡᠴᠡ ᠲᠦᠷᠦᠬᠦ ᠶᠢᠨ ᠴᠤᠷ ᠤᠨ ᠭᠠᠭᠴᠠᠬᠠᠨ
ᠡᠪᠬᠡᠮᠡᠯ ᠬᠢᠲᠤᠭ᠎ᠠ ᠰᠢᠭ ᠶᠠᠷᠢᠢ᠎ᠠ ᠲᠠᠢ ᠬᠦᠮᠦᠨ ᠢ
ᠳ᠋ᠠᠮᠠᠰᠻ ᠦᠨ ᠢᠯᠳᠤ ᠰᠢᠭ᠋ ᠰᠦᠷᠲᠦ ᠦᠭᠡ ᠪᠡᠷ
ᠳᠠᠯᠠᠢᠢᠭᠰᠠᠨ ᠦ ᠭᠠᠷᠤᠵᠠ ᠰᠢᠦ ᠳ᠋ᠡ᠃

ᠪᠠᠢᠢᠯᠳᠤᠭᠠᠨ ᠦ ᠬᠤᠶᠠᠭᠲᠤ ᠰᠢᠭ ᠬᠦᠮᠦᠨ ᠦ ᠤᠷᠳᠤ ᠡᠴᠡ
ᠪᠠᠩᠵᠠ ᠮᠤᠳᠤ ᠰᠢᠭ ᠦᠭᠡ ᠬᠡᠯᠡᠬᠦ
ᠪᠠᠷᠰ ᠦᠨ ᠤᠷᠳᠤ ᠡᠴᠡ
ᠪᠠᠯᠢᠤᠰᠤ ᠪᠠᠷᠢᠭᠰᠠᠨ ᠲᠠᠢ ᠢᠵᠢᠯ