Монгол бичгээ хэрэглэцгээе! Chrome, Internet Explorer, Safari хөтчөөр үзнэ үү!

Лев Гумилевт Б. Ринченгээс илгээсэн нэгэн захидал

2015-09-14

ᠯᠧᠸ ᠭᠦᠮᠢᠯᠧᠸ ᠲᠦ ᠪᠢ᠊᠂ ᠷᠢᠨᠴᠢᠨ ᠡᠴᠡ ᠢᠯᠡᠭᠡᠭᠰᠡᠨ ᠨᠢᠭᠡᠨ ᠵᠠᠬᠢᠳᠠᠯ



duuren.mn | 2015 ᠣᠨ ᠤ 8 ᠳᠤᠭᠠᠷ ᠰᠠᠷ᠎ᠠ ᠶᠢᠨ 14



ᠰᠣᠼᠢᠶᠠᠯᠢᠰᠮ ᠤᠨ ᠦᠶ᠎ᠡ ᠳᠦ ᠠᠰᠠᠭᠤᠳᠠᠯ ᠢ ᠬᠠᠷᠠᠬᠤ ᠥᠨᠴᠦᠭ ᠢᠶᠡᠷ ᠢᠶᠡᠨ ᠬᠡᠪᠰᠢᠮᠡᠯ ᠰᠡᠳᠬᠢᠯᠭᠡᠲᠡᠨ ᠨᠦᠭᠦᠳ ᠡᠴᠡ ᠢᠯᠭᠠᠷᠠᠵᠤ᠂ ᠡᠷᠳᠡᠮ ᠮᠡᠳᠡᠯᠭᠡ ᠪᠡᠷ ᠢᠶᠡᠨ ᠭᠠᠶᠢᠬᠠᠭᠤᠯᠤᠨ ᠠᠯᠳᠠᠷᠰᠢᠵᠤ ᠠᠭᠰᠠᠨ ᠪᠢᠮᠪᠠ ᠶᠢᠨ ᠷᠢᠨᠴᠢᠨ᠂ ᠯᠧᠸ ᠭᠦᠮᠢᠯᠧᠸ ᠨᠠᠷ ᠳᠣᠲᠤᠨᠤ ᠠᠨᠳᠠ ᠨᠤᠭᠤᠳ ᠪᠠᠶᠢᠵᠡᠶ᠃ ᠲᠡᠳᠡ ᠵᠠᠬᠢᠳᠠᠯ ᠢᠶᠠᠷ ᠬᠠᠷᠢᠯᠴᠠᠵᠤ᠂ ᠯᠧᠨᠢᠩᠭᠷᠠᠳ᠋ ᠲᠤ ᠠᠭᠤᠯᠵᠠᠯᠳᠤᠵᠤ ᠶᠠᠪᠤᠵᠡᠶ᠃ ᠬᠤᠪᠢ ᠵᠠᠶᠠᠭ᠎ᠠ ᠨᠢ ᠴᠤ ᠲᠥᠰᠲᠡᠶ᠃ ᠯᠧᠸ ᠭᠦᠮᠢᠯᠧᠸ ᠰᠲᠠᠨᠢᠯᠢᠰᠮ ᠤᠨ ᠦᠶ᠎ᠡ ᠳᠦ 14 ᠵᠢᠯ᠂ ᠪᠢ᠊᠂ ᠷᠢᠨᠴᠢᠨ ᠳᠣᠻᠲᠣᠷ 5 ᠵᠢᠯ ᠬᠢᠯᠢᠰ ᠢᠶᠡᠷ ᠬᠣᠷᠢᠭᠳᠠᠵᠤ ᠪᠠᠶᠢᠪᠠ᠃ ᠯᠧᠸ ᠭᠦᠮᠢᠯᠧᠸ ᠪᠢᠮᠪᠠ ᠶᠢᠨ ᠷᠢᠨᠴᠢᠨ ᠭᠤᠸᠠᠶ ᠶᠢ ᠶᠡᠬᠡᠳᠡ ᠬᠦᠨᠳᠦᠳᠬᠡᠨ 《ᠡᠷᠬᠢᠮ ᠬᠦᠨᠳᠦᠲᠦ ᠠᠨᠳᠠ ᠨᠥᠬᠦᠷ᠂ ᠮᠢᠨᠤ ᠪᠠᠭᠰᠢ ᠷᠢᠨᠴᠢᠨ ᠰᠡᠴᠡᠨ ᠮᠢᠨᠢ》 ᠭᠡᠬᠦᠴᠢᠯᠡᠨ ᠵᠠᠬᠢᠳᠠᠯ ᠢᠶᠠᠨ ᠡᠬᠢᠯᠡᠳᠡᠭ ᠪᠠᠶᠢᠵᠡᠶ᠃

1968 ᠣᠨ ᠳᠤ ᠴᠠᠭᠠᠨ ᠰᠠᠷ᠎ᠠ ᠶᠢᠨ ᠡᠮᠦᠨᠡᠬᠡᠨ ᠷᠢᠨᠴᠢᠨ ᠭᠤᠸᠠᠶ 《ᠡᠷᠲᠡᠨ ᠦ ᠲᠦᠷᠦᠭ ᠦᠳ》 ᠨᠣᠮ ᠢ ᠨᠢ ᠯᠧᠸ ᠭᠦᠮᠢᠯᠧᠸ ᠡᠴᠡ ᠬᠦᠯᠢᠶᠡᠨ ᠠᠪᠤᠭᠠᠳ ᠪᠢᠴᠢᠭᠰᠡᠨ ᠵᠠᠬᠢᠳᠠᠯ ᠢ ᠨᠢ ᠮᠠᠨᠠᠶ ᠨᠡᠷᠡᠲᠡᠶ ᠰᠠᠶᠢᠨ ᠣᠷᠴᠢᠭᠤᠯᠤᠭᠴᠢᠳ ᠤᠨ ᠨᠢᠭᠡ ᠴ᠊᠂ ᠴᠡᠷᠢᠩ ᠡᠷᠬᠢᠮ ᠣᠷᠤᠰ ᠬᠡᠯᠡᠨ ᠡᠴᠡ ᠪᠠᠭᠤᠯᠭᠠᠨ 1990 ᠣᠨ ᠳᠤ ᠣᠯᠠᠨ ᠤ ᠬᠦᠷᠲᠡᠭᠡᠯ ᠪᠣᠯᠭᠠᠵᠤ ᠪᠠᠶᠢᠭᠰᠠᠨ ᠢ duuren.mn ᠤᠩᠰᠢᠭᠴᠢ ᠲᠠᠨ᠎ᠠ ᠲᠣᠯᠢᠯᠠᠭᠤᠯᠵᠤ ᠪᠠᠶᠢᠨ᠎ᠠ᠃

《ᠡᠷᠬᠢᠮ ᠬᠦᠨᠳᠦᠲᠦ ᠯᠧᠸ ᠨᠢᠻᠣᠯᠠᠶᠧᠸᠢᠴ ᠡ⁉ ᠲᠠᠨ ᠤ ᠶᠠᠪᠤᠭᠤᠯᠤᠭᠰᠠᠨ 《ᠡᠷᠲᠡᠨ ᠦ ᠲᠦᠷᠦᠭ ᠦᠳ》 ᠨᠣᠮ ᠢ ᠠᠪᠤᠭᠠᠳ ᠭᠤᠷᠪᠠᠨ ᠤ ᠨᠢᠭᠡ ᠬᠤᠪᠢ ᠶᠢ ᠶᠡᠬᠡ ᠯᠡ ᠰᠣᠨᠢᠷᠬᠠᠨ ᠤᠩᠰᠢᠯ᠎ᠠ᠃ ᠭᠡᠪᠡᠴᠦ ᠠᠵᠢᠯ ᠳᠤ ᠶᠡᠬᠡ ᠳᠠᠷᠤᠭᠳᠠᠭᠠᠳ ᠲᠦᠷ ᠵᠠᠭᠤᠷ᠎ᠠ ᠬᠣᠶᠢᠰᠢ ᠨᠢ ᠲᠠᠯᠪᠢᠭᠠᠳ ᠳᠠᠷᠠᠭ᠎ᠠ ᠲᠤᠬᠠᠲᠠᠶ ᠤᠩᠰᠢᠬᠤ ᠪᠠᠷ ᠰᠢᠢᠳᠦᠯ᠎ᠡ᠃ ᠨᠣᠮ ᠢ ᠲᠠᠨᠢ ᠡᠬᠢᠯᠡᠭᠡᠳ ᠤᠩᠰᠢᠵᠤ ᠪᠠᠶᠢᠬᠤ ᠳᠤ ᠲᠥᠷᠦᠭᠰᠡᠨ ᠵᠠᠷᠢᠮ ᠪᠣᠳᠤᠯ ᠢᠶᠠᠨ ᠲᠠᠨ ᠳᠤ ᠰᠢᠭᠤᠳ ᠪᠢᠴᠢᠶ᠎ᠡ ᠭᠡᠵᠦ ᠰᠠᠨᠠᠯ᠎ᠠ᠃ ᠡᠨᠡ ᠰᠣᠨᠢᠷᠬᠠᠯᠲᠠᠶ ᠨᠣᠮ ᠢᠶᠠᠨ ᠨᠠᠳᠤᠷ ᠢᠷᠡᠭᠦᠯᠵᠦ ᠬᠠᠶᠢᠷᠠᠯᠠᠭᠰᠠᠨ ᠲᠠᠨ ᠤ ᠨᠠᠶᠢᠷᠰᠠᠭ ᠨᠥᠭᠦᠷᠰᠡᠭ ᠰᠡᠳᠬᠢᠯ ᠢ ᠴᠢᠨᠢ ᠪᠠᠬᠠᠳᠤᠨ ᠪᠢᠰᠢᠷᠡᠵᠦ ᠰᠠᠭᠤᠨ᠎ᠠ᠃

ᠭᠡᠬᠦ ᠳᠡᠭᠡᠨ ᠵᠠᠷᠢᠮ ᠵᠦᠶᠯ ᠦᠨ ᠲᠠᠯ᠎ᠠ ᠪᠠᠷ ᠪᠢ ᠣᠨᠳᠤᠤ ᠪᠣᠳᠤᠯ ᠲᠠᠶ ᠶᠠᠪᠤᠳᠠᠭ ᠰᠢᠦ᠃ ᠵᠢᠱᠢᠶᠡᠯᠡᠪᠡᠯ᠄ ᠲᠠ ᠧᠦᠷᠣᠫᠠ ᠵᠦᠭ ᠦᠨ ᠪᠦᠬᠦ ᠡᠷᠳᠡᠮᠲᠡᠨ ᠦ ᠨᠢᠭᠡ ᠠᠳᠠᠯᠢ᠂ ᠪᠦᠷ ᠦᠨᠡᠨ ᠢ ᠬᠡᠯᠡᠪᠡᠯ ᠲᠡᠳᠡᠨ ᠦ ᠵᠠᠮ ᠮᠥᠷ ᠢᠶᠡᠷ ᠳᠠᠭᠠᠬᠤ ᠳᠠᠭᠠᠨ᠂ ᠮᠣᠩᠭᠤᠯᠴᠤᠳ ᠥᠪᠡᠷᠰᠡᠳ ᠦᠨ ᠳᠡᠭᠡᠳᠦ ᠡᠪᠦᠭᠡ ᠪᠡᠨ ᠪᠥᠷᠲᠡ ᠴᠢᠨᠤ᠎ᠠ᠂ ᠬᠤᠸᠠ ᠮᠠᠷᠠᠯ ᠭᠡᠵᠦ ᠦᠵᠡᠳᠡᠭ ᠬᠡᠮᠡᠨ ᠲᠠ ᠪᠢᠴᠢᠵᠡᠶ᠃ (22 ᠳᠤᠭᠠᠷ ᠲᠠᠯ᠎ᠠ) ᠮᠢᠨᠤ ᠰᠠᠨᠠᠪᠠᠯ ᠨᠢᠭᠡ ᠳᠦ᠂ ᠪᠦᠬᠦ ᠮᠣᠩᠭᠤᠯᠴᠤᠳ ᠪᠤᠰᠤ᠂ ᠵᠥᠪᠬᠡᠨ ᠬᠢᠶᠠᠳ ᠪᠣᠷᠵᠢᠭᠢᠨ ᠨᠤᠭᠤᠳ ᠢᠩᠭᠢᠵᠦ ᠦᠵᠡᠳᠡᠭ ᠬᠡᠷᠡᠭ᠃ ᠢᠩᠭᠢᠬᠦᠯᠡᠷ ᠡᠨᠡ ᠨᠢ ᠨᠡᠶᠢᠲᠡ ᠮᠣᠩᠭᠤᠯᠴᠤᠳ ᠲᠤ ᠬᠠᠮᠢᠶ᠎ᠠ ᠦᠭᠡᠶ ᠬᠡᠷᠡᠭ᠃ ᠬᠣᠶᠠᠷ ᠲᠤ᠂ 《ᠴᠢᠩᠭᠢᠰ ᠬᠠᠭᠠᠨ ᠤ ᠢᠵᠠᠭᠤᠷ ᠳᠡᠭᠡᠳᠦ ᠲᠩᠷᠢ ᠡᠴᠡ ᠵᠠᠶᠠᠭᠠᠲᠤ ᠲᠥᠷᠦᠭᠰᠡᠨ ᠪᠥᠷᠲᠡ ᠴᠢᠨᠤ᠎ᠠ ᠠᠵᠤᠭᠤ᠃ ᠭᠡᠷᠭᠡᠶ ᠨᠢ ᠬᠤᠸᠠ ᠮᠠᠷᠠᠯ ᠠᠵᠡᠶ》 ᠬᠡᠮᠡᠨ ᠨᠢᠭᠤᠴᠠ ᠲᠣᠪᠴᠢᠶᠠᠨ ᠳᠤ ᠭᠠᠷᠳᠠᠭ ᠰᠢᠦ ᠳᠡ᠃ ᠪᠦᠷᠲᠡ ᠴᠢᠨᠤ᠎ᠠ ᠪᠤᠶᠤ ᠶᠠᠭ ᠵᠥᠪ ᠢᠶᠡᠷ ᠨᠢ ᠪᠢᠴᠢᠪᠡᠯ ᠪᠥᠷᠲᠡ ᠴᠢᠨᠤ᠎ᠠ ᠭᠡᠳᠡᠭ ᠢ ᠣᠷᠤᠰ ᠢᠶᠠᠷ ᠣᠷᠴᠢᠭᠤᠯᠪᠠᠯ Сивый волк᠂ ᠬᠣᠸᠠ ᠮᠠᠷᠠᠯ ᠭᠡᠳᠡᠭ ᠨᠢ Красивая Лань ᠪᠣᠯᠤᠨ᠎ᠠ᠃ ᠲᠡᠭᠡᠬᠦ ᠳᠡᠭᠡᠨ ᠪᠥᠷᠲᠡ ᠴᠢᠨᠤ᠎ᠠ ᠭᠡᠳᠡᠭ ᠨᠢ ᠬᠦᠮᠦᠨ ᠦ ᠨᠡᠷ᠎ᠡ᠂ ᠬᠤᠸᠠ ᠮᠠᠷᠠᠯ ᠴᠤ ᠪᠠᠰᠠ ᠬᠦᠮᠦᠨ ᠦ ᠨᠡᠷ᠎ᠡ ᠪᠥᠭᠡᠳ ᠡᠳᠦᠭᠡ ᠴᠦ ᠤᠯᠠ ᠤᠯᠪᠠᠭ᠎ᠠ ᠪᠠᠨ ᠬᠠᠳᠠᠭᠠᠯᠠᠭᠰᠠᠭᠠᠷ ᠪᠠᠶᠢᠭ᠎ᠠ ᠮᠣᠩᠭᠤᠯᠴᠤᠳ ᠤᠨ ᠪᠥᠭᠡ ᠶᠢᠨ ᠤᠯᠠᠮᠵᠢᠯᠠᠯ ᠢᠶᠠᠷ ᠬᠡᠦᠬᠡᠳ ᠪᠠᠭᠠᠴᠤᠳ ᠤᠨ ᠰᠦᠨᠡᠰᠦ ᠶᠢ ᠡᠷᠯᠢᠭ ᠦᠨ ᠡᠯᠴᠢ ᠠᠪᠤᠭᠠᠳ ᠶᠠᠪᠤᠴᠢᠬᠠᠬᠤ ᠦᠭᠡᠶ ᠶᠢᠨ ᠡᠭᠦᠳᠡᠨ ᠡᠴᠡ ᠡᠶᠢᠮᠦᠷᠬᠡᠦ 《ᠬᠠᠮᠠᠭᠠᠯᠠᠭᠰᠠᠨ》 ᠨᠡᠷ᠎ᠡ ᠬᠠᠶᠢᠷᠠᠯᠠᠳᠠᠭ ᠪᠠᠶᠢᠵᠡᠶ᠃ ᠮᠣᠩᠭᠤᠯ ᠤᠨ ᠬᠠᠲᠠᠭᠤ ᠬᠦᠲᠦᠭᠦᠦ ᠠᠭᠤᠷ ᠠᠮᠢᠰᠬᠠᠯ ᠲᠠᠶ ᠲᠠᠯ᠎ᠠ ᠨᠤᠲᠤᠭ ᠤᠨ ᠠᠮᠢᠳᠤᠷᠠᠯ ᠳᠤ ᠦᠷ᠎ᠡ ᠬᠡᠦᠬᠡᠳ ᠢᠶᠡᠨ ᠦᠬᠦᠯ ᠡᠴᠡ ᠠᠪᠤᠷᠠᠬᠤ ᠶᠢᠨ ᠲᠤᠯᠠᠳᠠ ᠢᠩᠭᠢᠵᠦ ᠠᠷᠭᠠᠯᠠᠳᠠᠭ ᠡᠷᠲᠡᠨ ᠦ ᠠᠷᠠᠳ ᠤᠨ ᠶᠣᠰᠤ ᠭᠣᠷᠢᠮ ᠡᠶᠢᠮᠦ ᠪᠠᠶᠢᠵᠤ ᠯᠡ ᠳᠡ᠃ ᠡᠷᠯᠢᠭ ᠦᠨ ᠡᠯᠴᠢ ᠨᠢ ᠣᠳᠤ ᠶᠢᠨ ᠢᠶᠠᠷ ᠪᠣᠯ ᠨᠠᠷᠢᠨ ᠲᠥᠷᠦᠯᠵᠢᠭᠰᠡᠨ ᠪᠠᠶᠢᠬᠤ ᠪᠥᠭᠡᠳ ᠨᠢᠭᠡ ᠨᠢ ᠵᠥᠪᠬᠡᠨ ᠡᠷᠡᠭᠲᠡᠶ ᠬᠡᠦᠬᠡᠳ ᠦᠨ ᠰᠦᠨᠡᠰᠦ ᠶᠢ᠂ ᠨᠥᠭᠦᠭᠡ ᠨᠢ ᠥᠬᠢᠳ ᠦᠨ ᠰᠦᠨᠡᠰᠦ ᠶᠢ᠂ ᠭᠤᠷᠪᠠ ᠳᠠᠬᠢ ᠨᠢ ᠡᠷᠡᠭᠲᠡᠶ ᠬᠦᠮᠦᠨ ᠦ ᠬᠢ ᠶᠢ᠂ ᠳᠥᠷᠪᠡ ᠳᠡᠬᠢ ᠨᠢ ᠡᠮᠡᠭᠲᠡᠶ ᠶᠢᠨ ᠬᠢ ᠶᠢ᠂ ᠲᠠᠪᠤ ᠳᠠᠬᠢ ᠨᠢ ᠠᠳᠤᠭᠤᠰᠤ ᠠᠮᠢᠲᠠᠨ ᠤ ᠰᠦᠨᠡᠰᠦ ᠶᠢ᠂ ᠵᠢᠷᠭᠤᠭ᠎ᠠ ᠳᠠᠬᠢ ᠨᠢ ᠠᠮᠢ ᠦᠭᠡᠶ ᠶᠠᠭᠤᠮᠠᠨ ᠤ ᠰᠦᠨᠡᠰᠦ ᠶᠢ ᠬᠤᠯᠠᠭᠠᠶᠢᠯᠠᠨ ᠠᠪᠴᠤ ᠣᠳᠳᠠᠭ ᠬᠡᠮᠡᠨ ᠢᠲᠡᠭᠡᠳᠡᠭ ᠪᠠᠶᠢᠵᠢ᠃ ᠴᠢᠩᠭᠢᠬᠦ ᠳᠡᠭᠡᠨ ᠴᠢᠨᠤ᠎ᠠ ᠶᠢᠨ ᠰᠦᠨᠡᠰᠦ ᠬᠥᠭᠡᠭᠡᠴᠡᠯᠳᠦᠳᠡᠭ ᠡᠷᠯᠢᠭ ᠨᠢ ᠮᠠᠷᠠᠯ ᠤᠨ ᠰᠦᠨᠡᠰᠦ ᠶᠢ ᠬᠤᠯᠠᠭᠠᠶᠢᠯᠠᠨ ᠠᠪᠴᠤ ᠴᠢᠳᠠᠬᠤ ᠦᠭᠡᠶ ᠭᠡᠵᠦ ᠪᠣᠳᠤᠳᠠᠭ ᠤᠴᠢᠷ᠂ ᠪᠠᠰᠠ ᠡᠷᠯᠢᠭ ᠦᠨ ᠡᠯᠴᠢ ᠶᠢ ᠬᠠᠭᠤᠷᠬᠤ ᠶᠢᠨ ᠲᠤᠯᠠᠳᠠ ᠬᠡᠦᠬᠡᠳ ᠲᠦ ᠰᠦᠬᠡ᠂ ᠲᠣᠭᠤᠭ᠎ᠠ᠂ ᠪᠥᠷᠲᠡ ᠴᠢᠨᠤ᠎ᠠ᠂ ᠬᠤᠸᠠ ᠮᠠᠷᠠᠯ᠂ ᠰᠢᠷ᠎ᠠ ᠨᠣᠬᠠᠶ (ᠮᠢᠨᠦ ᠳᠡᠭᠡᠳᠦ ᠶᠢᠨ ᠳᠡᠭᠡᠳᠦ ᠡᠪᠦᠭᠡ ᠶᠢᠨ ᠨᠢᠭᠡ ᠬᠦᠮᠦᠨ ᠰᠢᠷ᠎ᠠ ᠨᠣᠬᠠᠶ ᠨᠡᠷ᠎ᠡ ᠲᠡᠶ ᠪᠠᠶᠢᠭᠰᠠᠨ⁉) ᠭᠡᠬᠦ ᠵᠡᠷᠭᠡ ᠨᠡᠷ᠎ᠡ ᠥᠭᠳᠡᠭ ᠪᠠᠶᠢᠵᠢ᠃ ᠡᠷᠯᠢᠭ ᠨᠢ ᠬᠡᠦᠬᠡᠳ ᠢ ᠰᠦᠬᠡ ᠭᠡᠵᠦ ᠨᠡᠷ᠎ᠡ ᠲᠡᠶ ᠶᠢ ᠮᠡᠳᠡᠮᠡᠭᠴᠡ ᠤᠭ ᠬᠡᠦᠬᠡᠳ ᠢ ᠣᠷᠤᠯᠳᠤᠬᠤ ᠪᠠᠨ ᠪᠣᠯᠢᠵᠤ ᠨᠢᠭᠡᠨᠲᠡ ᠰᠦᠬᠡ ᠭᠡᠳᠡᠭ ᠨᠡᠷ᠎ᠡ ᠲᠡᠶ ᠪᠣᠯᠬᠤᠷ ᠰᠦᠨᠡᠰᠦ ᠶᠢ ᠨᠢ ᠠᠪᠴᠢᠬᠠᠪᠠᠯ ᠬᠣᠶᠢᠨ᠎ᠠ ᠠᠴᠠ ᠨᠢ ᠡᠨᠡ ᠣᠷᠴᠢᠯᠠᠩ ᠤᠨ ᠪᠦᠬᠦ ᠰᠦᠬᠡ ᠰᠦᠨᠡᠰᠦ ᠶᠢ ᠨᠢ ᠨᠡᠬᠡᠵᠦ ᠢᠷᠡᠭᠡᠳ ᠠᠮᠤᠷ ᠵᠠᠶᠠᠭ᠎ᠠ ᠦᠵᠡᠭᠦᠯᠬᠦ ᠦᠭᠡᠶ ᠭᠡᠵᠦ ᠡᠷᠯᠢᠭ ᠢᠲᠡᠭᠡᠳᠡᠭ ᠭᠡᠨ᠎ᠡ᠃ ᠢᠩᠭᠢᠵᠦ 《ᠬᠠᠮᠠᠭᠠᠯᠠᠬᠤ ᠨᠡᠷ᠎ᠡ》 ᠶᠢᠨ ᠠᠴᠢ ᠪᠠᠷ ᠬᠡᠦᠬᠡᠳ ᠠᠮᠢᠳᠤ ᠮᠡᠨᠳᠦ ᠥᠰᠴᠦ ᠲᠣᠷᠨᠢᠳᠠᠭ ᠶᠤᠮ ᠭᠡᠵᠦ ᠢᠲᠡᠭᠡᠳᠡᠭ ᠪᠠᠶᠢᠵᠢ᠃ ᠵᠠᠷᠢᠮ ᠳᠠᠭᠠᠨ ᠬᠡᠦᠬᠡᠳ ᠲᠦ ᠪᠠᠭᠠᠰᠤᠲᠤ ᠭᠡᠳᠡᠭ ᠨᠡᠷ᠎ᠡ ᠥᠭᠭᠦᠭᠡᠳ ᠡᠷᠯᠢᠭ ᠤᠭ ᠬᠡᠦᠬᠡᠳ ᠦᠨ 《ᠮᠠᠭᠤᠬᠠᠶ ᠥᠮᠡᠬᠡᠶ》 ᠰᠦᠨᠡᠰᠦᠨ ᠡᠴᠡ ᠴᠡᠭᠡᠷᠯᠡᠭᠡᠳ ᠬᠡᠦᠬᠡᠳ ᠢ ᠠᠪᠤᠭᠠᠳ ᠶᠠᠪᠤᠴᠢᠬᠠᠬᠤ ᠦᠭᠡᠶ ᠠᠮᠤᠷ ᠲᠠᠶᠢᠪᠤᠩ ᠦᠯᠡᠳᠡᠭᠡᠨ᠎ᠡ ᠭᠡᠵᠦ ᠨᠠᠶᠢᠳᠠᠳᠠᠭ ᠪᠠᠶᠢᠵᠢ᠃ ᠡᠶᠢᠮᠦ ᠤᠴᠢᠷ ᠠᠴᠠ ᠯᠡ ᠴᠢᠩᠭᠢᠰ ᠦᠨ ᠳᠡᠭᠡᠳᠦ ᠡᠪᠦᠭᠡ ᠪᠥᠷᠲᠡ ᠴᠢᠨᠤ᠎ᠠ ᠨᠡᠷ᠎ᠡ ᠲᠡᠶ ᠪᠠᠶᠢᠭᠰᠠᠨ ᠬᠡᠷᠡᠭ ᠪᠥᠭᠡᠳ ᠬᠡᠦᠬᠡᠳ ᠦᠨ ᠰᠦᠨᠡᠰᠦ ᠶᠢ ᠠᠪᠴᠢᠬᠠᠳᠠᠭ ᠠᠩ ᠤᠨ ᠡᠷᠯᠢᠭ ᠪᠠᠭ᠎ᠠ ᠳᠤᠨᠢ ᠲᠡᠭᠦᠨ ᠢ ᠠᠪᠠᠴᠢᠬᠤ ᠦᠭᠡᠶ ᠪᠠᠶᠢᠭᠠᠰᠠᠶ᠂ ᠲᠤᠬᠠᠶ ᠶᠢᠨ ᠦᠶ᠎ᠡ ᠳᠡᠭᠡᠨ ᠴᠢᠨᠤ᠎ᠠ ᠶᠢᠨ ᠰᠦᠨᠡᠰᠦ ᠶᠢ ᠠᠪᠠᠴᠢᠳᠠᠭ ᠡᠷᠯᠢᠭ ᠯᠡ ᠲᠡᠭᠦᠨ ᠢ ᠣᠷᠤᠯᠳᠤᠬᠤ ᠦᠭᠡᠶ᠂ ᠶᠠᠭᠠᠬᠢᠭᠠᠳ ᠬᠡᠪᠡᠯ ᠲᠡᠷᠡ ᠪᠥᠷᠲᠦ ᠴᠢᠨᠤ᠎ᠠ ᠨᠡᠷ᠎ᠡ ᠲᠡᠶ ᠬᠡᠦᠬᠡᠳ ᠢ ᠬᠡᠦᠬᠡᠳ ᠦᠨ ᠰᠦᠨᠡᠰᠦ ᠶᠢ ᠠᠪᠠᠴᠢᠳᠠᠭ ᠡᠷᠯᠢᠭ ᠨᠢ ᠢᠷᠡᠵᠦ ᠠᠪᠬᠤ ᠶᠣᠰᠤᠲᠠᠶ ᠭᠡᠵᠦ ᠰᠠᠨᠠᠳᠠᠭ ᠠᠵᠢ᠃

ᠴᠠᠭᠠᠰᠢ ᠨᠢ ᠨᠢᠭᠤᠴᠠ ᠲᠣᠪᠴᠢᠶᠠᠨ ᠳᠤ 《ᠲᠡᠩᠭᠢᠰ ᠭᠡᠲᠦᠯᠵᠦ ᠢᠷᠡᠪᠡ》 ᠭᠡᠵᠦ ᠪᠤᠶ᠃ ᠻᠣᠽᠢᠨ ᠡᠭᠦᠨ ᠢ 《Явились они переплыв Тенгис》 (внутреннее море) ᠭᠡᠵᠦ ᠣᠷᠴᠢᠭᠤᠯᠵᠡᠶ᠃ ᠪᠢ ᠡᠭᠦᠨ ᠢ ᠣᠷᠤᠰ ᠢᠶᠠᠷ 《Прибыли они, переплыв Тенгис》 ᠭᠡᠵᠦ ᠣᠷᠴᠢᠭᠤᠯᠤᠮᠠᠷ ᠪᠠᠶᠢᠨ᠎ᠠ᠃

ᠭᠡᠬᠦ ᠳᠡᠭᠡᠨ ᠡᠨᠡ ᠪᠣᠯ Внутреннее море ᠪᠤᠶᠤ ᠳᠣᠲᠤᠭᠠᠳᠤ ᠲᠡᠩᠭᠢᠰ ᠪᠢᠰᠢ ᠡ⁉ ᠪᠢ ᠡᠨᠳᠡ ᠭᠠᠷᠴᠤ ᠪᠤᠶ ᠲᠡᠩᠭᠢᠰ ᠭᠡᠳᠡᠭ ᠢ ᠬᠠᠷᠠᠭᠰᠠᠨ ᠬᠦᠮᠦᠨ⁉ ᠡᠨᠡ ᠪᠣᠯ ᠬᠥᠪᠰᠦᠭᠦᠯ ᠠᠶᠢᠮᠠᠭ ᠲᠤ ᠪᠠᠶᠢᠭ᠎ᠠ ᠭᠠᠲᠤᠯᠵᠤ ᠭᠠᠷᠬᠤ ᠳᠤ ᠲᠤᠩ ᠬᠡᠴᠡᠭᠦᠦ᠂ ᠨᠡᠩ ᠬᠦᠴᠦᠲᠡᠶ ᠤᠷᠤᠰᠬᠠᠯ ᠲᠠᠶ ᠠᠭᠤᠯᠠ ᠶᠢᠨ ᠭᠣᠤᠯ ᠪᠥᠭᠡᠳ ᠮᠣᠷᠢ ᠮᠠᠯ ᠤᠷᠤᠭᠤᠳᠠᠳᠠᠭ ᠶᠤᠮ᠃ ᠪᠥᠷᠲᠡ ᠴᠢᠨᠤ᠎ᠠ ᠭᠡᠷᠭᠡᠶ ᠬᠣᠸᠠ ᠮᠠᠷᠠᠯ ᠢᠶᠠᠨ ᠳᠠᠭᠠᠭᠤᠯᠤᠨ ᠡᠨᠡ ᠭᠣᠤᠯ ᠢ ᠭᠠᠲᠤᠯᠤᠭᠰᠠᠨ ᠪᠥᠭᠡᠳ ᠭᠣᠤᠯ ᠤᠨ ᠬᠣᠶᠠᠷ ᠲᠠᠯ᠎ᠠ ᠳᠤ ᠪᠠᠶᠢᠭ᠎ᠠ ᠠᠭᠤᠯᠠ ᠶᠢ ᠪᠥᠭᠡ ᠨᠠᠷ ᠣᠳᠤ ᠴᠤ ᠠᠷᠢᠭᠤᠨ ᠰᠢᠲᠦᠭᠡᠨ ᠪᠣᠯᠭᠠᠨ ᠲᠠᠬᠢᠳᠠᠭ ᠪᠥᠭᠡᠳ ᠥᠨᠢ ᠡᠷᠲᠡ ᠳᠡᠭᠡᠷ᠎ᠡ ᠴᠠᠭ ᠲᠤ ᠡᠨᠡ ᠠᠭᠤᠯᠠᠰ ᠤᠨ ᠣᠷᠤᠶ ᠳᠤ ᠠᠯᠳᠠᠷ ᠴᠤᠤ ᠲᠠᠶ ᠪᠥᠭᠡ ᠨᠢᠳᠤᠭᠠᠨ ᠢ ᠣᠷᠤᠰᠢᠭᠤᠯᠤᠭᠰᠠᠨ ᠳᠤᠷᠠᠰᠬᠠᠯᠲᠠᠶ ᠭᠠᠵᠠᠷ ᠭᠡᠵᠦ ᠰᠦᠰᠦᠯᠡᠳᠡᠭ ᠪᠣᠯᠠᠶ᠃

ᠪᠥᠷᠲᠡ ᠴᠢᠨᠤ᠎ᠠ ᠶᠢᠨ ᠬᠦᠦ ᠪᠣᠯ ᠬᠠᠮᠠᠭᠠᠯᠠᠭᠤᠯᠤᠭᠰᠠᠨ ᠮᠠᠨᠠᠭᠤᠯᠤᠭᠰᠠᠨ ᠨᠡᠷ᠎ᠡ ᠲᠡᠶ ᠪᠠᠶᠢᠳᠠᠭ᠂ ᠶᠠᠭᠠᠬᠢᠭᠠᠳ ᠭᠡᠪᠡᠯ ᠲᠡᠷᠡ ᠨᠢ ᠤᠭ ᠠᠶᠢᠯ ᠤᠨ ᠴᠣᠷ ᠤᠨ ᠭᠠᠭᠴᠠ ᠤᠳᠤᠮ ᠤᠭᠰᠠᠭ᠎ᠠ ᠵᠠᠯᠭᠠᠬᠤ ᠡᠷᠡᠭᠲᠡᠶ ᠬᠡᠦᠬᠡᠳ ᠨᠢ ᠪᠠᠶᠢᠵᠡᠶ᠃ ᠲᠡᠭᠦᠨ ᠢ ᠪᠠᠲᠤ ᠴᠠᠭᠠᠨ ᠭᠡᠬᠦ ᠪᠥᠭᠡᠳ ᠡᠭᠦᠨ ᠦ ᠪᠠᠲᠤ ᠭᠡᠳᠡᠭ ᠨᠢ ᠡᠷᠯᠢᠭ ᠬᠠᠯᠳᠠᠰᠢ ᠦᠭᠡᠶ ᠳᠠᠷᠬᠠᠨ ᠪᠠᠲᠤ ᠶᠢ ᠢᠯᠡᠷᠬᠡᠶᠢᠯᠡᠭᠰᠡᠨ ᠬᠡᠷᠡᠭ᠂ ᠴᠠᠭᠠᠨ ᠭᠡᠳᠡᠭ ᠨᠢ ᠠᠷᠢᠭᠤᠨ᠂ ᠭᠬᠢᠷ ᠦᠭᠡᠶ ᠲᠤᠩᠭᠠᠯᠠᠭ ᠭᠡᠰᠡᠨ ᠰᠠᠨᠠᠭ᠎ᠠ ᠶᠤᠮ᠃

ᠳᠣᠪᠤᠨ ᠮᠡᠷᠭᠡᠨ ᠦ ᠭᠡᠷᠭᠡᠶ ᠶᠢ ᠠᠯᠤᠩᠭᠤᠤ᠎ᠠ ᠭᠡᠬᠦ ᠪᠥᠭᠡᠳ ᠠᠷᠢᠭ ᠤᠰᠤᠨ ᠳᠤ ᠲᠥᠷᠦᠭᠰᠡᠨ ᠪᠥᠭᠡᠳ ᠣᠳᠤ ᠴᠤ ᠮᠣᠩᠭᠤᠯ᠂ ᠤᠷᠢᠶᠠᠩᠬᠠᠶ ᠨᠠᠷ ᠲᠡᠭᠦᠨ ᠢ ᠰᠠᠶᠢᠨ ᠵᠦᠭ ᠦᠨ ᠲᠩᠷᠢ ᠭᠡᠯᠴᠡᠳᠡᠭ᠂ ᠪᠠᠰᠠ ᠣᠳᠤ ᠴᠤ ᠲᠡᠷᠡ ᠭᠣᠤᠯ ᠢ ᠠᠷᠢᠬ᠎ᠠ ᠶᠤᠮ ᠤᠤ ᠠᠷᠢᠭ ᠤᠰᠤᠨ ᠤ ᠭᠣᠤᠯ ᠭᠡᠵᠦ ᠨᠡᠷᠡᠯᠡᠭᠰᠡᠭᠡᠷ ᠪᠠᠶᠢᠳᠠᠭ᠃ ᠪᠢ ᠲᠡᠷᠡ ᠭᠣᠤᠯ ᠳᠡᠭᠡᠷ᠎ᠡ ᠣᠴᠢᠵᠤ ᠠᠯᠤᠩᠭᠤᠤ᠎ᠠ ᠶᠢᠨ ᠣᠩᠭᠤᠨ ᠢ ᠲᠡᠨᠳᠡ ᠡᠴᠡ ᠠᠪᠴᠢᠷᠠᠭᠰᠠᠨ ᠡ⁉ ᠡᠨᠡ ᠪᠣᠯ ᠪᠠᠰᠠ ᠬᠥᠪᠰᠦᠭᠦᠯ ᠠᠶᠢᠮᠠᠭ ᠲᠤ ᠪᠠᠶᠢᠬᠤ ᠪᠥᠭᠡᠳ ᠥᠨᠦᠬᠢ ᠲᠡᠩᠭᠢᠰ ᠭᠣᠤᠯ ᠠᠴᠠ ᠬᠣᠯᠠ ᠦᠭᠡᠶ ᠣᠷᠤᠰᠢᠳᠠᠭ᠁

ᠲᠠᠨ ᠳᠤ ᠡᠭᠡᠳᠡᠷᠡᠭᠡᠲᠡᠶ ᠮᠡᠲᠦ ᠰᠠᠨᠠᠭᠳᠠᠵᠤ ᠪᠣᠯᠬᠤᠶᠢᠴᠠ ᠡᠷᠲᠡᠨ ᠦ ᠲᠦᠷᠦᠭ ᠦᠳ ᠦᠨ ᠱᠠᠰᠢᠨ ᠤ ᠲᠤᠬᠠᠶ ᠮᠡᠳᠡᠭᠡ ᠵᠠᠩᠬᠢ ᠨᠢ ᠣᠭᠲᠤᠬᠠᠨ ᠴᠤ ᠪᠤᠳᠤᠯᠢᠶᠠᠨ ᠦᠭᠡᠶ ᠠᠭᠠᠳ ᠮᠣᠩᠭᠤᠯ ᠤᠨ ᠪᠥᠭᠡ ᠶᠢᠨ ᠶᠣᠰᠤᠨ ᠤ ᠮᠡᠳᠡᠭᠡ ᠪᠡᠷ ᠳᠠᠪᠬᠤᠷ ᠨᠣᠲᠠᠯᠠᠭᠳᠠᠳᠠᠭ᠃ ᠪᠢ ᠡᠨᠡ ᠲᠠᠯ᠎ᠠ ᠪᠠᠷ ᠨᠣᠮ ᠪᠢᠴᠢᠬᠦ ᠪᠡᠷ ᠵᠠᠪᠳᠤᠵᠤ ᠪᠤᠶ᠁ ᠨᠣᠮ ᠣᠷᠤᠭᠤᠯᠪᠠᠯ ᠰᠠᠶᠢ ᠪᠣᠯᠬᠤ ᠲᠡᠶᠢᠮᠦ ᠵᠦᠶᠯ ᠢ ᠭᠠᠭᠴᠠ ᠵᠠᠬᠢᠳᠠᠯ ᠳᠠᠭᠠᠨ ᠪᠠᠭᠲᠠᠭᠠᠬᠤ ᠠᠷᠭ᠎ᠠ ᠦᠭᠡᠶ ᠲᠤᠯᠠ ᠪᠢ ᠡᠶᠢᠨᠬᠦ ᠲᠣᠪᠴᠢᠬᠠᠨ ᠮᠡᠳᠡᠭᠡᠯᠡᠯ ᠢᠶᠡᠷ ᠬᠢᠵᠠᠭᠠᠷᠯᠠᠶ᠎ᠠ᠃

ᠢᠩᠭᠢᠵᠦ ᠪᠥᠭᠡ ᠶᠢᠨ ᠲᠠᠯ᠎ᠠ ᠪᠠᠷ ᠨᠣᠮ ᠪᠢᠴᠢᠪᠡᠯ ᠲᠡᠦᠬᠡᠴᠢᠳ ᠲᠦ ᠶᠠᠮᠠᠷ ᠶᠡᠬᠡ ᠬᠡᠷᠡᠭᠲᠡᠶ ᠪᠣᠯᠬᠤ ᠶᠢ ᠲᠠᠨᠠᠶ ᠨᠣᠮ ᠢᠶᠠᠷ ᠵᠢᠱᠢᠶᠡᠯᠡᠨ ᠪᠣᠳᠤᠯ᠎ᠠ᠃ ᠡᠳᠦᠭᠡ ᠪᠢ ᠳᠥᠴᠢᠨ ᠵᠢᠯ ᠪᠥᠭᠡ ᠶᠢᠨ ᠵᠠᠩ ᠦᠶᠯᠡ᠂ ᠳᠣᠮᠤᠭ ᠶᠠᠷᠢᠶ᠎ᠠ᠂ ᠰᠢᠪᠰᠢᠯᠭᠡ ᠵᠡᠷᠭᠡ ᠶᠢ ᠰᠤᠳᠤᠯᠤᠭᠰᠠᠨ ᠤ ᠳᠠᠷᠠᠭ᠎ᠠ᠂ ᠳᠡᠭᠡᠷ᠎ᠡ ᠦᠶ᠎ᠡ ᠳᠦ ᠨᠠᠳᠤᠷ ᠪᠣᠯᠤᠨ ᠮᠢᠨᠤ ᠧᠦᠷᠣᠫᠠ ᠶᠢᠨ ᠲᠠᠨᠢᠯ ᠤᠳ᠂ ᠮᠣᠩᠭᠤᠯᠴᠢ ᠨᠠᠷ ᠲᠤ ᠣᠶᠢᠯᠠᠭᠠᠭᠳᠠᠬᠤ ᠦᠭᠡᠶ ᠣᠯᠠᠨ ᠵᠦᠶᠯ ᠣᠳᠤ ᠲᠤᠩ ᠠᠮᠠᠷᠬᠠᠨ ᠪᠣᠯᠤᠭᠰᠠᠨ ᠢ ᠬᠡᠯᠡᠬᠦ ᠬᠡᠷᠡᠭᠲᠡᠶ᠃ ᠡᠨᠡ ᠪᠢᠳᠡᠨ ᠦ ᠦᠶ᠎ᠡ ᠳᠦ ᠰᠲᠠᠯᠢᠨ᠂ ᠬᠷᠦ᠋ᠱᠧᠸ᠂ ᠮᠠᠤ᠂ ᠲᠡᠳᠡᠨ ᠦ ᠬᠠᠮᠲᠤᠷᠠᠨ ᠵᠢᠳᠬᠦᠭᠴᠢᠳ ᠮᠠᠷᠻᠰᠢᠰᠮ ᠢ 《ᠮᠥᠷᠳᠡᠵᠦ᠂ ᠤᠳᠤᠷᠢᠳᠤᠯᠭ᠎ᠠ ᠪᠠᠨ ᠪᠣᠯᠭᠠᠵᠤ ᠪᠠᠶᠢᠨ᠎ᠠ》 ᠬᠡᠮᠡᠨ ᠰᠠᠨᠠᠳᠠᠭ ᠠᠪᠠᠰᠤ᠂ ᠡᠷᠲᠡᠨ ᠦ ᠮᠣᠩᠭᠤᠯ᠂ ᠲᠦᠷᠦᠭ ᠨᠠᠷ ᠥᠪᠡᠷᠰᠡᠳ ᠦᠨ ᠠᠵᠢᠯ ᠶᠠᠪᠤᠳᠠᠯ ᠳᠠᠭᠠᠨ ᠪᠥᠭᠡ ᠶᠢᠨ ᠶᠣᠰᠤ ᠶᠢ ᠪᠠᠷᠢᠮᠲᠠᠯᠠᠵᠤ᠂ ᠲᠡᠭᠦᠨ ᠦ ᠵᠠᠷᠴᠢᠮ ᠢ ᠶᠠᠭᠰᠢᠲᠠᠯ᠎ᠠ ᠮᠥᠷᠳᠡᠯᠭᠡ ᠪᠣᠯᠭᠠᠳᠠᠭ ᠵᠢᠩᠬᠢᠨᠢ ᠪᠥᠭᠡ ᠮᠥᠷᠭᠦᠯᠴᠢᠳ ᠪᠠᠶᠢᠭᠰᠠᠨ ᠶᠤᠮ᠃ ᠭᠡᠲᠡᠯ᠎ᠡ ᠣᠳᠤ ᠶᠢᠨ ᠤᠳᠤᠷᠢᠳᠤᠭᠴᠢᠳ ᠣᠶᠤᠨ ᠤ ᠪᠠᠨ ᠬᠡᠮ ᠬᠡᠮᠵᠢᠶ᠎ᠡ ᠪᠡᠷ ᠯᠡ ᠮᠠᠷᠻᠰᠢᠰᠮ ᠢ ᠲᠠᠶᠢᠯᠪᠤᠷᠢᠯᠠᠵᠤ᠂ ᠲᠡᠭᠦᠨ ᠦ ᠵᠠᠷᠴᠢᠮ ᠢ ᠪᠠᠷᠢᠮᠲᠠᠯᠠᠳᠠᠭ ᠪᠠᠶᠢᠭᠰᠠᠨ ᠵᠢᠩᠬᠢᠨᠢ ᠮᠠᠷᠰᠻᠰᠢᠰᠲ ᠤᠳ ᠭᠡᠬᠦ ᠳᠦ ᠬᠡᠴᠡᠭᠦᠬᠡᠨ ᠶᠤᠮ᠁

ᠲᠦᠷᠦᠭ᠂ ᠮᠣᠩᠭᠤᠯ ᠬᠡᠯᠡ ᠲᠡᠶ ᠠᠷᠠᠳ ᠲᠦᠮᠡᠨ ᠦ ᠲᠡᠦᠬᠡᠨ ᠳᠦ ᠭᠠᠷᠤᠭᠰᠠᠨ ᠣᠯᠠᠨ ᠦᠶᠯᠡ ᠶᠠᠪᠤᠳᠠᠯ ᠢ ᠣᠶᠢᠯᠠᠭᠠᠬᠤ ᠶᠢᠨ ᠲᠤᠯᠠᠳᠠ ᠤᠯᠠᠷᠢᠭᠰᠠᠨ ᠪᠠᠯᠠᠷ ᠦᠶ᠎ᠡ ᠶᠢᠨ ᠦᠶᠯᠡ ᠶᠠᠪᠤᠳᠠᠯ ᠢ ᠠᠯᠢ ᠨᠢᠭᠡᠨ ᠲᠡᠶᠢᠰᠢ ᠨᠢ ᠡᠷᠭᠢᠭᠦᠯᠵᠦ ᠪᠠᠶᠢᠭᠰᠠᠨ ᠬᠦᠮᠦᠰ ᠪᠥᠭᠡ ᠶᠢᠨ ᠶᠣᠰᠤᠨ ᠤ ᠡᠭᠦᠳᠡᠨ ᠡᠴᠡ ᠶᠢᠷᠲᠢᠨᠴᠤ ᠶᠢ ᠦᠵᠡᠬᠦ ᠦᠵᠡᠯ ᠲᠡᠶ ᠪᠠᠶᠢᠭᠰᠠᠨ ᠢ ᠮᠡᠳᠡᠬᠦ ᠳᠦ ᠢᠯᠡᠭᠦᠳᠡᠬᠦ ᠦᠭᠡᠶ ᠪᠠᠶᠢᠬ᠎ᠠ ᠡ᠁

ᠥᠴᠦᠭᠡᠳᠦᠷ ᠲᠠᠨ ᠤ ᠨᠠᠳᠤᠷ ᠢᠯᠡᠭᠡᠵᠦ ᠬᠠᠶᠢᠷᠠᠯᠠᠭᠰᠠᠨ ᠬᠣᠶᠠᠷ ᠨᠣᠮ ᠢ ᠠᠪᠤᠯ᠎ᠠ᠃ ᠪᠢ ᠲᠠᠨ ᠳᠤ ᠬᠦᠷᠢᠶ᠎ᠡ ᠴᠠᠮ ᠤᠨ ᠪᠠᠭ ᠤᠨ ᠲᠤᠬᠠᠶ ᠭᠠᠷᠤᠭᠰᠠᠨ ᠨᠢᠭᠡ ᠨᠣᠮ ᠢᠶᠠᠨ ᠶᠠᠪᠤᠭᠤᠯᠤᠭᠰᠠᠨ᠃ ᠮᠠᠨᠠᠶ ᠰᠢᠤᠳᠠᠨ ᠤ ᠬᠢᠨ ᠤᠷᠢᠳᠤ ᠶᠢᠨ ᠰᠲᠠᠯᠢᠨᠴᠢ ᠵᠠᠩᠰᠢᠯ ᠢᠶᠠᠷ ᠢᠶᠠᠨ ᠰᠢᠤᠳᠠᠨ ᠢᠶᠠᠷ ᠶᠠᠪᠤᠭᠤᠯᠤᠭᠰᠠᠨ ᠨᠣᠮ ᠢ 《ᠠᠯᠠᠭ᠎ᠠ ᠪᠣᠯᠭᠠᠵᠤ》 ᠣᠷᠬᠢᠳᠠᠭ ᠤᠴᠢᠷ ᠠᠴᠠ ᠬᠦᠯᠢᠶᠡᠨ ᠠᠪᠤᠭᠰᠠᠨ ᠲᠤᠬᠠᠶ ᠪᠠᠨ ᠨᠠᠳᠤᠷ ᠮᠡᠳᠡᠭᠳᠡᠬᠦ ᠶᠢ ᠬᠦᠰᠡᠶ᠎ᠡ᠃ ᠬᠦᠯᠢᠶᠡᠵᠦ ᠠᠪᠤᠭᠠᠳᠤᠶ ᠪᠣᠯ ᠪᠢ ᠰᠢᠤᠳᠠᠨ ᠤ ᠬᠢᠨ ᠠᠴᠠ ᠨᠡᠬᠡᠬᠦ ᠪᠣᠯᠤᠨ᠎ᠠ᠃ ᠨᠢᠭᠡᠳᠦᠭᠡᠷ ᠰᠠᠷ᠎ᠠ ᠶᠢᠨ 30 ᠳᠤ ᠰᠢᠷ᠎ᠠ ᠪᠡᠴᠢᠨ ᠵᠢᠯ ᠦᠨ ᠴᠠᠭᠠᠨ ᠰᠠᠷ᠎ᠠ ᠶᠢᠨ ᠨᠢᠭᠡᠨ ᠡᠬᠢᠯᠡᠬᠦ ᠲᠤᠯᠠ ᠡᠭᠦᠨ ᠢ ᠲᠣᠬᠢᠶᠠᠯᠳᠤᠭᠤᠯᠤᠨ ᠲᠠᠨ ᠳᠤ ᠬᠠᠮᠤᠭ ᠤᠨ ᠰᠠᠶᠢᠨ ᠰᠠᠶᠢᠬᠠᠨ ᠢ ᠬᠦᠰᠡᠵᠦ ᠤᠷᠠᠨ ᠪᠦᠲᠦᠭᠡᠯ ᠦᠨ ᠣᠩᠭᠤᠳ ᠢᠶᠠᠨ ᠰᠡᠷᠭᠦᠬᠡᠭᠦ ᠶᠢ ᠬᠦᠰᠡᠨ ᠢᠷᠦᠭᠡᠶ᠎ᠡ᠃ ᠲᠠᠨ ᠢ ᠦᠨᠡᠨ ᠬᠦ ᠬᠦᠨᠳᠦᠯᠡᠭᠰᠡᠨ ᠷᠢᠨᠴᠢᠨ》



ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com