Монгол бичгээ хэрэглэцгээе! Chrome, Internet Explorer, Safari хөтчөөр үзнэ үү!

Монголоо гэх зүрх сэтгэлтэй жинхэнэ монголчууддаа уриалах нь:

2015-09-23

ᠮᠣᠩᠭᠤᠯ ᠢᠶᠠᠨ ᠭᠡᠬᠦ ᠵᠢᠷᠦᠭᠡ ᠰᠡᠳᠬᠢᠯ ᠲᠡᠶ ᠵᠢᠩᠬᠢᠨᠢ ᠮᠣᠩᠭᠤᠯᠴᠤᠳ ᠲᠤ ᠪᠠᠨ ᠤᠷᠢᠶᠠᠯᠠᠬᠤ ᠨᠢ᠄



2015 ᠣᠨ ᠤ 9 ᠳᠦᠭᠡᠷ ᠰᠠᠷ᠎ᠠ ᠶᠢᠨ 9



ᠮᠣᠩᠭᠤᠯᠴᠤᠳ ᠡ᠄ ᠥᠪᠦᠷ ᠮᠣᠩᠭᠤᠯ ᠢᠶᠠᠨ ᠴᠢᠯᠦᠭᠡᠯᠡᠬᠦ ᠴᠠᠭ ᠣᠶᠢᠷᠠᠳᠴᠤ ᠪᠠᠶᠢᠨ᠎ᠠ᠂ ᠵᠠᠭᠤᠨ ᠵᠢᠯ ᠳᠦ ᠭᠠᠭᠴᠠᠬᠠᠨ ᠤᠳᠠᠭ᠎ᠠ ᠣᠯᠳᠠᠬᠤ ᠪᠣᠯᠤᠮᠵᠢ ᠪᠢᠳᠡᠨ ᠦ ᠡᠮᠦᠨ᠎ᠡ ᠨᠡᠭᠡᠭᠡᠭᠳᠡᠬᠦ ᠴᠠᠭ ᠢᠷᠡᠬᠦ ᠭᠡᠵᠦ ᠪᠤᠶ᠂ ᠡᠨᠡ ᠵᠠᠪᠰᠢᠶᠠᠨ ᠲᠡᠷᠡᠲᠡᠭᠡ 1911 ᠣᠨ ᠳᠤ ᠮᠠᠨᠵᠤ ᠴᠢᠩ ᠭᠦᠷᠦᠨ ᠵᠠᠳᠠᠷᠠᠬᠤ ᠳᠤ ᠪᠢᠳᠡᠨ ᠳᠦ ᠣᠯᠳᠠᠭᠰᠠᠨ ᠴᠤ᠃ ᠴᠠᠭ ᠦᠶ᠎ᠡ ᠶᠢᠨ ᠨᠥᠬᠦᠴᠡᠯ ᠪᠠᠶᠢᠳᠠᠯ᠂ ᠣᠯᠠᠨ ᠦᠵᠡᠯ ᠰᠠᠨᠠᠭ᠎ᠠ᠂ ᠪᠤᠰᠤᠳ ᠣᠷᠤᠨ ᠤ ᠬᠦᠴᠦᠲᠡᠶ ᠨᠥᠯᠦᠭᠡ᠃ ᠳᠣᠲᠤᠭᠠᠳᠤ ᠶᠢᠨ ᠵᠥᠷᠢᠴᠡᠯ ᠭᠡᠬᠦ ᠮᠡᠲᠦ ᠡᠴᠡ ᠰᠢᠯᠳᠠᠭᠠᠯᠠᠨ ᠠᠷᠤ ᠮᠣᠩᠭᠤᠯ ᠲᠠᠶ ᠪᠠᠨ ᠪᠠᠭᠳᠠᠵᠤ ᠲᠤᠰᠠᠭᠠᠷ ᠲᠣᠭᠲᠠᠨᠨᠢᠯ ᠢᠶᠠᠨ ᠣᠯᠵᠤ ᠴᠢᠳᠠᠭ᠎ᠠ ᠦᠭᠡᠶ ᠪᠢᠯᠡ᠃ ᠥᠪᠦᠷ ᠮᠣᠩᠭᠤᠯᠴᠤᠳ ᠪᠢᠳᠡ ᠮᠠᠨᠵᠤ ᠴᠢᠩ ᠭᠦᠷᠦᠨ ᠳᠦ ᠡᠵᠡᠯᠡᠭᠳᠡᠭᠰᠡᠨ ᠡᠴᠡ ᠬᠣᠶᠢᠰᠢ ᠥᠨᠦ ᠬᠦᠷᠲᠡᠯ᠎ᠡ ᠲᠤᠰᠠᠭᠠᠷ ᠲᠣᠭᠲᠠᠨᠢᠯ ᠢᠶᠠᠨ ᠣᠯᠵᠤ ᠴᠢᠳᠠᠭ᠎ᠠ ᠦᠭᠡᠶ 381 ᠵᠢᠯ ᠢ ᠠᠷᠤ ᠳᠠᠭᠠᠨ ᠣᠷᠬᠢᠭᠰᠠᠨ ᠪᠠᠶᠢᠨ᠎ᠠ᠃ ᠡᠨᠡ ᠡᠮᠭᠡᠨᠢᠯᠲᠦ ᠴᠠᠭ ᠦᠶ᠎ᠡ ᠳᠦ ᠲᠡᠭᠦᠰᠬᠡᠯ ᠦᠨ ᠴᠡᠭ ᠲᠠᠯᠪᠢᠬᠤ ᠰᠡᠭᠦᠯᠴᠢ ᠶᠢᠨ ᠪᠣᠯᠤᠮᠵᠢ ᠡᠨᠡ ᠪᠠᠶᠢᠵᠤ ᠮᠡᠳᠡᠨ᠎ᠡ᠂ ᠥᠪᠦᠷ ᠮᠣᠩᠭᠤᠯ ᠤᠨ ᠢᠶᠠᠨ ᠭᠠᠵᠠᠷ ᠰᠢᠷᠤᠶᠢᠨ ᠳᠡᠭᠡᠷ᠎ᠡ ᠪᠡᠨ ᠬᠢᠲᠠᠳ ᠤᠳ ᠤᠨ ᠡᠷᠬᠡ ᠪᠡᠷ᠂ ᠬᠢᠲᠠᠳ ᠬᠦᠮᠦᠨ ᠦ ᠶᠣᠰᠤᠭᠠᠷ ᠠᠮᠢᠳᠤᠷᠠᠭᠰᠠᠭᠠᠷ ᠪᠠᠶᠢᠬᠤ ᠤᠤ⁈ ᠥᠪᠦᠷ ᠮᠣᠩᠭᠤᠯᠴᠤᠳ ᠪᠢᠳᠡ ᠥᠪᠡᠷᠰᠡᠳ ᠦᠨ ᠡᠷᠬᠡ ᠪᠡᠷ ᠮᠣᠩᠭᠤᠯ ᠶᠣᠰᠤᠭᠠᠷ ᠠᠮᠢᠳᠤᠷᠠᠬᠤ ᠨᠢ ᠰᠠᠶᠢᠬᠠᠨ ᠤᠤ⁈ ᠡᠨᠡ ᠠᠰᠠᠭᠤᠯᠲᠠ ᠳᠤ ᠲᠠ ᠪᠦᠬᠦᠨ ᠶᠠᠭᠠᠬᠢᠵᠤ ᠬᠠᠷᠢᠭᠤᠯᠠᠬᠤ ᠪᠠᠨ ᠲᠤᠰ ᠪᠦᠷᠢ ᠳᠡᠭᠡᠨ ᠲᠤᠩᠭᠠᠨ ᠪᠣᠳᠤᠭᠠᠳ ᠨᠢᠭᠡ ᠦᠵᠡᠭᠡᠷᠡᠶ᠂ ᠲᠠ ᠪᠦᠬᠦᠨ ᠬᠢᠲᠠᠳ ᠤᠨ ᠻᠣᠯᠣᠨᠢᠴᠢᠯᠠᠯ ᠠᠴᠠ ᠰᠠᠯᠬᠤ ᠳᠤᠷ᠎ᠠ ᠦᠭᠡᠶ᠂ ᠲᠡᠷᠡ ᠴᠠᠭ᠂ ᠵᠠᠪᠰᠢᠶᠠᠨ ᠢᠷᠡᠬᠦ ᠳᠦ ᠶᠠᠮᠠᠷ ᠴᠤ ᠪᠡᠯᠡᠳᠬᠡᠯ ᠦᠭᠡᠶ᠂ ᠵᠦᠭᠡᠷ ᠯᠡ ᠨᠣᠮᠤᠬᠠᠨ ᠮᠣᠷᠢ ᠮᠡᠲᠦ ᠬᠡᠨ ᠨᠢᠭᠡᠨ ᠪᠢᠳᠡᠨ ᠢ ᠲᠤᠰᠠᠭᠠᠷ ᠤᠯᠤᠰ ᠪᠤᠶᠤ ᠮᠣᠩᠭᠤᠯ ᠤᠯᠤᠰ ᠲᠠᠶ ᠨᠡᠶᠢᠯᠡᠭᠦᠯᠬᠦ ᠪᠣᠯᠤᠨ᠎ᠠ ᠭᠡᠵᠦ ᠬᠡᠶ ᠬᠣᠭᠤᠰᠤᠨ ᠮᠥᠷᠦᠭᠡᠳᠴᠦ ᠰᠠᠭᠤᠪᠠᠯ ᠡᠨᠡ ᠴᠠᠭ ᠠᠴᠠ ᠬᠣᠶᠢᠰᠢ ᠵᠠᠭᠤᠨ ᠵᠢᠯ ᠦᠨ ᠳᠠᠷᠠᠭ᠎ᠠ ᠥᠰᠴᠦ ᠲᠥᠷᠦᠭᠰᠡᠨ ᠥᠪᠦᠷ ᠮᠣᠩᠭᠤᠯ ᠨᠤᠲᠤᠭ ᠤᠨ ᠢᠶᠠᠨ ᠬᠥᠷᠦᠰᠦᠨ ᠳᠡᠭᠡᠷ᠎ᠡ ᠮᠣᠩᠭᠤᠯ ᠬᠦᠮᠦᠨ ᠦ ᠰᠡᠭᠦᠳᠡᠷ ᠪᠢᠲᠡᠭᠡᠶ ᠬᠡᠯᠡ᠂ ᠰᠦᠨᠡᠰᠦ ᠶᠢ ᠴᠦ ᠣᠯᠵᠤ ᠬᠠᠷᠠᠬᠤ ᠦᠭᠡᠶ ᠪᠠᠶᠢᠵᠤ ᠪᠣᠯᠤᠨ᠎ᠠ᠃ ᠬᠡᠷᠪᠡ ᠪᠢᠳᠡ ᠦᠷ᠎ᠡ ᠬᠡᠦᠬᠡᠳ ᠢᠶᠡᠨ ᠲᠠᠯ᠎ᠠ ᠨᠤᠲᠤᠭ ᠢᠶᠠᠨ ᠳᠦᠭᠦᠷᠡᠩ ᠳᠠᠪᠬᠢᠭᠤᠯᠬᠤ᠂ ᠠᠵᠠ ᠵᠢᠷᠭᠠᠯ ᠲᠠᠶ ᠢᠨᠢᠶᠡᠮᠰᠦᠭᠯᠡᠨ᠂ ᠥᠪᠡᠷ ᠦᠨ ᠡᠷᠬᠡ ᠪᠡᠷ ᠵᠤᠭᠠᠴᠠᠵᠤ ᠰᠠᠭᠤᠬᠤ ᠶᠢ ᠬᠦᠰᠡᠪᠡᠯ ᠣᠳᠤ ᠠᠴᠠ ᠡᠬᠢᠯᠡᠵᠦ ᠪᠡᠯᠡᠳᠬᠡᠬᠦ ᠬᠡᠷᠡᠭᠲᠡᠶ᠂ ᠪᠢᠳᠡᠨ ᠦ ᠶᠠᠭᠤᠨ ᠤ ᠤᠷᠢᠳᠠ ᠬᠢᠬᠦ ᠴᠢᠬᠤᠯᠠᠲᠠᠶ ᠵᠦᠶᠯ ᠪᠣᠯ ᠰᠡᠳᠬᠢᠯ ᠵᠦᠶ ᠶᠢᠨ ᠪᠡᠯᠡᠳᠬᠡᠯ ᠪᠣᠯᠤᠨ᠎ᠠ᠃

ᠲᠠ ᠪᠦᠬᠦᠨ ᠲᠤᠰᠠᠭᠠᠷ ᠤᠯᠤᠰ ᠪᠣᠯᠬᠤ ᠶᠢᠨ ᠲᠥᠯᠦᠭᠡ ᠪᠢᠳᠡᠨ ᠲᠡᠶ ᠰᠡᠳᠬᠢᠯ ᠨᠢᠭᠡᠳᠴᠦ ᠴᠢᠳᠠᠬᠤ ᠤᠤ
2015 ᠣᠨ ᠤ 9 ᠰᠠᠷᠠᠶᠢᠨ 9 ᠦ ᠡᠳᠦᠷ ᠪᠦᠭᠦᠳᠡ ᠨᠠᠶᠢᠷᠠᠮᠳᠠᠬᠤ ᠥᠪᠦᠷ ᠮᠣᠩᠭᠤᠯ ᠠᠷᠠᠳ ᠤᠯᠤᠰ ᠤᠨ ᠲᠤᠩᠬᠠᠭ ᠭᠠᠷᠤᠭᠰᠠᠨ 70 ᠵᠢᠯ ᠦᠨ ᠣᠶ ᠶᠢᠨ ᠡᠳᠦᠷ ᠲᠦ

ᠥᠪᠦᠷ ᠮᠣᠩᠭᠤᠯ ᠢ ᠴᠢᠯᠦᠭᠡᠯᠡᠬᠦ ᠳᠠᠶᠢᠨ ᠤ ᠱᠤᠭᠤᠮ ᠠᠴᠠ
ᠢᠮᠧᠯ᠄ smongolialf@gmail.com



ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com

No comments:

Post a Comment