Монгол бичгээ хэрэглэцгээе! Chrome, Internet Explorer, Safari хөтчөөр үзнэ үү!

ГЭРЭГ СЭТГҮҮЛ: Монголд дурлагч

2015-10-02

ᠭᠡᠷᠡᠭᠡ ᠰᠡᠳᠬᠦᠯ᠄ ᠮᠣᠩᠭᠤᠯ ᠳᠤ ᠳᠤᠷᠠᠯᠠᠭᠴᠢ



www.ikon.mn | 2015 ᠣᠨ ᠤ 9 ᠳᠦᠭᠡᠷ ᠰᠠᠷ᠎ᠠ ᠶᠢᠨ 25




ᠬᠠᠷᠬᠢᠷᠠᠭ᠎ᠠ ᠬᠥᠭᠡᠮᠡᠶ᠂ 《ᠵᠢᠷᠠᠨ ᠴᠠᠭᠠᠨ ᠠᠳᠤᠭᠤ》 ᠠᠷᠠᠳ ᠤᠨ ᠳᠠᠭᠤᠨ ᠠᠴᠠ ᠡᠬᠢᠯᠡᠭᠡᠳ ᠷᠣᠻᠢᠲ ᠪᠧᠶ ᠶᠢᠨ 《ᠨᠢᠭᠡ ᠡᠳᠦᠷ ᠦᠨ ᠬᠠᠭᠠᠨ》᠂ 《ᠧᠶ ᠰᠠᠦᠨ᠋ᠳ》 ᠬᠠᠮᠲᠤᠯᠢᠭ ᠤᠨ 《ᠴᠢᠩ ᠵᠢᠷᠦᠭᠡᠨ ᠦ ᠬᠠᠶᠢᠷ᠎ᠠ》 ᠳᠠᠭᠤᠤ ᠶᠢ ᠴᠢᠳᠠᠪᠤᠷᠢᠯᠢᠭ ᠳᠠᠭᠤᠯᠠᠬᠤ ᠥᠩᠭᠡᠲᠦ ᠠᠷᠠᠰᠤ ᠲᠠᠶ᠂ ᠵᠤᠵᠠᠭᠠᠨ ᠤᠷᠤᠭᠤᠯ ᠲᠠᠶ ᠵᠠᠯᠠᠭᠤ ᠶᠢᠨ ᠪᠢᠴᠢᠯᠭᠡ ᠶᠢ 《ᠶᠦᠲ᠋ᠦᠪ》 ᠬᠠᠭᠤᠳᠠᠰᠤᠨ ᠠᠴᠠ ᠦᠵᠡᠭᠡᠳ ᠲᠡᠭᠦᠨ ᠢᠶᠡᠷ ᠪᠠᠬᠠᠷᠬᠠᠬᠤ᠂ ᠥᠪᠡᠷ ᠡᠴᠡᠭᠡᠨ ᠢᠴᠢᠬᠦ ᠮᠡᠳᠡᠷᠡᠮᠵᠢ ᠲᠥᠷᠦᠭᠰᠡᠨ ᠢ ᠨᠢᠭᠤᠬᠤ ᠶᠠᠭᠤᠨ᠃ ᠲᠷᠢᠯ ᠨᠣᠧᠯ ᠬᠡᠮᠡᠬᠦ ᠡᠨᠡ ᠵᠠᠯᠠᠭᠤ ᠮᠠᠨᠠᠶ ᠨᠤᠲᠤᠭ ᠲᠤ ᠬᠥᠯ ᠲᠠᠯᠪᠢᠵᠤ ᠦᠵᠡᠭᠡᠳᠦᠶ ᠠᠲᠠᠯ᠎᠎ᠠ ᠪᠠᠨ ᠮᠣᠩᠭᠤᠯ ᠤᠨ ᠲᠡᠦᠬᠡ᠂ ᠰᠣᠶᠤᠯ ᠤᠯᠠᠮᠵᠢᠯᠠᠯ ᠳᠤ ᠤᠬᠠᠭᠠᠨ ᠦᠭᠡᠶ ᠳᠤᠷᠠᠯᠠᠵᠤ᠂ ᠮᠣᠩᠭᠤᠯ ᠬᠡᠯᠡ ᠶᠢ ᠥᠪᠡᠷ ᠢᠶᠡᠨ ᠰᠤᠷᠴᠤ ᠪᠤᠶ᠃ ᠢᠩᠭᠢᠭᠡᠳ ᠲᠡᠭᠦᠨ ᠲᠡᠶ ᠥᠷᠨᠢᠭᠦᠯᠦᠭᠰᠡᠨ ᠰᠣᠨᠢᠷᠬᠠᠯᠲᠠᠶ ᠶᠠᠷᠢᠶ᠎᠎ᠠ ᠶᠢ ᠬᠦᠷᠭᠡᠶ᠎ᠡ᠃


᠆ ᠲᠠ ᠮᠣᠩᠭᠤᠯ ᠣᠷᠤᠨ ᠤ ᠲᠡᠦᠬᠡ᠂ ᠰᠣᠶᠤᠯ ᠢ ᠰᠣᠨᠢᠷᠬᠠᠬᠤ ᠪᠣᠯᠤᠭᠰᠠᠨ ᠰᠢᠯᠲᠠᠭᠠᠨ ᠶᠠᠭᠤ ᠪᠤᠶ⁈

᠆ ᠪᠢ ᠬᠡᠦᠬᠡᠳ ᠪᠠᠶᠢᠬᠤ ᠠᠴᠠᠭᠠᠨ ᠯᠠ ᠲᠡᠦᠬᠡᠨ ᠪᠠᠭᠠᠲᠤᠷ ᠤᠳ ᠢ ᠶᠡᠬᠡ ᠰᠣᠨᠢᠷᠬᠠᠳᠠᠭ ᠪᠠᠶᠢᠭᠰᠠᠨ᠃ ᠦᠨᠳᠦᠰᠦᠲᠡᠨ ᠪᠦᠷᠢ ᠶᠢᠨ ᠪᠠᠭᠠᠲᠤᠷ ᠤᠳ ᠤᠨ ᠲᠤᠬᠠᠶ ᠤᠩᠰᠢᠵᠤ᠂ ᠰᠤᠳᠤᠯᠤᠨ᠎ᠠ ᠭᠡᠳᠡᠭ ᠮᠢᠨᠤ ᠬᠣᠪᠪᠢ ᠪᠠᠶᠢᠭᠰᠠᠨ ᠭᠡᠬᠦ ᠦᠦ ᠳᠡ᠃ ᠠᠭᠤᠤ ᠠᠯᠧᠻᠰᠠᠨ᠋ᠳᠷ᠂ ᠰᠫᠠᠷᠲ᠋ᠠᠻ᠂ ᠠᠾᠢᠯᠯᠧᠰ᠂ ᠲᠦᠨᠢᠰ ᠦᠨ ᠾᠠᠨᠨᠢᠪᠠᠯ᠂ ᠬᠢᠲᠠᠳ ᠤᠨ ᠳᠠᠶᠢᠴᠢᠨ ᠰᠠᠨ ᠽᠦ᠂ ᠰᠠᠮᠤᠷᠠᠶ ᠣᠳᠠ ᠨᠣᠪᠦ᠋ᠨᠦ᠋ᠭ᠎ᠠ᠂ ᠠᠲ᠋ᠢᠯᠯᠠ ᠭᠡᠳ ᠪᠦᠬᠦ ᠤᠳᠤᠷᠢᠳᠤᠭᠴᠢ᠂ ᠪᠠᠭᠠᠲᠤᠷ ᠤᠳ ᠤᠨ ᠲᠤᠬᠠᠶ ᠰᠤᠳᠤᠯᠤᠭᠰᠠᠨ᠃

ᠲᠡᠷᠡ ᠳᠤᠮᠳᠠ ᠠᠴᠠ ᠴᠢᠩᠭᠢᠰ ᠬᠠᠭᠠᠨ ᠬᠠᠮᠤᠭ ᠤᠨ ᠬᠦᠴᠦᠷᠬᠡᠭ ᠪᠥᠭᠡᠳ ᠰᠣᠨᠢᠷᠬᠠᠯᠲᠠᠶ ᠤᠳᠤᠷᠢᠳᠤᠭᠴᠢ ᠪᠠᠶᠢᠭᠰᠠᠨ ᠤᠴᠢᠷ ᠪᠢ ᠪᠠᠭ᠎ᠠ ᠠᠴᠠᠭᠠᠨ ᠯᠠ ᠲᠡᠭᠦᠨ ᠢ ᠰᠣᠨᠢᠷᠬᠠᠳᠠᠭ ᠪᠠᠶᠢᠪᠠ᠃

ᠮᠥᠨ ᠳᠤᠮᠳᠠᠳᠤ ᠰᠤᠷᠭᠠᠭᠤᠯᠢ ᠳᠤ ᠪᠠᠶᠢᠬᠤ ᠳᠠᠭᠠᠨ ᠪᠠᠶᠢᠭᠠᠯ ᠨᠠᠭᠤᠷ ᠤᠨ ᠣᠶᠢᠷᠠᠯᠴᠠᠭ᠎ᠠ ᠠᠮᠢᠳᠤᠷᠠᠵᠤ ᠪᠠᠶᠢᠭᠰᠠᠨ ᠾᠧᠲ᠂ ᠴᠠᠲᠠᠨ ᠪᠣᠯᠤᠨ ᠲᠤᠸᠠ ᠦᠨᠳᠦᠰᠦᠲᠡᠨ ᠨᠦᠭᠦᠳ ᠠᠮᠧᠷᠢᠻᠠ ᠶᠢᠨ ᠤᠤᠭᠠᠯ ᠢᠨ᠋ᠳᠢᠶᠠᠨᠴᠤᠳ ᠲᠠᠶ ᠬᠣᠯᠪᠤᠭᠠᠲᠠᠶ ᠪᠣᠯᠬᠤ ᠶᠢ ᠣᠯᠵᠤ ᠮᠡᠳᠡᠭᠰᠡᠨ ᠶᠤᠮ᠃

ᠡᠨᠡ ᠦᠶ᠎ᠡ ᠡᠴᠡ ᠬᠣᠶᠢᠰᠢ ᠮᠣᠩᠭᠤᠯ ᠤᠨ ᠰᠣᠶᠤᠯ ᠳᠤ ᠲᠠᠲᠠᠭᠳᠠᠵᠤ ᠡᠬᠢᠯᠡᠭᠰᠡᠨ᠃ ᠪᠢ ᠤᠤᠭᠠᠯ ᠢᠨ᠋ᠳᠢᠶᠠᠨ ᠭᠠᠷᠤᠯ ᠲᠠᠶ ᠤᠴᠢᠷ ᠠᠴᠠ ᠲᠤᠸᠠ ᠦᠨᠳᠦᠰᠦᠲᠡᠨ ᠶᠡᠬᠡ ᠮᠣᠩᠭᠤᠯ ᠤᠯᠤᠰ ᠤᠨ ᠨᠢᠭᠡ ᠬᠡᠰᠡᠭ ᠪᠠᠶᠢᠭᠰᠠᠨ ᠲᠤᠬᠠᠶ ᠰᠣᠨᠤᠰᠤᠭᠠᠳ ᠮᠠᠰᠢ ᠶᠡᠬᠡ ᠰᠡᠳᠬᠢᠯ ᠬᠥᠳᠡᠯᠦᠭᠰᠡᠨ᠃ ᠬᠣᠵᠢᠮ 《ᠨᠢᠭᠤᠴᠠ ᠲᠣᠪᠴᠢᠶᠠᠨ》 ᠤ ᠤᠷᠴᠢᠭᠤᠯᠭ᠎ᠠ ᠶᠢ ᠤᠩᠰᠢᠭᠠᠳ ᠴᠢᠩᠭᠢᠰ ᠬᠠᠭᠠᠨ᠂ ᠰᠦᠪᠡᠭᠡᠳᠡᠶ ᠨᠠᠷ ᠢ ᠶᠠᠮᠠᠷ ᠭᠠᠶᠢᠬᠠᠯᠲᠠᠶ᠂ ᠤᠬᠠᠭᠠᠯᠢᠭ ᠪᠠᠭᠠᠲᠤᠷ ᠤᠳ ᠪᠠᠶᠢᠭᠰᠠᠨ ᠢ ᠣᠯᠵᠤ ᠮᠡᠳᠡᠭᠰᠡᠨ ᠯᠡ ᠳᠡ᠃

᠆ ᠲᠠᠨ ᠤ ᠭᠡᠷ ᠪᠦᠯᠢ ᠴᠦ ᠮᠥᠨ ᠠᠳᠠᠯᠢ ᠮᠣᠩᠭᠤᠯ ᠤᠯᠤᠰ ᠤᠨ ᠲᠡᠦᠬᠡ᠂ ᠰᠣᠶᠤᠯ ᠢ ᠰᠣᠨᠢᠷᠬᠠᠳᠠᠭ ᠤᠤ⁈

᠆ ᠦᠭᠡᠶ᠃ ᠪᠢ ᠭᠡᠷ ᠦᠨ ᠬᠢᠨ ᠡᠴᠡᠭᠡᠨ ᠬᠣᠯᠠ ᠠᠮᠢᠳᠤᠷᠠᠳᠠᠭ ᠤᠴᠢᠷ ᠠᠴᠠ ᠲᠡᠷᠡ ᠪᠦᠷᠢ ᠠᠭᠤᠯᠵᠠᠭᠠᠳ ᠪᠠᠶᠢᠳᠠᠭ ᠦᠭᠡᠶ᠃ ᠥᠩᠭᠡᠷᠡᠭᠰᠡᠨ ᠰᠠᠷ᠎ᠠ ᠳᠤ 《ᠮᠣᠩᠭᠤᠯ ᠧᠶᠢᠴ ᠳ᠋ᠢ》 ᠲᠧᠯᠧᠸᠢᠽ ᠲᠦ ᠥᠭᠭᠦᠭᠰᠡᠨ ᠶᠠᠷᠢᠯᠴᠠᠯᠭ᠎ᠠ ᠶᠢ ᠮᠠᠨᠢ ᠦᠵᠡᠭᠡᠳ ᠲᠡᠳᠡ ᠶᠡᠬᠡ ᠭᠠᠶᠢᠬᠠᠭᠰᠠᠨ ᠰᠢᠦ᠃ ᠮᠠᠨᠠᠶ ᠠᠮᠧᠷᠢᠻᠠ ᠨᠠᠶᠢᠵᠠ ᠨᠤᠭᠤᠳ ᠵᠠᠷᠢᠮ ᠳᠠᠭᠠᠨ ᠮᠣᠩᠭᠤᠯ ᠬᠥᠭᠵᠢᠮ ᠰᠣᠨᠤᠰᠳᠠᠭ᠃ ᠪᠢ ᠲᠡᠳᠡᠨ ᠳᠦ ᠪᠠᠭ᠎ᠠ ᠵᠡᠷᠭᠡ ᠵᠥᠪᠯᠡᠭᠡ ᠥᠭᠭᠦᠭᠰᠡᠨ ᠦ ᠳᠠᠷᠠᠭ᠎ᠠ ᠲᠡᠳᠡ ᠬᠥᠭᠡᠮᠡᠶᠢᠯᠡᠬᠦ ᠶᠢ ᠣᠷᠤᠯᠳᠤᠳᠠᠭ᠃ ᠭᠡᠪᠡᠴᠦ ᠶᠠᠭ ᠯᠠ ᠵᠦᠯᠭᠡ ᠲᠡᠭᠰᠢᠯᠡᠭᠴᠢ ᠮᠠᠰᠢᠨ ᠰᠢᠭ ᠳᠤᠤᠭᠠᠷᠤᠭᠠᠳ ᠪᠠᠶᠢᠳᠠᠭ ᠶᠤᠮ ᠡ᠂ ᠬᠠ ᠬᠠ᠃

᠆ ᠮᠣᠩᠭᠤᠯ ᠬᠡᠯᠡ ᠶᠢ ᠬᠡᠳᠦᠨ ᠵᠢᠯ ᠰᠤᠷᠴᠤ ᠪᠠᠶᠢᠨ᠎ᠠ ᠪᠤᠶ⁈

᠆ ᠬᠣᠶᠠᠷ ᠵᠢᠯ ᠦᠨ ᠡᠮᠦᠨ᠎ᠡ 《ᠠᠯᠲᠠᠷᠭᠠᠨ᠎ᠠ》 ᠳᠠᠭᠤᠤ ᠶᠢ ᠳᠠᠭᠤᠯᠠᠭᠰᠠᠨ ᠪᠢᠴᠢᠯᠭᠡ ᠪᠡᠨ ᠴᠠᠬᠢᠮ ᠬᠠᠭᠤᠳᠠᠰᠤᠨ ᠳᠤ ᠲᠠᠯᠪᠢᠭᠰᠠᠨ ᠤ ᠳᠠᠷᠠᠭ᠎ᠠ ᠮᠣᠩᠭᠤᠯ᠂ ᠪᠤᠷᠢᠶᠠᠳ ᠬᠡᠯᠡ ᠪᠡᠷ ᠮᠠᠰᠢ ᠣᠯᠠᠨ ᠻᠣᠮᠮᠧᠨᠲ ᠢᠷᠡᠵᠦ ᠪᠠᠶᠢᠭᠰᠠᠨ᠃ ᠲᠤᠬᠠᠶ ᠶᠢᠨ ᠦᠶ᠎ᠡ ᠳᠦ ᠪᠢ ᠲᠡᠷᠡ ᠳᠠᠭᠤᠨ ᠠᠴᠠ ᠨᠢᠭᠡ ᠴᠦ ᠦᠭᠡ ᠣᠶᠢᠯᠠᠭᠠᠳᠠᠭ ᠦᠭᠡᠶ ᠪᠠᠶᠢᠪᠠ᠃

ᠮᠠᠰᠢ ᠣᠯᠠᠨ ᠬᠦᠮᠦᠰ ᠨᠠᠳᠠ ᠠᠴᠠ ᠠᠰᠠᠭᠤᠯᠲᠠ ᠠᠰᠠᠭᠤᠵᠤ᠂ ᠶᠠᠷᠢᠯᠴᠠᠬᠤ ᠶᠢ ᠬᠦᠰᠡᠵᠦ ᠪᠠᠶᠢᠭᠰᠠᠨ᠃ ᠪᠢ ᠬᠡᠯᠡ ᠶᠢ ᠨᠢ ᠮᠡᠳᠡᠬᠦ ᠦᠭᠡᠶ᠂ ᠲᠡᠭᠡᠭᠰᠡᠨ ᠬᠢᠷᠢ ᠨᠢ ᠪᠡᠨ ᠲᠡᠳᠡᠨ ᠳᠦ ᠪᠦᠳᠦᠭᠦᠯᠢᠭ ᠬᠠᠨᠳᠤᠬᠤ ᠶᠢ ᠬᠦᠰᠡᠭᠡᠳᠦᠶ ᠲᠤᠯᠠ ᠠᠩᠭᠯᠢ᠆ᠮᠣᠩᠭᠤᠯ ᠥᠭᠦᠯᠡᠪᠦᠷᠢ ᠨᠦᠭᠦᠳ ᠲᠡᠶ ᠵᠢᠭᠰᠠᠭᠠᠯᠲᠠ ᠶᠢ ᠢᠨ᠋ᠲᠧᠷᠨᠧᠲ ᠡᠴᠡ ᠣᠯᠵᠤ᠂ ᠡᠬᠢᠨ ᠦ ᠡᠭᠡᠯᠵᠢᠨ ᠳᠦ ᠥᠪᠡᠷ ᠢ ᠪᠡᠨ ᠲᠠᠨᠢᠯᠴᠠᠭᠤᠯᠬᠤ ᠪᠣᠯᠤᠨ ᠣᠶᠢᠷ᠎ᠠ ᠵᠠᠭᠤᠷ᠎ᠠ ᠶᠢᠨ ᠵᠦᠶᠯᠡᠰ ᠶᠠᠷᠢᠵᠤ ᠰᠤᠷᠤᠭᠰᠠᠨ᠃

ᠲᠡᠷᠡ ᠦᠶ᠎ᠡ ᠡᠴᠡ ᠬᠣᠶᠢᠰᠢ ᠣᠯᠠᠨ ᠮᠣᠩᠭᠤᠯᠴᠤᠳ ᠲᠠᠶ ᠬᠠᠷᠢᠯᠴᠠᠵᠤ᠂ ᠬᠡᠯᠡ ᠪᠡᠨ ᠰᠠᠶᠢᠵᠢᠷᠠᠭᠤᠯᠵᠤ ᠪᠠᠶᠢᠭ᠎ᠠ᠃ ᠣᠳᠤ ᠪᠠᠷᠤᠭ ᠯᠠ ᠴᠢᠯᠦᠭᠡᠲᠡᠶ ᠶᠠᠷᠢᠵᠤ ᠴᠢᠳᠠᠬᠤ ᠬᠡᠮᠵᠢᠶᠡᠨ ᠳᠦ ᠢᠷᠡᠭᠡᠳ ᠪᠠᠶᠢᠭ᠎ᠠ ᠰᠢᠦ᠃

᠆ ᠮᠣᠩᠭᠤᠯ ᠳᠤ ᠢᠷᠡᠵᠦ ᠪᠠᠶᠢᠭᠰᠠᠨ ᠤᠤ⁈ ᠢᠷᠡᠬᠦ ᠲᠥᠯᠦᠪᠯᠡᠭᠡ ᠪᠤᠶ ᠤᠤ⁈

᠆ ᠪᠢ ᠮᠣᠩᠭᠤᠯ ᠳᠤ ᠣᠭᠲᠤ ᠣᠴᠢᠵᠤ ᠦᠵᠡᠭᠡᠳᠦᠶ᠃ ᠮᠡᠳᠡᠭᠡᠵᠢ ᠣᠴᠢᠬᠤ ᠶᠢ ᠮᠠᠰᠢ ᠶᠡᠬᠡ ᠬᠦᠰᠡᠵᠦ ᠪᠠᠶᠢᠭ᠎ᠠ᠃ ᠭᠡᠪᠡᠴᠦ ᠮᠢᠨᠤ ᠬᠦᠰᠡᠯ ᠢ ᠬᠠᠵᠠᠭᠠᠷᠯᠠᠵᠤ ᠪᠤᠶ ᠭᠠᠭᠴᠠ ᠵᠦᠶᠯ ᠪᠣᠯ ᠬᠥᠷᠦᠩᠭᠡ ᠮᠥᠩᠭᠦᠨ ᠦ ᠠᠰᠠᠭᠤᠳᠠᠯ᠎᠃ ᠪᠢ ᠤᠳᠠᠬᠤ ᠦᠭᠡᠶ ᠶᠡᠬᠡ ᠰᠤᠷᠭᠠᠭᠤᠯᠢ ᠪᠠᠨ ᠲᠡᠭᠦᠰᠦᠭᠡᠳ ᠰᠠᠶᠢᠨ ᠠᠵᠢᠯ ᠳᠤ ᠣᠷᠤᠵᠤ᠂ ᠮᠣᠩᠭᠤᠯ ᠤᠷᠤᠭᠤ ᠠᠶᠠᠯᠠᠬᠤ ᠮᠥᠩᠭᠦ ᠴᠤᠭᠯᠠᠭᠤᠯᠬᠤ ᠵᠣᠷᠢᠯᠭ᠎ᠠ ᠲᠠᠶ ᠪᠠᠶᠢᠨ᠎ᠠ᠃

ᠬᠡᠷᠪᠡ ᠨᠠᠳᠤᠷ ᠪᠣᠯᠤᠮᠵᠢ ᠪᠠᠶᠢᠭᠰᠠᠨ ᠪᠣᠯ ᠠᠯᠢ ᠬᠡᠳᠦᠶᠢᠨ᠎ᠡ ᠮᠣᠩᠭᠤᠯ ᠳᠤ ᠣᠴᠢᠴᠢᠬᠠᠭᠰᠠᠨ᠂ ᠬᠡᠦᠬᠡᠳ ᠦᠳ ᠲᠦ ᠪᠠᠭᠰᠢᠯᠠᠵᠤ᠂ ᠡᠰᠡᠪᠡᠯ ᠻᠢᠨᠣ ᠫᠷᠣᠳᠢᠶᠦ᠋ᠰᠰᠧᠷ ᠦᠳ ᠲᠡᠶ ᠬᠠᠮᠲᠤᠷᠠᠨ ᠻᠢᠨᠣ ᠤᠷᠠᠯᠢᠭ ᠤᠨ ᠬᠥᠭᠵᠢᠯ ᠢ ᠨᠢᠭᠡ ᠱᠠᠲᠤ ᠠᠬᠢᠭᠤᠯᠬᠤ ᠳᠤ ᠲᠤᠰᠠᠯᠠᠬᠤ ᠠᠵᠢᠯ ᠬᠢᠵᠦ ᠪᠠᠶᠢᠬᠤ ᠪᠠᠶᠢᠭᠰᠠᠨ᠃ ᠡᠨᠡ ᠵᠣᠷᠢᠯᠭ᠎ᠠ ᠪᠠᠨ ᠪᠡᠶᠡᠯᠡᠭᠦᠯᠬᠦ ᠶᠢᠨ ᠲᠤᠯᠠᠳᠠ ᠪᠢ ᠰᠤᠷᠭᠠᠭᠤᠯᠢᠯᠲᠠ ᠪᠠᠨ ᠬᠢᠴᠢᠶᠡᠩᠭᠦᠶᠢᠯᠡᠨ ᠰᠤᠷᠤᠯᠴᠠᠵᠤ ᠪᠠᠶᠢᠨ᠎ᠠ᠃ ᠮᠣᠩᠭᠤᠯ ᠳᠤ ᠣᠴᠢᠵᠤ ᠲᠠᠨᠠᠶ ᠤᠯᠤᠰ ᠤᠨ ᠲᠤᠬᠠᠶ᠂ ᠬᠦᠮᠦᠰ ᠦᠨ ᠲᠤᠬᠠᠶ᠂ ᠪᠠᠰᠠ ᠴᠢᠩᠭᠢᠰ ᠬᠠᠭᠠᠨ ᠤ ᠲᠤᠬᠠᠶ ᠪᠠᠷᠢᠮᠲᠠᠲᠤ ᠻᠢᠨᠣ ᠬᠢᠬᠦ ᠶᠢ ᠬᠦᠰᠡᠳᠡᠭ᠃

᠆ ᠴᠢᠩᠭᠢᠰ ᠬᠠᠭᠠᠨ ᠠᠴᠠ ᠥᠭᠡᠷ᠎ᠡ ᠰᠡᠳᠦᠪ ᠢᠶᠡᠷ ᠻᠢᠨᠣ ᠬᠢᠬᠦ ᠶᠢ ᠬᠦᠰᠡᠳᠡᠭ ᠦᠭᠡᠶ ᠭᠡᠵᠦ ᠦᠦ⁈

᠆ ᠬᠡᠷᠪᠡ ᠨᠠᠳᠤᠷ ᠻᠢᠨᠣ ᠬᠢᠬᠦ ᠪᠣᠯᠤᠮᠵᠢ ᠣᠯᠳᠠᠪᠠᠯ ᠪᠢ ᠮᠣᠩᠭᠤᠯ ᠤᠨ ᠪᠦᠬᠦ ᠵᠢᠵᠢᠭ ᠶᠠᠰᠤᠲᠠᠨ ᠦᠨᠳᠦᠰᠦᠲᠡᠨ ᠦ ᠠᠮᠢᠳᠤᠷᠠᠯ ᠢ ᠬᠠᠷᠠᠭᠤᠯᠤᠮᠠᠷ ᠪᠠᠶᠢᠨ᠎ᠠ᠃ ᠦᠨᠳᠦᠰᠦᠲᠡᠨ ᠪᠦᠷᠢ ᠶᠢᠨ ᠬᠡᠦᠬᠡᠳ ᠦᠳ ᠥᠪᠡᠷ ᠥᠪᠡᠷ ᠦᠨ ᠤᠯᠠᠮᠵᠢᠯᠠᠯᠲᠤ ᠦᠨᠳᠦᠰᠦᠨ ᠦ ᠭᠡᠷ ᠲᠡᠭᠡᠨ ᠲᠣᠭᠯᠠᠵᠤ ᠪᠠᠶᠢᠭ᠎ᠠ ᠶᠢ ᠬᠠᠷᠠᠭᠤᠯᠬᠤ ᠪᠣᠯᠤᠨ᠎ᠠ᠃ ᠬᠡᠳᠦᠶ ᠲᠡᠳᠡ ᠥᠭᠡᠷ᠎ᠡ ᠥᠭᠡᠷ᠎ᠡ ᠬᠠᠷᠠᠭᠳᠠᠵᠤ ᠪᠣᠯᠬᠤ ᠴᠤ ᠲᠡᠦᠬᠡ᠂ ᠰᠣᠶᠤᠯ ᠨᠢ ᠢᠵᠢᠯ ᠭᠡᠳᠡᠭ ᠢ ᠬᠠᠷᠠᠭᠤᠯᠤᠨ᠎ᠠ᠃

ᠮᠣᠩᠭᠤᠯᠴᠤᠳ ᠮᠣᠷᠢ ᠪᠠᠷ ᠤᠷᠤᠯᠳᠤᠵᠤ᠂ ᠻᠠᠽᠠᠬ ᠮᠣᠩᠭᠤᠯᠴᠤᠳ ᠪᠦᠷᠭᠦᠳ ᠢᠶᠡᠷ ᠠᠩ ᠬᠢᠵᠦ᠂ ᠬᠠᠯᠢᠮᠠᠭ ᠤᠳ ᠮᠣᠷᠢᠨ ᠬᠤᠭᠤᠷ ᠤᠨ ᠲᠡᠮᠡᠴᠡᠭᠡᠨ ᠵᠣᠬᠢᠶᠠᠵᠤ᠂ ᠲᠤᠸᠠ ᠬᠦᠮᠦᠰ ᠣᠯᠠᠨ ᠲᠥᠷᠦᠯ ᠢᠶᠡᠷ ᠬᠥᠭᠡᠮᠡᠶᠢᠯᠡᠵᠦ ᠭᠡᠬᠦ ᠮᠡᠲᠦ ᠪᠡᠷ ᠪᠦᠭᠦᠳᠡ ᠥᠪᠡᠷ ᠥᠪᠡᠷ ᠦᠨ ᠶᠣᠰᠤ ᠤᠯᠠᠮᠵᠢᠯᠠᠯ ᠢ ᠬᠠᠷᠠᠭᠤᠯᠵᠤ ᠪᠠᠶᠢᠪᠠᠴᠤ ᠡᠳᠦᠷ ᠦᠨ ᠠᠵᠢᠯ ᠳᠠᠭᠤᠰᠤᠮᠠᠭᠴᠠ ᠲᠡᠳᠡ ᠪᠦᠭᠦᠳᠡ ᠨᠢᠭᠡ ᠰᠢᠷᠡᠭᠡᠨ ᠳᠦ ᠬᠠᠮᠲᠤ ᠳᠠᠭᠠᠨ ᠰᠠᠭᠤᠨ ᠬᠣᠭᠤᠯᠠᠯᠠᠵᠤ᠂ ᠦᠨᠳᠦᠰᠦᠨ ᠦ ᠪᠦᠵᠢᠭ ᠢᠶᠡᠨ ᠪᠦᠵᠢᠵᠦ᠂ ᠨᠠᠷᠭᠢᠨ ᠴᠡᠩᠭᠡᠬᠦ ᠪᠣᠯᠤᠨ᠎ᠠ᠃ ᠮᠥᠨ ᠲᠡᠳᠡ ᠪᠥᠭᠦ ᠪᠠᠷᠢᠯᠳᠤᠵᠤ᠂ ᠮᠣᠷᠢ ᠤᠷᠤᠯᠳᠤᠭᠤᠯᠵᠤ᠂ ᠬᠥᠭᠡᠮᠡᠶ᠂ ᠮᠣᠷᠢᠨ ᠬᠤᠭᠤᠷ᠂ ᠰᠤᠷ ᠬᠠᠷᠪᠤᠭᠠᠨ ᠤ ᠲᠡᠮᠡᠴᠡᠭᠡᠨ ᠵᠣᠬᠢᠶᠠᠵᠤ ᠪᠤᠶ ᠠᠵᠠ ᠵᠢᠷᠭᠠᠯᠲᠠᠶ ᠻᠢᠨᠣ ᠪᠦᠲᠦᠭᠡᠬᠦ ᠶᠢ ᠬᠦᠰᠡᠵᠦ ᠪᠠᠶᠢᠨ᠎ᠠ᠃

᠆ ᠲᠠᠨ ᠤ ᠬᠤᠪᠢ ᠳᠤ ᠮᠣᠩᠭᠤᠯ ᠦᠨᠳᠦᠰᠦᠲᠡᠨ ᠦ ᠳᠠᠭᠤᠤ ᠨᠤᠭᠤᠳ ᠠᠴᠠ ᠬᠠᠮᠤᠭ ᠤᠨ ᠬᠡᠴᠡᠭᠦᠦ ᠨᠢ ᠠᠯᠢ ᠪᠤᠶ⁈

᠆ ᠮᠣᠩᠭᠤᠯ ᠠᠷᠠᠳ ᠤᠨ ᠳᠠᠭᠤᠤ᠂ ᠡᠵᠢ᠂ ᠠᠪᠤ ᠶᠢᠨ ᠲᠤᠬᠠᠶ ᠳᠠᠭᠤᠤ᠂ ᠤᠷᠲᠤ ᠶᠢᠨ ᠳᠠᠭᠤᠤ᠂ ᠬᠥᠭᠡᠮᠡᠶ ᠶᠢᠨ ᠳᠠᠭᠤᠤ ᠭᠡᠳ ᠮᠣᠩᠭᠤᠯ ᠦᠨᠳᠦᠰᠦᠲᠡᠨ ᠦ ᠪᠦᠬᠦ ᠳᠠᠭᠤᠤ ᠨᠤᠭᠤᠳ ᠮᠠᠰᠢ ᠭᠠᠶᠢᠬᠠᠯᠲᠠᠶ᠃ ᠡᠳᠡᠭᠡᠷ ᠢ ᠰᠤᠷᠬᠤ ᠳᠤ ᠲᠡᠶᠢᠮᠦ ᠴᠦ ᠬᠡᠴᠡᠭᠦᠦ ᠰᠠᠨᠠᠭᠳᠠᠳᠠᠭ ᠦᠭᠡᠶ᠃ ᠭᠡᠬᠦ ᠳᠡᠭᠡᠨ ᠤᠷᠲᠤ ᠶᠢᠨ ᠳᠠᠭᠤᠤ ᠳᠠᠭᠤᠯᠠᠬᠤ ᠳᠤ ᠬᠦᠨᠳᠦ᠂ ᠪᠠᠰᠠ ᠥᠪᠡᠷᠮᠢᠴᠡ ᠲᠥᠷᠦᠯ ᠰᠢᠭ ᠰᠠᠨᠠᠭᠳᠠᠳᠠᠭ᠃ ᠬᠥᠭᠡᠮᠡᠶ ᠶᠢ ᠴᠦ ᠪᠠᠰᠠ ᠰᠤᠷᠬᠤ ᠳᠤ ᠠᠮᠠᠷ ᠦᠭᠡᠶ᠃ ᠭᠡᠬᠦ ᠳᠡᠭᠡᠨ ᠪᠢ ᠥᠪᠡᠷ ᠢ ᠪᠡᠨ ᠪᠠᠭ᠎ᠠ ᠪᠠᠭ᠎ᠠ ᠪᠠᠷ ᠳᠠᠰᠬᠠᠯᠵᠢᠭᠤᠯᠵᠤ᠂ ᠰᠤᠷᠴᠤ ᠪᠠᠶᠢᠭ᠎ᠠ᠃ ᠮᠡᠷᠭᠡᠵᠢᠯ ᠦᠨ ᠬᠥᠭᠡᠮᠡᠶᠢᠴᠢᠨ ᠰᠢᠭ᠋ ᠬᠥᠭᠡᠮᠡᠶᠢᠯᠡᠨ᠎ᠡ ᠭᠡᠳᠡᠭ ᠦᠨᠡᠬᠡᠷ ᠪᠡᠷᠬᠡ᠃

ᠤᠴᠢᠷ ᠨᠢ ᠲᠡᠳᠡ ᠪᠠᠭᠰᠢ ᠪᠠᠷ ᠵᠢᠭᠠᠯᠭᠠᠭᠰᠠᠨ ᠠᠴᠠ ᠭᠠᠳᠠᠨ᠎ᠠ ᠲᠥᠷᠦᠯᠬᠢ ᠶᠢᠨ ᠭᠠᠶᠢᠬᠠᠯᠲᠠᠶ ᠬᠣᠭᠤᠯᠠᠶ ᠲᠠᠶ ᠪᠠᠶᠢᠳᠠᠭ᠃ ᠬᠠᠷᠢᠨ ᠪᠢ ᠬᠥᠭᠡᠮᠡᠶ ᠶᠢ ᠥᠪᠡᠷ ᠢᠶᠡᠨ ᠰᠤᠷᠬᠤ ᠭᠡᠵᠦ ᠬᠢᠴᠢᠶᠡᠵᠦ ᠪᠠᠶᠢᠨ᠎ᠠ᠃ ᠮᠢᠨᠤ ᠬᠤᠪᠢ ᠳᠤ ᠨᠠᠮᠤᠭᠤᠬᠠᠨ ᠬᠢᠷᠢ ᠨᠢ ᠪᠡᠨ ᠬᠤᠷᠴᠠ ᠠᠶᠠᠯᠭᠤ ᠪᠠᠷ᠂ ᠨᠢᠭᠡ ᠠᠪᠢᠶᠠᠨ ᠠᠴᠠ ᠨᠥᠭᠦᠭᠡ ᠳᠦ ᠰᠢᠯᠵᠢᠬᠦ ᠶᠠᠪᠤᠴᠠ ᠬᠥᠭᠡᠮᠡᠶ ᠶᠢᠨ ᠬᠠᠮᠤᠭ ᠤᠨ ᠬᠡᠴᠡᠭᠦᠦ ᠬᠡᠰᠡᠭ ᠪᠠᠶᠢᠳᠠᠭ᠃ ᠡᠨᠡ ᠦᠶ᠎ᠡ ᠳᠦ ᠮᠠᠰᠢ ᠰᠠᠶᠢᠨ ᠲᠥᠪᠯᠡᠷᠡᠬᠦ ᠬᠡᠷᠡᠭᠲᠡᠶ᠃ ᠡᠨᠡ ᠵᠠᠭᠤᠷ᠎ᠠ ᠬᠣᠭᠤᠯᠠᠶ ᠪᠠᠨ ᠬᠥᠭᠵᠢᠮ ᠦᠨ ᠵᠢᠮᠰᠡᠭ ᠲᠡᠶ ᠬᠣᠷᠰᠢᠭᠤᠯᠤᠨ᠎ᠠ ᠭᠡᠳᠡᠭ ᠴᠢᠮ᠎ᠠ ᠦᠭᠡᠶ ᠪᠡᠷᠬᠡ᠃ ᠭᠡᠬᠦ ᠳᠡᠭᠡᠨ ᠡᠨᠡ ᠰᠣᠷᠢᠯ ᠨᠠᠮᠠᠶ᠋ᠢ ᠤᠯᠠᠮ ᠢᠯᠡᠭᠦᠦ ᠬᠢᠴᠢᠶᠡᠬᠦ ᠳᠦ ᠲᠦᠯᠬᠢᠴᠡ ᠪᠣᠯᠳᠠᠭ ᠰᠢᠦ᠃

᠆ ᠬᠡᠷᠪᠡ ᠲᠠ ᠮᠣᠩᠭᠤᠯ ᠳᠠᠭᠤᠤ ᠵᠣᠬᠢᠶᠠᠪᠠᠯ ᠶᠠᠭᠤᠨ ᠤ ᠲᠤᠬᠠᠶ᠂ ᠶᠠᠮᠠᠷ ᠤᠷᠤᠰᠬᠠᠯ ᠤᠨ ᠳᠠᠭᠤᠤ ᠬᠢᠬᠦ ᠪᠠᠶᠢᠭᠰᠠᠨ ᠪᠤᠶ⁈

᠆ ᠪᠢ ᠬᠠᠮᠤᠭ ᠮᠣᠩᠭᠤᠯ ᠤᠨ ᠲᠤᠬᠠᠶ ᠳᠠᠭᠤᠤ ᠬᠢᠬᠦ ᠶᠢ ᠬᠦᠰᠡᠳᠡᠭ᠃ ᠮᠣᠩᠭᠤᠯ ᠢ ᠴᠤᠬᠤᠮ ᠶᠠᠭᠤ ᠡᠶᠢᠮᠦ ᠴᠢᠬᠤᠯᠠ ᠦᠨᠳᠦᠰᠦᠲᠡᠨ ᠪᠣᠯᠭᠠᠳᠠᠭ ᠲᠤᠬᠠᠶ᠂ ᠮᠥᠨ ᠴᠢᠩᠭᠢᠰ ᠬᠠᠭᠠᠨ ᠡᠳᠦᠶ ᠳᠦ ᠠᠮᠢᠳᠤ ᠰᠡᠷᠡᠭᠦᠨ ᠪᠠᠶᠢᠭᠰᠠᠨ ᠪᠣᠯ ᠠᠷᠠᠳ ᠲᠦᠮᠡᠨ ᠦ ᠪᠡᠨ ᠶᠠᠭᠤ ᠪᠠᠷ ᠪᠠᠬᠠᠷᠬᠠᠬᠤ ᠪᠠᠶᠢᠭᠰᠠᠨ ᠲᠤᠬᠠᠶ ᠳᠠᠭᠤᠯᠠᠬᠤ ᠪᠠᠶᠢᠭᠰᠠᠨ᠃ ᠲᠡᠷᠡ ᠳᠠᠭᠤᠤ ᠪᠠᠷ ᠢᠶᠠᠨ ᠪᠢ 《ᠴᠢᠩᠭᠢᠰ ᠬᠠᠭᠠᠨ ᠠᠮᠢᠳᠤ ᠪᠠᠶᠢᠭᠰᠠᠨ ᠪᠣᠯ ᠥᠨᠦᠳᠦᠷ ᠦᠨ ᠲᠥᠷᠦ ᠶᠢᠨ ᠵᠢᠯᠤᠭᠤᠳᠤᠭᠴᠢᠳ ᠲᠤ ᠰᠡᠳᠬᠢᠯ ᠬᠠᠩᠭᠠᠯᠤᠭᠤᠨ ᠪᠠᠶᠢᠬᠤ ᠪᠠᠶᠢᠭᠰᠠᠨ ᠪᠣᠯᠪᠠᠤ⁈ ᠮᠣᠩᠭᠤᠯ ᠤᠨ ᠠᠷᠠᠳ ᠲᠦᠮᠡᠨ ᠦ ᠨᠢᠭᠡ ᠦᠨᠳᠦᠰᠦᠲᠡᠨ ᠨᠥᠭᠦᠭᠡ ᠳᠡᠭᠡᠨ ᠳᠤᠷᠠᠭᠦᠶ ᠳᠤ ᠪᠠᠶᠠᠷᠯᠠᠬᠤ ᠪᠠᠶᠢᠭᠰᠠᠨ ᠤᠤ⁈ ᠬᠦᠮᠦᠰ ᠠᠭᠤᠯᠠ᠂ ᠤᠰᠤ ᠪᠠᠨ ᠰᠡᠨᠳᠡᠶᠢᠯᠡᠵᠦ ᠪᠤᠶ ᠶᠢ ᠬᠠᠷᠠᠭᠠᠳ ᠠᠵᠠ ᠵᠢᠷᠭᠠᠯᠲᠠᠶ ᠪᠠᠶᠢᠬᠤ ᠤᠤ⁈ ᠮᠣᠩᠭᠤᠯᠴᠤᠳ ᠲᠡᠦᠬᠡ᠂ ᠰᠣᠶᠤᠯ ᠤᠯᠠᠮᠵᠢᠯᠠᠯ ᠢᠶᠠᠨ ᠮᠡᠳᠡᠬᠦ ᠦᠭᠡᠶ ᠪᠠᠶᠢᠭ᠎ᠠ ᠶᠢ ᠬᠠᠷᠠᠭᠠᠳ ᠶᠠᠭᠠᠬᠢᠬᠤ ᠪᠤᠶ》 ᠬᠡᠮᠡᠬᠦ ᠠᠰᠠᠭᠤᠯᠲᠠ ᠨᠤᠭᠤᠳ ᠢ ᠲᠠᠯᠪᠢᠬᠤ ᠪᠠᠶᠢᠭᠰᠠᠨ᠃

ᠪᠢ ᠮᠣᠩᠭᠤᠯᠴᠤᠳ ᠨᠢᠭᠡᠨ ᠢᠶᠡᠨ ᠬᠦᠯᠢᠶᠡᠨ ᠵᠥᠪᠰᠢᠶᠡᠷᠡᠵᠦ᠂ ᠬᠠᠶᠢᠷᠠᠯᠠᠬᠤ ᠶᠢ ᠤᠷᠢᠶᠠᠯᠠᠭᠰᠠᠨ ᠳᠠᠭᠤᠤ ᠬᠢᠬᠦ ᠶᠢ ᠪᠠᠰᠠ ᠬᠦᠰᠡᠳᠡᠭ᠃ ᠲᠠ ᠪᠦᠬᠦᠨ ᠲᠤᠸᠠ᠂ ᠪᠤᠷᠶᠢᠠᠳ᠂ ᠣᠶᠢᠷᠠᠳ᠂ ᠥᠪᠦᠷ ᠮᠣᠩᠭᠤᠯ᠂ ᠻᠠᠽᠠᠬ ᠮᠣᠩᠭᠤᠯ᠂ ᠬᠠᠯᠢᠮᠠᠭ ᠭᠡᠳ ᠪᠦᠬᠦᠶᠢᠯᠡ ᠦᠨᠳᠦᠰᠦᠲᠡᠨ ᠢ ᠥᠪᠡᠷᠰᠡᠳ ᠦᠨ ᠠᠳᠠᠯᠢ ᠬᠠᠶᠢᠷᠠᠯᠠᠬᠤ ᠶᠣᠰᠤᠲᠠᠶ᠃

《ᠴᠢ ᠪᠣᠯ ᠵᠢᠩᠭᠢᠨᠢ ᠮᠣᠩᠭᠤᠯ ᠬᠦᠮᠦᠨ ᠪᠢᠰᠢ》 ᠭᠡᠵᠦ ᠬᠡᠨ ᠨᠢᠭᠡᠨ ᠤᠷᠤᠭᠤ ᠴᠢᠴᠢᠯᠡᠬᠦ ᠶᠢᠨ ᠣᠷᠤᠨ ᠳᠤ ᠭᠠᠷ ᠭᠠᠷ ᠢᠶᠠᠨ ᠪᠠᠷᠢᠭᠠᠳ ᠬᠠᠮᠲᠤ ᠳᠠᠭᠠᠨ ᠠᠵᠢᠯᠯᠠᠵᠤ᠂ ᠠᠮᠢᠳᠤᠷᠠᠬᠤ ᠬᠡᠷᠡᠭᠲᠡᠶ᠃

ᠴᠢᠩᠭᠢᠰ ᠬᠠᠭᠠᠨ 《ᠮᠢᠨᠤ ᠠᠷᠠᠳ ᠲᠦᠮᠡᠨ ᠪᠦᠭᠦᠳᠡ ᠠᠬ᠎ᠠ ᠳᠡᠭᠦᠦ ᠰᠢᠭ᠋ ᠪᠠᠶᠢᠳᠠᠭ ᠤᠴᠢᠷ ᠠᠴᠠ ᠯᠠ ᠮᠣᠩᠭᠤᠯ ᠤᠯᠤᠰ ᠬᠦᠴᠦᠷᠬᠡᠭ᠃ ᠲᠡᠳᠡ ᠪᠦᠭᠦᠳᠡ ᠬᠠᠮᠲᠤ ᠳᠠᠭᠠᠨ ᠠᠵᠢᠯᠯᠠᠵᠤ᠂ ᠨᠢᠭᠡ ᠰᠢᠷᠡᠭᠡᠨ ᠳᠦ ᠬᠣᠭᠤᠯᠠᠯᠠᠳᠠᠭ》 ᠬᠡᠮᠡᠨ ᠬᠡᠯᠡᠵᠦ ᠪᠠᠶᠢᠭᠰᠠᠨ ᠰᠢᠦ ᠳᠡ᠃

ᠮᠥᠨ ᠮᠣᠩᠭᠤᠯ ᠤᠨ ᠠᠷᠠᠳ ᠲᠦᠮᠡᠨ ᠭᠠᠶᠢᠬᠠᠮᠰᠢᠭᠲᠤ ᠰᠣᠶᠤᠯ ᠢᠶᠠᠨ ᠲᠦᠭᠡᠭᠡᠵᠦ᠂ ᠪᠠᠰᠠ ᠪᠢᠰᠢᠷᠡᠳᠡᠭ ᠪᠠᠶᠢᠬᠤ ᠶᠢ ᠤᠷᠢᠶᠠᠯᠠᠭᠰᠠᠨ ᠤᠳᠬ᠎ᠠ ᠲᠠᠶ ᠬᠥᠭᠵᠢᠮ ᠬᠢᠬᠦ ᠶᠢ ᠬᠦᠰᠡᠵᠦ ᠪᠠᠶᠢᠨ᠎ᠠ᠃ ᠮᠢᠨᠤ ᠬᠥᠭᠵᠢᠮ ᠦᠳ ᠮᠣᠷᠢᠨ ᠬᠤᠭᠤᠷ᠂ ᠬᠥᠭᠡᠮᠡᠶ ᠪᠣᠯᠤᠨ ᠰᠧᠦᠯ ᠬᠥᠭᠵᠢᠮ ᠦᠨ ᠨᠡᠶᠢᠯᠡᠮᠵᠢ ᠪᠠᠶᠢᠬᠤ ᠪᠣᠯᠪᠠᠤ᠃



᠆ ᠮᠣᠩᠭᠤᠯ ᠠᠴᠠ ᠬᠠᠮᠤᠭ ᠤᠨ ᠳᠤᠷᠠᠲᠠᠶ ᠳᠠᠭᠤᠤ ᠪᠠᠨ ᠨᠡᠷᠡᠯᠡᠭᠡᠴᠢ⁈

᠆ ᠳ᠂ ᠡᠩᠬᠡᠵᠢᠷᠭᠠᠯ ᠤᠨ ᠳᠠᠭᠤᠯᠠᠭᠰᠠᠨ 《ᠠᠯᠤᠰ ᠤᠨ ᠭᠠᠵᠠᠷ ᠤᠨ ᠵᠡᠷᠭᠡᠯᠭᠡ》᠂ ᠪᠤᠷᠢᠶᠠᠳ ᠠᠷᠠᠳ ᠤᠨ 《ᠠᠯᠲᠠᠷᠭᠠᠨ᠎ᠠ》᠂ ᠲᠤᠸᠠ ᠶᠢᠨ ᠳᠠᠭᠤᠴᠢᠨ ᠻᠣᠩᠭᠠᠷ-ᠣᠣᠯ ᠣᠨ᠋ᠳᠠᠷ ᠤᠨ 《ᠻᠣᠩᠭᠦ᠋ᠷᠧᠶ》᠂ ᠬᠠᠯᠢᠮᠠᠭ ᠤᠨ ᠳᠠᠭᠤᠴᠢᠨ ᠣᠻᠨᠠ ᠴᠠᠭᠠᠨᠵᠠᠮ ᠤᠨ 《ᠡᠵᠢ ᠶᠢᠨ ᠳᠠᠭᠤᠨ》 ᠭᠡᠳ ᠣᠯᠠᠨ ᠰᠠᠶᠢᠬᠠᠨ ᠳᠠᠭᠤᠤ ᠪᠤᠶ᠃

᠆ ᠬᠡᠷᠪᠡ ᠲᠠᠨ ᠳᠤ ᠮᠣᠩᠭᠤᠯ ᠤᠨ ᠢᠷᠭᠡᠨ ᠪᠣᠯᠬᠤ ᠪᠣᠯᠤᠮᠵᠢ ᠲᠣᠬᠢᠶᠠᠪᠠᠯ ᠲᠥᠷᠦᠭᠰᠡᠨ ᠨᠤᠲᠤᠭ ᠢᠶᠠᠨ ᠣᠷᠬᠢᠭᠠᠳ ᠶᠠᠪᠤᠵᠤ ᠴᠢᠳᠠᠬᠤ ᠤᠤ⁈

᠆ ᠪᠢ ᠶᠡᠷᠦ ᠳᠡᠭᠡᠨ 24 ᠨᠠᠰᠤ ᠲᠠᠶ᠃ ᠳᠥᠩᠭᠡᠵᠦ ᠶᠡᠬᠡ ᠰᠤᠷᠭᠠᠭᠤᠯᠢ ᠪᠠᠨ ᠲᠡᠭᠦᠰᠬᠦ ᠭᠡᠵᠦ ᠪᠠᠶᠢᠵᠤ ᠡᠶᠢᠮᠦ ᠲᠣᠮᠤ ᠰᠢᠢᠳᠪᠦᠷᠢ ᠭᠠᠷᠭᠠᠬᠤ ᠪᠣᠯᠤᠮᠵᠢ ᠦᠭᠡᠶ᠃ ᠮᠠᠭᠠᠳ ᠦᠭᠡᠶ ᠪᠢ ᠠᠷᠠᠶ ᠤᠬᠠᠭᠠᠨ ᠰᠠᠭᠤᠵᠤ᠂ ᠨᠠᠰᠤ ᠠᠬᠢᠭᠰᠠᠨ ᠬᠣᠶᠢᠨ᠎ᠠ ᠪᠠᠨ ᠮᠣᠩᠭᠤᠯ ᠳᠤ ᠠᠵᠢᠯᠯᠠᠵᠤ᠂ ᠠᠮᠢᠳᠤᠷᠠᠵᠤ ᠪᠣᠯᠬᠤ ᠶᠤᠮ᠃ ᠲᠡᠭᠡᠪᠡᠯ ᠮᠠᠰᠢ ᠶᠡᠬᠡ ᠰᠢᠨ᠎ᠡ ᠪᠣᠯᠤᠮᠵᠢ᠂ ᠰᠤᠷᠬᠤ ᠵᠦᠶᠯ ᠭᠠᠷᠴᠤ ᠢᠷᠡᠨ᠎ᠡ ᠭᠡᠳᠡᠭ ᠲᠦ ᠢᠲᠡᠭᠡᠯ ᠲᠡᠶ ᠪᠠᠶᠢᠨ᠎ᠠ᠃ ᠢᠩᠭᠢᠭᠰᠡᠨ ᠢᠶᠡᠷ ᠮᠣᠩᠭᠤᠯ ᠤᠨ ᠲᠤᠬᠠᠶ ᠢᠯᠡᠭᠦᠦ ᠶᠡᠬᠡ ᠶᠢ ᠮᠡᠳᠡᠵᠦ᠂ ᠲᠡᠭᠦᠨ ᠢ ᠪᠡᠨ ᠳᠡᠯᠡᠬᠡᠶ ᠶᠢᠷᠲᠢᠨᠴᠦ ᠲᠡᠶ ᠬᠤᠪᠢᠶᠠᠯᠴᠠᠬᠤ ᠪᠣᠯᠤᠮᠵᠢᠲᠠᠶ ᠪᠣᠯᠤᠨ᠎ᠠ᠃

᠆ ᠮᠣᠩᠭᠤᠯ ᠣᠷᠤᠨ ᠤ ᠴᠤᠬᠤᠮ ᠶᠠᠭᠤ ᠨᠢ ᠲᠠᠨ ᠳᠤ ᠬᠠᠮᠤᠭ ᠤᠨ ᠦᠨ᠎ᠡ ᠴᠡᠨ᠎ᠡ ᠲᠡᠶ ᠰᠠᠨᠠᠭᠳᠠᠳᠠᠭ ᠪᠤᠶ⁈

᠆ ᠮᠣᠩᠭᠤᠯ ᠳᠤ ᠥᠪᠡᠷ ᠦᠨ ᠪᠡᠶ᠎ᠡ ᠪᠡᠷ ᠣᠴᠢᠵᠤ ᠦᠵᠡᠭᠡᠳᠦᠶ ᠴᠦ ᠮᠣᠩᠭᠤᠯ ᠠᠴᠠ ᠣᠯᠵᠤ ᠬᠠᠷᠠᠭᠰᠠᠨ ᠬᠠᠮᠤᠭ ᠤᠨ ᠠᠭᠤᠤ ᠵᠦᠶᠯ ᠪᠣᠯ ᠬᠦᠮᠦᠰ ᠦᠨ ᠥᠭᠭᠢᠶᠡᠮᠦᠷ ᠰᠠᠶᠢᠬᠠᠨ ᠰᠡᠳᠬᠢᠯ᠃

ᠮᠣᠩᠭᠤᠯᠴᠤᠳ ᠨᠡᠷ᠎ᠡ ᠶᠢ ᠲᠠᠨᠢ ᠮᠡᠳᠡᠬᠦ ᠦᠭᠡᠶ ᠬᠢᠷᠢ ᠨᠢ ᠪᠡᠨ ᠲᠠᠨ ᠳᠤ ᠶᠠᠮᠠᠷ ᠨᠢᠭᠡᠨ ᠵᠦᠶᠯ ᠥᠭᠴᠦ ᠴᠢᠳᠠᠬᠤ ᠬᠦᠮᠦᠰ᠃ ᠨᠡᠭᠦᠳᠡᠯᠴᠢᠨ ᠠᠷᠠᠳ ᠤᠳ ᠣᠭᠲᠤ ᠲᠠᠨᠢᠬᠤ ᠦᠭᠡᠶ ᠵᠣᠴᠢᠨ ᠭᠡᠶᠢᠴᠢᠨ ᠢ ᠴᠦ ᠬᠠᠮᠤᠭ ᠤᠨ ᠲᠦᠷᠦᠭᠦᠨ ᠳᠦ ᠭᠡᠷ ᠲᠡᠭᠡᠨ ᠤᠷᠢᠭᠠᠳ ᠬᠣᠭᠤᠯᠠ ᠤᠮᠳᠠ ᠪᠠᠷ ᠳᠠᠶᠢᠯᠠᠳᠠᠭ᠃



ᠣᠷᠴᠢᠨ ᠦᠶ᠎ᠡ ᠶᠢᠨ ᠵᠠᠯᠠᠭᠤᠰ ᠪᠦᠳᠦᠭᠦᠯᠢᠭ ᠪᠠᠶᠢᠵᠤ ᠮᠠᠭᠠᠳ ᠦᠭᠡᠶ ᠯᠡ ᠶᠤᠮ᠃ ᠬᠠᠷᠢᠨ ᠠᠬᠠᠮᠠᠳ ᠤᠳ ᠪᠦᠭᠦᠳᠡ ᠪᠡᠷ ᠢᠶᠡᠨ ᠮᠠᠰᠢ ᠰᠠᠶᠢᠬᠠᠨ ᠰᠡᠳᠬᠢᠯ ᠲᠡᠶ᠂ ᠨᠥᠭᠦᠷᠰᠡᠭ᠂ ᠲᠤᠰᠠᠯᠠᠮᠵᠢ ᠬᠡᠷᠡᠭᠲᠡᠶ ᠬᠦᠮᠦᠨ ᠪᠦᠬᠦᠨ ᠳᠦ ᠭᠠᠷ ᠳᠡᠯᠭᠡᠨ ᠲᠤᠰᠠᠯᠠᠬᠤ ᠶᠢ ᠬᠦᠰᠡᠳᠡᠭ᠃ ᠪᠢ ᠨᠢᠭᠡ ᠭᠠᠶᠢᠬᠠᠯᠲᠠᠶ ᠲᠡᠦᠬᠡ ᠰᠣᠨᠤᠰᠴᠤ ᠪᠠᠶᠢᠭᠰᠠᠨ ᠶᠤᠮ᠃ ᠨᠢᠭᠡ ᠠᠶᠢᠯ ᠣᠭᠲᠤ ᠮᠠᠯ ᠦᠭᠡᠶ ᠥᠭᠡᠷ᠎ᠡ ᠨᠢᠭᠡᠨ ᠭᠡᠷ ᠪᠦᠯᠢ ᠳᠦ ᠠᠮᠢᠳᠤᠷᠠᠬᠤ ᠳᠤᠨᠢ ᠳᠡᠮ ᠪᠣᠯᠵᠤ ᠢᠮᠠᠭᠠᠨ ᠰᠦᠷᠦᠭ ᠡᠴᠡᠭᠡᠨ ᠲᠠᠰᠤᠯᠵᠤ ᠥᠭᠴᠡᠶ᠃

ᠬᠡᠳᠦᠨ ᠵᠢᠯ ᠦᠨ ᠳᠠᠷᠠᠭ᠎ᠠ ᠥᠨᠦᠬᠢ ᠭᠡᠷ ᠪᠦᠯᠢ ᠪᠠᠶᠠᠷᠯᠠᠭᠰᠠᠨ ᠢᠶᠠᠨ ᠢᠯᠡᠷᠬᠡᠶᠢᠯᠡᠵᠦ ᠲᠡᠳᠡᠨ ᠳᠦ ᠥᠭᠭᠦᠭᠰᠡᠨ ᠢᠮᠠᠭ᠎ᠠ ᠨᠤᠭᠤᠳ ᠠᠴᠠ ᠬᠣᠶᠠᠷ ᠳᠠᠬᠢᠨ ᠶᠡᠬᠡ ᠠᠳᠤᠭᠤ ᠪᠡᠯᠡᠭᠯᠡᠭᠰᠡᠨ ᠭᠡᠳᠡᠭ᠃ ᠪᠢ ᠮᠣᠩᠭᠤᠯᠴᠤᠳ ᠤᠨ ᠡᠶᠢᠮᠦ ᠰᠠᠶᠢᠬᠠᠨ ᠰᠡᠳᠬᠢᠯ ᠳᠦ ᠯᠡ ᠬᠠᠶᠢᠷᠠᠲᠠᠶ ᠪᠠᠶᠢᠳᠠᠭ᠃ ᠴᠠᠭᠠᠨ ᠰᠠᠷ᠎ᠠ ᠪᠠᠷ ᠠᠶᠢᠯ ᠤᠳ ᠨᠢᠭᠡᠨ ᠢᠶᠡᠨ ᠤᠷᠢᠵᠤ᠂ ᠳᠠᠶᠢᠯᠠᠳᠠᠭ᠃ ᠡᠪᠦᠯ ᠦᠨ ᠴᠠᠭ ᠢᠶᠠᠷ ᠶᠠᠳᠠᠷᠠᠵᠤ ᠳᠠᠭᠠᠷᠠᠭᠰᠠᠨ ᠨᠠᠶᠢᠵᠠ ᠨᠥᠭᠦᠳ ᠪᠣᠯᠤᠨ ᠬᠥᠷᠰᠢ ᠨᠦᠭᠦᠳ ᠢᠶᠡᠨ ᠰᠦ᠋ ᠲᠡᠶ ᠴᠠᠶ ᠪᠠᠷ ᠳᠠᠶᠢᠯᠠᠳᠠᠭ᠃ ᠪᠦᠬᠦ ᠵᠦᠶᠯ ᠨᠢ ᠦᠨᠡᠬᠡᠷ ᠬᠠᠶᠢᠷ᠎ᠠ ᠲᠠᠲᠠᠮ᠎ᠠ᠃ ᠰᠠᠶᠢᠬᠠᠨ ᠰᠡᠳᠬᠢᠯ ᠭᠡᠳᠡᠭ ᠡᠶᠢᠮᠦ ᠵᠦᠶᠯ ᠮᠢᠨᠦ ᠲᠥᠷᠦᠵᠦ ᠥᠰᠦᠭᠰᠡᠨ ᠭᠠᠵᠠᠷ ᠶᠡᠬᠡ ᠬᠣᠪᠤᠷ ᠪᠠᠶᠢᠳᠠᠭ ᠶᠤᠮ ᠳᠠ

《ᠭᠡᠷᠡᠭᠡ》 ᠰᠡᠳᠬᠦᠯ - ᠭ᠂ ᠠᠷᠢᠭᠤᠨᠵᠤᠯᠠ



ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com

No comments:

Post a Comment