Монгол бичгээ хэрэглэцгээе! Chrome, Internet Explorer, Safari хөтчөөр үзнэ үү!

Гайхамшигт монгол хэл

2015-06-16

ᠭᠠᠶᠢᠬᠠᠮᠰᠢᠭᠲᠤ ᠮᠣᠩᠭᠤᠯ ᠬᠡᠯᠡ


ᠢ ᠶᠣᠩ ᠴᠣᠯ (ᠰᠣᠯᠤᠩᠭᠤᠰ)



ᠪᠢ ᠬᠡᠯᠡ ᠶᠢ ᠤᠯᠠᠭᠠᠨᠪᠠᠭᠠᠲᠤᠷ ᠲᠤ ᠬᠣᠶᠠᠷ ᠵᠢᠯ ᠰᠤᠷᠤᠭᠠᠳ ᠨᠠᠶᠮᠠᠨ ᠵᠢᠯ ᠠᠰᠢᠭᠯᠠᠭᠰᠠᠨ᠃ ᠪᠢ ᠮᠣᠩᠭᠤᠯ ᠬᠡᠯᠡᠨ ᠡᠴᠡ ᠭᠠᠳᠠᠨ᠎ᠠ 10 ᠬᠡᠯᠡ ᠶᠢ ᠣᠶᠢᠯᠠᠭᠠᠳᠠᠭ ᠤᠴᠢᠷ ᠠᠴᠠ ᠮᠣᠩᠭᠤᠯ ᠬᠡᠯᠡᠨ ᠦ ᠪᠤᠰᠤᠳ ᠬᠡᠯᠡᠨ ᠡᠴᠡ ᠳᠠᠪᠠᠭᠤ ᠲᠠᠯ᠎ᠠ ᠶᠢ ᠦᠵᠡᠭᠡᠳ ᠲᠠ ᠨᠠᠷ ᠲᠠᠶ ᠬᠠᠮᠲᠤ ᠬᠤᠪᠢᠶᠠᠯᠴᠠᠬᠤ ᠶᠢ ᠬᠦᠰᠡᠵᠦ ᠪᠠᠶᠢᠨ᠎ᠠ᠃

1᠂ ᠮᠣᠩᠭᠤᠯ ᠬᠡᠯᠡ ᠥᠪᠡᠷ ᠦᠨ ᠴᠡᠪᠡᠷ ᠪᠠᠶᠢᠳᠠᠯ ᠢᠶᠠᠨ ᠬᠠᠮᠠᠭᠠᠯᠠᠵᠤ ᠢᠷᠡᠭᠰᠡᠨ᠃ ᠰᠣᠯᠤᠩᠭᠤᠰ᠂ ᠶᠠᠫᠣᠨ ᠬᠡᠯᠡ ᠪᠣᠯ ᠬᠢᠲᠠᠳ ᠤᠯᠤᠰ ᠤᠨ ᠰᠣᠶᠤᠯ ᠢᠷᠭᠡᠨᠰᠢᠯ ᠦᠨ ᠨᠥᠯᠦᠭᠡ ᠶᠢ ᠭᠦᠨ ᠬᠦᠷᠲᠡᠭᠰᠡᠨ᠂ ᠬᠢᠲᠠᠳ ᠦᠰᠦᠭ ᠢ ᠮᠠᠰᠢ ᠶᠡᠬᠡ ᠠᠰᠢᠭᠯᠠᠳᠠᠭ ᠪᠣᠯᠪᠠᠴᠤ ᠮᠣᠩᠭᠤᠯ ᠬᠡᠯᠡ ᠪᠣᠯ ᠲᠡᠶᠢᠮᠦ ᠪᠢᠰᠢ᠂ ᠥᠨᠦ ᠦᠶ᠎ᠡ ᠳᠦ ᠰᠣᠯᠤᠩᠭᠤᠰ ᠬᠡᠯᠡ ᠪᠠ ᠶᠠᠫᠣᠨ ᠬᠡᠯᠡᠨ ᠦ ᠦᠭᠡᠰ ᠦᠨ ᠰᠠᠩ ᠤᠨ 80 ᠬᠤᠪᠢ ᠠᠴᠠ ᠢᠯᠡᠭᠦᠦ ᠨᠢ ᠬᠢᠲᠠᠳ ᠦᠰᠦᠭ ᠡᠴᠡ ᠡᠭᠦᠰᠦᠯ ᠲᠡᠶ ᠪᠣᠯᠪᠠᠴᠤ ᠮᠣᠩᠭᠤᠯ ᠪᠢᠴᠢᠭ ᠦᠨ ᠳᠤᠮᠳᠠ ᠬᠢᠲᠠᠳ ᠪᠢᠴᠢᠭ ᠡᠴᠡ ᠢᠷᠡᠭᠰᠡᠨ ᠦᠭᠡ ᠮᠠᠰᠢ ᠬᠣᠪᠤᠷ ᠭᠡᠳᠡᠭ ᠨᠢ ᠭᠠᠶᠢᠬᠠᠯᠲᠠᠶ᠃

2᠂ ᠮᠣᠩᠭᠤᠯ ᠬᠡᠯᠡᠨ ᠳᠦ ᠣᠯᠠᠨ ᠡᠭᠡᠰᠢᠭ᠂ ᠣᠯᠠᠨ ᠭᠡᠶᠢᠭᠦᠯᠦᠭᠴᠢ ᠪᠠᠶᠢᠳᠠᠭ᠃ ᠶᠡᠬᠡᠩᠬᠢ ᠬᠡᠯᠡᠨ ᠳᠦ ᠦᠨᠳᠦᠰᠦᠨ ᠡᠭᠡᠰᠢᠭ 5 ᠪᠠᠶᠢᠳᠠᠭ ᠪᠣᠯ ᠮᠣᠩᠭᠤᠯ ᠬᠡᠯᠡᠨ ᠳᠦ 7 ᠪᠠᠶᠢᠳᠠᠭ᠃ ᠰᠣᠯᠤᠩᠭᠤᠰ᠂ ᠶᠠᠫᠣᠨ᠂ ᠠᠩᠭᠯᠢ᠂ ᠹᠷᠠᠨ᠋ᠼᠠ᠂ ᠢᠲ᠋ᠠᠯᠢ᠂ ᠢᠰᠫᠠᠨᠢ ᠬᠡᠯᠡᠨ ᠳᠦ ᠡᠶᠢᠮᠦ ᠣᠯᠠᠨ ᠡᠭᠡᠰᠢᠭ ᠪᠠᠶᠢᠬᠤ ᠦᠭᠡᠶ᠃ ᠠᠩᠭᠯᠢ ᠬᠡᠯᠡ 26 ᠴᠠᠭᠠᠨ ᠲᠣᠯᠤᠭᠠᠶ ᠲᠠᠶ᠂ ᠢᠲ᠋ᠠᠯᠢ ᠬᠡᠯᠡ 24 ᠴᠠᠭᠠᠨ ᠲᠣᠯᠤᠭᠠᠶ ᠲᠠᠶ᠂ ᠰᠣᠯᠤᠩᠭᠤᠰ ᠬᠡᠯᠡ 26 ᠴᠠᠭᠠᠨ ᠲᠣᠯᠤᠭᠠᠶ ᠲᠠᠶ ᠪᠠᠶᠢᠬᠤ ᠳᠤ ᠮᠣᠩᠭᠤᠯ ᠬᠡᠯᠡᠨ ᠦ ᠴᠠᠭᠠᠨ ᠲᠣᠯᠤᠭᠠᠶ 35 ᠪᠠᠶᠢᠳᠠᠭ (ᠻᠢᠷᠢᠯ)᠃

3᠂ ᠦᠶᠯᠡ ᠦᠭᠡ ᠶᠢᠨ ᠬᠤᠪᠢᠷᠠᠯ᠃ ᠮᠢᠨᠦ ᠮᠡᠳᠡᠳᠡᠭ ᠪᠦᠬᠦ ᠬᠡᠯᠡᠨ ᠦ ᠳᠣᠲᠤᠷ᠎ᠠ ᠮᠣᠩᠭᠤᠯ ᠬᠡᠯᠡ ᠰᠢᠭ ᠣᠯᠠᠨ ᠦᠶᠯᠡ ᠦᠭᠡ ᠶᠢᠨ ᠬᠤᠪᠢᠷᠠᠯ ᠲᠠᠶ ᠬᠡᠯᠡ ᠭᠡᠵᠦ ᠥᠭᠡᠷ᠎ᠡ ᠪᠠᠶᠢᠬᠤ ᠦᠭᠡᠶ᠃ ᠠᠩᠭᠯᠢ ᠬᠡᠯᠡᠨ ᠦ 《eat》 ᠭᠡᠳᠡᠭ ᠦᠶᠯᠡ ᠦᠭᠡ 《eat, eats, ate, eating, eaten》 ᠲᠠᠪᠤᠨ ᠶᠠᠩᠵᠤ ᠠᠴᠠ ᠢᠯᠡᠭᠦᠦ ᠪᠡᠷ ᠬᠤᠪᠢᠷᠠᠵᠤ ᠳᠡᠶᠢᠯᠬᠦ ᠦᠭᠡᠶ᠃ ᠬᠠᠷᠢᠨ ᠮᠣᠩᠭᠤᠯ ᠬᠡᠯᠡᠨ ᠦ 《ᠢᠳᠡ》 ᠭᠡᠳᠡᠭ ᠢᠵᠠᠭᠤᠷ ᠲᠠᠶ ᠦᠶᠯᠡ ᠦᠭᠡ ᠮᠢᠨᠤ ᠲᠣᠭᠠᠯᠠᠭᠰᠠᠨ ᠢᠶᠠᠷ 1944 ᠶᠠᠩᠵᠤ ᠪᠠᠷ ᠬᠤᠪᠢᠷᠠᠵᠤ ᠴᠢᠳᠠᠨ᠎ᠠ᠃ ᠬᠠᠭᠤᠴᠢᠨ ᠧᠦᠷᠧᠶ ᠬᠡᠯᠡ᠂ ᠡᠰᠡᠪᠡᠯ ᠬᠠᠭᠤᠴᠢᠨ ᠭᠧᠷᠧᠭ ᠬᠡᠯᠡ ᠴᠦ ᠮᠢᠩᠭ᠎ᠠ ᠭᠠᠷᠤᠶ ᠶᠠᠩᠵᠤ ᠪᠠᠷ ᠬᠤᠪᠢᠷᠠᠵᠤ ᠴᠢᠳᠠᠳᠠᠭ᠃ ᠶᠡᠬᠡᠩᠬᠢ ᠨᠢ ᠭᠤᠷᠪᠠᠨ ᠪᠡᠶ᠎ᠡ ᠶᠢᠨ ᠬᠤᠪᠢᠷᠠᠯ ᠲᠠᠶ ᠪᠣᠯᠪᠠᠴᠤ ᠮᠣᠩᠭᠤᠯ ᠬᠡᠯᠡ ᠰᠢᠭ ᠲᠡᠶᠢᠮᠦ ᠣᠯᠠᠨ ᠶᠠᠩᠵᠤ ᠶᠢᠨ ᠤᠳᠬ᠎ᠠ ᠪᠠᠷ ᠬᠤᠪᠢᠷᠠᠳᠠᠭ ᠪᠢᠰᠢ᠃ ᠵᠢᠱᠢᠶᠡᠯᠡᠪᠡᠯ᠂ ᠮᠣᠩᠭᠤᠯ ᠬᠡᠯᠡ ᠪᠡᠷ 《ᠢᠳᠡᠭᠰᠡᠭᠡᠷ》᠂ 《ᠢᠳᠡᠭᠦᠯᠴᠢᠬᠡᠪᠡᠯ》᠂ 《ᠢᠳᠡᠭᠦᠯᠵᠡᠭᠡᠴᠢᠬᠡᠭᠰᠡᠨ ᠦᠭᠡᠶ ᠳᠡᠭᠡᠨ》 ᠮᠡᠲᠦ ᠶᠢᠨ ᠦᠭᠡ ᠶᠢ ᠳᠠᠩ ᠢᠶᠠᠷ ᠨᠢ ᠪᠤᠰᠤᠳ ᠬᠡᠯᠡᠨ ᠳᠦ ᠣᠷᠴᠢᠭᠤᠯᠵᠤ ᠴᠢᠳᠠᠬᠤ ᠦᠭᠡᠶ᠃ ᠡᠨᠡ ᠨᠢ ᠮᠣᠩᠭᠤᠯᠴᠤᠳ ᠶᠠᠭᠤᠮᠠᠰ ᠤᠨ ᠬᠥᠳᠡᠯᠭᠡᠭᠡᠨ ᠢ ᠨᠠᠷᠢᠪᠴᠢᠯᠠᠨ ᠠᠵᠢᠭᠯᠠᠳᠠᠭ ᠢ ᠬᠠᠷᠠᠭᠤᠯᠵᠤ ᠪᠠᠶᠢᠨ᠎ᠠ᠃ ᠡᠨᠡ ᠪᠣᠯ ᠨᠡᠭᠦᠳᠡᠯ ᠰᠣᠶᠤᠯ ᠲᠠᠶ ᠬᠣᠯᠪᠤᠭ᠎ᠠ ᠲᠠᠶ ᠭᠡᠵᠦ ᠪᠢ ᠦᠵᠡᠵᠦ ᠪᠠᠶᠢᠨ᠎ᠠ᠃

4᠂ ᠰᠢᠯᠦᠭ ᠦᠨ ᠬᠡᠪ ᠨᠠᠮᠪᠠ ᠪᠠᠶᠠᠯᠢᠭ᠃ ᠰᠣᠯᠤᠩᠭᠤᠰ᠂ ᠶᠠᠫᠣᠨ ᠬᠡᠯᠡᠨ ᠦ ᠳᠠᠭᠠᠪᠤᠷᠢ ᠨᠢ ᠮᠣᠩᠭᠤᠯ ᠬᠡᠯᠡᠨ ᠦ ᠳᠠᠭᠠᠪᠤᠷᠢ ᠠᠴᠠ ᠢᠯᠡᠭᠦᠦ ᠳᠠᠩ ᠴᠤᠯᠭᠤᠶ ᠤᠴᠢᠷ ᠠᠴᠠ ᠰᠢᠯᠦᠭ ᠪᠢᠴᠢᠬᠦ ᠳᠦ ᠠᠷᠠᠶ ᠪᠡᠷᠬᠡ ᠲᠡᠶ᠃ ᠬᠠᠷᠢᠨ ᠮᠣᠩᠭᠤᠯ ᠬᠡᠯᠡᠨ ᠦ ᠦᠶᠯᠡ ᠦᠭᠡ ᠶᠢᠨ ᠥᠩᠭᠡᠷᠡᠭᠰᠡᠨ ᠴᠠᠭ ᠤᠨ ᠳᠠᠭᠠᠪᠤᠷᠢ ᠨᠢ 《‍ᠭᠰᠠᠨ (‍ᠭ᠋ᠰᠡᠨ)᠂ ‍ᠯ᠎ᠠ᠂‍ᠪᠠ᠂ ‍ᠳᠠᠭ (‍ᠳᠡᠭ)᠂ ‍ᠵᠠᠶ (‍ᠴᠠᠶ) 》᠂ ᠢᠷᠡᠭᠡᠳᠦᠶ ᠴᠠᠭ ᠢ ᠢᠯᠡᠳᠭᠡᠭᠰᠡᠨ ᠳᠠᠭᠠᠪᠤᠷᠢ 《‍ᠨ᠎ᠠ᠂ ‍ᠮᠤᠶ᠂ ‍ᠨᠠᠮ᠂ ‍ᠶᠤ᠂ ‍ᠮᠤ》 ᠵᠡᠷᠭᠡ ᠣᠯᠠᠨ ᠶᠠᠩᠵᠤ ᠪᠠᠷ ᠢᠯᠡᠳᠬᠡᠵᠦ ᠮᠠᠰᠢ ᠪᠠᠶᠠᠯᠢᠭ ᠪᠠᠶᠢᠳᠠᠭ ᠪᠣᠯ ᠰᠣᠯᠤᠩᠭᠤᠰ᠂ ᠶᠠᠫᠣᠨ ᠬᠡᠯᠡᠨ ᠳᠦ ᠥᠩᠭᠡᠷᠡᠭᠰᠡᠨ ᠴᠠᠭ ᠢ 《‍ᠳᠠ》 ᠪᠠᠷ ᠯᠠ ᠢᠯᠡᠳᠭᠡᠳᠡᠭ᠃ ᠮᠣᠩᠭᠤᠯ ᠬᠡᠯᠡᠨ ᠦ ᠣᠯᠠᠨ ᠨᠡᠷᠡᠲᠡᠶ ᠰᠢᠯᠦᠭ ᠨᠢ ᠲᠣᠯᠤᠭᠠᠶ ᠬᠣᠯᠪᠤᠵᠤ᠂ ᠰᠡᠭᠦᠯ ᠳᠠᠷᠤᠬᠤ ᠶᠢ ᠵᠡᠷᠭᠡ ᠳᠦᠨᠢ ᠠᠰᠢᠭᠯᠠᠳᠠᠭ᠃

ᠡᠶᠢᠮᠦ ᠪᠠᠶᠠᠯᠢᠭ ᠬᠡᠯᠡ ᠥᠪᠦᠷ ᠮᠣᠩᠭᠤᠯᠴᠤᠳ ᠤᠨ ᠳᠤᠮᠳᠠ ᠪᠠᠭᠤᠷᠠᠯᠲᠠ ᠶᠢᠨ ᠦᠵᠡᠭᠳᠡᠯ ᠲᠡᠶ ᠪᠠᠶᠢᠭ᠎ᠠ ᠨᠢ ᠬᠠᠷᠠᠮᠰᠠᠯᠲᠠᠶ᠃ ᠡᠨᠡ ᠨᠢ ᠵᠥᠪᠬᠡᠨ ᠮᠣᠩᠭᠤᠯᠴᠤᠳ ᠪᠤᠰᠤ ᠬᠠᠷᠢᠨ ᠬᠠᠮᠤᠭ ᠬᠦᠮᠦᠨ ᠲᠥᠷᠦᠯᠬᠢᠲᠡᠨ ᠦ ᠠᠯᠳᠠᠭᠳᠠᠯ ᠪᠣᠯᠤᠨ᠎ᠠ᠃

ᠠᠮᠧᠷᠢᠻᠠ ᠶᠢᠨ ᠨᠡᠷᠡᠲᠦ 《ᠸᠠᠱᠢᠩᠲ᠋ᠣᠨ ᠫᠣᠰᠲ》 ᠭᠡᠳᠡᠭ ᠰᠣᠨᠢᠨ 1000 ᠣᠨ ᠠᠴᠠ 2000 ᠣᠨ ᠬᠦᠷᠲᠡᠯᠡᠬᠢ ᠮᠢᠩᠭᠠᠨ ᠵᠢᠯ ᠦᠨ ᠲᠤᠷᠰᠢ ᠳᠡᠯᠡᠬᠡᠶ ᠳᠠᠬᠢᠨ ᠳᠤ ᠬᠠᠮᠤᠭ ᠤᠨ ᠶᠡᠬᠡ ᠨᠥᠯᠦᠭᠡ ᠦᠵᠡᠭᠦᠯᠦᠭᠰᠡᠨ ᠬᠦᠮᠦᠨ ᠢᠶᠡᠷ 《ᠴᠢᠩᠭᠢᠰ ᠬᠠᠭᠠᠨ》 ᠢ ᠰᠣᠩᠭᠤᠪᠠ᠃ ᠬᠡᠷᠪᠡ ᠮᠣᠩᠭᠤᠯ ᠬᠡᠯᠡ ᠤᠰᠠᠳᠬᠤ ᠶᠤᠮ ᠪᠣᠯ ᠬᠡᠨ ᠨᠢ ᠲᠡᠭᠦᠨ ᠦ ᠶᠠᠪᠤᠭᠰᠠᠨ ᠤᠯᠠ ᠮᠥᠷ ᠢ ᠭᠦᠨᠵᠡᠭᠡᠶ ᠰᠤᠳᠤᠯᠵᠤ ᠴᠢᠳᠠᠬᠤ ᠶᠤᠮ ᠪᠤᠶ᠃

ᠮᠣᠩᠭᠤᠯᠴᠤᠳ ᠤᠨ ᠬᠡᠯᠡ ᠡᠭᠦᠷᠢᠳᠡ ᠮᠥᠩᠭᠡᠳᠡ ᠬᠦᠮᠦᠨ ᠲᠥᠷᠦᠯᠬᠢᠲᠡᠨ ᠦ ᠪᠠᠬᠠᠷᠬᠠᠯ ᠪᠣᠯᠬᠤ ᠪᠣᠯᠲᠤᠭᠠᠶ⁉

No comments:

Post a Comment