Монгол бичгээ хэрэглэцгээе! Chrome, Internet Explorer, Safari хөтчөөр үзнэ үү!

Чойжилын Чимид. Би монгол хүн

2015-06-15

ᠪᠢ ᠮᠣᠩᠭᠤᠯ ᠬᠦᠮᠦᠨ



ᠴᠣᠶᠢᠵᠠᠯ ᠤᠨ ᠴᠢᠮᠢᠳ



ᠠᠷᠭᠠᠯ  ᠦᠨ ᠣᠲᠤᠭ᠎ᠠ ᠪᠤᠷᠭᠢᠯᠠᠭᠰᠠᠨ
ᠮᠠᠯᠴᠢᠨ ᠦ ᠭᠡᠷ ᠲᠦ ᠲᠦᠷᠦᠭᠰᠡᠨ ᠪᠢ
ᠠᠲᠠᠷ ᠬᠡᠭᠡᠷ᠎ᠡ ᠨᠣᠲᠣᠭ ᠢᠶᠠᠨ
ᠦᠯᠦᠭᠡᠢ ᠮᠢᠨᠢ ᠭᠡᠵᠦ ᠪᠣᠳᠣᠳᠠᠭ᠃
ᠴᠡᠩᠬᠡᠷ ᠮᠠᠨᠠᠨ ᠰᠤᠭᠤᠨᠠᠭᠯᠠᠭᠰᠠᠨ
ᠠᠯᠤᠰ ᠦᠨ ᠪᠠᠷ᠎ᠠ  ᠢᠢ ᠰᠢᠷᠲᠡᠭᠡᠳ᠂
ᠴᠡᠯᠭᠡᠷ ᠰᠠᠢᠢᠬᠠᠨ ᠨᠣᠲᠣᠭ ᠢᠶᠠᠨ
ᠰᠡᠳᠬᠢᠯ ᠪᠠᠬᠠᠳᠤᠨ ᠬᠠᠷᠠᠬᠤ  ᠳᠦ᠂
ᠦᠯᠢᠶᠡᠵᠦ ᠪᠠᠢᠢᠭ᠎ᠠ ᠰᠠᠯᠬᠢ ᠨᠢ
ᠦᠨᠦᠰᠦᠭᠡᠳ ᠴᠦ ᠪᠠᠢᠢᠭ᠎ᠠ ᠶᠤᠮ ᠰᠢᠭ᠂
ᠦᠷᠦᠰᠢᠶᠡᠯᠲᠦ ᠡᠵᠢ ᠢᠨ ᠮᠢᠨᠢ ᠭᠠᠷ
ᠢᠯᠢᠭᠡᠳ ᠴᠦ ᠪᠠᠢᠢᠭ᠎ᠠ ᠶᠤᠮ ᠰᠢᠭ᠂
ᠡᠨᠡᠷᠢᠩᠭᠦᠢ ᠰᠠᠢᠢᠬᠠᠨ ᠰᠠᠨᠠᠭᠳᠠᠬᠤ  ᠳᠦ
ᠡᠯᠢᠭᠡ ᠵᠢᠷᠦᠭᠡ ᠮᠢᠨᠢ ᠳᠤᠭᠳᠤᠯᠵᠦ᠂
ᠬᠤᠤᠰ ᠦᠭᠡᠢ ᠪᠠᠶᠠᠷ  ᠦᠨ ᠨᠢᠯᠪᠤᠰᠤ
ᠬᠤᠶᠠᠷ ᠨᠢᠳᠤ  ᠢᠢ ᠮᠢᠨᠢ ᠪᠦᠷᠬᠦᠳᠡᠭ᠂
ᠦᠷᠭᠡᠨ ᠰᠠᠢᠢᠬᠠᠨ ᠨᠤᠲᠤᠭ  ᠤᠨ ᠢᠶᠠᠨ
ᠡᠪᠴᠢᠭᠦᠦ ᠳᠡᠭᠡᠷ᠎ᠡ ᠨᠢ ᠲᠦᠷᠦᠭᠡᠳ᠂
ᠦᠨᠢᠷ ᠠᠭᠤᠳᠠᠮ ᠲᠠᠯ᠎ᠠ ᠢᠨ ᠢᠶᠠᠨ
ᠦᠩᠬᠡᠲᠦ ᠠᠮᠢᠳᠤᠷᠠᠯ ᠤᠨ ᠲᠦᠯᠦᠭᠡ
ᠠᠮᠢ ᠪᠡᠶ᠎ᠡ ᠪᠡᠨ ᠵᠤᠷᠢᠭᠤᠯᠳᠠᠭ
ᠠᠷᠢᠭᠤᠨ ᠨᠠᠨᠳᠢᠨ ᠵᠠᠩᠰᠢᠯ ᠲᠠᠢ
ᠡᠪᠦᠭᠡᠳ ᠬᠦᠭ᠍ᠰᠢᠳ ᠳᠡᠭᠡᠳᠦᠰ ᠦᠨ ᠮᠢᠨᠢ
ᠦᠷ᠎ᠡ ᠪᠡᠨ ᠭᠡᠵᠦ ᠨᠠᠢᠢᠳᠠᠭᠠᠳ᠂
ᠦᠯᠡᠳᠡᠭᠡᠵᠦ ᠨᠠᠳᠤᠷ ᠦᠭ᠍ᠭᠦᠭ᠍ᠰᠡᠨ
ᠦᠨᠢᠷ ᠮᠣᠩᠭᠤᠯ ᠤᠷᠤᠨ ᠤ ᠨᠠᠷᠠ ᠨᠢ ᠨᠠᠮᠠᠢᠢ ᠭᠡᠢᠢᠭᠦᠯᠵᠦ᠂
ᠨᠠᠷᠢᠨ ᠰᠠᠯᠬᠢ ᠨᠢ ᠦᠯᠢᠶᠡᠵᠦ᠂
ᠨᠠᠢᠢᠷᠲᠠᠢ ᠰᠠᠢᠢᠬᠠᠨ ᠤᠷᠤᠨ ᠮᠢᠨᠢ
ᠨᠠᠳᠠ ᠲᠠᠢ ᠬᠤᠪᠢ ᠨᠢᠭᠡ ᠪᠠᠶᠢᠳᠠᠭ  ᠲᠤᠯᠠ
ᠤᠨᠠᠭᠰᠠᠨ ᠡᠨᠡ ᠨᠤᠲᠤᠭ ᠢᠶᠠᠨ ᠪᠢ
ᠦᠪᠡᠷ᠎ ᠦᠨ ᠪᠡᠶ᠎ᠡ ᠰᠢᠭ᠌ ᠬᠠᠢᠢᠷᠠᠯᠠᠵᠥ᠂
ᠣᠬᠢᠶᠠᠭᠰᠠᠨ ᠲᠤᠩᠭᠠᠯᠠᠭ ᠮᠦᠷᠡᠨ ᠢᠶᠡᠨ ᠪᠢ
᠌᠌ᠡᠬᠡ ᠢᠨ ᠰᠦᠨ ᠰᠢᠭ᠋ ᠰᠠᠨᠠᠳᠠᠭ᠂
ᠡᠨᠡ ᠨᠤᠲᠤᠭ ᠲᠠᠭᠠᠨ ᠪᠢ ᠡᠵᠡᠨ ᠨᠢ᠂
ᠡᠩᠬᠦᠷᠡᠢᠢᠯᠡᠯ ᠳᠦᠨᠢ ᠦᠰᠦᠭᠰᠡᠨ ᠬᠦᠦ ᠨᠢ ᠶᠤᠮ᠂
ᠢᠷᠡᠭᠡᠳᠦᠢ  ᠢᠢ ᠨᠢ ᠲᠦᠮᠡᠨ ᠲᠡᠶᠢᠭᠡᠨ ᠪᠤᠰᠬᠠᠯᠴᠠᠬᠤ
ᠶᠡᠬᠡ ᠡᠭᠦᠷᠭᠡ ᠬᠦᠯᠢᠶᠡᠭᠰᠡᠨ ᠶᠤᠮ᠂
ᠬᠡᠷᠪᠡ ᠬᠦᠮᠦᠨ ᠡᠬᠡ ᠤᠷᠤᠨ ᠢᠶᠠᠨ
ᠬᠠᠮᠤᠭ ᠡᠴᠡ ᠦᠨᠡᠲᠡᠢ ᠭᠡᠳᠡᠭ ᠪᠤᠯ᠂
ᠬᠡᠭᠡᠷ᠎ᠡ ᠲᠠᠯ᠎ᠠ ᠨᠤᠲᠤᠭ ᠢᠶᠠᠨ ᠶᠠᠭᠤᠨ ᠡᠴᠡ ᠴᠥ ᠢᠯᠡᠭᠦᠦ ᠰᠠᠨᠠᠳᠠᠭ ᠪᠤᠯ᠂
ᠠᠵᠢᠯᠯᠠᠬᠤ ᠬᠦᠳᠡᠯᠬᠦ ᠪᠦᠷᠢ ᠳᠡᠭᠡᠨ
ᠠᠷᠠᠳ ᠲᠦᠮᠡᠨ ᠦ ᠪᠡᠨ ᠲᠦᠯᠦᠭᠡ
ᠠᠯᠬᠤᠬᠤ ᠭᠢᠰᠬᠢᠬᠦ ᠪᠤᠯᠭᠠᠨ ᠳᠠᠭᠠᠨ
ᠠᠭᠤᠦ ᠤᠷᠤᠨ ᠦ ᠪᠠᠨ ᠲᠦᠯᠦᠭᠡ ᠪᠤᠯ᠂
ᠠᠯᠲᠠᠨ ᠰᠢᠷᠥᠢ ᠤᠷᠤᠭᠤ ᠪᠠᠨ ᠳᠠᠭᠠᠷᠢᠭᠰᠠᠨ
ᠠᠲᠠᠭᠠᠲᠠᠨ ᠦ ᠬᠤᠤᠷᠠᠲᠤ ᠰᠤᠮᠤ  ᠢᠢ
ᠠᠶᠥᠰᠢ ᠰᠢᠭ᠋ ᠴᠡᠭᠡᠵᠢ ᠪᠡᠷ ᠢᠶᠡᠨ ᠲᠠᠭᠯᠠᠵᠥ᠂
ᠠᠮᠢ ᠪᠠᠨ ᠦᠭ᠍ᠬᠦ ᠡᠴᠡ ᠪᠤᠴᠠᠬᠤ ᠦᠭᠡᠢ ᠪᠤᠯ᠂
ᠡᠨᠡ ᠬᠦᠮᠦᠨ ᠮᠣᠩᠭᠤᠯ ᠬᠦᠮᠦᠨ᠂
ᠡᠬᠡ ᠤᠷᠤᠨ ᠳᠠᠭᠠᠨ ᠬᠠᠢᠢᠷᠠᠲᠠᠢ ᠬᠦᠮᠦᠨ᠂
ᠡᠨᠡ ᠬᠠᠢᠢᠷ᠎ᠠ ᠨᠢ ᠮᠣᠩ᠌ᠭᠣᠯᠴᠤᠳ ᠲᠤ
ᠡᠷᠲᠡᠨ ᠡᠴᠡ ᠬᠡᠪᠰᠢᠭᠰᠡᠨ ᠬᠠᠢᠢᠷ᠎ᠠ ᠪᠢᠯᠡ᠂
ᠪᠢ ᠮᠣᠩᠭᠤᠯ ᠬᠦᠮᠦᠨ ᠪᠤᠯᠬᠤᠷ ᠢᠶᠠᠨ
ᠪᠢᠨᠳᠦᠷᠢᠶ᠎᠎ᠠ ᠨᠤᠲᠤᠭ ᠦᠨ ᠢᠶᠠᠨ ᠲᠦᠯᠦᠭᠡ
ᠪᠡᠶ᠎ᠡ ᠠᠮᠢ ᠪᠦᠬᠦ ᠨᠠᠰᠦ ᠪᠠᠨ᠂
ᠠᠪᠴᠥ ᠪᠠᠢᠢᠭ᠎ᠠ ᠠᠮᠢᠰᠬᠤᠯ ᠢᠶᠠᠨ᠂
ᠤᠷᠭᠢᠯᠠᠵᠥ ᠪᠠᠢᠢᠭ᠎ᠠ ᠵᠤᠷᠢᠭ ᠢᠶᠠᠨ᠂
ᠠᠯᠢᠨ ᠢ ᠨᠢ ᠴᠥ ᠬᠠᠢᠢᠷᠠᠯᠠᠯ ᠦᠭᠡᠢ ᠵᠤᠷᠢᠭᠤᠯᠳᠠᠭ᠂
ᠲᠦᠷᠦᠯᠬᠢ ᠤᠲᠤᠭ ᠢᠶᠠᠨ ᠭᠡᠢᠢᠭᠦᠯᠦᠭᠰᠡᠨ
ᠨᠠᠷᠠᠨ ᠦ ᠲᠤᠶᠠᠭᠠᠨ ᠳᠤ ᠬᠠᠢᠢᠷᠠᠲᠠᠢ ᠪᠢ᠂
ᠲᠦᠪᠰᠢᠨ ᠲᠠᠯ᠎ᠠ ᠳ᠋ᠠᠭᠠᠨ ᠴᠤᠤᠷᠢᠶᠠᠲᠤᠭᠰᠠᠨ
ᠡᠭᠡᠰᠢᠭᠲᠦ ᠳᠠᠭᠤᠨ ᠳ᠋ᠤ ᠳᠤᠷᠠᠲᠠᠢ ᠪᠢ᠂
ᠬᠠᠨᠠᠭᠠᠷ ᠴᠢᠯᠦᠭᠡᠲᠦ ᠨᠤᠲᠤᠭ ᠢᠶᠠᠨ
ᠬᠠᠷᠠᠬᠤ ᠲᠤᠰᠤᠮ ᠪᠠᠶᠠᠰᠴᠥ ᠪᠠᠢᠢᠨ᠎ᠠ᠂
ᠬᠠᠯᠠᠭᠤᠨ ᠠᠮᠢ ᠪᠠᠨ ᠬᠠᠢᠢᠷᠠᠯᠠᠬᠤ ᠦᠭᠡᠢ
ᠵᠢᠳᠬᠦᠬᠦ ᠵᠤᠷᠢᠭ ᠨᠡᠮᠡᠭᠳᠡᠵᠥ ᠪᠠᠢᠢᠨ᠎ᠠ᠂
ᠤᠩᠭᠢᠷᠠᠵᠥ ᠬᠦᠭᠡᠷᠦᠭᠰᠡᠨ ᠰᠡᠳᠬᠢᠯ  ᠡᠴᠡ ᠪᠢᠰᠢ᠂
ᠤᠷᠭᠢᠯᠠᠭᠰᠠᠨ ᠪᠠᠶᠠᠷᠲᠦ ᠰᠡᠳᠬᠢᠯ ᠢᠶᠡᠨ
ᠤᠷᠴᠢᠯᠠᠩ ᠳᠡᠯᠡᠭᠡᠢ ᠢᠨ ᠡᠮᠦᠨ᠎ᠠ
ᠤᠳᠤ ᠳᠠᠬᠢᠭᠠᠳ ᠳᠠᠪᠲᠠᠬᠤ ᠶᠤᠮ ᠪᠤᠯ
ᠪᠢ ᠮᠣᠩᠭᠤᠯ ᠬᠦᠮᠦᠨ ᠪᠤᠯᠬᠤ ᠪᠠᠷ ᠢᠶᠠᠨ
ᠨᠠᠷᠠᠯᠢᠭ ᠮᠣᠩᠭᠤᠯ ᠨᠤᠲᠤᠭ ᠦᠨ ᠢᠶᠠᠨ
ᠨᠠᠢᠢᠳᠠᠪᠦᠷᠢᠲᠦ ᠬᠦᠭ᠍ᠵᠢᠯ ᠦᠨ ᠲᠦᠯᠦᠭᠡ
ᠨᠠᠰᠦ ᠪᠠᠨ ᠵᠤᠷᠢᠭᠤᠯᠤᠭᠰᠠᠨ ᠤᠯᠤᠰ ᠢᠶᠠᠨ
ᠠᠨᠳᠠ ᠨᠦᠬᠦᠳ ᠲᠡᠶᠢᠭᠡᠨ
ᠠᠯᠠᠭ ᠪᠢᠷᠠᠭᠤ ᠰᠢᠭ ᠨᠤᠮᠤᠬᠠᠨ ᠪᠠᠢᠢᠨ᠎ᠠ ᠭᠡᠵᠦ᠂
ᠠᠯᠠᠯᠳᠤᠬᠤ ᠳᠠᠢᠢᠰᠤᠨ ᠤᠴᠠᠷᠠᠪᠠᠯ
ᠠᠷᠰᠯᠠᠨ ᠪᠠᠷᠰ ᠰᠢᠭ ᠳᠣᠭᠰᠢᠨ ᠪᠠᠢᠢᠨ᠎ᠠ ᠭᠡᠵᠦ᠂
ᠵᠦᠪᠬᠡᠨ ᠦᠭᠡ ᠬᠡᠯᠡ ᠪᠡᠷ ᠢᠶᠡᠨ ᠵᠤᠭᠰᠤᠬᠤ ᠦᠭᠡᠢ᠂
ᠵᠢᠷᠦᠭᠡ ᠰᠡᠳᠬᠢᠯ ᠢᠶᠡᠷ ᠢᠶᠡᠨ ᠮᠤᠩᠭᠤᠯᠵᠢᠭᠰᠠᠨ
ᠵᠦᠭ ᠵᠦᠭ ᠦᠨ ᠠᠬ᠎ᠠ ᠳᠡᠭᠦᠦ ᠨᠠᠷ ᠦᠨ ᠡᠮᠦᠨ᠎ᠡ ᠡᠴᠡ
ᠵᠦᠭᠯᠡᠵᠦ ᠬᠡᠯᠡᠬᠦ ᠳ᠋ᠦ ᠪᠡᠯᠡᠨ ᠪᠠᠢᠢᠨ᠎ᠠ

No comments:

Post a Comment