Монгол бичгээ хэрэглэцгээе! Chrome, Internet Explorer, Safari хөтчөөр үзнэ үү!

Элстэй хотод монгол цэцэрлэг байгуулна

2015-09-23

ᠡᠯᠡᠰᠦᠲᠡᠶ ᠬᠣᠲᠠ ᠳᠤ ᠮᠣᠩᠭᠤᠯ ᠴᠡᠴᠡᠷᠯᠢᠭ ᠪᠠᠶᠢᠭᠤᠯᠤᠨ᠎ᠠEagle.mn | 2015 ᠣᠨ ᠤ 9 ᠳᠦᠭᠡᠷ ᠰᠠᠷ᠎ᠠ ᠶᠢᠨ 23



ᠣᠷᠤᠰ ᠤᠨ ᠬᠣᠯᠪᠤᠭᠠᠨ ᠤ ᠤᠯᠤᠰ ᠤᠨ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠤᠨ ᠨᠡᠶᠢᠰᠯᠡᠯ ᠡᠯᠡᠰᠦᠲᠡᠶ ᠬᠣᠲᠠ ᠶᠢᠨ ᠬᠤᠷᠠᠯ ᠤᠨ ᠲᠥᠯᠦᠭᠡᠯᠡᠭᠴᠢᠳ ᠡᠨᠡ ᠰᠠᠷ᠎ᠠ ᠶᠢᠨ 22 ᠠᠴᠠ 25 ᠤ ᠡᠳᠦᠷ ᠦᠳ ᠲᠦ ᠤᠯᠠᠭᠠᠨᠪᠠᠭᠠᠲᠤᠷ ᠬᠣᠲᠠ ᠳᠤ ᠠᠶᠢᠯᠴᠢᠯᠠᠵᠤ ᠪᠠᠶᠢᠨ᠎ᠠ᠃ ᠡᠨᠡ ᠬᠦᠷᠢᠶᠡᠨ ᠳᠦ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ ᠳ᠂ ᠪᠠᠲᠤᠲᠤᠯᠭ᠎ᠠ ᠲᠤᠰ ᠬᠣᠲᠠ ᠶᠢᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ᠂ ᠵᠠᠰᠠᠭ ᠳᠠᠷᠤᠭ᠎ᠠ ᠨᠠᠮᠷᠦ᠋ᠶᠧᠸ ᠸᠢᠶᠠᠴᠧᠰᠯᠠᠸ ᠬᠣᠽᠢᠻᠣᠸᠢᠴ ᠲᠡᠷᠢᠭᠦᠲᠡᠶ ᠲᠥᠯᠦᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃ ᠠᠭᠤᠯᠵᠠᠯᠲᠠ ᠪᠠᠷ ᠬᠣᠶᠠᠷ ᠬᠣᠲᠠ ᠶᠢᠨ ᠬᠠᠮᠲᠤ ᠶᠢᠨ ᠠᠵᠢᠯᠯᠠᠭ᠎ᠠ᠂ ᠴᠠᠭᠠᠰᠢᠳᠠ ᠶᠢᠨ ᠬᠥᠭᠵᠢᠯ ᠦᠨ ᠲᠠᠯ᠎ᠠ ᠪᠠᠷ ᠰᠠᠨᠠᠯ ᠰᠣᠯᠢᠯᠴᠠᠪᠠ᠃

ᠠᠭᠤᠯᠵᠠᠯᠲᠠ ᠶᠢᠨ ᠡᠬᠢᠨ ᠳᠦ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ ᠳ᠂ ᠪᠠᠲᠤᠲᠤᠯᠭ᠎ᠠ 《ᠶᠠᠭᠤᠨ ᠤ ᠡᠮᠦᠨ᠎ᠡ ᠤᠯᠠᠭᠠᠨᠪᠠᠭᠠᠲᠤᠷ ᠬᠣᠲᠠ ᠳᠤ ᠠᠶᠢᠯᠴᠢᠯᠠᠵᠤ ᠪᠠᠶᠢᠭ᠎ᠠ ᠳᠤ ᠪᠠᠶᠠᠷᠲᠠᠶ ᠪᠠᠶᠢᠨ᠎ᠠ᠃ ᠤᠯᠠᠭᠠᠨᠪᠠᠭᠠᠲᠤᠷ᠂ ᠡᠯᠡᠰᠦᠲᠡᠶ ᠬᠣᠲᠠ ᠬᠣᠭᠤᠷᠤᠨᠳᠤ ᠶᠢᠨ ᠬᠠᠮᠲᠤ ᠶᠢᠨ ᠠᠵᠢᠯᠯᠠᠭ᠎ᠠ 2008 ᠣᠨ ᠳᠤ ᠡᠬᠢᠯᠡᠭᠰᠡᠨ᠃ ᠬᠣᠶᠠᠷ ᠬᠣᠲᠠ ᠶᠢᠨ ᠬᠠᠷᠢᠯᠴᠠᠭ᠎ᠠ ᠶᠢ ᠤᠯᠠᠮ ᠪᠡᠬᠢᠵᠢᠭᠦᠯᠬᠦ ᠵᠣᠷᠢᠯᠭ᠎ᠠ ᠪᠠᠷ ᠡᠨᠡ ᠣᠨ ᠤ ᠲᠠᠪᠤᠳᠤᠭᠠᠷ ᠰᠠᠷ᠎ᠠ ᠳᠤ ᠪᠣᠯᠤᠭᠰᠠᠨ ᠢᠯᠠᠯᠲᠠ ᠶᠢᠨ 75 ᠵᠢᠯ ᠦᠨ ᠣᠶ ᠶᠢᠨ ᠦᠶ᠎ᠡ ᠪᠡᠷ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠥᠯᠦᠭᠡᠯᠡᠭᠴᠢᠳ ᠡᠯᠡᠰᠦᠲᠡᠶ ᠬᠣᠲᠠ ᠳᠤ ᠠᠯᠪᠠᠨ ᠶᠣᠰᠤᠨ ᠤ ᠠᠶᠢᠯᠴᠢᠯᠠᠯ ᠬᠢᠵᠦ᠂ ᠬᠠᠮᠲᠤ ᠶᠢᠨ ᠠᠵᠢᠯᠯᠠᠭᠠᠨ ᠤ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠭᠰᠠᠨ᠃ ᠬᠠᠯᠢᠮᠠᠭ ᠤᠨ ᠢᠷᠭᠡᠳ ᠮᠣᠩᠭᠤᠯ ᠤᠯᠤᠰ ᠲᠤ ᠢᠷᠡᠬᠦ ᠶᠢ ᠮᠠᠰᠢ ᠶᠡᠬᠡ ᠬᠦᠰᠡᠳᠡᠭ ᠴᠦ ᠨᠢᠰᠦᠯᠭᠡ᠂ ᠲᠡᠭᠡᠭᠡᠪᠦᠷᠢ ᠶᠢᠨ ᠠᠰᠠᠭᠤᠳᠠᠯ ᠠᠴᠠ ᠪᠣᠯᠵᠤ ᠢᠷᠡᠵᠦ ᠴᠢᠳᠠᠳᠠᠭ ᠦᠭᠡᠶ ᠭᠡᠳᠡᠭ ᠢ ᠬᠡᠯᠡᠵᠦ ᠪᠠᠶᠢᠭᠰᠠᠨ᠃ ᠲᠡᠶᠢᠮᠦ ᠡᠴᠡ ᠤᠯᠠᠭᠠᠨᠪᠠᠭᠠᠲᠤᠷ᠂ ᠡᠯᠡᠰᠦᠲᠡᠶ ᠬᠣᠲᠠ ᠨᠤᠭᠤᠳ ᠤᠨ ᠬᠣᠭᠤᠷᠤᠨᠳᠤ ᠰᠢᠭᠤᠳ ᠨᠢᠰᠦᠯᠭᠡ ᠬᠢᠬᠦ ᠬᠦᠰᠡᠯ ᠲᠡᠶ ᠪᠠᠶᠢᠳᠠᠭ ᠢᠶᠠᠨ ᠢᠯᠡᠷᠬᠡᠶᠢᠯᠡᠵᠦ ᠪᠠᠶᠢᠭᠰᠠᠨ ᠶᠤᠮ》 ᠭᠡᠯ᠎ᠡ᠃

ᠡᠯᠡᠰᠦᠲᠡᠶ ᠬᠣᠲᠠ ᠶᠢᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ᠂ ᠵᠠᠰᠠᠭ ᠳᠠᠷᠤᠭ᠎ᠠ ᠨᠠᠮᠷᠦ᠋ᠶᠧᠸ ᠸᠢᠶᠠᠴᠧᠰᠯᠠᠸ ᠬᠣᠽᠢᠻᠣᠸᠢᠴ 《ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠥᠯᠦᠭᠡᠯᠡᠭᠴᠢᠳ ᠡᠯᠡᠰᠦᠲᠡᠶ ᠬᠣᠲᠠ ᠳᠤ ᠠᠶᠢᠯᠴᠢᠯᠠᠬᠤ ᠦᠶ᠎ᠡ ᠪᠡᠷ ᠮᠠᠨᠠᠶ ᠬᠣᠲᠠ ᠳᠤ ᠮᠣᠩᠭᠤᠯ ᠴᠡᠴᠡᠷᠯᠢᠭ ᠪᠠᠷᠢᠬᠤ ᠠᠰᠠᠭᠤᠳᠠᠯ ᠢ ᠶᠠᠷᠢᠭᠰᠠᠨ᠃ ᠪᠢᠳᠡ ᠬᠠᠮᠲᠤᠷᠠᠨ ᠬᠠᠯᠢᠮᠠᠭ ᠤᠨ ᠬᠡᠦᠬᠡᠳ ᠦᠳ ᠦᠨ ᠲᠥᠯᠦᠭᠡ ᠮᠠᠰᠢ ᠲᠣᠮᠤ ᠬᠥᠷᠦᠩᠭᠡ ᠣᠷᠤᠭᠤᠯᠤᠯᠲᠠ ᠬᠢᠬᠦ ᠭᠡᠵᠦ ᠪᠠᠶᠢᠨ᠎ᠠ᠃ ᠲᠤᠰ ᠴᠡᠴᠡᠷᠯᠢᠭ ᠦᠨ ᠵᠢᠷᠤᠭ ᠲᠥᠰᠦᠯ ᠢ ᠭᠠᠷᠭᠠᠴᠢᠬᠠᠭᠰᠠᠨ ᠪᠠᠶᠢᠭ᠎ᠠ᠃ ᠡᠨᠡᠬᠦ ᠮᠣᠩᠭᠤᠯ ᠴᠡᠴᠡᠷᠯᠢᠭ ᠢ ᠪᠠᠷᠢᠭᠰᠠᠨ ᠢᠶᠠᠷ ᠬᠠᠯᠢᠮᠠᠭ ᠬᠡᠦᠬᠡᠳ ᠦᠳ ᠲᠦ ᠮᠣᠩᠭᠤᠯ ᠬᠡᠯᠡ ᠵᠢᠭᠠᠵᠤ᠂ ᠲᠡᠦᠬᠡ᠂ ᠰᠣᠶᠤᠯ ᠢ ᠲᠠᠨᠢᠨ ᠮᠡᠳᠡᠭᠦᠯᠵᠦ᠂ ᠬᠡᠦᠬᠡᠳ ᠦᠳ ᠢ ᠪᠠᠭ᠎ᠠ ᠠᠴᠠ ᠨᠢ ᠰᠢᠲᠠᠷ᠎ᠠ ᠲᠣᠭᠯᠠᠵᠤ ᠰᠤᠷᠭᠠᠬᠤ ᠶᠤᠮ᠃ ᠮᠥᠨ ᠡᠯᠡᠰᠦᠲᠡᠶ ᠬᠣᠲᠠ ᠳᠤ ᠤᠯᠠᠭᠠᠨᠪᠠᠭᠠᠲᠤᠷ ᠤᠨ ᠭᠤᠳᠤᠮᠵᠢ ᠶᠢ᠂ ᠤᠯᠠᠭᠠᠨᠪᠠᠭᠠᠲᠤᠷ ᠬᠣᠲᠠ ᠳᠤ ᠡᠯᠡᠰᠦᠲᠡᠶ ᠶᠢᠨ ᠭᠤᠳᠤᠮᠵᠢ ᠶᠢ ᠪᠠᠶᠢᠭᠤᠯᠬᠤ ᠪᠠᠷ ᠪᠣᠯᠤᠭᠰᠠᠨ ᠳᠤ ᠲᠠᠭᠠᠲᠠᠶ ᠪᠠᠶᠢᠨ᠎ᠠ᠃ ᠬᠣᠶᠠᠷ ᠬᠣᠲᠠ ᠶᠢᠨ ᠠᠵᠢᠯᠯᠠᠭ᠎ᠠ ᠤᠯᠠᠮ ᠥᠷᠭᠡᠵᠢᠨ ᠬᠥᠭᠵᠢᠨ᠎ᠡ ᠭᠡᠳᠡᠭ ᠲᠦ ᠢᠲᠡᠭᠡᠵᠦ ᠪᠠᠶᠢᠨ᠎ᠠ》 ᠭᠡᠯ᠎ᠡ ᠭᠡᠵᠦ ᠨᠡᠶᠢᠰᠯᠡᠯ ᠦᠨ ᠵᠠᠰᠤᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠬᠡᠪᠯᠡᠯ ᠮᠡᠳᠡᠭᠡᠯᠡᠯ᠂ ᠣᠯᠠᠨ ᠨᠡᠶᠢᠲᠡ ᠲᠡᠶ ᠬᠠᠷᠢᠯᠴᠠᠬᠤ ᠬᠡᠯᠲᠡᠰ ᠡᠴᠡ ᠮᠡᠳᠡᠭᠡᠯᠡᠯ᠎ᠡᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com

No comments:

Post a Comment