Монгол бичгээ хэрэглэцгээе! Chrome, Internet Explorer, Safari хөтчөөр үзнэ үү!

Данзанравжаа. Үлэмжийн чанар

2015-09-21

ᠦᠯᠡᠮᠵᠢ ᠶᠢᠨ ᠴᠢᠨᠠᠷ



ᠭᠣᠪᠢ ᠶᠢᠨ ᠨᠤᠶᠠᠨ ᠬᠤᠲᠤᠭᠲᠦ ᠳᠠᠨᠵᠢᠨᠷᠠᠪᠵᠠᠶ



ᠦᠯᠡᠮᠵᠢ ᠶᠢᠨ ᠴᠢᠨᠠᠷ ᠲᠡᠭᠦᠯᠳᠡᠷ
ᠦᠩᠭᠡ ᠲᠤᠨᠤᠮᠠᠯ ᠲᠤᠯᠢ ᠰᠢᠭ
ᠦᠵᠡᠰᠬᠦᠯᠡᠩᠲᠦ ᠴᠢᠷᠠᠶ ᠰᠢᠭ ᠴᠢᠨᠢ
ᠦᠵᠡᠪᠡᠯ ᠯᠠᠭᠱᠠᠨ ᠲᠡᠭᠦᠰ ᠮᠠᠨᠢ
ᠦᠨᠡᠬᠡᠷ ᠰᠡᠳᠬᠢᠯ ᠢ ᠪᠤᠯᠢᠶᠠᠨᠠᠮ ᠵᠡ᠃

ᠬᠦᠰᠢᠭᠦᠨ ᠰᠡᠳᠬᠢᠯ ᠢ ᠤᠶᠠᠷᠠᠭᠤᠯᠤᠭᠴᠢ
ᠬᠦᠬᠦᠭᠡ ᠰᠢᠪᠠᠭᠤᠨ ᠦ ᠡᠭᠡᠰᠢᠭ᠌ ᠰᠢᠭ᠋
ᠬᠦᠭᠡᠷᠦᠬᠦᠨ ᠡᠶᠡᠯᠳᠡᠭ ᠦᠭᠡ ᠴᠢᠨᠢ
ᠬᠦᠦᠷᠨᠢᠨ ᠰᠠᠭᠤᠬᠤ ᠳ᠋ᠦ ᠤᠷᠮᠠᠲᠠᠢ
ᠬᠦᠭᠡᠷᠦᠬᠦᠨ ᠠᠭᠠᠯᠢᠲᠦ ᠮᠢᠨᠦ ᠵᠡ᠃

ᠤᠴᠠᠷᠠᠮᠠᠭᠴᠠ ᠰᠡᠩᠭᠢᠨᠡᠭᠰᠡᠨ
ᠤᠷᠠᠨ ᠭᠤᠤᠯ ᠰᠢᠭ ᠪᠡᠶ᠎ᠡ ᠴᠢᠨᠢ
ᠤᠭ ᠡᠴᠡ ᠬᠠᠮᠲᠦ ᠪᠦᠷᠢᠳᠦᠭᠰᠡᠨ
ᠤᠯᠠᠭᠠᠨ ᠽᠠᠨᠳᠠᠨ ᠦᠨᠦᠷ ᠰᠢᠭ
ᠤᠯᠠᠮ ᠢᠶᠠᠷ ᠰᠡᠳᠬᠢᠯ ᠢ ᠬᠦᠳᠡᠯᠭᠡᠨ᠎ᠡ᠃

ᠪᠠᠳᠮ᠎ᠠ ᠶᠢᠨ ᠳᠤᠮᠳᠠ ᠡᠴᠡ ᠳᠡᠪᠡᠷᠢᠭᠰᠡᠨ
ᠪᠠᠯ ᠦᠨ ᠠᠮᠲᠠ ᠠᠳᠠᠯᠢ
ᠪᠠᠶᠠᠰᠬᠤᠯᠠᠩᠲᠦ ᠠᠭᠠᠯᠢ ᠴᠢᠨᠢ
ᠪᠠᠬᠠᠳᠤᠵᠤ ᠬᠠᠨᠤᠰᠢ ᠦᠭᠡᠢ
ᠪᠠᠶᠠᠷ ᠢ ᠤᠯᠠᠮ ᠠᠷᠪᠢᠳᠬᠠᠨ᠎ᠠ ᠵᠡ᠃

ᠬᠦᠮᠦᠨ ᠦ ᠡᠨᠡ ᠨᠠᠰᠦᠨ ᠳ᠋ᠦ
ᠬᠦᠰᠡᠭᠰᠡᠨ ᠬᠡᠷᠡᠭ ᠢᠶᠡᠨ ᠪᠦᠲᠦᠭᠡᠭᠡᠳ
ᠬᠦᠰᠡᠯᠲᠦ ᠲᠩᠷᠢ ᠶᠢᠨ ᠡᠳ᠋ᠯᠡᠯ ᠮᠡᠲᠦ
ᠬᠦᠯ ᠦᠭᠡᠢ ᠵᠢᠷᠭᠠᠯᠠᠩ  ᠦᠨ ᠳᠠᠯᠠᠢ ᠳ᠋ᠦ
ᠬᠦᠪᠴᠦ ᠬᠠᠮᠲᠦ ᠵᠢᠷᠭᠠᠶ᠎ᠠ



ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com

No comments:

Post a Comment