Монгол бичгээ хэрэглэцгээе! Chrome, Internet Explorer, Safari хөтчөөр үзнэ үү!

Монголоо санасан сэтгэл

2015-09-14

ᠮᠣᠩᠭᠣᠯ ᠵᠢᠠᠨ ᠰᠠᠨᠠᠭᠰᠠᠨ ᠰᠡᠳᠬᠢᠯᠥᠬᠡ ᠱ᠊᠂ ᠭᠦᠷᠤᠪᠠᠵᠠᠷ
ᠬᠦᠭᠵᠢᠮ ᠲ᠂ ᠰᠡᠷ-ᠣᠳ
ᠳᠠᠭᠤᠴᠢᠨ ᠶᠢ᠊᠂ ᠭᠡᠷᠡᠯᠴᠢᠯᠠᠭᠤᠨ
ᠮᠥᠩᠬᠡ ᠵᠢᠨ ᠠᠷᠢᠭᠠᠤᠨ ᠤᠰᠤ ᠵᠢ ᠣᠯᠬᠤ ᠭᠡᠵᠤ
ᠡᠵᠢ ᠪᠠᠨ ᠣᠷᠬᠢᠭᠠᠳ ᠭᠠᠷᠣᠭᠰᠠᠨ ᠴᠤ ᠪᠢᠰᠢ ᠳᠡ
ᠮᠥᠷᠥᠭᠡᠳᠤᠯ ᠤᠨ ᠵᠢᠨ ᠥᠵᠤᠭᠦᠷ ᠡᠴᠡ ᠠᠳᠬᠤᠬᠤ ᠭᠡᠵᠤ
ᠬᠦᠮᠣᠨ ᠤ ᠨᠣᠳᠣᠭ ᠲᠣᠷ ᠵᠢᠳᠭᠦᠵᠤ ᠯᠡ ᠶᠠᠪᠤᠨ᠎ᠠ  ᠳᠠ ᠪᠢ

ᠬᠣᠶᠠᠷ ᠵᠠᠭᠤᠨ ᠨᠠᠰᠤ ᠵᠢ ᠨᠠᠰᠤᠯᠠᠬᠤ ᠭᠡᠵᠤ
ᠬᠦᠮᠣᠨ ᠤ ᠨᠣᠳᠣᠭ ᠢ ᠵᠣᠷᠢᠭᠰᠠᠨ ᠴᠤ ᠪᠢᠰᠢ ᠳᠡ
ᠬᠣᠶᠠᠷ ᠤᠨ ᠬᠣᠶᠠᠷ ᠨᠠᠷᠨ ᠵᠢ ᠥᠵᠡᠬᠦ ᠭᠡᠵᠤ
ᠬᠦᠮᠣᠨ ᠤ ᠨᠣᠳᠣᠭ ᠲᠣᠷ ᠶᠠᠭᠤ ᠪᠠᠨ ᠬᠢᠨ᠎ᠠ  ᠳᠡ ᠪᠢ

ᠰᠠᠯᠬᠢ ᠢᠨᠤ ᠬᠦᠷᠲᠡᠯ᠎ᠡ ᠥᠨᠤᠰᠤᠭᠡᠳ ᠣᠭᠲᠤᠳᠠᠭ
ᠰᠠᠢᠢᠬᠠᠨ ᠮᠣᠩᠭᠣᠯ  ᠳᠤ ᠪᠠᠨ ᠣᠴᠢᠢ᠎ᠠ ᠳᠠ ᠪᠠᠢᠢᠵᠡ
ᠰᠡᠳᠬᠢᠯ ᠶᠣᠭᠡᠨ ᠴᠢᠯᠡᠭᠡᠵᠤ ᠬᠦᠤ ᠪᠠᠨ ᠬᠦᠯᠢᠶᠡᠭᠰᠡᠨ
ᠰᠡᠮᠡᠷᠡᠭᠰᠡᠨ ᠡᠵᠢ ᠳᠡᠭᠡᠨ ᠲᠥᠷᠭᠡᠨ ᠣᠴᠢᠢ᠎ᠠ ᠳᠠ

ᠬᠣᠯᠠ ᠣᠢᠢᠷ᠎ᠠ ᠵᠢᠨ ᠢᠯᠭᠠᠯ ᠪᠠᠢᠢᠭ᠎ᠠ ᠴᠤ ᠤᠤ ᠥᠭᠡᠢ ᠴᠤ ᠤᠤ
ᠬᠠᠷᠢᠨ ᠬᠣᠭᠤᠯᠠᠢ ᠳᠣᠷ ᠲᠣᠷᠤᠭᠰᠠᠨ ᠨᠢᠯᠪᠤᠰᠤ ᠵᠢᠷᠤᠭᠡ ᠴᠢᠭᠯᠡᠬᠦ ᠵᠢᠨ ᠴᠠᠭ ᠲᠣᠷ
ᠬᠦᠮᠣᠨ ᠤ ᠭᠠᠵᠠᠷ ᠡᠴᠡ ᠨᠣᠳᠣᠭ ᠵᠢᠠᠨ ᠰᠠᠨᠠᠨ᠎ᠠ ᠭᠡᠳᠡᠭ ᠶᠠᠭᠤᠲᠠᠢ ᠤᠢᠢᠳᠠᠢ
ᠳᠡᠯᠡᠬᠡᠢ ᠵᠢᠨ ᠳᠠᠢᠢᠳᠤ  ᠳᠣᠷ ᠪᠠᠢᠢᠭ᠎ᠠ ᠮᠣᠩᠭᠣᠯᠴᠣᠳ ᠡ
ᠳᠡᠯᠭᠡᠷ ᠮᠣᠩᠭᠣᠯ ᠴᠢᠨᠢ ᠲᠠ ᠨᠠᠷ ᠶᠤᠭᠠᠨ ᠰᠠᠨᠠᠵᠤ ᠪᠠᠢᠢᠨ᠎ᠠ ᠰᠢᠤ ᠳᠡ

ᠴᠡᠩᠭᠡᠯ ᠵᠢᠷᠭᠠᠯ ᠤᠨ ᠠᠮᠲᠠᠨ ᠳᠣᠷ ᠤᠮᠪᠠᠭᠠᠳᠣᠢ
ᠨᠣᠳᠣᠭ ᠵᠢᠠᠨ ᠮᠠᠷᠲᠠᠭᠰᠠᠨ ᠴᠢᠭ ᠪᠢᠰᠢ ᠳᠡ
ᠴᠡᠴᠡᠭ ᠢᠨᠤ ᠬᠦᠷᠳᠡᠯ᠎ᠡ ᠥᠨᠳᠡᠶᠢᠵᠤ ᠬᠦᠯᠢᠶᠡᠭᠰᠡᠨ
ᠴᠡᠭᠡᠵᠢᠨ ᠤ ᠨᠣᠳᠣᠭ ᠵᠢᠠᠨ ᠵᠡᠭᠦᠳᠤᠯᠡᠵᠤ ᠯᠡ ᠶᠠᠪᠤᠨ᠎ᠠ ᠳᠠ ᠪᠢ

ᠡᠵᠢ ᠡᠴᠡᠭᠡᠨ ᠬᠦᠤ ᠢᠨᠤ ᠠᠬᠢᠭᠠᠳ ᠮᠡᠨᠳᠤᠯᠡᠬᠦ ᠭᠡᠵᠤ
ᠡᠨᠡ ᠯᠡ ᠬᠣᠷᠤ᠎ᠠ ᠳᠤ ᠵᠠᠯᠪᠠᠷᠢᠭᠰᠠᠨ ᠴᠤ ᠪᠢᠰᠢ ᠳᠡ
ᠠᠪᠤ ᠡᠴᠠᠭᠠᠨ ᠢᠯᠡᠭᠦᠤ ᠠᠴᠢᠯᠠᠯ ᠣᠯᠬᠤ ᠭᠡᠵᠤ
ᠠᠯᠠᠭ ᠬᠣᠷᠸᠠ ᠵᠢ ᠲᠤᠭᠤᠯᠤᠭᠰᠠᠨ ᠴᠤ ᠪᠢᠰᠢ ᠳᠡ

ᠰᠠᠯᠬᠢ ᠢᠨᠤ ᠬᠦᠷᠲᠡᠯ᠎ᠡ ᠥᠨᠤᠰᠤᠭᠡᠳ ᠣᠭᠲᠤᠳᠠᠭ
ᠰᠠᠢᠢᠬᠠᠨ ᠮᠣᠩᠭᠣᠯ  ᠳᠤ ᠪᠠᠨ ᠣᠴᠢᠢ᠎ᠠ ᠳᠠ ᠪᠠᠢᠢᠵᠡ
ᠰᠡᠳᠬᠢᠯ ᠶᠣᠭᠡᠨ ᠴᠢᠯᠡᠭᠡᠵᠤ ᠬᠦᠤ ᠪᠠᠨ ᠬᠦᠯᠢᠶᠡᠭᠰᠡᠨ
ᠰᠡᠮᠡᠷᠡᠭᠰᠡᠨ ᠡᠵᠢ ᠳᠡᠭᠡᠨ ᠲᠥᠷᠭᠡᠨ ᠣᠴᠢᠢ᠎ᠠ ᠳᠠ
ᠰᠠᠢᠢᠬᠠᠨ ᠮᠣᠩᠭᠣᠯ ᠵᠢᠠᠨ ᠰᠠᠨᠠᠭᠠᠳ ᠢᠷᠡᠯᠤᠭᠡ ᠳᠡᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com

No comments:

Post a Comment