Монгол бичгээ хэрэглэцгээе! Chrome, Internet Explorer, Safari хөтчөөр үзнэ үү!

Монгол Улсаас анх удаа АМ.ДОЛЛАРЫН ТЭРБУМТАН төржээ

2014-11-25

ᠮᠣᠩᠭᠤᠯ ᠤᠯᠤᠰ ᠠᠴᠠ ᠠᠩᠬ᠎ᠠ ᠤᠳᠠᠭ᠎ᠠ ᠠᠮ᠊᠂ ᠳᠣᠯᠯᠠᠷ ᠤᠨ ᠲᠡᠷᠪᠤᠮᠲᠠᠨ ᠲᠥᠷᠦᠵᠡᠶ



ikon.mn | 2014 ᠣᠨ ᠤ 11 ᠳᠦᠭᠡᠷ ᠰᠠᠷ᠎ᠠ ᠶᠢᠨ 25



ᠰᠢᠩᠭᠠᠫᠦᠷ ᠲᠤ ᠲᠥᠪ ᠲᠡᠶ 《WealthX》 ᠻᠣᠮᠫᠠᠨᠢ᠂ ᠱᠸᠢᠼᠠᠷ ᠤᠨ 《UBS》 ᠻᠣᠷᠫᠣᠷᠠᠼᠢ ᠬᠠᠮᠲᠤᠷᠠᠨ 2014 ᠣᠨ ᠤ ᠳᠡᠯᠡᠬᠡᠶ ᠶᠢᠨ ᠲᠡᠷᠪᠤᠮᠲᠠᠨ ᠨᠤᠭᠤᠳ ᠤᠨ ᠵᠢᠭᠰᠠᠭᠠᠯᠲᠠ ᠶᠢ ᠭᠠᠷᠭᠠᠵᠡᠶ᠃

2014 ᠣᠨ ᠳᠤ 2.325 ᠲᠡᠷᠪᠤᠮᠲᠠᠨ ᠲᠣᠭᠠᠯᠠᠭᠳᠠᠭᠰᠠᠨ ᠨᠢ ᠲᠡᠦᠬᠡᠨ ᠳᠡᠭᠡᠳᠦ ᠠᠮᠵᠢᠯᠲᠠ ᠪᠣᠯᠤᠯ᠎ᠠ᠃ 2013 ᠣᠨ ᠠᠴᠠ 7 ᠬᠤᠪᠢ ᠨᠡᠮᠡᠭᠳᠡᠭᠰᠡᠨ ᠦᠵᠡᠭᠦᠯᠦᠯᠲᠡ ᠶᠤᠮ᠃

ᠳᠡᠯᠡᠬᠡᠶ ᠶᠢᠨ ᠲᠡᠷᠪᠤᠮᠲᠠᠨ ᠨᠤᠭᠤᠳ ᠤᠨ ᠨᠡᠶᠢᠲᠡ ᠬᠥᠷᠦᠩᠭᠡ ᠶᠢᠨ ᠬᠡᠮᠵᠢᠶ᠎ᠡ 7.3 ᠶᠡᠬᠡ ᠨᠠᠶᠤᠳ ᠠᠮ᠊᠂ ᠳᠣᠯᠯᠠᠷ ᠪᠤᠶᠤ ᠥᠩᠭᠡᠷᠡᠭᠰᠡᠨ ᠵᠢᠯ ᠡᠴᠡ 12 ᠬᠤᠪᠢ ᠥᠰᠴᠡᠶ᠃

ᠲᠡᠷᠪᠤᠮᠲᠠᠨ ᠨᠤᠭᠤᠳ ᠤᠨ 63 ᠬᠤᠪᠢ ᠨᠢ ᠬᠤᠪᠢ ᠶᠢᠨ ᠻᠣᠮᠫᠠᠨᠢ ᠠᠴᠠ ᠬᠥᠷᠦᠩᠭᠡᠵᠢᠭᠰᠡᠨ ᠪᠠ 81 ᠬᠤᠪᠢ ᠨᠢ ᠥᠪᠡᠷ ᠢᠶᠡᠨ ᠪᠠᠶᠠᠯᠢᠭ ᠢᠶᠠᠨ ᠪᠤᠶ ᠪᠣᠯᠭᠠᠭᠰᠠᠨ ᠪᠠᠶᠢᠨ᠎ᠠ᠃

WealthX ᠦᠨ ᠲᠠᠭᠠᠮᠠᠭᠯᠠᠵᠤ ᠪᠠᠶᠢᠭ᠎ᠠ ᠪᠠᠷ 2020 ᠣᠨ ᠳᠤ ᠳᠡᠯᠡᠬᠡᠶ ᠶᠢᠨ ᠲᠡᠷᠪᠤᠮᠲᠠᠨ ᠨᠤᠭᠤᠳ ᠤᠨ ᠲᠣᠭ᠎ᠠ 3800 ᠬᠦᠷᠬᠦ ᠠᠵᠡᠶ᠃

ᠬᠠᠷᠢᠨ ᠡᠨᠡ ᠵᠢᠯ ᠠᠩᠬ᠎ᠠ ᠤᠳᠠᠭ᠎ᠠ ᠬᠣᠶᠠᠷ ᠮᠣᠩᠭᠤᠯ ᠬᠦᠮᠦᠨ ᠳᠡᠯᠡᠬᠡᠶ ᠶᠢᠨ ᠲᠡᠷᠪᠤᠮᠲᠠᠨ ᠨᠤᠭᠤᠳ ᠤᠨ ᠵᠢᠭᠰᠠᠭᠠᠯᠲᠠ ᠳᠤ ᠣᠷᠤᠭᠰᠠᠨ ᠪᠠᠶᠢᠨ᠎ᠠ᠃

ᠲᠡᠳᠡᠨ ᠦ ᠨᠡᠶᠢᠲᠡ ᠬᠥᠷᠦᠩᠭᠡ ᠶᠢᠨ ᠬᠡᠮᠵᠢᠶ᠎ᠡ 4 ᠲᠡᠷᠪᠤᠮ ᠠᠮ᠊᠂ ᠳᠣᠯᠯᠠᠷ᠃

ᠠᠽᠢ ᠶᠢᠨ ᠪᠦᠰᠡ ᠶᠢᠨ ᠲᠡᠷᠪᠤᠮᠲᠠᠨ ᠨᠤᠭᠤᠳ ᠢ ᠤᠯᠤᠰ ᠲᠤᠰ ᠪᠦᠷᠢ ᠪᠡᠷ ᠡᠷᠢᠮᠪᠡᠯᠡᠵᠦ ᠬᠠᠷᠠᠭᠤᠯᠤᠭᠰᠠᠨ ᠭᠷᠠᠹᠢᠭ ᠢ ikon.mn ᠰᠠᠶᠢᠲ ᠠᠴᠠ ᠬᠠᠷᠠᠨ᠎ᠠ ᠤᠤ

No comments:

Post a Comment