Монгол бичгээ хэрэглэцгээе! Chrome, Internet Explorer, Safari хөтчөөр үзнэ үү!

Хавтгайн Намсрайг "Чингис хаан" одонгоор шагналаа

2014-11-25

ᠬᠠᠪᠲᠠᠭᠠᠶ ᠶᠢᠨ ᠨᠠᠮᠰᠠᠷᠠᠶ ᠶᠢ 《ᠴᠢᠩᠭᠢᠰ ᠬᠠᠭᠠᠨ》 ᠣᠳᠤᠨ ᠢᠶᠠᠷ ᠱᠠᠩᠨᠠᠯ᠎ᠠ



ikon.mn | 2014 ᠣᠨ ᠤ 11 ᠳᠦᠭᠡᠷ ᠰᠠᠷ᠎ᠠ ᠶᠢᠨ 23



ᠲᠤᠯᠭᠤᠷ ᠲᠥᠷᠥ ᠪᠠᠶᠢᠭᠤᠯᠤᠭᠳᠠᠰᠤᠨ ᠤ 2223 ᠵᠢᠯ᠂ ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠦ 852 ᠵᠢᠯ᠂ 《ᠮᠣᠩᠭᠣᠯ ᠪᠠᠬᠠᠷᠬᠠᠯ ᠤᠨ ᠡᠳᠦᠷ》 ᠍ ᠢ ᠲᠣᠬᠢᠶᠠᠯᠳᠤᠭᠤᠯᠤᠨ ᠠᠯᠳᠠᠷ ᠨᠡᠷ᠎ᠡ ᠪᠡᠨ ᠳᠡᠯᠡᠬᠡᠢ ᠳᠦ ᠳᠠᠭᠤᠷᠢᠰᠬᠠᠭᠰᠠᠨ ᠮᠣᠩᠭᠣᠯ ᠤᠨ ХХ ᠵᠠᠭᠤᠨ ᠤ ᠭᠠᠷᠮᠠᠭᠠᠢ ᠡᠷᠳᠡᠮᠲᠡᠨ ᠬᠠᠪᠲᠠᠭᠠᠢ ᠶᠢᠨ ᠨᠠᠮᠰᠠᠷᠠᠢ ᠶᠢ 《ᠴᠢᠩᠭᠢᠰ ᠬᠠᠭᠠᠨ》 ᠣᠳᠣᠨ ᠢᠶᠠᠷ ᠱᠠᠩᠨᠠᠯ᠎ᠠ᠃

ᠱᠠᠩᠨᠠᠯ ᠭᠠᠷᠳᠠᠭᠤᠯᠬᠤ ᠶᠣᠰᠣᠯᠠᠯ ᠤᠨ ᠦᠶ᠎ᠡ ᠪᠡᠷ ᠮᠣᠩᠭᠣᠯ ᠤᠯᠤᠰ ᠤᠨ ᠶᠡᠷᠦᠩᠬᠡᠶᠢᠯᠡᠭᠴᠢ ᠴᠠ᠊∙ ᠡᠯᠪᠡᠭᠳᠣᠷᠵᠢ ᠬᠡᠯᠡᠭᠰᠡᠨ ᠦᠭᠡᠨ ᠳᠡᠭᠡᠨ 《ᠬᠠ᠊∙ ᠨᠠᠮᠰᠠᠷᠠᠢ ᠲᠠ ᠪᠣᠯ ᠮᠠᠨ ᠤ ᠤᠯᠤᠰ ᠤᠨ ᠳᠡᠯᠡᠬᠡᠢ ᠳᠦ ᠳᠠᠩᠰᠠ ᠲᠠᠢ ᠡᠷᠳᠡᠮᠲᠡᠳ ᠦᠨ ᠨᠢᠭᠡ᠃ ᠮᠣᠩᠭᠣᠯ ᠤᠨ ᠠᠷᠠᠳ ᠲᠦᠮᠡᠨ ᠲᠠᠨ ᠢᠶᠠᠷ ᠪᠠᠬᠠᠷᠬᠠᠳᠠᠭ》 ᠬᠡᠮᠡᠨ ᠣᠨᠴᠠᠯᠠᠭᠰᠠᠨ ᠶᠤᠮ᠃

ᠮᠥᠨ 《ᠬᠠ᠊∙ ᠨᠠᠮᠰᠠᠷᠠᠢ ᠳᠤ ᠲᠥᠷᠥ ᠶᠢᠨ ᠳᠡᠭᠡᠳᠦ 《ᠴᠢᠩᠭᠢᠰ ᠬᠠᠭᠠᠨ》 ᠣᠳᠣᠨ ᠢ ᠭᠠᠷᠳᠠᠭᠤᠯᠵᠤ ᠪᠠᠶᠢᠭ᠎ᠠ ᠨᠢ ᠮᠣᠩᠭᠣᠯ ᠤᠨ ᠲᠥᠷᠥ ᠦᠶ᠎ᠡ ᠶᠢᠨ ᠦᠶ᠎ᠡ ᠳᠦ ᠰᠢᠨᠵᠢᠯᠡᠬᠦ ᠤᠬᠠᠭᠠᠨ ᠢ ᠡᠷᠬᠢᠮᠯᠡᠨ᠂ ᠡᠷᠳᠡᠮᠲᠡᠨ ᠮᠡᠷᠭᠡᠳ ᠢᠶᠡᠨ ᠦᠨᠡᠯᠡᠵᠦ ᠢᠷᠡᠭᠰᠡᠨ ᠦ ᠢᠯᠡᠷᠡᠯ ᠶᠤᠮ》 ᠭᠡᠯ᠎ᠡ᠃

ᠠᠻᠠᠳᠧᠮᠢᠴᠢ ᠬᠠ᠊∙ ᠨᠠᠮᠰᠠᠷᠠᠢ 1943 ᠣᠨ ᠳᠤ ᠵᠠᠪᠬᠠᠨ ᠠᠶᠢᠮᠠᠭ ᠤᠨ ᠴᠠᠭᠠᠩᠬᠠᠶᠢᠷᠬᠠᠨ ᠰᠤᠮᠤᠨ ᠳᠤ ᠲᠥᠷᠦᠵᠡᠶ᠃ ᠮᠣᠰᠻᠸᠠ ᠶᠢᠨ ᠶᠡᠬᠡ ᠰᠤᠷᠭᠠᠭᠤᠯᠢ ᠶᠢ 1968 ᠣᠨ ᠳᠤ ᠳᠦᠭᠦᠷᠭᠡᠭᠰᠡᠨ ᠡᠴᠡ ᠬᠣᠶᠢᠰᠢ ᠹᠢᠽᠢᠻ᠂ ᠮᠠᠲᠧᠮᠠᠲ᠋ᠢᠭ ᠤᠨ ᠰᠠᠯᠪᠤᠷᠢ ᠳᠤ 46 ᠵᠢᠯ ᠠᠵᠢᠯᠯᠠᠵᠤ ᠪᠠᠶᠢᠭ᠎ᠠ ᠠᠵᠢ᠃

ᠲᠡᠷᠡ ᠪᠡᠷ ᠹᠢᠽᠢᠻ ᠦᠨ ᠰᠠᠯᠪᠤᠷᠢ ᠳᠤ 《ᠶᠢᠷᠲᠢᠨᠴᠦ ᠶᠢᠨ ᠪᠦᠲᠦᠴᠡ ᠶᠢ ᠪᠦᠷᠢᠳᠦᠭᠦᠯᠦᠭᠴᠢ ᠡᠭᠡᠯ ᠤᠷᠲᠤ ᠪᠦᠬᠦᠢ ᠴᠡᠭᠡᠨ ᠪᠤᠰᠤ ᠣᠨᠣᠯ》᠍ ᠢ ᠪᠣᠯᠪᠠᠰᠤᠷᠠᠭᠤᠯᠤᠨ᠂ ᠻᠸᠠᠨ᠋ᠲ ᠹᠢᠽᠢᠻ ᠦᠨ ᠣᠨᠣᠯ ᠳᠤ ᠰᠢᠨ᠎ᠡ ᠴᠢᠭᠯᠡᠯ ᠭᠠᠷᠭᠠᠵᠠᠢ᠃ ᠢᠩᠭᠢᠭᠰᠡᠨ ᠢᠶᠡᠷ ᠳᠡᠯᠡᠬᠡᠢ ᠶᠢᠨ ᠹᠢᠽᠢᠻᠴᠢᠳ ᠦᠨ ᠳᠤᠮᠳᠠ ᠨᠡᠷ᠎ᠡ ᠳᠦ ᠭᠠᠷᠤᠭᠰᠠᠨ 《ᠨᠠᠮᠰᠠᠷᠠᠢ ᠶᠢᠨ ᠣᠨᠣᠯ》᠂ 《ᠨᠠᠮᠰᠠᠷᠠᠢ ᠶᠢᠨ ᠳᠥᠬᠥᠯᠳᠡ》 ᠭᠡᠰᠡᠨ ᠣᠨᠣᠯ᠂ ᠠᠷᠭ᠎ᠠ ᠵᠦᠢ ᠶᠢᠨ ᠰᠢᠨ᠎ᠡ ᠰᠢᠢᠳᠦᠯ᠂ ᠲᠣᠮᠢᠶᠠᠯᠠᠯ ᠢ ᠪᠤᠢ ᠪᠣᠯᠭᠠᠭᠰᠠᠨ ᠪᠠᠶᠢᠨ᠎ᠠ᠃

ᠮᠥᠨ ᠮᠠᠲᠧᠮᠠᠲ᠋ᠢᠭ ᠤᠨ ᠰᠠᠯᠪᠤᠷᠢ ᠳᠤ ᠢᠨ᠋ᠲᠧᠭᠷᠡᠯ᠂ ᠳ᠋ᠢᠹᠹᠧᠷᠧᠨᠼᠢᠶᠠᠯ ᠲᠣᠭᠠᠯᠠᠯ ᠳᠤ ᠰᠢᠨ᠎ᠡ ᠴᠢᠭᠯᠡᠯ ᠭᠠᠷᠭᠠᠵᠤ᠂ ᠢᠨ᠋ᠲᠧᠭᠷᠠᠯ ᠢ ᠪᠣᠳᠣᠬᠤ ᠣᠨᠣᠪᠴᠢᠲᠠᠢ ᠰᠢᠢᠳᠦᠯ᠂ ᠲᠦᠭᠡᠮᠡᠯ ᠲᠣᠮᠢᠶ᠎ᠠ ᠨᠤᠭᠤᠳ ᠢ ᠪᠣᠯᠪᠠᠰᠤᠷᠠᠭᠤᠯᠵᠠᠢ᠃

ᠠᠻᠠᠳᠧᠮᠢᠴᠢ ᠬᠠ᠊ ∙ ᠨᠠᠮᠰᠠᠷᠠᠢ ᠡᠷᠳᠡᠮ ᠰᠢᠨᠵᠢᠯᠡᠭᠡ᠂ ᠰᠤᠳᠤᠯᠭ᠎ᠠ᠂ ᠲᠠᠨᠢᠨ ᠮᠡᠳᠡᠬᠦᠢ ᠶᠢᠨ 120 ᠭᠠᠷᠤᠢ ᠪᠦᠲᠦᠭᠡᠯ ᠲᠤᠭᠤᠷᠪᠢᠵᠤ ᠳᠡᠯᠡᠬᠡᠢ ᠶᠢᠨ ᠣᠯᠠᠨ ᠣᠷᠣᠨ ᠳᠤ ᠬᠡᠪᠯᠡᠭᠦᠯᠦᠭᠰᠡᠨ ᠪᠠᠶᠢᠨ᠎ᠠ᠃ ᠮᠥᠨ ᠣᠯᠠᠨ ᠵᠠᠭᠤᠨ ᠵᠠᠯᠠᠭᠤ ᠡᠷᠳᠡᠮᠲᠡᠨ᠂ ᠣᠶᠤᠲᠠᠨ ᠵᠠᠯᠠᠭᠤᠰ ᠢ ᠰᠤᠷᠭᠠᠨ ᠬᠦᠮᠦᠵᠢᠭᠦᠯᠬᠦ ᠳᠦ ᠶᠡᠬᠡ ᠬᠤᠪᠢ ᠨᠡᠮᠡᠷᠢ ᠣᠷᠣᠭᠤᠯᠤᠭᠰᠠᠨ ᠪᠠᠭᠰᠢ ᠬᠦᠮᠦᠨ᠃

ᠮᠥᠨ ᠬᠠ᠊∙ ᠨᠠᠮᠰᠠᠷᠠᠢ ᠨᠢ 1997 ᠣᠨ ᠳᠤ ᠮᠣᠩᠭᠣᠯ ᠤᠯᠤᠰ ᠤᠨ ᠲᠥᠷᠥ ᠶᠢᠨ ᠰᠣᠶᠣᠷᠬᠠᠯ᠂ 2009 ᠣᠨ ᠳᠤ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ ᠴᠣᠯᠠ᠂ 2012 ᠣᠨ ᠳᠤ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠰᠢᠯᠢᠳᠡᠭ ᠪᠦᠲᠦᠭᠡᠯ ᠦᠨ ᠱᠠᠩᠨᠠᠯ ᠬᠦᠷᠲᠡᠭᠰᠡᠨ᠃ ᠡᠷᠳᠡᠮ ᠰᠢᠨᠵᠢᠯᠡᠭᠡ᠂ ᠰᠤᠳᠤᠯᠭᠠᠨ ᠤ ᠭᠠᠷᠮᠠᠭᠠᠢ ᠪᠦᠲᠦᠭᠡᠯ ᠲᠤᠭᠤᠷᠪᠢᠵᠤ᠂ ᠮᠣᠩᠭᠣᠯ ᠤᠯᠤᠰ ᠤᠨ ᠨᠡᠷ᠎ᠡ ᠶᠢ ᠳᠡᠯᠡᠬᠡᠢ ᠳᠠᠬᠢᠨ᠎ᠠ ᠳᠠᠭᠤᠷᠢᠰᠬᠠᠨ ᠤᠯᠤᠰ ᠦᠨᠳᠦᠰᠦᠲᠡᠨ ᠦ ᠪᠡᠨ ᠡᠮᠦᠨ᠎ᠡ ᠪᠠᠬᠠᠷᠬᠠᠮ᠎ᠠ ᠭᠠᠪᠢᠶ᠎ᠠ ᠪᠠᠶᠢᠭᠤᠯᠤᠭᠰᠠᠨ ᠶᠡᠬᠡ ᠡᠷᠳᠡᠮᠲᠡᠨ ᠶᠤᠮ

ᠭᠡᠷᠡᠯ ᠵᠢᠷᠤᠭ ᠢ ᠪ᠊∙ ᠪᠢᠮᠪᠠᠸᠴᠢᠷ





No comments:

Post a Comment