Монгол бичгээ хэрэглэцгээе! Chrome, Internet Explorer, Safari хөтчөөр үзнэ үү!

Монгол зураач дэлхийн нүдийг бүлтийлгэлээ!

2014-11-22

ᠮᠣᠩᠭᠤᠯ ᠵᠢᠷᠤᠭᠠᠴᠢ ᠳᠡᠯᠡᠬᠡᠶ ᠶᠢᠨ ᠨᠢᠳᠦ ᠶᠢ ᠪᠦᠯᠲᠡᠶᠢᠯᠭᠡᠯ᠎ᠡ



ᠯᠤ᠊᠂ ᠮᠥᠩᠭᠡᠲᠥ᠋ᠷᠦ | ᠹᠧᠶᠢᠰᠪᠦ᠋ᠻ | 2014 ᠣᠨ ᠤ 11 ᠳᠦᠭᠡᠷ ᠰᠠᠷ᠎ᠠ ᠶᠢᠨ 22



ᠲᠠ ᠪᠦᠬᠦᠨ ᠳᠦ ᠡᠨᠡᠬᠦ ᠭᠠᠶᠢᠬᠠᠯᠲᠠᠶ ᠮᠡᠳᠡᠭᠡ ᠶᠢ ᠳᠤᠭᠤᠯᠭᠠᠬᠤ ᠰᠠᠨ ᠭᠡᠬᠦ ᠡᠴᠡ ᠨᠣᠶᠢᠷ ᠬᠦᠷᠭᠦ ᠦᠭᠡᠶ᠂ ᠶᠠᠭ ᠣᠳᠤ ᠰᠥᠨᠢ ᠶᠢᠨ 3᠄35AM ᠴᠠᠭ ᠲᠤ ᠡᠭᠦᠨ ᠢ ᠰᠡᠳᠬᠢᠯ ᠳᠣᠭᠳᠤᠯᠤᠨ ᠪᠢᠴᠢᠵᠦ ᠰᠠᠭᠤᠨ᠎ᠠ⁉ ᠮᠣᠩᠭᠤᠯ ᠤᠯᠤᠰ ᠤᠨ ᠢᠷᠭᠡᠨ ᠴᠣᠶᠢᠮᠪᠠᠯ ᠤᠨ ᠭᠠᠩᠪᠠᠭᠠᠲᠤᠷ ᠠᠮᠧᠷᠢᠻᠠ ᠶᠢᠨ ᠨᠢᠭᠡᠳᠦᠭᠰᠡᠨ ᠤᠯᠤᠰ ᠤᠨ ᠨᠧᠸᠠᠳᠠ ᠮᠤᠵᠢ ᠶᠢᠨ ᠷᠧᠨᠣ ᠬᠣᠲᠠ ᠳᠤ 2014 ᠣᠨ ᠤ 11 ᠳᠦᠭᠡᠷ ᠰᠠᠷ᠎ᠠ ᠶᠢᠨ 16-21 ᠦ ᠬᠣᠭᠤᠷᠤᠨᠳᠤ 5 ᠬᠣᠨᠤᠭ ᠪᠣᠯᠵᠤ ᠥᠨᠳᠦᠷᠯᠡᠭᠰᠡᠨ ᠣᠯᠠᠨ ᠤᠯᠤᠰ ᠤᠨ ᠱᠣᠭ ᠵᠢᠷᠤᠭᠠᠴᠢᠳ ᠤᠨ ᠨᠡᠶᠢᠭᠡᠮᠯᠢᠭ (ISCA – International Society of Caricature Artists) ᠦᠨ ᠴᠢᠭᠤᠯᠭᠠᠨ ᠳᠤ ᠣᠷᠤᠯᠴᠠᠨ᠂ ᠳᠡᠯᠡᠬᠡᠶ ᠶᠢᠨ ᠥᠨᠴᠦᠭ ᠪᠤᠯᠤᠩ ᠪᠦᠷᠢ ᠡᠴᠡ ᠢᠷᠡᠵᠦ ᠣᠷᠤᠯᠴᠠᠭᠰᠠᠨ 250-᠊ᠭᠠᠳ ᠵᠢᠷᠤᠭᠠᠴᠢᠳ ᠠᠴᠠ ᠠᠪᠢᠶᠠᠰ ᠪᠢᠯᠢᠭ ᠢᠶᠡᠷ ᠢᠶᠡᠨ ᠣᠨᠴᠤᠭᠤᠶᠢᠷᠠᠨ᠄

  • 1. ᠣᠨ ᠤ ᠰᠢᠯᠢᠳᠡᠭ ᠱᠣᠭ ᠵᠢᠷᠤᠭᠠᠴᠢ IV ᠪᠠᠶᠢᠷᠢ
    Caricaturist of the Year 4th Place
  • 2. ᠭᠠᠶᠢᠬᠠᠯᠲᠠᠶ ᠬᠡᠲᠦᠷᠡᠭᠦᠯᠭᠡ ᠲᠡᠶ ᠬᠡᠪ ᠮᠠᠶᠢᠭ
    Outstanding Exaggerated Style
  • 3. ᠭᠠᠶᠢᠬᠠᠯᠲᠠᠶ ᠥᠩᠭᠡᠨ ᠦ ᠭᠦᠶᠢᠴᠡᠳᠬᠡᠯ
    Outstanding Color Technique
  • 4. ᠢᠰᠮᠠᠧᠯ ᠷᠣᠯᠳᠠᠨ ᠤ ᠨᠡᠷᠡᠮᠵᠢᠲᠦ 《ᠰᠢᠨ᠎ᠡ ᠴᠡᠷᠢᠭ》 ᠱᠠᠩᠨᠠᠯ
    The Ismael Roldan Award – Rookie of the Year
  • 5. ᠰᠧᠪᠠᠰᠲ᠋ᠢᠶᠠᠨ ᠻᠷᠦᠭᠧᠷ ᠦᠨ ᠨᠡᠷᠡᠮᠵᠢᠲᠦ ᠬᠦᠨᠳᠦᠲᠦ ᠵᠣᠴᠢᠨ ᠤ ᠱᠠᠩᠨᠠᠯ
    Guest of Honor The Sebastian Kruger Award

ᠵᠡᠷᠭᠡ ᠶᠢ ᠬᠦᠷᠲᠡᠨ᠂ ᠨᠡᠶᠢᠲᠡ ᠣᠷᠤᠯᠴᠠᠭᠴᠢᠳ ᠠᠴᠠ ᠬᠠᠮᠤᠭ ᠤᠨ ᠣᠯᠠᠨ ᠪᠤᠶᠤ ᠲᠠᠪᠤ ᠶᠢᠨ ᠲᠠᠪᠤᠨ ᠱᠠᠩᠨᠠᠯ ᠤᠨ ᠡᠵᠡᠨ ᠪᠣᠯᠵᠤ᠂ ᠮᠣᠩᠭᠤᠯ ᠤᠯᠤᠰ ᠤᠨ ᠢᠶᠠᠨ ᠨᠡᠷ᠎ᠡ ᠶᠢ ᠥᠨᠳᠦᠷ ᠲᠦ ᠡᠷᠭᠦᠨ᠂ ᠮᠣᠩᠭᠤᠯ ᠵᠢᠷᠤᠭᠠᠴᠢ ᠶᠢᠨ ᠠᠪᠢᠶᠠᠰ ᠪᠢᠯᠢᠭ ᠢ ᠳᠡᠯᠡᠬᠡᠶ ᠳᠦ ᠭᠠᠶᠢᠬᠠᠭᠤᠯᠤᠯ᠎ᠠ᠃

ᠵᠢᠷᠤᠭᠠᠴᠢ ᠴᠣᠶᠢᠮᠪᠠᠯ ᠤᠨ ᠭᠠᠩᠪᠠᠭᠠᠲᠤᠷ

1967 ᠣᠨ ᠳᠤ ᠳᠣᠷᠤᠨᠠᠳᠤ ᠠᠶᠢᠮᠠᠭ ᠲᠤ ᠲᠥᠷᠦᠭᠰᠡᠨ᠃ ᠰᠦᠬᠡᠪᠠᠭᠠᠲᠤᠷ ᠠᠶᠢᠮᠠᠭ ᠤᠨ ᠳᠠᠷᠢᠭᠠᠩᠭ᠎ᠠ ᠨᠤᠲᠤᠭ ᠤᠨ ᠤᠤᠭᠠᠯ᠃ 1987 ᠣᠨ ᠳᠤ ᠳᠦᠷᠰᠦᠯᠡᠬᠦ ᠤᠷᠠᠯᠢᠭ ᠤᠨ ᠳᠤᠮᠳᠠᠳᠤ ᠰᠤᠷᠭᠠᠭᠤᠯᠢ᠂ 2012 ᠣᠨ ᠳᠤ ᠰᠣᠶᠤᠯ ᠤᠷᠠᠯᠢᠭ ᠤᠨ ᠶᠡᠬᠡ ᠰᠤᠷᠭᠠᠭᠤᠯᠢ ᠶᠢ ᠲᠤᠰ ᠲᠤᠰ ᠲᠡᠭᠦᠰᠦᠭᠰᠡᠨ ᠮᠡᠷᠭᠡᠵᠢᠯ ᠦᠨ ᠵᠢᠷᠤᠭᠠᠴᠢ ᠲᠡᠷᠡ ᠪᠡᠷ ᠤᠰᠤᠨ ᠪᠤᠳᠤᠭ ᠢᠶᠠᠷ ᠳᠠᠩᠨᠠᠨ ᠠᠵᠢᠯᠯᠠᠵᠡᠶ᠃

ᠵᠢᠷᠤᠭᠠᠴᠢ ᠮᠠᠨᠢ ᠭᠡᠷ ᠪᠦᠯᠢ ᠶᠢᠨ ᠢᠶᠡᠨ ᠬᠠᠮᠲᠤ ᠪᠠᠷ ᠠᠮᠧᠷᠢᠻᠠ ᠶᠢᠨ ᠬᠣᠲᠠ ᠨᠤᠭᠤᠳ ᠢᠶᠠᠷ ᠠᠶᠠᠯᠠᠩᠭ᠎ᠠ ᠢᠷᠡᠬᠦ 12 ᠳᠤᠭᠠᠷ ᠰᠠᠷ᠎ᠠ ᠳᠤ ᠳᠧᠨᠸᠧᠷ ᠬᠣᠲᠠᠨ᠎ᠠ ᠵᠢᠷᠤᠭᠠᠴᠢ ᠴᠣᠭ ᠮᠢᠵᠢᠳ ᠲᠡᠶ ᠬᠠᠮᠲᠤᠷᠠᠭᠰᠠᠨ᠂ ᠢᠷᠡᠬᠦ ᠣᠨ ᠤ 3 ᠳᠤᠭᠠᠷ ᠰᠠᠷ᠎ᠠ ᠳᠤ ᠪᠡᠶ᠎ᠡ ᠳᠠᠭᠠᠭᠠᠭᠰᠠᠨ ᠦᠵᠡᠰᠬᠦᠯᠡᠩ ᠢᠶᠡᠨ ᠭᠠᠷᠭᠠᠬᠤ ᠪᠠᠷ ᠲᠥᠯᠦᠪᠯᠡᠵᠦ ᠪᠠᠶᠢᠭ᠎ᠠ ᠶᠤᠮ ᠪᠠᠶᠢᠨ᠎ᠠ᠃ ᠴᠠᠭᠠᠰᠢᠳᠠ ᠪᠠᠨ ᠣᠯᠠᠨ ᠠᠪᠢᠶᠠᠰᠯᠢᠭ ᠵᠢᠷᠤᠭᠠᠴᠢᠳ ᠡᠨᠡ ᠲᠣᠮᠤ ᠠᠷᠭ᠎ᠠ ᠬᠡᠮᠵᠢᠶᠡᠨ ᠳᠦ ᠣᠷᠤᠯᠴᠠᠵᠤ᠂ ᠮᠣᠩᠭᠤᠯ ᠵᠢᠷᠤᠭᠠᠴᠢ ᠶᠢᠨ ᠴᠢᠳᠠᠯ ᠢ ᠭᠠᠶᠢᠬᠠᠭᠤᠯᠬᠤ ᠪᠣᠯᠲᠤᠭᠠᠶ⁉

ᠭᠠᠩᠪᠠᠭᠠᠲᠤᠷ ᠠᠬ᠎ᠠ ᠳᠠᠭᠠᠨ ᠤᠷᠠᠨ ᠪᠦᠲᠦᠭᠡᠯ ᠳᠦᠨᠢ ᠤᠯᠠᠮ ᠥᠨᠳᠦᠷ ᠠᠮᠵᠢᠯᠲᠠ ᠬᠦᠰᠡᠵᠦ᠂ ᠢᠷᠡᠬᠦ ᠵᠢᠯ 《ᠠᠯᠲᠠᠨ ᠬᠠᠪᠠᠷ》 ᠪᠤᠶᠤ 《Golden Nosey》 ᠱᠠᠩᠨᠠᠯ ᠤᠨ ᠡᠵᠡᠨ ᠪᠣᠯᠤᠭᠠᠷᠠᠶ ᠭᠡᠵᠦ ᠢᠷᠦᠭᠡᠶ᠎ᠡ⁉

ᠰᠢᠭᠤᠷᠬᠠᠶ ᠮᠡᠳᠡᠭᠡ ᠪᠡᠯᠡᠳᠬᠡᠭᠰᠡᠨ᠄
ᠯᠤ᠊᠂ ᠮᠥᠩᠬᠡᠲᠥ᠋ᠷᠦ
ᠴᠢᠻᠠᠭᠣ᠋ 2014-11-22












No comments:

Post a Comment