Монгол бичгээ хэрэглэцгээе! Chrome, Internet Explorer, Safari хөтчөөр үзнэ үү!

Үнэт зүйлгүй хүн өөрөө үнэ цэнэгүй байдаг

2014-11-22

ᠦᠨᠡᠲᠦ ᠵᠦᠶᠯ ᠦᠭᠡᠶ ᠬᠦᠮᠦᠨ ᠥᠪᠡᠷ ᠢᠶᠡᠨ ᠦᠨ᠎ᠡ ᠴᠡᠨ᠎ᠡ ᠦᠭᠡᠶ ᠪᠠᠶᠢᠳᠠᠭ



Gogo.mn | 2014 ᠣᠨ ᠤ 11 ᠳᠦᠭᠡᠷ ᠰᠠᠷ᠎ᠠ ᠶᠢᠨ 20


ᠮᠣᠩᠭᠣᠯᠴᠤᠳ ᠪᠢᠳᠡ ᠲᠥᠷᠥ ᠶᠣᠰᠣᠨ ᠤ ᠮᠢᠩᠭᠠᠨ ᠢᠶᠠᠷ ᠲᠣᠭᠠᠯᠠᠭᠳᠠᠬᠤ ᠲᠡᠦᠬᠡ᠂ ᠤᠯᠠᠮᠵᠢᠯᠠᠯ ᠲᠠᠢ ᠤᠯᠤᠰ᠃ ᠡᠨᠡ ᠤᠯᠠᠮᠵᠢᠯᠠᠯ ᠢ ᠮᠡᠳᠡᠭᠦᠯᠵᠦ᠂ ᠶᠡᠬᠡ ᠬᠠᠭᠠᠳ ᠤᠨ ᠢᠶᠠᠨ ᠨᠠᠮᠲᠠᠷ ᠴᠠᠳᠢᠭ ᠢ ᠡᠷᠢᠮᠪᠡᠯᠡᠨ 《ᠮᠣᠩᠭᠣᠯ ᠬᠠᠭᠠᠳ》 13 ᠪᠣᠲᠢ ᠲᠡᠦᠬᠡᠨ ᠱᠠᠰᠲᠢᠷ ᠢ ᠤᠩᠰᠢᠭᠴᠢ ᠣᠯᠠᠨ ᠳᠠᠭᠠᠨ ᠲᠣᠯᠢᠯᠠᠭᠤᠯᠤᠭᠰᠠᠨ 《ᠲᠥᠷᠥᠲᠦ ᠶᠣᠰᠤ᠂ ᠬᠠᠭᠠᠳ ᠤᠨ ᠰᠠᠩ》 ᠰᠠᠶ᠋ᠢᠬᠠᠨ ᠮᠣᠩᠭᠣᠯ ᠬᠠᠭᠠᠳ ᠤᠨ ᠬᠥᠷᠥᠭ ᠳᠦᠷᠢ ᠨᠦᠭᠦᠳ ᠢ ᠰᠡᠷᠭᠦᠭᠡᠨ ᠪᠦᠲᠦᠭᠡᠵᠡᠶ᠃ ᠶᠡᠬᠡ ᠬᠠᠭᠠᠳ ᠤᠨ ᠦᠵᠡᠯ ᠰᠠᠨᠠᠭ᠎ᠠ ᠶᠢ ᠲᠦᠭᠡᠭᠡᠨ ᠳᠡᠯᠭᠡᠷᠡᠭᠦᠯᠬᠦ ᠡᠷᠬᠢᠮ ᠵᠣᠷᠢᠯᠭ᠎ᠠ ᠲᠠᠢ ᠡᠨᠡ ᠪᠠᠶᠢᠭᠤᠯᠤᠯᠭ᠎ᠠ ᠶᠢᠨ ᠲᠡᠷᠢᠭᠦᠨ ᠵᠣᠬᠢᠶᠠᠯᠴᠢ᠂ ᠣᠷᠴᠢᠭᠤᠯᠤᠭᠴᠢ᠂ ᠲᠡᠦᠬᠡ ᠰᠤᠳᠤᠯᠤᠭᠠᠴᠢ ᠳ᠊᠂ ᠭᠦᠨ-ᠦᠶᠯᠡᠰ ᠲᠡᠶ ᠶᠠᠷᠢᠯᠴᠠᠭᠰᠠᠨ ᠢᠶᠠᠨ ᠲᠣᠯᠢᠯᠠᠭᠤᠯᠵᠤ ᠪᠠᠶᠢᠨ᠎ᠠ᠃

- ᠲᠠᠨᠠᠶ ᠰᠠᠩ ᠠᠴᠠ ᠰᠠᠨᠠᠭᠠᠴᠢᠯᠠᠨ ᠠᠯᠲᠠᠨ ᠤᠷᠤᠭ ᠤᠨ ᠬᠠᠭᠠᠳ ᠤᠨ ᠬᠥᠷᠥᠭ ᠳᠦᠷᠢ ᠶᠢ ᠪᠦᠲᠦᠭᠡᠵᠡᠶ᠃ ᠲᠡᠦᠬᠡ ᠰᠣᠨᠢᠷᠬᠠᠳᠠᠭ ᠮᠥᠷᠲᠡᠯ᠎ᠡ ᠭᠦᠨᠵᠡᠭᠡᠢ ᠮᠡᠳᠡᠬᠦ ᠦᠭᠡᠢ ᠮᠡᠷᠭᠡᠵᠢᠯ ᠦᠨ ᠪᠢᠰᠢ ᠬᠦᠮᠦᠨ ᠦ ᠬᠤᠪᠢ ᠳᠤ ᠭᠡᠨᠡᠨ ᠴᠤ ᠭᠡᠮᠡᠷ ᠠᠰᠠᠭᠤᠯᠲᠠ ᠨᠤᠭᠤᠳ ᠶᠡᠬᠡ ᠲᠥᠷᠥᠬᠦ ᠶᠤᠮ᠃ ᠵᠢᠱᠢᠶ᠎ᠡ ᠨᠢ ᠥᠨᠥᠳᠥᠷ ᠪᠢᠳᠡ ᠦᠵᠡᠭᠡᠳ ᠵᠢᠰᠦ ᠴᠢᠷᠠᠢ ᠨᠢ ᠪᠠᠷᠤᠭ ᠲᠠᠨᠢᠳᠠᠭ ᠬᠦᠮᠦᠨ ᠰᠢᠭ᠋ ᠪᠣᠯᠴᠢᠬᠠᠭᠰᠠᠨ ᠴᠢᠩᠭᠢᠰ ᠬᠠᠭᠠᠨ ᠤ ᠬᠥᠷᠥᠭ ᠪᠠᠶᠢᠨ᠎ᠠ᠃ ᠡᠨᠡ ᠶᠡᠷᠦᠨᠢ ᠬᠠᠭᠠᠨ ᠤ ᠶᠠᠭ ᠪᠣᠳᠠᠲᠤ ᠳᠦᠷᠢ ᠮᠥᠨ ᠦᠦ⁈

- ᠶᠡᠷᠦᠨᠢ ᠪᠣᠳᠠᠲᠤ ᠳᠦᠷᠢ ᠭᠡᠵᠦ ᠢᠲᠡᠭᠡᠵᠦ ᠪᠣᠳᠣᠪᠠᠯ ᠪᠣᠳᠠᠲᠤ ᠳᠦᠷᠢ ᠯᠠ ᠪᠣᠯᠤᠨ᠎ᠠ᠃ ᠡᠷᠡᠭᠡᠯᠵᠡᠭᠡᠳ ᠲᠡᠭᠡᠨᠡᠭᠡᠯᠵᠡᠭᠡᠳ ᠪᠠᠶᠢᠪᠠᠯ ᠶᠠᠭᠤ ᠴᠤ ᠦᠯᠡᠳᠡᠵᠦ ᠬᠣᠴᠣᠷᠬᠤ ᠦᠭᠡᠢ ᠰᠢᠦ ᠳ᠋ᠡ᠃ ᠮᠣᠩᠭᠣᠯᠴᠤᠳ ᠵᠥᠩ ᠪᠢᠯᠢᠭ ᠲᠡᠢ ᠠᠷᠠᠳ ᠲᠦᠮᠡᠨ᠃ ᠪᠤᠷᠬᠠᠨ ᠴᠤ ᠰᠡᠳᠬᠢᠯ ᠡᠴᠡ ᠭᠠᠷᠤᠨ᠎ᠠ᠂ ᠪᠤᠭ ᠴᠤ ᠰᠡᠳᠬᠢᠯ ᠡᠴᠡ ᠭᠠᠷᠤᠨ᠎ᠠ ᠭᠡᠵᠦ ᠦᠵᠡᠳᠡᠭ᠃ ᠦᠯᠢᠭᠡᠷ ᠳᠣᠮᠣᠭ ᠲᠤ ᠴᠤ ᠢᠩᠭᠢᠵᠦ ᠯᠠ ᠳᠦᠷᠰᠦᠯᠡᠵᠦ᠂ ᠦᠨᠡᠨ ᠪᠠᠶᠢᠳᠠᠯ ᠳᠤ ᠴᠤ ᠢᠩᠭᠢᠵᠦ ᠯᠠ ᠢᠲᠡᠭᠡᠵᠦ ᠢᠷᠡᠭᠰᠡᠨ᠃ ᠵᠢᠷ ᠦᠨ ᠴᠢᠯᠠᠭᠤ ᠳ᠋ᠠᠷ᠎ᠠ ᠡᠬᠡ ᠪᠣᠯᠤᠭᠰᠠᠨ ᠲᠤᠬᠠᠢ ᠦᠯᠢᠭᠡᠷ ᠳᠣᠮᠣᠭ ᠬᠦᠷᠲᠡᠯ᠎ᠡ ᠪᠠᠶᠢᠳᠠᠭ ᠪᠢᠵᠡ ᠳ᠋ᠡ᠃

ᠬᠦᠦ ᠨᠢ ᠣᠯᠠᠨ ᠵᠢᠯ ᠪᠣᠯᠤᠭᠠᠳ ᠡᠷᠭᠢᠵᠦ ᠢᠷᠡᠬᠦ ᠳᠡᠭᠡᠨ ᠡᠵᠢ ᠶᠢᠨ ᠢᠶᠡᠨ ᠵᠠᠬᠢᠭᠰᠠᠨ ᠢ ᠭᠡᠨᠡᠳᠲᠡ ᠰᠠᠨᠠᠭᠠᠳ ᠭᠠᠵᠠᠷ ᠠᠴᠠ ᠨᠢᠭᠡᠨ ᠲᠣᠮᠤ ᠴᠢᠯᠠᠭᠤ ᠠᠪᠴᠤ ᠬᠠᠳᠠᠭ ᠲᠤ ᠪᠣᠭᠣᠭᠠᠳ ᠡᠬᠡ ᠳᠡᠭᠡᠨ ᠠᠪᠠᠴᠢᠵᠤ ᠥᠭᠳᠡᠭ᠃ ᠬᠠᠳᠠᠭ ᠳᠣᠲᠣᠷ᠎ᠠ ᠨᠢ ᠴᠢᠯᠠᠭᠤ ᠪᠠᠶᠢᠭ᠎ᠠ ᠭᠡᠳᠡᠭ ᠢ ᠡᠵᠢ ᠳᠡᠭᠡᠨ ᠮᠡᠳᠡᠭᠦᠯᠬᠦ ᠦᠭᠡᠢ ᠶᠢᠨ ᠲᠤᠯᠠᠳᠠ 《ᠵᠠ ᠡᠵᠢ ᠮᠢᠨᠢ᠂ ᠬᠠᠳᠠᠭ ᠢ ᠨᠢ ᠵᠠᠳᠠᠯᠵᠤ ᠯᠠ ᠪᠣᠯᠳᠠᠭ ᠦᠭᠡᠢ ᠶᠤᠮ ᠰᠢᠦ᠃ ᠵᠠᠳᠠᠯᠪᠠᠯ ᠪᠤᠷᠬᠠᠨ ᠤ ᠴᠢᠨᠠᠷ ᠨᠢ ᠦᠭᠡᠢ ᠪᠣᠯᠤᠨ᠎ᠠ》 ᠭᠡᠵᠦ ᠬᠦᠦ ᠬᠡᠯᠡᠳᠡᠭ᠃ ᠣᠯᠠᠨ ᠵᠢᠯ ᠦᠨ ᠳᠠᠷᠠᠭ᠎ᠠ ᠬᠥᠭᠡᠷᠦᠬᠦᠢ ᠡᠬᠡ ᠨᠠᠰᠤ ᠨᠥᠭᠴᠢᠬᠦ ᠪᠣᠯᠵᠤ ᠬᠦᠦ ᠡᠴᠡᠭᠡᠨ ᠡᠴᠦᠰ ᠦᠨ ᠭᠤᠶᠤᠯᠲᠠ ᠪᠠᠨ ᠭᠤᠶᠤᠳᠠᠭ᠃ 《ᠵᠠ ᠬᠦᠦ ᠮᠢᠨᠢ᠂ ᠡᠵᠢ ᠨᠢ ᠣᠯᠠᠨ ᠵᠢᠯ ᠬᠠᠳᠠᠭ ᠲᠤ ᠪᠣᠭᠣᠯᠲᠠ ᠲᠠᠢ ᠡᠨᠡ ᠪᠤᠷᠬᠠᠨ ᠳᠠᠭᠠᠨ ᠮᠥᠷᠭᠥᠯ᠎ᠡ᠃ ᠦᠬᠦᠬᠦ ᠶᠢᠨ ᠢᠶᠡᠨ ᠡᠮᠦᠨ᠎ᠡ ᠪᠠᠷ᠎ᠠ ᠶᠢ ᠨᠢ ᠨᠢᠭᠡ ᠬᠠᠷᠠᠶ᠎ᠠ》 ᠭᠡᠬᠦ ᠳᠦ ᠬᠦᠦ ᠠᠷᠭ᠎ᠠ ᠦᠭᠡᠢ ᠪᠣᠯᠵᠤ ᠴᠡᠴᠡᠷᠬᠢᠯᠡᠭᠰᠡᠨ ᠭᠠᠷ ᠢᠶᠠᠷ ᠬᠠᠳᠠᠭ ᠢ ᠵᠠᠳᠠᠯᠬᠤ ᠳᠤ ᠴᠢᠯᠠᠭᠤ ᠪᠢᠰᠢ᠂ ᠬᠠᠷᠢᠨ ᠳ᠋ᠠᠷ᠎ᠠ ᠡᠬᠡ ᠪᠤᠷᠬᠠᠨ ᠠᠯᠲᠠᠨ ᠰᠢᠷ᠎ᠠ ᠥᠩᠭᠡ ᠪᠡᠷ ᠭᠢᠯᠪᠠᠯᠵᠠᠨ ᠭᠠᠷᠴᠤ ᠢᠷᠡᠪᠡ ᠭᠡᠰᠡᠨ ᠦᠯᠢᠭᠡᠷ ᠪᠤᠢ᠃

ᠡᠨᠡ ᠬᠡᠳᠦᠢ ᠦᠯᠢᠭᠡᠷ ᠪᠣᠯᠪᠠᠴᠤ ᠲᠡᠷᠡ ᠡᠬᠡ ᠴᠢᠯᠠᠭᠤ ᠶᠢ ᠨᠣᠭᠣᠭᠠᠨ ᠳ᠋ᠠᠷ᠎ᠠ ᠡᠬᠡ ᠪᠣᠯᠲᠠᠯ᠎ᠠ ᠰᠢᠲᠦᠵᠦ ᠴᠢᠳᠠᠭᠰᠠᠨ ᠨᠢ ᠴᠠᠭᠠᠨ᠎ᠠ ᠪᠠᠨ ᠶᠡᠬᠡ ᠤᠳᠬ᠎ᠠ ᠤᠴᠢᠷ ᠲᠠᠢ᠃ ᠠᠮᠢᠳᠤᠷᠠᠯ ᠳᠡᠭᠡᠷ᠎ᠡ ᠴᠤ ᠢᠯᠭᠠᠭ᠎ᠠ ᠦᠭᠡᠢ ᠠᠯᠢᠪᠠ ᠶᠠᠭᠤᠮᠠᠨ ᠳᠤ ᠦᠨᠡᠨ ᠰᠠᠨᠠᠭᠠᠨ ᠠᠴᠠ ᠰᠦᠰᠦᠯᠡᠨ ᠢᠲᠡᠭᠡᠵᠦ ᠴᠢᠳᠠᠪᠠᠯ ᠲᠡᠷᠡ ᠵᠦᠢᠯ ᠦᠨ ᠬᠢᠨᠢ ᠰᠦᠨᠡᠰᠦᠯᠢᠭ ᠴᠢᠨᠠᠷ ᠰᠡᠷᠭᠦᠵᠦ᠂ ᠪᠢᠳᠡᠨ ᠳᠦ ᠬᠠᠷᠢᠭᠤ ᠡᠨᠧᠷᠭᠢ ᠶᠢ ᠥᠭᠳᠡᠭ᠃ 《ᠨᠢᠭᠤᠴᠠ》 ᠶᠢᠨ ᠷᠣᠨ᠋ᠳᠠ ᠪᠢᠷᠨ᠋ᠧ ᠡᠴᠡ ᠡᠬᠢᠯᠡᠭᠡᠳ ᠪᠠᠷᠠᠭᠤᠨ ᠤ ᠡᠳᠦᠢ ᠲᠡᠳᠦᠢ ᠰᠤᠳᠤᠯᠤᠭᠠᠴᠢᠳ ᠤᠨ ᠬᠡᠯᠡᠭᠰᠡᠨ ᠪᠦᠬᠦᠨ ᠵᠥᠪ᠂ ᠮᠣᠩᠭᠣᠯᠴᠤᠳ ᠤᠨ ᠬᠡᠯᠡᠭᠰᠡᠨ ᠪᠣᠯᠭᠠᠨ ᠪᠤᠷᠤᠭᠤ ᠪᠠᠶᠢᠵᠤ ᠲᠠᠭᠠᠷᠠᠬᠤ ᠦᠭᠡᠢ ᠪᠢᠵᠡ ᠳ᠋ᠡ᠃

- ᠲᠡᠷᠡ ᠴᠤ ᠲᠡᠶᠢᠮᠦ ᠰᠢᠦ᠃ ᠮᠣᠩᠭᠣᠯᠴᠤᠳ ᠶᠡᠷᠦᠨᠢ ᠮᠣᠩᠭᠣᠯ ᠬᠦᠮᠦᠨ ᠢᠶᠡᠨ ᠶᠠᠭᠠᠬᠢᠭᠠᠳ ᠰᠣᠨᠣᠰᠳᠠᠭ ᠦᠭᠡᠢ ᠶᠤᠮ ᠪᠣᠯ ᠠ᠋⁈ ᠡᠨᠳᠡ ᠶᠠᠮᠠᠷ ᠰᠢᠯᠲᠠᠭᠠᠨ ᠪᠠᠶᠢᠨ᠎ᠠ⁈

- ᠰᠣᠨᠣᠰᠳᠠᠭ ᠦᠭᠡᠢ ᠴᠤ ᠶᠠᠭᠤ ᠪᠠᠶᠢᠬᠤᠪ ᠳ᠋ᠡ᠃ ᠰᠣᠨᠣᠰᠬᠠᠬᠤ ᠶᠢ ᠬᠦᠰᠡᠳᠡᠭ ᠦᠭᠡᠢ᠂ ᠮᠣᠩᠭᠣᠯ ᠢ ᠮᠣᠩᠭᠣᠯ ᠢᠶᠠᠷ ᠨᠢ ᠪᠠᠶᠢᠯᠭᠠᠬᠤ ᠶᠢᠨ ᠡᠰᠡᠷᠬᠦ ᠶᠠᠪᠤᠳᠠᠭ᠂ ᠮᠠᠰᠢ ᠬᠦᠴᠦᠲᠡᠢ᠂ ᠵᠣᠬᠢᠶᠠᠨ ᠪᠠᠶᠢᠭᠤᠯᠤᠯᠲᠠ ᠲᠠᠢ ᠬᠡᠰᠡᠭ ᠪᠦᠯᠦᠭ ᠪᠠᠶᠢᠳᠠᠭ ᠶᠤᠮ ᠠ᠋᠃ ᠭᠠᠭᠴᠠ ᠪᠢ ᠴᠤ ᠪᠢᠰᠢ᠂ ᠮᠠᠨ ᠤ ᠡᠷᠳᠡᠮᠲᠡᠨ ᠰᠤᠳᠤᠯᠤᠭᠠᠴᠢᠳ᠂ ᠰᠡᠬᠡᠭᠡᠲᠡᠨ ᠨᠦᠭᠦᠳ᠂ ᠬᠡᠦᠬᠡᠳ ᠵᠠᠯᠠᠭᠤᠰ ᠡᠭᠦᠨ ᠢ ᠶᠡᠬᠡ ᠣᠶᠢᠷᠠᠬᠠᠨ ᠮᠡᠳᠡᠷᠡᠳᠡᠭ᠂ ᠥᠪᠡᠷ ᠬᠣᠭᠣᠷᠣᠨᠳᠤ ᠪᠠᠨ ᠶᠠᠷᠢᠳᠠᠭ᠃ ᠭᠡᠬᠦ ᠳᠡᠭᠡᠨ ᠲᠡᠳᠡ ᠮᠣᠩᠭᠣᠯ ᠢ ᠮᠣᠩᠭᠣᠯ ᠢᠶᠠᠷ ᠨᠢ ᠪᠠᠶᠢᠯᠭᠠᠬᠤ ᠶᠢᠨ ᠡᠰᠡᠷᠬᠦ ᠶᠠᠪᠤᠭᠠᠳ ᠪᠠᠶᠢᠭ᠎ᠠ ᠪᠠᠨ ᠥᠪᠡᠷᠰᠡᠳ ᠢᠶᠡᠨ ᠮᠡᠳᠡᠳᠡᠭ ᠦᠭᠡᠢ ᠴᠤ ᠪᠠᠶᠢᠵᠤ ᠪᠣᠯᠬᠤ ᠶᠤᠮ᠃

ᠨᠡᠶᠢᠭᠡᠮ ᠳᠦ ᠬᠦᠯᠢᠶᠡᠨ ᠵᠥᠪᠰᠢᠶᠡᠷᠡᠭᠳᠡᠭᠰᠡᠨ᠂ ᠮᠠᠰᠢ ᠣᠯᠠᠨ ᠳᠠᠭᠠᠯᠳᠤᠭᠴᠢᠳ ᠲᠠᠢ ᠨᠡᠷ᠎ᠡ ᠬᠦᠨᠳᠦ ᠪᠦᠬᠦᠢ ᠨᠢᠭᠡ ᠲᠣᠮᠤ ᠹᠷᠠᠻᠼᠢ ᠭᠡᠬᠦ ᠪᠡᠷ ᠬᠡᠰᠡᠭ ᠨᠥᠬᠥᠳ ᠮᠠᠲᠧᠷᠢᠶᠠᠯᠯᠢᠭ ᠫᠷᠠᠭᠮᠠᠲ᠋ᠢᠭ ᠬᠠᠨᠳᠤᠯᠭ᠎ᠠ ᠭᠡᠳᠡᠭ ᠨᠡᠷ᠎ᠡ ᠶᠢᠨ ᠳᠣᠣᠷ᠎ᠠ ᠮᠣᠩᠭᠣᠯ ᠤᠬᠠᠭᠠᠨ ᠭᠡᠵᠦ ᠪᠠᠶᠢᠳᠠᠭ ᠦᠭᠡᠢ᠂ ᠲᠩᠷᠢᠯᠢᠭ ᠰᠡᠳᠬᠢᠯᠭᠡ ᠭᠡᠵᠦ ᠪᠠᠶᠢᠳᠠᠭ ᠦᠭᠡᠢ᠂ ᠵᠥᠩ ᠪᠢᠯᠢᠭ ᠭᠡᠵᠦ ᠪᠠᠶᠢᠳᠠᠭ ᠦᠭᠡᠢ᠂ ᠡᠨᠧᠷᠭᠢ ᠮᠡᠳᠡᠭᠡᠯᠡᠯ ᠦᠨ ᠣᠷᠣᠨ ᠵᠠᠢ ᠭᠡᠵᠦ ᠪᠠᠶᠢᠳᠠᠭ ᠦᠭᠡᠢ ᠭᠡᠵᠦ ᠶᠡᠬᠡ ᠡᠪᠲᠡᠶᠢᠬᠡᠨ ᠢᠶᠡᠷ ᠰᠤᠷᠲᠠᠯᠴᠢᠯᠠᠭᠰᠠᠭᠠᠷ ᠤᠳᠠᠯ᠎ᠠ᠃ ᠲᠡᠳᠡ ᠮᠥᠩᠬᠡ ᠲᠩᠷᠢ ᠭᠡᠪᠡᠯ ᠱᠣᠭᠣᠯᠠᠨ᠎ᠠ᠂ ᠡᠪᠦᠭᠡ ᠳᠡᠭᠡᠳᠦᠰ ᠦᠨ ᠰᠦᠨᠡᠰᠦ ᠰᠦᠯᠳᠡ ᠭᠡᠪᠡᠯ ᠱᠣᠭᠣᠯᠠᠨ᠎ᠠ᠂ ᠲᠡᠦᠬᠡᠨ ᠮᠡᠳᠡᠷᠡᠮᠵᠢ ᠭᠡᠪᠡᠯ ᠱᠣᠭᠣᠯᠠᠨ᠎ᠠ᠃ ᠵᠠᠯᠠᠭᠤᠰ ᠮᠠᠨᠢ ᠡᠶᠢᠮᠦ ᠬᠦᠮᠦᠰ ᠪᠠᠶᠢᠳᠠᠭ ᠶᠤᠮ ᠪᠠᠶᠢᠨ᠎ᠠ ᠭᠡᠳ ᠯᠠ ᠰᠠᠨᠠᠭᠠᠨ ᠳᠠᠭᠠᠨ ᠠᠪᠴᠢᠬᠠᠬᠤ ᠳᠤ ᠠᠯᠢᠪᠠ ᠵᠦᠢᠯ ᠳᠦ ᠰᠢᠭᠦᠯᠲᠡᠭᠦᠷ ᠲᠡᠢ ᠬᠠᠨᠳᠤᠳᠠᠭ ᠪᠣᠯᠤᠨ᠎ᠠ᠃ ᠠᠯᠢᠶ᠎ᠠ ᠮᠠᠷᠵᠠᠩ ᠦᠭᠡ ᠶᠢᠨ ᠴᠠᠭᠠᠨ᠎ᠠ ᠹᠢᠯᠣᠰᠣᠹᠢ ᠦᠭᠡᠶᠢᠰᠬᠡᠭᠳᠡᠬᠦ ᠲᠣᠬᠢᠶᠠᠯᠳᠤᠯ ᠪᠠᠶᠢᠳᠠᠭ᠃

- ᠵᠠ ᠲᠡᠭᠡᠪᠡᠯ ᠲᠡᠶᠢᠮᠦ ᠬᠦᠮᠦᠰ ᠲᠦ ᠱᠣᠭᠤᠯᠠᠭᠤᠯᠬᠤ ᠦᠭᠡᠢ ᠶᠢᠨ ᠲᠤᠯᠠᠳᠠ ᠰᠡᠳᠬᠢᠯ ᠰᠠᠨᠠᠭᠠᠨ ᠤ ᠶᠠᠪᠤᠳᠠᠯ ᠠᠴᠠ ᠥᠭᠡᠷ᠎ᠡ ᠶᠠᠮᠠᠷ ᠪᠣᠳᠠᠲᠤ ᠪᠠᠷᠢᠮᠲᠠ ᠮᠡᠳᠡᠭᠡᠯᠡᠯ ᠢ ᠬᠠᠭᠠᠨ ᠤ ᠬᠥᠷᠥᠭ ᠦᠨ ᠲᠤᠬᠠᠢ ᠬᠡᠯᠡᠵᠦ ᠪᠣᠯᠬᠤ ᠪᠤᠢ⁈

- ᠴᠢᠩᠭᠢᠰ ᠬᠠᠭᠠᠨ ᠤ ᠬᠥᠷᠥᠭ ᠳᠦᠷᠢ ᠶᠢᠨ ᠲᠤᠬᠠᠢ ᠶᠠᠷᠢᠶ᠎ᠠ᠂ ᠰᠤᠳᠤᠯᠭ᠎ᠠ ᠶᠡᠬᠡ ᠡᠷᠲᠡᠨ ᠡᠴᠡ ᠤᠯᠪᠠᠭ᠎ᠠ ᠲᠠᠢ᠃ ᠮᠣᠩᠭᠣᠯ ᠤᠨ ᠳᠤᠮᠳᠠᠳᠤ ᠵᠠᠭᠤᠨ ᠤ ᠦᠶ᠎ᠡ ᠶᠢᠨ ᠴᠢᠯᠠᠭᠤᠨ ᠬᠥᠷᠥᠭ᠂ ᠬᠦᠮᠦᠨ ᠴᠢᠯᠠᠭᠤ ᠶᠢ ᠰᠤᠳᠤᠯᠵᠤ᠂ ᠳᠤᠮᠳᠠᠳᠤ ᠵᠠᠭᠤᠨ ᠤ ᠦᠶ᠎ᠡ ᠶᠢᠨ ᠮᠣᠩᠭᠣᠯ ᠬᠦᠮᠦᠨ ᠦ ᠳᠦᠷᠢ ᠲᠥᠷᠬᠥ ᠶᠢ ᠭᠠᠷᠭᠠᠵᠤ ᠢᠷᠡᠭᠰᠡᠨ ᠰᠤᠳᠤᠯᠤᠭᠠᠴᠢᠳ ᠪᠤᠢ᠃ ᠡᠨᠡ ᠲᠠᠯ᠎ᠠ ᠪᠠᠷ ᠮᠠᠨ ᠤ ᠨᠡᠷᠡᠲᠦ ᠲᠡᠦᠬᠡᠴᠢ ᠠᠰᠠᠨ ᠴ∙ ᠳᠠᠯᠠᠢ᠂ ᠰᠣᠶᠣᠨ ᠭᠡᠭᠡᠷᠡᠭᠦᠯᠦᠭᠴᠢ᠂ ᠡᠷᠳᠡᠮᠲᠡᠨ ᠵᠣᠬᠢᠶᠠᠯᠴᠢ᠂ ᠮᠠᠨᠠᠶ ᠰᠠᠩ ᠤᠨ ᠬᠦᠨᠳᠦᠲᠦ ᠶᠡᠷᠦᠩᠬᠡᠶᠢᠯᠡᠭᠴᠢ ᠯ∙ ᠲᠦᠳᠦᠪ᠂ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ᠂ ᠳ᠋ᠣᠻᠲᠣᠷ ᠳ∙ ᠪᠠᠶᠠᠷ ᠭᠡᠳ ᠣᠯᠠᠨ ᠬᠦᠮᠦᠰ ᠰᠤᠳᠤᠯᠤᠭᠰᠠᠨ᠃

ᠳᠣᠷᠣᠨᠠᠲᠤ ᠮᠣᠩᠭᠣᠯ ᠤᠨ ᠲᠠᠯ᠎ᠠ ᠨᠤᠲᠤᠭ ᠳᠠᠬᠢ ᠬᠦᠮᠦᠨ ᠴᠢᠯᠠᠭᠤ ᠨᠤᠭᠤᠳ᠂ ᠶᠡᠬᠡ ᠬᠠᠭᠠᠳ ᠤᠨ ᠦᠶ᠎ᠡ ᠳᠦ ᠮᠣᠩᠭᠣᠯ ᠳᠤ ᠢᠷᠡᠵᠦ ᠪᠠᠶᠢᠭᠰᠠᠨ ᠭᠠᠳᠠᠭᠠᠳᠤ ᠶᠢᠨ ᠵᠢᠭᠤᠯᠴᠢᠳ ᠤᠨ ᠲᠡᠮᠳᠡᠭᠯᠡᠯ᠂ 14 ᠍ ᠳᠦᠭᠡᠷ ᠵᠠᠭᠤᠨ ᠳᠤ ᠫᠧᠷᠰ ᠲᠦ ᠬᠡᠪᠯᠡᠭᠳᠡᠭᠰᠡᠨ ᠷᠠᠱᠢᠳ᠋ ᠠᠳ᠋ ᠳ᠋ᠢᠨ ᠦ 《ᠰᠤᠳᠤᠷ ᠤᠨ ᠴᠢᠭᠤᠯᠭᠠᠨ》 ᠪᠦᠲᠦᠭᠡᠯ ᠦᠨ ᠮᠢᠨᠢᠶᠠᠲ᠋ᠢᠶᠤᠶᠷ ᠪᠤᠶᠤ ᠨᠣᠮ ᠤᠨ ᠵᠢᠷᠤᠭ ᠵᠡᠷᠭᠡ ᠨᠢ ᠥᠪᠡᠷ ᠬᠣᠭᠣᠷᠣᠨᠳᠤ ᠪᠠᠨ ᠲᠣᠬᠢᠷᠠᠳᠠᠭ᠃

ᠴᠢᠩᠭᠢᠰ ᠬᠠᠭᠠᠨ ᠤ ᠳᠦᠷᠢ ᠲᠥᠷᠬᠥ ᠶᠢᠨ ᠲᠤᠬᠠᠢ ᠳᠤ ᠭᠡᠪᠡᠯ ᠲᠠᠶᠢᠸᠠᠨ ᠳᠤ ᠪᠠᠶᠢᠭ᠎ᠠ ᠴᠢᠩᠭᠢᠰ ᠦᠨ ᠬᠥᠷᠥᠭ ᠢ ᠡᠰᠢ ᠬᠥᠷᠥᠭ ᠭᠡᠵᠦ ᠦᠵᠡᠵᠦ ᠪᠣᠯᠤᠨ᠎ᠠ᠃ ᠶᠡᠷᠦ ᠨᠢ ᠲᠠᠶᠢᠸᠠᠨ ᠳᠤ ᠮᠣᠩᠭᠣᠯ ᠤᠨ 8 ᠬᠠᠭᠠᠨ᠂ 16 ᠬᠠᠲᠤᠨ ᠤ ᠬᠥᠷᠥᠭ ᠪᠠᠶᠢᠳᠠᠭ᠃ ᠲᠡᠳᠡᠭᠡᠷ ᠢ ᠲᠡᠦᠬᠡᠨ ᠴᠠᠭ ᠦᠶ᠎ᠡ ᠳᠦ ᠮᠠᠨ ᠤ ᠶᠡᠬᠡ ᠬᠠᠭᠠᠳ ᠵᠠᠷᠯᠢᠭ ᠲᠤᠰᠢᠶᠠᠯ ᠢᠶᠠᠨ ᠪᠠᠭᠤᠯᠭᠠᠵᠤ ᠵᠢᠷᠤᠭᠤᠯᠤᠭᠰᠠᠨ ᠪᠣᠯᠬᠣᠷ ᠳᠦᠷᠦ ᠲᠥᠷᠬᠥ ᠨᠢ ᠪᠣᠳᠠᠲᠤ ᠪᠠᠶᠢᠳᠠᠯ ᠳᠤ ᠬᠠᠮᠤᠭ ᠤᠨ ᠣᠶᠢᠷ᠎ᠠ ᠭᠡᠵᠦ ᠦᠵᠡᠬᠦ ᠪᠦᠷᠢᠨ ᠦᠨᠳᠦᠰᠦ ᠲᠡᠢ᠃ ᠨᠥᠭᠥᠭᠡ ᠲᠠᠯ᠎ᠠ ᠪᠠᠷ ᠭᠡᠪᠡᠯ ᠴᠢᠩᠭᠢᠰ ᠬᠠᠭᠠᠨ ᠤ ᠲᠤᠬᠠᠢ᠂ ᠢᠯᠠᠩᠭᠤᠶ᠎ᠠ ᠪᠠᠭ᠎ᠠ ᠨᠠᠰᠤᠨ ᠤ ᠬᠢᠨᠢ ᠲᠤᠬᠠᠢ ᠲᠡᠦᠬᠡ ᠰᠤᠳᠤᠷ ᠲᠤ ᠲᠡᠮᠳᠡᠭᠯᠡᠭᠳᠡᠨ ᠦᠯᠡᠳᠡᠭᠰᠡᠨ ᠪᠠᠷᠢᠮᠲᠠ ᠰᠡᠯᠲᠡ ᠨᠡᠯᠢᠶᠡᠳ ᠪᠤᠢ᠃

ᠲᠤᠬᠠᠶᠢᠯᠠᠪᠠᠯ 《ᠮᠣᠩᠭᠣᠯ ᠤᠨ ᠨᠢᠭᠤᠴᠠ ᠲᠣᠪᠴᠢᠶ᠎ᠠ》 ᠍ ᠳᠦ ᠳᠡᠢ ᠰᠡᠴᠡᠨ ᠲᠡᠮᠦᠵᠢᠨ ᠢ ᠬᠠᠷᠠᠭᠠᠳ 《ᠨᠢᠭᠤᠷ ᠲᠠᠭᠠᠨ ᠭᠡᠷᠡᠯ ᠲᠡᠢ᠂ ᠨᠢᠳᠦᠨ ᠳᠡᠭᠡᠨ ᠭᠠᠯ ᠲᠠᠢ ᠬᠥᠪᠡᠭᠦᠨ》 ᠭᠡᠰᠡᠨ ᠪᠣᠯ 《ᠶᠤᠸᠠᠨ ᠤᠯᠤᠰ ᠤᠨ ᠲᠡᠦᠬᠡ》 ᠍ ᠳᠦ 《ᠴᠢᠩᠭᠢᠰ ᠲᠠᠶᠢᠽᠦ ᠬᠠᠭᠠᠨ ᠤ ᠲᠦᠷᠦᠭᠰᠡᠨ ᠪᠠᠶᠢᠳᠠᠯ ᠳᠦᠷᠢ ᠶᠡᠷᠦ ᠪᠤᠰᠤ》 ᠭᠡᠰᠡᠨ ᠪᠠᠶᠢᠳᠠᠭ᠃ ᠡᠮᠦᠨᠡᠲᠦ ᠰᠦᠩ ᠤᠯᠤᠰ ᠤᠨ ᠡᠯᠴᠢ ᠵᠧᠤ ᠬᠤᠩ 《ᠮᠣᠩᠭᠣᠯ ᠲᠠᠲᠠᠷ ᠤᠨ ᠲᠤᠬᠠᠢ ᠪᠦᠷᠢᠨ ᠲᠡᠮᠳᠡᠭᠯᠡᠯ》 ᠍ ᠳᠡᠭᠡᠨ 《ᠲᠡᠮᠦᠵᠢᠨ ᠦ ᠪᠡᠶ᠎ᠡ ᠬᠥᠳᠡᠷ᠂ ᠮᠠᠩᠨᠠᠢ ᠲᠠᠯᠪᠢᠭᠤᠨ᠂ ᠰᠠᠬᠠᠯ ᠤᠷᠲᠤ᠂ ᠠᠤᠭ᠎ᠠ ᠰᠦᠷᠯᠢᠭ》 ᠭᠡᠬᠦᠴᠢᠯᠡᠨ ᠲᠡᠮᠳᠡᠭᠯᠡᠭᠰᠡᠨ ᠪᠠᠶᠢᠳᠠᠭ᠃

ᠮᠥᠨ ᠨᠠᠳᠠ ᠠᠴᠠ 150 ᠵᠢᠯ ᠦᠨ ᠡᠮᠦᠨ᠎ᠡ ᠮᠣᠩᠭᠣᠯ ᠪᠣᠯᠤᠭᠠᠳ ᠳᠣᠷᠣᠨ᠎ᠠ ᠳᠠᠬᠢᠨ ᠤ ᠰᠤᠳᠤᠯᠤᠯ ᠢᠶᠠᠷ ᠢᠶᠠᠨ ᠠᠯᠳᠠᠷᠲᠠᠢ ᠻᠠᠽᠠᠨ ᠦ ᠶᠡᠬᠡ ᠰᠤᠷᠭᠠᠭᠤᠯᠢ ᠳᠤ ᠰᠤᠷᠤᠯᠴᠠᠵᠤ᠂ ᠬᠣᠵᠢᠮ ᠢᠶᠠᠨ ᠣᠷᠣᠰ ᠤᠨ ᠨᠡᠷᠡᠲᠦ ᠡᠷᠳᠡᠮᠲᠡᠨ ᠪᠣᠯᠤᠭᠰᠠᠨ᠂ ᠮᠣᠩᠭᠣᠯ ᠰᠤᠳᠤᠯᠤᠭᠠᠴᠢ ᠢᠯᠢᠶ᠎ᠠ ᠨᠢᠻᠣᠯᠠᠶᠧᠸᠢᠴ ᠪᠧᠷᠧᠽᠢᠨ 《ᠴᠢᠩᠭᠢᠰ ᠬᠠᠭᠠᠨ》 ᠪᠦᠲᠦᠭᠡᠯ ᠳᠡᠭᠡᠨ ᠲᠡᠮᠦᠵᠢᠨ ᠢ ᠪᠣᠷᠤ ᠨᠢᠳᠦ ᠲᠡᠢ᠂ ᠬᠠᠷ᠎ᠠ ᠬᠦᠷᠡᠩ ᠦᠰᠦᠲᠡᠢ᠂ ᠤᠯᠠᠭᠠᠨ ᠶᠠᠭᠠᠨ ᠴᠢᠷᠠᠢ ᠲᠠᠢ᠂ ᠰᠡᠷᠭᠦᠯᠡᠩ ᠪᠣᠯᠤᠭᠠᠳ ᠪᠤᠰᠤᠳ ᠢ ᠦᠯᠦ ᠲᠣᠭᠣᠬᠤ ᠬᠠᠷᠠᠴᠠ ᠪᠠᠷ ᠰᠢᠨᠵᠢᠮᠦᠢ ᠭᠡᠰᠡᠨ ᠲᠠᠷᠭᠤᠳᠠᠢ ᠶᠢᠨ ᠠᠵᠢᠭᠯᠠᠯᠲᠠ ᠶᠢ ᠪᠢᠴᠢᠭᠰᠡᠨ ᠪᠠᠶᠢᠳᠠᠭ᠃ ᠮᠢᠨᠦ ᠪᠡᠶ᠎ᠡ ᠻᠠᠽᠠᠨ ᠦ ᠶᠡᠬᠡ ᠰᠤᠷᠭᠠᠭᠤᠯᠢ ᠳᠤ ᠰᠤᠷᠤᠯᠴᠠᠨ ᠲᠡᠭᠦᠰᠦᠭᠰᠡᠨ ᠤᠴᠢᠷ ᠠᠴᠠ ᠨᠢᠭᠡᠨ ᠰᠤᠷᠭᠠᠭᠤᠯᠢ ᠶᠢᠨ ᠲᠡᠭᠦᠰᠦᠭᠴᠢᠳ ᠬᠡᠮᠡᠨ ᠡᠨᠡ ᠡᠷᠳᠡᠮᠲᠡᠨ ᠲᠡᠢ ᠥᠪᠡᠷ ᠢ ᠪᠡᠨ ᠬᠠᠮᠢᠶᠠᠲᠤᠭᠤᠯᠤᠭᠰᠠᠨ ᠬᠡᠷᠡᠭ᠃

- ᠨᠡᠭᠡᠷᠡᠨ ᠻᠠᠽᠠᠨ ᠦ ᠶᠡᠬᠡ ᠰᠤᠷᠭᠠᠭᠤᠯᠢ ᠭᠡᠵᠦ ᠶᠡᠬᠡ ᠨᠡᠷᠡᠲᠡᠢ ᠰᠤᠷᠭᠠᠭᠤᠯᠢ ᠪᠠᠶᠢᠬᠤ ᠰᠢᠦ᠃ ᠮᠣᠩᠭᠣᠯ ᠰᠤᠳᠤᠯᠤᠯ ᠤᠨ ᠲᠠᠯ᠎ᠠ ᠪᠠᠷ ᠪᠤᠰᠤᠳ ᠰᠤᠷᠭᠠᠭᠤᠯᠢ ᠨᠤᠭᠤᠳ ᠠᠴᠠᠭᠠᠨ ᠢᠯᠡᠭᠦᠦ ᠪᠠᠶᠢᠬᠤ ᠰᠢᠭ ᠰᠠᠨᠠᠭᠳᠠᠳᠠᠭ ᠶᠤᠮ᠃

- ᠥ ᠲᠡᠭᠡᠯ ᠦᠭᠡᠢ ᠶᠠᠭᠠᠬᠢᠬᠤᠪ᠃ ᠮᠠᠨᠠᠶ ᠰᠤᠷᠭᠠᠭᠤᠯᠢ ᠴᠢᠨᠢ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠤᠨ ᠦᠶ᠎ᠡ ᠳᠦ ᠮᠣᠰᠻᠸᠠ ᠶᠢᠨ ᠶᠡᠬᠡ ᠰᠤᠷᠭᠠᠭᠤᠯᠢ᠂ ᠯᠧᠨᠢᠩᠷᠠᠳ᠋ ᠍ ᠤᠨ ᠶᠡᠬᠡ ᠰᠤᠷᠭᠠᠭᠤᠯᠢ ᠲᠠᠢ ᠯᠠ ᠡᠩ ᠵᠡᠷᠭᠡᠴᠡᠵᠦ ᠪᠠᠶᠢᠯ᠎ᠠ ᠰᠢᠦ ᠳ᠋ᠡ᠃ ᠣᠳᠤ ᠴᠤ ᠨᠡᠷ᠎ᠡ ᠬᠦᠨᠳᠦᠲᠡᠢ ᠬᠡᠪ ᠢᠶᠡᠷ ᠢᠶᠡᠨ᠃ ᠣᠯᠠᠨ ᠠᠯᠳᠠᠷᠲᠠᠢ ᠡᠷᠳᠡᠮᠲᠡᠳ ᠲᠥᠷᠥᠨ ᠭᠠᠷᠤᠭᠰᠠᠨ ᠤ ᠨᠢᠭᠡ ᠨᠢ ᠻᠠᠹᠠᠷᠣᠸ ᠶᠤᠮ᠃ ᠲᠡᠷᠡ ᠶᠡᠬᠡ ᠬᠦᠮᠦᠨ 《ᠮᠣᠩᠭᠣᠯ ᠤᠨ ᠨᠢᠭᠤᠴᠠ ᠲᠣᠪᠴᠢᠶ᠎ᠠ》 ᠍ ᠢᠢ ᠠᠩᠬ᠎ᠠ ᠤᠳᠠᠭ᠎ᠠ ᠣᠷᠣᠰ ᠬᠡᠯᠡᠨ᠎ᠡ ᠪᠠᠭᠤᠯᠭᠠᠵᠤ᠂ ᠧᠦᠷᠣᠫᠠ ᠳᠠᠬᠢᠨ ᠳᠤ ᠲᠠᠨᠢᠭᠤᠯᠤᠭᠰᠠᠨ᠃

ᠴᠢᠩᠭᠢᠰ ᠦᠨ ᠬᠥᠷᠥᠭ ᠦᠨ ᠲᠤᠬᠠᠢ ᠶᠠᠷᠢᠶ᠎ᠠ ᠪᠠᠨ ᠦᠷᠭᠦᠯᠵᠢᠯᠡᠭᠦᠯᠬᠦ ᠳᠦ᠂ 1950-᠍ ᠊ᠭᠠᠳ ᠣᠨ ᠳᠤ ᠬᠢᠲᠠᠳ ᠤᠨ ᠲᠡᠦᠬᠡ ᠶᠢᠨ ᠮᠦᠽᠧᠢ ᠡᠴᠡ ᠭᠠᠷᠤᠭᠰᠠᠨ ᠥᠭᠡᠷ᠎ᠡ ᠨᠢᠭᠡ ᠬᠥᠷᠥᠭ ᠪᠤᠢ᠃ ᠲᠡᠷᠡ ᠬᠥᠷᠥᠭ ᠢ ᠮᠡᠷᠭᠡᠵᠢᠯ ᠦᠨ ᠬᠦᠮᠦᠰ ᠦᠵᠡᠵᠦ ᠰᠤᠳᠤᠯᠤᠭᠠᠳ ᠪᠦᠲᠦᠭᠡᠭᠰᠡᠨ ᠮᠠᠲᠧᠷᠢᠶᠠᠯ᠂ ᠵᠢᠷᠤᠭᠰᠠᠨ ᠠᠷᠭ᠎ᠠ ᠪᠠᠷᠢᠯ᠂ ᠪᠤᠳᠤᠭ ᠰᠢᠩᠬᠤ ᠰᠡᠯᠲᠡ ᠶᠢ ᠨᠢ ᠰᠢᠨᠵᠢᠭᠡᠳ ᠲᠠᠶᠢᠸᠠᠨ ᠳᠤ ᠪᠠᠶᠢᠭ᠎ᠠ ᠪᠢᠳᠡᠨ ᠦ ᠮᠡᠳᠡᠬᠦ ᠡᠰᠢ ᠬᠥᠷᠥᠭ ᠡᠴᠡ ᠡᠷᠲᠡ ᠪᠦᠲᠦᠭᠡᠭᠳᠡᠭᠰᠡᠨ ᠪᠣᠯᠬᠤ ᠶᠢ ᠪᠠᠲᠤᠯᠠᠭᠰᠠᠨ᠃ ᠬᠡᠷᠪᠡ ᠪᠢᠳᠡᠨ ᠦ ᠮᠡᠳᠡᠬᠦ ᠡᠰᠢ ᠬᠥᠷᠥᠭ ᠡᠴᠡ ᠡᠷᠲᠡᠨ ᠦ ᠬᠢ ᠶᠤᠮ ᠪᠣᠯ ᠲᠠᠶᠢᠸᠠᠨ ᠤ ᠮᠦᠽᠧᠢ ᠳᠦ ᠪᠠᠶᠢᠳᠠᠭ ᠬᠥᠷᠥᠭ ᠢ ᠲᠡᠷᠡ ᠬᠥᠷᠥᠭ ᠡᠴᠡ ᠬᠠᠭᠤᠯᠪᠤᠷᠢᠯᠠᠵᠤ ᠵᠢᠷᠤᠭᠰᠠᠨ ᠭᠡᠰᠡᠨ ᠦᠭᠡ ᠪᠣᠯᠤᠨ᠎ᠠ᠃ ᠭᠡᠬᠦ ᠳᠡᠭᠡᠨ ᠴᠥᠭᠡᠨ ᠵᠢᠯ ᠦᠨ ᠵᠠᠶᠢᠲᠠᠢ ᠬᠠᠭᠤᠯᠵᠤ ᠵᠢᠷᠤᠭᠰᠠᠨ ᠪᠣᠯᠪᠠ ᠤᠤ᠃


- ᠠᠨ᠂ ᠲᠡᠭᠡᠬᠦ ᠪᠡᠷ ᠡᠷᠲᠡᠨ ᠦ ᠬᠣᠶᠠᠷ ᠬᠥᠷᠥᠭ ᠪᠠᠶᠢᠳᠠᠭ ᠪᠠᠶᠢᠬᠤ ᠨᠢ ᠡ᠃ ᠴᠢᠩᠭᠢᠰ ᠦᠨ ᠬᠥᠷᠥᠭ ᠢ ᠶᠠᠮᠠᠷ ᠬᠦᠮᠦᠨ ᠵᠢᠷᠤᠭᠰᠠᠨ ᠶᠤᠮ ᠪᠣᠯ⁈ ᠲᠡᠦᠬᠡᠨ ᠳᠦ ᠲᠣᠳᠣᠷᠬᠠᠢ ᠪᠠᠶᠢᠳᠠᠭ ᠤᠤ⁈

- ᠲᠡᠶᠢᠮᠦ ᠡ᠂ ᠡᠷᠲᠡᠨ ᠦ ᠬᠣᠶᠠᠷ ᠬᠥᠷᠥᠭ ᠪᠤᠢ᠃ 《ᠮᠣᠩᠭᠣᠯ ᠤᠨ ᠨᠢᠭᠤᠴᠠ ᠲᠣᠪᠴᠢᠶ᠎ᠠ》 ᠍ ᠳᠦ ᠸᠠᠩ ᠬᠠᠨ ᠰᠠᠨᠠᠭ᠎ᠠ ᠪᠤᠷᠤᠭᠤᠯᠠᠬᠤ ᠳᠤ ᠪᠠᠳᠠᠢ᠂ ᠬᠡᠰᠢᠯᠢᠭ ᠴᠢᠩᠭᠢᠰ ᠬᠠᠭᠠᠨ ᠳᠤ ᠢᠷᠡᠵᠦ ᠬᠡᠯᠡᠳᠡᠭ᠂ ᠬᠣᠵᠢᠮ ᠨᠢ ᠮᠢᠩᠭᠠᠨ ᠤ ᠨᠣᠶᠠᠨ ᠪᠣᠯᠳᠠᠭ ᠭᠡᠵᠦ ᠨᠢᠭᠡ ᠲᠡᠦᠬᠡ ᠭᠠᠷᠳᠠᠭ᠃ ᠲᠡᠳᠡᠨ ᠦ ᠦᠷ᠎ᠡ ᠬᠣᠶᠢᠴᠢᠰ ᠪᠣᠯᠬᠤ ᠬᠣᠷᠢᠬᠤᠰᠤᠨ᠂ ᠵᠠᠷᠢᠮ ᠡᠬᠡ ᠰᠤᠷᠪᠤᠯᠵᠢ ᠳᠤ ᠬᠠᠷᠬᠠᠰᠤᠨ ᠴᠤ ᠭᠡᠳᠡᠭ᠂ ᠲᠡᠷᠡ ᠬᠦᠮᠦᠨ ᠪᠦᠲᠦᠭᠡᠭᠰᠡᠨ ᠭᠡᠳᠡᠭ ᠳᠡᠭᠡᠷ᠎ᠡ ᠡᠷᠳᠡᠮᠲᠡᠳ ᠰᠠᠨᠠᠭ᠎ᠠ ᠨᠡᠶᠢᠯᠡᠳᠡᠭ᠃ ᠶᠡᠬᠡ ᠶᠤᠸᠠᠨ ᠤᠯᠤᠰ ᠤᠨ 15 ᠍ ᠳᠤᠭᠠᠷ ᠣᠨ ᠳᠤ ᠭᠡᠬᠦ ᠪᠡᠷ ᠬᠥᠭᠡᠭᠡᠭᠡᠳ ᠦᠵᠡᠪᠡᠯ 1280-90 - ᠊ᠭᠡᠳ ᠣᠨ ᠤ ᠳᠤᠮᠳᠠ ᠦᠶ᠎ᠡ ᠪᠣᠯᠤᠨ᠎ᠠ᠃ ᠲᠡᠷᠡ ᠦᠶ᠎ᠡ ᠳᠦ ᠬᠤᠪᠢᠯᠠᠢ ᠬᠠᠭᠠᠨ ᠤ ᠵᠠᠷᠯᠢᠭ ᠢᠶᠠᠷ ᠶᠡᠬᠡ ᠬᠠᠭᠠᠨ ᠤ ᠬᠥᠷᠥᠭ ᠪᠦᠲᠦᠭᠡᠭᠳᠡᠭᠰᠡᠨ ᠭᠡᠵᠦ ᠲᠡᠦᠬᠡ ᠰᠤᠳᠤᠷ ᠲᠤ ᠪᠤᠢ᠃ ᠲᠡᠭᠡᠬᠦ ᠪᠡᠷ ᠡᠨᠡ ᠬᠥᠷᠥᠭ ᠢ ᠮᠣᠩᠭᠣᠯ ᠬᠦᠮᠦᠨ ᠪᠦᠲᠦᠭᠡᠭᠰᠡᠨ ᠭᠡᠵᠦ ᠦᠵᠡᠬᠦ ᠪᠦᠷᠢᠨ ᠦᠨᠳᠦᠰᠦ ᠲᠡᠢ᠃

- ᠮᠣᠩᠭᠣᠯ ᠬᠠᠭᠠᠨ ᠤ ᠬᠥᠷᠥᠭ ᠢ ᠬᠡᠨ ᠨᠢᠭᠡᠨ ᠭᠠᠳᠠᠨ᠎ᠠ ᠶᠢᠨ ᠵᠢᠷᠤᠭᠠᠴᠢ ᠪᠢᠰᠢ᠂ ᠮᠣᠩᠭᠣᠯ ᠬᠦᠮᠦᠨ ᠪᠦᠲᠦᠭᠡᠭᠰᠡᠨ ᠭᠡᠬᠦ ᠪᠡᠷ ᠰᠠᠶᠢᠬᠠᠨ ᠰᠠᠨᠠᠭᠳᠠᠵᠤ ᠪᠠᠶᠢᠨ᠎ᠠ ᠰᠢᠦ᠃ ᠣᠳᠤ ᠰᠠᠩ ᠤᠨ ᠢᠶᠠᠨ ᠰᠡᠷᠭᠦᠭᠡᠨ ᠪᠦᠲᠦᠭᠡᠭᠰᠡᠨ ᠬᠠᠭᠠᠳ ᠤᠨ ᠬᠥᠷᠥᠭ ᠦᠨ ᠲᠠᠯ᠎ᠠ ᠪᠠᠷ ᠶᠠᠷᠢᠨ᠎ᠠ ᠤᠤ᠃

- ᠲᠡᠭᠡᠯ ᠦᠭᠡᠢ ᠶᠠᠭᠠᠬᠢᠬᠤᠪ᠃ ᠨᠢᠭᠡ ᠪᠣᠯ ᠬᠣᠷᠢᠬᠤᠰᠤᠨ ᠥᠪᠡᠷ ᠢᠶᠡᠨ ᠪᠦᠲᠦᠭᠡᠭᠰᠡᠨ᠂ ᠨᠢᠭᠡ ᠪᠣᠯ ᠬᠣᠷᠢᠬᠤᠰᠤᠨ ᠤ ᠰᠢᠭᠤᠳ ᠵᠢᠭᠠᠪᠤᠷᠢ ᠵᠥᠪᠯᠡᠭᠡ ᠪᠡᠷ ᠪᠦᠲᠦᠭᠡᠭᠳᠡᠭᠰᠡᠨ ᠭᠡᠵᠦ ᠣᠶᠢᠯᠠᠭᠠᠵᠤ ᠪᠣᠯᠤᠨ᠎ᠠ᠂ ᠬᠤᠪᠢᠯᠠᠢ ᠬᠠᠭᠠᠨ ᠤ ᠵᠠᠷᠯᠢᠭ ᠢᠶᠠᠷ᠃ ᠲᠡᠭᠡᠬᠦ ᠪᠡᠷ ᠪᠢᠳᠡ ᠬᠠᠭᠠᠨ ᠤ ᠪᠠᠨ ᠳᠦᠷᠢ ᠲᠥᠷᠬᠥ ᠶᠢ ᠡᠨᠡ ᠬᠣᠶᠠᠷ ᠡᠰᠢ ᠬᠥᠷᠥᠭ ᠢᠶᠡᠷ ᠪᠠᠷᠢᠮᠵᠢᠶᠠᠯᠠᠵᠤ ᠪᠦᠲᠦᠭᠡᠪᠡᠯ ᠦᠨᠡᠨ ᠳᠦ ᠨᠡᠶᠢᠴᠡᠨ᠎ᠡ᠃ ᠨᠠᠷᠢᠨ ᠬᠠᠷᠠᠪᠠᠯ ᠡᠨᠡ ᠬᠥᠷᠥᠭ ᠦᠳ ᠦᠨ ᠬᠣᠭᠣᠷᠣᠨᠳᠤ ᠨᠡᠯᠢᠶᠡᠳ ᠢᠯᠭᠠᠭ᠎ᠠ ᠪᠤᠢ᠃ ᠭᠡᠬᠦ ᠳᠡᠭᠡᠨ ᠶᠠᠭᠠᠬᠢᠬᠤ ᠪᠤᠢ᠂ ᠠᠯᠢᠨ ᠤ ᠨᠢ ᠴᠤ ᠰᠦᠰᠦᠭᠯᠡᠭᠡᠳ᠂ ᠰᠡᠳᠬᠢᠯ ᠳᠡᠭᠡᠨ ᠪᠠᠷᠢᠨᠲᠠᠭᠯᠠᠭᠠᠳ ᠶᠠᠪᠤᠬᠤ ᠳᠤ ᠪᠤᠷᠤᠭᠤᠳᠠᠬᠤ ᠦᠭᠡᠢ᠃

《ᠲᠥᠷᠥᠳᠦ ᠶᠣᠰᠤ᠂ ᠬᠠᠭᠠᠳ ᠤᠨ ᠰᠠᠩ》 ᠍ ᠦᠨ ᠡᠷᠳᠡᠮ ᠦᠨ ᠵᠥᠪᠯᠡᠯ᠂ ᠤᠷᠠᠨ ᠪᠦᠲᠦᠭᠡᠯᠴᠢᠳ ᠬᠠᠮᠲᠤᠷᠠᠭᠠᠳ ᠬᠠᠭᠠᠳ ᠤᠨ ᠢᠶᠠᠨ ᠬᠥᠷᠥᠭ ᠢ ᠰᠡᠷᠭᠦᠭᠡᠨ ᠪᠦᠲᠦᠭᠡᠭᠰᠡᠨ ᠦ ᠳᠣᠲᠣᠷ᠎ᠠ ᠴᠢᠩᠭᠢᠰ ᠬᠠᠭᠠᠨ ᠤ ᠬᠥᠷᠥᠭ ᠣᠨᠴᠤᠭᠤᠶ ᠪᠠᠶᠢᠷᠢ ᠡᠵᠡᠯᠡᠨ᠎ᠡ᠃ ᠡᠨᠡ ᠪᠣᠯ ᠬᠥᠷᠥᠭ ᠤᠷᠠᠯᠠᠯ ᠤᠨ ᠰᠣᠩᠭᠣᠳᠠᠭ ᠳᠢᠭ ᠰᠤᠷᠭᠠᠭᠤᠯᠢ ᠪᠠᠷ ᠪᠦᠲᠦᠭᠡᠭᠳᠡᠭᠰᠡᠨ᠂ ᠡᠷᠲᠡᠨ ᠦ ᠬᠣᠶᠠᠷ ᠡᠰᠢ ᠬᠥᠷᠥᠭ ᠦᠨ ᠨᠡᠶᠢᠲᠡᠯᠢᠭ ᠬᠡᠪ ᠰᠢᠨᠵᠢ ᠶᠢ ᠠᠭᠤᠯᠤᠭᠰᠠᠨ ᠢᠶᠠᠷ ᠢᠶᠠᠨ ᠣᠨᠴᠠᠯᠢᠭ ᠶᠤᠮ᠃ ᠥᠭᠡᠷ᠎ᠡ ᠪᠡᠷ ᠬᠡᠯᠡᠪᠡᠯ ᠮᠣᠩᠭᠣᠯᠴᠤᠳ ᠮᠠᠨᠢ ᠬᠠᠭᠤᠴᠢᠨ ᠤ ᠬᠠᠪᠲᠠᠭᠠᠢ᠂ ᠵᠢᠷᠤᠭᠠᠰᠤᠨ ᠵᠢᠷᠤᠭ ᠤᠨ ᠠᠷᠭ᠎ᠠ ᠪᠠᠷ ᠪᠦᠲᠦᠭᠡᠭᠳᠡᠭᠰᠡᠨ ᠬᠥᠷᠥᠭ ᠡᠴᠡ ᠭᠠᠳᠠᠨ᠎ᠠ ᠪᠣᠳᠠᠲᠤ ᠰᠤᠳᠤᠯᠭ᠎ᠠ ᠲᠠᠢ᠂ ᠦᠨᠳᠦᠰᠦᠨ ᠦ ᠡᠷᠳᠡᠮᠲᠡᠨ ᠮᠡᠷᠭᠡᠳ᠂ ᠤᠷᠠᠨ ᠪᠦᠲᠦᠭᠡᠯᠴᠢᠳ ᠦᠨ ᠣᠷᠣᠯᠴᠠᠭ᠎ᠠ ᠲᠠᠢ ᠪᠦᠲᠦᠭᠰᠡᠨ ᠴᠢᠩᠭᠢᠰ ᠬᠠᠭᠠᠨ ᠤ ᠬᠥᠷᠥᠭ ᠲᠡᠢ ᠪᠣᠯᠤᠯ᠎ᠠ ᠭᠡᠰᠡᠨ ᠦᠭᠡ᠃

- ᠬᠡᠳᠦᠨ ᠵᠢᠯ ᠦᠨ ᠡᠮᠦᠨ᠎ᠡ ᠵᠢᠷᠤᠭᠳᠠᠭᠰᠠᠨ 37 ᠬᠠᠭᠠᠨ ᠤ ᠬᠥᠷᠥᠭ ᠪᠠᠶᠢᠳᠠᠭ ᠰᠢᠦ ᠳ᠋ᠡ᠃ ᠲᠡᠷᠡ ᠬᠥᠷᠥᠭ ᠦᠳ ᠡᠴᠡ ᠶᠠᠭᠤ ᠪᠠᠷ ᠢᠶᠠᠨ ᠢᠯᠭᠠᠭ᠎ᠠ ᠲᠠᠢ ᠪᠤᠢ⁈ ᠶᠡᠷᠦᠨᠢ 《ᠲᠥᠷᠥᠳᠦ ᠶᠣᠰᠤ᠂ ᠬᠠᠭᠠᠳ ᠤᠨ ᠰᠠᠩ》 ᠮᠣᠩᠭᠣᠯ ᠤᠨ ᠬᠠᠭᠠᠳ ᠤᠨ ᠬᠥᠷᠥᠭ ᠢ ᠪᠦᠲᠦᠭᠡᠬᠦ ᠳᠡᠭᠡᠨ ᠶᠠᠮᠠᠷ ᠵᠠᠷᠴᠢᠮ ᠪᠠᠷᠢᠭᠰᠠᠨ ᠪᠤᠢ⁈

- ᠲᠡᠶᠢᠮᠦ ᠡ᠂ ᠬᠡᠳᠦᠨ ᠵᠢᠯ ᠦᠨ ᠡᠮᠦᠨ᠎ᠡ 37 ᠬᠠᠭᠠᠨ ᠤ ᠬᠥᠷᠥᠭ ᠢ ᠵᠢᠷᠤᠭᠠᠴᠢ ᠰᠡᠷᠭᠦᠯᠡᠩ ᠪᠠᠭ᠎ᠠ ᠦᠭᠡᠢ ᠰᠤᠳᠤᠯᠭ᠎ᠠ ᠬᠢᠵᠦ ᠪᠦᠲᠦᠭᠡᠭᠰᠡᠨ ᠪᠠᠶᠢᠳᠠᠭ᠃ ᠪᠢᠳᠡ ᠠᠭᠤᠯᠵᠠᠵᠤ᠂ ᠬᠥᠷᠥᠭ ᠦᠨ ᠲᠠᠯ᠎ᠠ ᠪᠠᠷ ᠰᠠᠨᠠᠯ ᠰᠣᠯᠢᠯᠴᠠᠭᠰᠠᠨ᠃ ᠮᠠᠨ ᠤ ᠲᠡᠦᠬᠡ ᠰᠤᠳᠤᠯᠤᠯ ᠤᠨ ᠨᠣᠶᠠᠨ ᠣᠷᠭᠢᠯ ᠪᠣᠯᠤᠭᠰᠠᠨ ᠴ∙ ᠳᠠᠯᠠᠢ᠂ ᠨ∙ ᠡᠰᠢᠵᠠᠮᠴᠤ ᠨᠠᠷ ᠤᠨ ᠵᠢᠭᠠᠪᠤᠷᠢ ᠵᠥᠪᠯᠡᠭᠡ ᠶᠢ ᠪᠠᠷᠢᠮᠲᠠᠯᠠᠵᠤ᠂ ᠲᠠᠶᠢᠸᠠᠨ ᠳᠤ ᠪᠠᠶᠢᠭ᠎ᠠ 8 ᠬᠠᠭᠠᠨ ᠤ ᠬᠥᠷᠥᠭ᠂ ᠵᠢᠷᠤᠭᠠᠴᠢ ᠮᠠᠨᠳᠢᠷ ᠤᠨ ᠵᠢᠷᠤᠭ ᠰᠡᠯᠲᠡ ᠡᠴᠡ ᠰᠠᠨᠠᠭ᠎ᠠ ᠠᠪᠴᠤ᠂ ᠥᠪᠡᠷ ᠢᠶᠡᠨ ᠴᠤ ᠨᠣᠮ ᠰᠤᠳᠤᠷ ᠨᠡᠯᠢᠶᠡᠳ ᠰᠡᠬᠦᠵᠦ ᠪᠠᠶᠢᠵᠤ ᠬᠢᠭᠰᠡᠨ ᠶᠤᠮ ᠪᠢᠯᠡ᠃

ᠮᠣᠩᠭᠣᠯᠴᠤᠳ ᠤᠨ ᠢᠶᠠᠨ ᠰᠠᠨᠠᠭ᠎ᠠ ᠰᠡᠳᠬᠢᠯ ᠳᠦ ᠲᠣᠭᠲᠠᠭᠰᠠᠨ ᠳᠦᠷᠦ ᠲᠥᠷᠬᠥ ᠨᠦᠭᠦᠳ ᠢ ᠦᠯᠡᠳᠡᠭᠡᠵᠦ ᠥᠭᠭᠦᠭᠰᠡᠨ ᠢᠶᠡᠷ ᠢᠶᠡᠨ ᠵᠢᠷᠤᠭᠠᠴᠢ ᠰᠡᠷᠭᠦᠯᠡᠩ ᠦᠨ ᠬᠥᠷᠥᠭ ᠦᠳ ᠴᠢᠬᠤᠯᠠ ᠠᠴᠢ ᠬᠣᠯᠪᠣᠭᠳᠠᠯ ᠲᠠᠢ ᠪᠦᠲᠦᠭᠡᠯ ᠪᠣᠯᠤᠭᠰᠠᠨ᠃ ᠬᠠᠭᠠᠳ ᠤᠨ ᠵᠢᠱᠢᠭ ᠳᠦᠷᠢ ᠡᠭᠦᠰᠭᠡᠬᠦ ᠡᠬᠢᠨ ᠦ ᠠᠯᠬᠤᠮ ᠢ ᠬᠢᠭᠰᠡᠨ᠃ ᠨᠢᠭᠡᠨᠲᠡ ᠮᠣᠩᠭᠣᠯᠴᠤᠳ ᠤᠨ ᠮᠠᠨᠢ ᠰᠡᠳᠬᠢᠯ ᠰᠠᠨᠠᠭᠠᠨ ᠳᠤ ᠬᠣᠨᠣᠭᠰᠢᠵᠤ ᠦᠯᠡᠳᠡᠭᠰᠡᠨ᠂ ᠨᠥᠭᠥᠭᠡ ᠲᠠᠯ᠎ᠠ ᠪᠠᠷ ᠳᠡᠯᠡᠬᠡᠢ ᠶᠢᠨ ᠬᠡᠮᠵᠢᠶᠡᠨ ᠦ ᠡᠷᠳᠡᠮᠲᠦ ᠪᠤᠭᠤᠷᠤᠯ ᠤᠳ ᠮᠠᠨᠢ ᠵᠢᠭᠠᠵᠤ ᠵᠥᠪᠯᠡᠭᠰᠡᠨ ᠪᠣᠯᠬᠣᠷ ᠵᠠᠷᠢᠮ ᠬᠠᠭᠠᠳ ᠤᠨ ᠬᠥᠷᠥᠭ ᠳᠦᠷᠢ ᠨᠦᠭᠦᠳ ᠢ ᠠᠰᠢᠭᠯᠠᠬᠤ ᠨᠢ ᠵᠥᠪ ᠭᠡᠵᠦ ᠡᠷᠳᠡᠮ ᠦᠨ ᠵᠥᠪᠯᠡᠯ ᠰᠢᠢᠳᠦᠭᠰᠡᠨ ᠶᠤᠮ᠃ ᠡᠨᠡ ᠨᠢ ᠴᠤ ᠵᠥᠪ ᠪᠠᠶᠢᠭᠰᠠᠨ ᠢ ᠮᠠᠨᠠᠶ ᠬᠥᠷᠥᠭ ᠪᠦᠲᠦᠭᠡᠭᠳᠡᠭᠰᠡᠨ ᠦ ᠳᠠᠷᠠᠭᠠᠬᠢ ᠦᠢᠯᠡ ᠶᠠᠪᠤᠴᠠ ᠬᠠᠷᠠᠭᠤᠯᠤᠯ᠎ᠠ᠃

ᠵᠢᠷ ᠦᠨ ᠤᠩᠰᠢᠭᠴᠢ ᠠᠴᠠ ᠡᠬᠢᠯᠡᠭᠡᠳ ᠣᠶᠤᠲᠠᠨ ᠰᠤᠳᠤᠯᠤᠭᠠᠴᠢ᠂ ᠡᠷᠳᠡᠮᠲᠡᠨ ᠮᠡᠷᠭᠡᠳ ᠬᠦᠷᠲᠡᠯ᠎ᠡ ᠪᠡᠯᠭᠡ ᠲᠡᠢ ᠰᠠᠶᠢᠬᠠᠨ ᠦᠭᠡ ᠶᠢ ᠬᠡᠯᠡᠵᠦ᠂ ᠥᠨᠳᠥᠷ ᠦᠨᠡᠯᠡᠭᠰᠡᠨ ᠳ᠋ᠡ᠃ ᠬᠠᠭᠠᠳ ᠤᠨ ᠬᠥᠷᠥᠭ ᠪᠦᠲᠦᠭᠡᠬᠦ ᠲᠥᠰᠥᠯ ᠮᠠᠨᠢ 《ᠠᠯᠲᠠᠨ ᠤᠷᠤᠭ ᠤᠨ 36᠂ ᠠᠯᠲᠠᠨ ᠤᠷᠤᠭ ᠤᠨ ᠪᠤᠰᠤ 1᠂ ᠨᠡᠶᠢᠲᠡ 37 ᠬᠠᠭᠠᠨ ᠤ ᠬᠥᠷᠥᠭ ᠪᠦᠲᠦᠭᠡᠬᠦ ᠲᠥᠰᠥᠯ》 ᠨᠡᠷᠡᠲᠡᠢ ᠪᠡᠷ ᠡᠷᠳᠡᠮᠲᠡᠨ ᠰᠤᠳᠤᠯᠤᠭᠠᠴᠢᠳ᠂ ᠵᠢᠷᠤᠭᠠᠴᠢ᠂ ᠤᠷᠠᠨ ᠪᠦᠲᠦᠭᠡᠯᠴᠢᠳ ᠢ ᠬᠠᠮᠤᠷᠤᠨ ᠣᠯᠠᠨ ᠰᠠᠷ᠎ᠠ ᠦᠷᠭᠦᠯᠵᠢᠯᠡᠭᠰᠡᠨ᠃ ᠮᠣᠩᠭᠣᠯ ᠤᠨ ᠤᠷᠠᠴᠤᠳ ᠤᠨ ᠡᠪᠯᠡᠯ ᠦᠨ ᠱᠠᠩᠨᠠᠯᠲᠤ ᠵᠢᠷᠤᠭᠠᠴᠢ ᠰ∙ ᠭᠠᠩᠪᠣᠯᠣᠳ᠂ ᠴ∙ ᠪᠣᠯᠣᠳ᠂ ᠴ∙ ᠣᠳᠬᠠᠨᠪᠠᠶᠠᠷ᠂ ᠴ∙ ᠠᠯᠢᠮ᠎ᠠ ᠨᠠᠷ ᠬᠠᠭᠠᠳ ᠤᠨ ᠬᠥᠷᠥᠭ ᠦᠳ ᠢ ᠠᠪᠢᠶᠠᠰ ᠪᠢᠯᠢᠭ ᠢᠶᠡᠨ ᠰᠢᠪᠬᠠᠨ ᠪᠠᠶᠢᠵᠤ ᠰᠡᠷᠭᠦᠭᠡᠨ ᠪᠦᠲᠦᠭᠡᠭᠰᠡᠨ ᠳ᠋ᠡ᠃

ᠪᠢᠳᠡ ᠬᠠᠭᠠᠳ ᠤᠨ ᠢᠶᠠᠨ ᠬᠥᠷᠥᠭ ᠢ ᠰᠡᠷᠭᠦᠭᠡᠨ ᠪᠦᠲᠦᠭᠡᠬᠦ ᠳᠡᠭᠡᠨ ᠬᠡᠳᠦ ᠬᠡᠳᠦᠨ ᠵᠠᠷᠴᠢᠮ ᠪᠠᠷᠢᠮᠲᠠᠯᠠᠭᠰᠠᠨ᠃ ᠶᠠᠭᠤᠨ ᠲᠦᠷᠦᠭᠦᠨ ᠳᠦ ᠮᠣᠩᠭᠣᠯ ᠬᠠᠭᠠᠳ ᠤᠨ ᠢᠶᠠᠨ ᠬᠥᠷᠥᠭ ᠢ ᠮᠣᠩᠭᠣᠯ ᠵᠢᠷᠤᠭᠠᠴᠢ ᠰᠡᠷᠭᠦᠭᠡᠨ ᠪᠦᠲᠦᠭᠡᠬᠦ ᠨᠢ ᠬᠠᠮᠤᠭ ᠤᠨ ᠵᠥᠪ ᠭᠡᠰᠡᠨ ᠴᠢᠭ ᠢ ᠪᠠᠷᠢᠭᠰᠠᠨ᠃ ᠮᠣᠩᠭᠣᠯ ᠬᠦᠮᠦᠨ ᠮᠣᠩᠭᠣᠯ ᠬᠠᠭᠠᠳ ᠤᠨ ᠢᠶᠠᠨ ᠳᠦᠷᠢ ᠲᠥᠷᠬᠥ ᠶᠢ ᠰᠡᠷᠭᠦᠭᠡᠨ ᠪᠦᠲᠦᠭᠡᠬᠦ ᠳᠡᠭᠡᠨ ᠮᠢᠬ᠎ᠠ ᠴᠢᠰᠤᠨ ᠳᠤ ᠰᠢᠩᠭᠡᠭᠰᠡᠨ ᠲᠥᠷᠥᠯᠬᠢ ᠵᠥᠩ ᠰᠣᠪᠢᠨ᠂ ᠦᠨᠳᠦᠰᠦᠨ ᠦ ᠥᠭᠭᠥᠭᠳᠡᠯ ᠭᠡᠳ ᠣᠯᠠᠨ ᠵᠦᠢᠯ ᠢᠶᠡᠷ ᠳᠠᠪᠠᠭᠤ ᠨᠢ ᠣᠶᠢᠯᠠᠭᠠᠮᠵᠢᠲᠠᠢ᠃ ᠪᠢᠳᠡ ᠬᠢᠲᠠᠳ ᠤᠨ ᠶᠤᠮ ᠤᠤ᠂ ᠡᠰᠡᠪᠡᠯ ᠠᠹᠷᠢᠻᠠ ᠶᠢᠨ ᠠᠯᠢ ᠨᠢᠭᠡ ᠭᠠᠵᠠᠷ ᠤᠨ ᠬᠠᠭᠠᠳ ᠨᠣᠶᠠᠳ ᠤᠨ ᠳᠦᠷᠢ ᠶᠢ ᠲᠡᠭᠦᠰ ᠰᠠᠶᠢᠬᠠᠨ ᠭᠠᠷᠭᠠᠵᠤ ᠴᠢᠳᠠᠬᠤ ᠦᠭᠡᠢ ᠰᠢᠦ ᠳ᠋ᠡ᠃ ᠡᠭᠦᠨ ᠲᠡᠢ ᠯᠠ ᠠᠳᠠᠯᠢ᠃

ᠪᠢᠳᠡᠨ ᠦ ᠪᠠᠷᠢᠭᠰᠠᠨ ᠳᠠᠷᠠᠭᠠᠬᠢ ᠵᠠᠷᠴᠢᠮ ᠪᠣᠯ ᠲᠡᠦᠬᠡ ᠰᠤᠷᠪᠤᠯᠵᠢ᠂ ᠡᠰᠢ ᠬᠥᠷᠥᠭ᠂ ᠪᠤᠰᠤᠳ ᠰᠤᠳᠤᠯᠭᠠᠨ ᠤ ᠮᠡᠳᠡᠭᠡᠯᠡᠯ ᠦᠳ ᠢ ᠬᠠᠮᠤᠭ ᠤᠨ ᠥᠷᠭᠡᠨ ᠰᠤᠪᠠᠭ ᠢᠶᠠᠷ ᠠᠰᠢᠭᠯᠠᠵᠤ᠂ ᠡᠷᠳᠡᠮᠲᠡᠳ ᠤᠷᠠᠨ ᠪᠦᠲᠦᠭᠡᠯᠴᠢᠳ ᠦᠨ ᠬᠠᠮᠲᠤ ᠶᠢᠨ ᠠᠵᠢᠯᠯᠠᠭ᠎ᠠ ᠶᠢ ᠳᠡᠭᠡᠳᠦ ᠵᠡᠷᠭᠡ ᠪᠡᠷ ᠬᠠᠩᠭᠠᠬᠤ ᠶᠠᠪᠤᠳᠠᠯ ᠪᠠᠶᠢᠯ᠎ᠠ᠃ ᠮᠣᠩᠭᠣᠯ ᠬᠦᠮᠦᠨ ᠦ ᠹᠢᠽᠢᠻ ᠠᠨ᠋ᠲᠷᠣᠫᠣᠯᠣᠬᠢ ᠶᠢᠨ ᠥᠭᠭᠥᠭᠳᠡᠯ᠂ ᠠᠯᠲᠠᠨ ᠤᠷᠤᠭ ᠤᠨ ᠬᠢᠨ ᠤ ᠬᠡᠪ ᠰᠢᠨᠵᠢ᠂ ᠳᠦᠷᠢ ᠨᠢ ᠦᠯᠡᠳᠡᠵᠦ ᠬᠣᠴᠣᠷᠤᠭᠰᠠᠨ ᠬᠠᠭᠠᠳ ᠤᠨ ᠲᠥᠷᠬᠥ ᠭᠡᠳ ᠪᠠᠷᠢᠮᠲᠠᠯᠠᠬᠤ ᠰᠤᠳᠤᠯᠬᠤ ᠵᠦᠢᠯ ᠮᠤᠩᠳᠠᠬᠤ ᠦᠭᠡᠢ ᠶᠡᠬᠡ ᠪᠠᠶᠢᠭᠰᠠᠨ ᠴᠤ ᠪᠢᠳᠡ ᠡᠨᠡ ᠠᠵᠢᠯ ᠢ ᠬᠢᠵᠦ ᠴᠢᠳᠠᠯ᠎ᠠ᠃ ᠡᠨᠡ ᠪᠣᠯ ᠮᠠᠨ ᠤ ᠡᠷᠳᠡᠮᠲᠡᠨ ᠰᠤᠳᠤᠯᠤᠭᠠᠴᠢᠳ᠂ ᠤᠷᠠᠨ ᠪᠦᠲᠦᠭᠡᠯᠴᠢᠳ ᠦᠨ ᠮᠣᠩᠭᠣᠯ ᠲᠡᠦᠬᠡ ᠶᠢᠨ ᠢᠶᠡᠨ ᠡᠮᠦᠨ᠎ᠡ ᠪᠦᠲᠦᠭᠡᠭᠰᠡᠨ ᠲᠣᠮᠤ ᠭᠠᠪᠢᠶ᠎ᠠ ᠭᠡᠵᠦ ᠵᠣᠷᠢᠭᠲᠠᠢ ᠬᠡᠯᠡᠨ᠎ᠡ᠃


ᠶᠡᠬᠡ ᠬᠠᠭᠠᠳ ᠤᠨ ᠢᠶᠠᠨ ᠭᠣᠯᠣᠮᠲᠠ ᠶᠢ ᠰᠠᠬᠢᠵᠤ ᠰᠠᠭᠤᠭ᠎ᠠ ᠡᠨᠡ ᠪᠢᠳᠡᠨ ᠦ ᠮᠣᠩᠭᠣᠯᠴᠤᠳ ᠤᠨ ᠲᠡᠳᠦᠢ ᠦᠭᠡᠢ ᠴᠢᠩᠭᠢᠰ ᠦᠨ ᠡᠵᠡᠨᠳᠦ ᠭᠦᠷᠦᠨ ᠦ ᠤᠯᠪᠠᠭ᠎ᠠ ᠪᠠᠷ ᠳᠡᠯᠡᠬᠡᠢ ᠳᠠᠶᠠᠭᠠᠷ ᠲᠠᠷᠬᠠᠨ ᠰᠠᠭᠤᠷᠢᠰᠢᠭᠰᠠᠨ ᠮᠣᠩᠭᠣᠯ ᠲᠤᠭᠤᠷᠭᠠᠲᠠᠨ ᠨᠤᠭᠤᠳ ᠤᠨ ᠡᠷᠬᠢᠮᠯᠡᠨ ᠳᠡᠭᠡᠳᠦᠯᠡᠬᠦ ᠬᠥᠯᠭᠡᠨ ᠰᠤᠳᠤᠷ ᠪᠣᠯᠤᠭᠰᠠᠨ 《ᠮᠣᠩᠭᠣᠯ ᠬᠠᠭᠠᠳ》 13 ᠪᠣᠲᠢ ᠲᠡᠦᠬᠡᠨ ᠱᠠᠰᠲᠢᠷ ᠤᠨ ᠮᠠᠨᠢ ᠠᠯᠲᠠᠨ ᠰᠢᠵᠢᠷ ᠪᠤᠳᠤᠭ ᠨᠢ ᠬᠠᠲᠠᠭᠠᠳᠤᠶ ᠰᠢᠬᠠᠮ ᠪᠠᠶᠢᠬᠤ ᠳᠤ ᠮᠠᠨᠠᠶ ᠰᠠᠩ 《ᠠᠯᠲᠠᠨ ᠤᠷᠤᠭ ᠤᠨ 36᠂ ᠠᠯᠲᠠᠨ ᠤᠷᠤᠭ ᠤᠨ ᠪᠤᠰᠤ 1᠂ ᠨᠡᠶᠢᠲᠡ 37 ᠬᠠᠭᠠᠨ ᠤ ᠬᠥᠷᠥᠭ ᠪᠦᠲᠦᠭᠡᠬᠦ》 ᠳᠠᠷᠠᠭᠠᠴᠢ ᠶᠢᠨ ᠲᠥᠰᠥᠯ ᠢᠶᠡᠨ ᠠᠮᠵᠢᠯᠲᠠᠲᠠᠢ ᠬᠡᠷᠡᠭᠵᠢᠭᠦᠯᠵᠦ ᠳᠠᠭᠤᠰᠬᠠᠯ᠎ᠠ᠃

ᠰᠤᠳᠤᠯᠭ᠎ᠠ ᠰᠢᠨᠵᠢᠯᠡᠭᠡ᠂ ᠠᠪᠢᠶᠠᠰ ᠴᠢᠳᠠᠪᠤᠷᠢ᠂ ᠪᠢᠯᠢᠭ ᠦᠨ ᠮᠡᠯᠮᠡᠢ᠂ ᠨᠥᠷᠢ ᠶᠡᠬᠡ ᠬᠥᠳᠡᠯᠮᠦᠷᠢ ᠱᠠᠭᠠᠷᠳᠠᠭᠰᠠᠨ ᠡᠨᠡ ᠲᠣᠮᠤ ᠲᠥᠰᠥᠯ ᠳᠦ ᠣᠷᠣᠯᠴᠠᠭᠰᠠᠨ ᠪᠦᠬᠦ ᠡᠷᠳᠡᠮᠲᠡᠨ ᠰᠤᠳᠤᠯᠤᠭᠠᠴᠢ᠂ ᠤᠷᠠᠨ ᠪᠦᠲᠦᠭᠡᠯᠴᠢᠳ ᠲᠡᠭᠡᠨ ᠪᠠᠶᠠᠷᠯᠠᠯ᠎ᠠ ᠭᠡᠵᠦ ᠬᠡᠯᠡᠶ᠎ᠡ᠃ 《ᠲᠥᠷᠥᠳᠦ ᠶᠣᠰᠤ᠂ ᠬᠠᠭᠠᠳ ᠤᠨ ᠰᠠᠩ》 ᠍ ᠦᠨ ᠡᠷᠳᠡᠮ ᠦᠨ ᠵᠥᠪᠯᠡᠯ 40-50-᠍ ᠊ᠭᠠᠳ ᠢᠳᠡᠪᠬᠢᠲᠡᠢ ᠭᠡᠰᠢᠭᠦᠨ ᠲᠡᠢ᠂ ᠭᠡᠷ᠎ᠡ ᠪᠡᠷ ᠠᠵᠢᠯᠯᠠᠳᠠᠭ ᠲᠡᠭᠦᠨ ᠡᠴᠡ ᠳᠤᠲᠠᠬᠤ ᠦᠭᠡᠢ ᠣᠯᠠᠨ ᠤᠷᠠᠨ ᠪᠦᠲᠦᠭᠡᠯᠴᠢᠳ ᠲᠡᠢ ᠭᠡᠵᠦ ᠲᠣᠭᠠᠴᠠᠪᠠᠯ ᠶᠠᠮᠠᠷ ᠶᠡᠬᠡ ᠠᠵᠢᠯ ᠥᠷᠨᠢᠭᠰᠡᠨ ᠨᠢ ᠲᠣᠳᠣᠷᠬᠠᠢ ᠬᠠᠷᠠᠭᠳᠠᠬᠤ ᠪᠠᠶᠢᠬᠤ ᠠ᠋᠃ ᠡᠨᠡ ᠠᠵᠢᠯ ᠢ ᠮᠠᠨᠢ ᠰᠢᠨᠵᠢᠯᠡᠬᠦ ᠤᠬᠠᠭᠠᠨ ᠤ ᠠᠻᠠᠳᠧᠮᠢ ᠶᠢᠨ ᠲᠡᠦᠬᠡ ᠶᠢᠨ ᠬᠦᠷᠢᠶᠡᠯᠡᠩ ᠦᠨ ᠤᠳᠤᠷᠢᠳᠤᠯᠭ᠎ᠠ ᠶᠢᠨ ᠬᠡᠮᠵᠢᠶᠡᠨ ᠳᠦ ᠥᠨᠳᠥᠷ ᠦᠨᠡᠯᠡᠭᠰᠡᠨ ᠳᠦ ᠪᠢᠳᠡ ᠲᠠᠯᠠᠷᠬᠠᠵᠤ ᠪᠠᠶᠢᠨ᠎ᠠ᠃

- ᠤᠯᠤᠰ ᠦᠨᠳᠦᠰᠦᠲᠡᠨ ᠢᠶᠡᠷ ᠢᠶᠡᠨ ᠡᠵᠡᠨ ᠴᠢᠩᠭᠢᠰ ᠬᠠᠭᠠᠨ ᠤ ᠪᠠᠨ ᠮᠡᠨᠳᠦᠯᠡᠭᠰᠡᠨ ᠡᠳᠦᠷ ᠢ ᠲᠡᠮᠳᠡᠭᠯᠡᠬᠦ ᠭᠡᠵᠦ ᠪᠠᠶᠢᠭ᠎ᠠ ᠡᠨᠡ ᠦᠶ᠎ᠡ ᠳᠦ ᠬᠥᠷᠥᠭ ᠭᠠᠷᠴᠤ ᠪᠠᠶᠢᠭ᠎ᠠ ᠨᠢ ᠴᠤᠬᠤᠮ ᠴᠠᠭ ᠢᠶᠠᠨ ᠣᠯᠵᠠᠢ᠁

- ᠠᠯᠢᠪᠠ ᠶᠠᠭᠤᠮ᠎ᠠ ᠥᠪᠡᠷ ᠦᠨ ᠴᠠᠭ ᠬᠤᠭᠤᠴᠠᠭ᠎ᠠ ᠲᠠᠢ᠃ ᠴᠠᠭ ᠨᠢ ᠪᠣᠯᠵᠤ᠂ ᠨᠥᠬᠥᠴᠡᠯ ᠨᠢ ᠪᠥᠷᠢᠯᠳᠦᠬᠦ ᠳᠦ ᠪᠥᠲᠥᠬᠦ ᠦᠭᠡᠢ ᠵᠦᠢᠯ ᠭᠡᠵᠦ ᠪᠠᠶᠢᠬᠤ ᠦᠭᠡᠢ᠃ ᠬᠥᠷᠥᠭ ᠪᠦᠲᠦᠭᠰᠡᠨ ᠨᠢ ᠲᠡᠦᠬᠡᠨ ᠲᠠᠯ᠎ᠠ ᠠᠴᠠᠭᠠᠨ ᠠᠴᠢ ᠬᠣᠯᠪᠣᠭᠳᠠᠯ ᠲᠠᠢ᠃ ᠨᠥᠭᠥᠭᠡ ᠲᠠᠯ᠎ᠠ ᠠᠴᠠ ᠨᠢ ᠠᠪᠤᠭᠠᠳ ᠦᠵᠡᠪᠡᠯ ᠮᠣᠩᠭᠣᠯᠴᠤᠳ ᠤᠨ ᠬᠥᠷᠥᠭ ᠪᠦᠲᠦᠭᠡᠬᠦ ᠤᠯᠠᠮᠵᠢᠯᠠᠯ ᠢ ᠪᠠᠶᠠᠵᠢᠭᠤᠯᠵᠤ ᠪᠠᠶᠢᠭ᠎ᠠ ᠶᠤᠮ᠃ ᠪᠠᠰᠠ ᠬᠠᠭᠠᠳ ᠢᠵᠠᠭᠤᠷᠲᠠᠨ ᠨᠤᠭᠤᠳ ᠪᠣᠯ ᠮᠣᠩᠭᠣᠯ ᠦᠨᠳᠦᠰᠦᠨ ᠦ ᠰᠤᠶᠤᠯ ᠢ ᠲᠡᠭᠡᠭᠡᠭᠴᠢᠳ ᠤᠴᠢᠷ ᠠᠴᠠ ᠬᠤᠪᠴᠠᠰᠤ ᠡᠳ᠋ᠯᠡᠯ᠂ ᠦᠰᠦ ᠭᠡᠵᠢᠭᠡ ᠡᠴᠡ ᠥᠭᠰᠥᠭᠦᠯᠦᠭᠡᠳ ᠶᠡᠬᠡ ᠮᠡᠳᠡᠭᠡᠯᠡᠯ ᠢ ᠠᠭᠤᠯᠵᠤ ᠪᠠᠶᠢᠭ᠎ᠠ᠃

ᠶᠡᠷᠦᠨᠢ ᠬᠠᠭᠠᠳ ᠤᠨ ᠬᠥᠷᠥᠭ ᠢ ᠪᠦᠲᠦᠭᠡᠨ᠎ᠡ ᠭᠡᠳᠡᠭ ᠪᠣᠯ ᠲᠡᠷᠡ ᠴᠢᠭ ᠢᠶᠡᠷ ᠢᠶᠡᠨ ᠪᠡᠯᠭᠡᠳᠡᠯ᠃ ᠦᠰᠦ ᠭᠡᠵᠢᠭᠡ ᠶᠢ ᠨᠢ ᠠᠪᠤᠭᠠᠳ ᠦᠵᠡᠬᠦ ᠳᠦ ᠯᠠ ᠮᠣᠩᠭᠣᠯᠴᠤᠳ ᠠᠯᠢ ᠡᠷᠲᠡ ᠾᠢᠦ᠋ᠩᠨᠦ ᠶᠢᠨ ᠦᠶᠡᠰ ᠯᠠ ᠦᠰᠦ ᠵᠠᠰᠠᠬᠤ ᠥᠨᠳᠥᠷ ᠰᠤᠶᠤᠯ ᠲᠠᠢ ᠪᠠᠶᠢᠭᠰᠠᠨ ᠨᠢ ᠬᠠᠷᠠᠭᠳᠠᠳᠠᠭ᠃ ᠶᠣᠰᠤ ᠤᠯᠠᠮᠵᠢᠯᠠᠯ᠂ ᠠᠬᠤᠢ ᠣᠷᠴᠢᠨ᠂ ᠠᠮᠢᠳᠤᠷᠠᠯ ᠤᠨ ᠬᠡᠪ ᠮᠠᠶᠢᠭ ᠨᠢ ᠴᠤ ᠲᠡᠶᠢᠮᠦ ᠯᠠ ᠰᠤᠶᠤᠯ ᠢ ᠱᠠᠭᠠᠷᠳᠠᠵᠤ ᠪᠠᠶᠢᠵᠢ᠃ ᠮᠣᠷᠢ ᠤᠨᠤᠵᠤ᠂ ᠠᠳᠤᠭᠤ ᠮᠠᠯ ᠲᠠᠢ ᠨᠣᠴᠣᠯᠳᠤᠵᠤ᠂ ᠪᠢᠷ᠎ᠠ ᠶᠢ ᠦᠵᠡᠨ ᠪᠠᠷᠢᠯᠳᠤᠵᠤ ᠶᠠᠪᠤᠭᠰᠠᠨ ᠬᠦᠮᠦᠰ ᠦᠰᠦ ᠭᠡᠵᠢᠭᠡ ᠪᠡᠨ ᠴᠡᠭᠴᠡᠲᠡᠢ᠂ ᠡᠪᠲᠡᠢ ᠠᠪᠴᠤ ᠶᠠᠪᠤᠬᠤ ᠱᠠᠭᠠᠷᠳᠠᠯᠭ᠎ᠠ ᠠᠮᠢᠳᠤᠷᠠᠯ ᠠᠴᠠ ᠤᠷᠭᠤᠨ ᠭᠠᠷᠤᠨ᠎ᠠ᠃ ᠦᠰᠦ ᠭᠡᠵᠢᠭᠡ ᠪᠡᠨ ᠪᠣᠭᠣᠵᠤ ᠰᠦᠯᠵᠢᠵᠦ᠂ ᠣᠭᠴᠣᠮ ᠲᠦᠷᠭᠡᠨ ᠬᠥᠳᠡᠯᠭᠡᠭᠡᠨ ᠳᠦ ᠰᠠᠭᠠᠳ ᠪᠣᠯᠬᠤ ᠪᠠᠷ ᠦᠭᠡᠢ ᠪᠡᠷ ᠵᠠᠰᠠᠬᠤ ᠠᠴᠠ ᠭᠠᠳᠠᠨ᠎ᠠ ᠬᠠᠷᠠᠬᠤ ᠳᠤ ᠴᠤ ᠴᠢᠷᠠᠢ ᠲᠥᠷᠬᠦᠨ ᠳᠦ ᠦᠵᠡᠮᠵᠢ᠂ ᠰᠦᠷ ᠬᠦᠴᠦ ᠨᠡᠮᠡᠬᠦ ᠨᠥᠬᠥᠴᠡᠯ ᠢ ᠬᠠᠷᠠᠭᠠᠯᠵᠠᠳᠠᠭ ᠪᠠᠶᠢᠭᠰᠠᠨ ᠨᠢ ᠣᠶᠢᠯᠠᠭᠠᠮᠵᠢᠲᠠᠢ᠃

ᠠᠳᠤᠭᠤ ᠮᠠᠯ ᠤᠨ ᠣᠯᠣᠩ ᠵᠢᠷᠢᠮ ᠢ ᠭᠤᠷᠪᠠ ᠰᠠᠯᠠᠭᠠᠯᠠᠵᠤ ᠭᠥᠷᠦᠵᠦ ᠰᠦᠯᠵᠢᠳᠡᠭ ᠰᠢᠭ ᠭᠡᠵᠢᠭᠡ ᠦᠰᠦ ᠪᠡᠨ ᠴᠤ ᠲᠡᠭᠡᠵᠦ ᠯᠠ ᠵᠠᠰᠠᠵᠤ ᠶᠠᠩᠵᠤᠯᠠᠳᠠᠭ ᠪᠠᠶᠢᠭᠰᠠᠨ᠃ ᠡᠨᠡ ᠤᠯᠠᠮᠵᠢᠯᠠᠯ ᠴᠢᠩᠭᠢᠰ ᠦᠨ ᠦᠶ᠎ᠡ ᠳᠦ᠂ ᠴᠢᠩᠭᠢᠰ ᠡᠴᠡ ᠬᠣᠶᠢᠰᠢᠬᠢ ᠦᠶ᠎ᠡ ᠳᠦ ᠴᠤ ᠪᠠᠶᠢᠭᠰᠠᠨ ᠨᠢ ᠲᠣᠳᠣᠷᠬᠠᠢ ᠶᠤᠮ᠃ ᠲᠡᠭᠦᠨ ᠡᠴᠡ ᠪᠢᠰᠢ ᠭᠠᠳᠠᠭᠠᠳᠤ ᠶᠢᠨ ᠵᠠᠷᠢᠮ ᠻᠢᠨᠣ ᠳᠡᠭᠡᠷ᠎ᠡ ᠭᠠᠷᠳᠠᠭ ᠰᠢᠭ ᠰᠡᠭᠰᠡᠶᠢᠯᠳᠦᠭᠰᠡᠨ ᠶᠠᠭᠤᠮ᠎ᠠ ᠨᠤᠭᠤᠳ ᠭᠦᠶᠦᠯᠳᠦᠭᠡᠳ ᠪᠠᠶᠢᠳᠠᠭ ᠦᠭᠡᠢ ᠪᠠᠶᠢᠵᠠᠢ᠃ ᠲᠡᠦᠬᠡ ᠪᠡᠨ ᠪᠤᠷᠤᠭᠤ ᠳᠦᠷᠰᠦᠯᠡᠬᠦ ᠨᠢ ᠡᠪᠦᠭᠡ ᠳᠡᠭᠡᠳᠦᠰ ᠢᠶᠡᠨ ᠳᠣᠷᠣᠮᠵᠢᠯᠠᠵᠤ᠂ ᠮᠣᠩᠭᠣᠯ ᠶᠣᠰᠤ ᠤᠯᠠᠮᠵᠢᠯᠠᠯ ᠢ ᠭᠠᠵᠢᠭᠤᠳᠠᠭᠤᠯᠤᠭᠰᠠᠨ ᠬᠡᠷᠡᠭ ᠪᠣᠯᠤᠨ᠎ᠠ᠃ ᠬᠠᠷᠢᠨ ᠣᠷᠣᠰᠢᠭᠤᠯᠭ᠎ᠠ ᠶᠢᠨ ᠦᠶ᠎ᠡ ᠳᠦ ᠦᠰᠦ ᠪᠡᠨ ᠵᠠᠳᠠᠭᠠᠶᠢᠯᠠᠳᠠᠭ ᠶᠣᠰᠣᠨ ᠪᠠᠶᠢᠭᠰᠠᠨ ᠭᠡᠳᠡᠭ᠃

ᠬᠠᠭᠠᠳ ᠤᠨ ᠬᠥᠷᠥᠭ ᠦᠳ ᠢ ᠰᠠᠶᠢᠨ ᠠᠩᠵᠠᠭᠠᠷᠠᠬᠤ ᠶᠤᠮ ᠪᠣᠯ ᠶᠡᠬᠡᠩᠬᠢ ᠨᠢ ᠰᠢᠪᠡᠯᠭᠡᠷ ᠪᠤᠶᠤ ᠰᠢᠪᠡᠷᠭᠡᠯ ᠴᠤ ᠭᠡᠳᠡᠭ᠂ ᠲᠡᠶᠢᠮᠦ ᠭᠡᠵᠢᠭᠡ ᠲᠡᠢ ᠪᠠᠶᠢᠵᠠᠢ᠃ ᠰᠢᠪᠡᠯᠭᠡᠷ ᠭᠡᠵᠢᠭᠡᠨ ᠦ ᠲᠤᠬᠠᠢ 《ᠮᠣᠩᠭᠣᠯ ᠤᠨ ᠨᠢᠭᠤᠴᠠ ᠲᠣᠪᠴᠢᠶ᠎ᠠ》 ᠍ ᠳᠦ ᠴᠤ ᠭᠠᠷᠳᠠᠭ ᠳ᠋ᠠ᠂ 《ᠬᠣᠶᠠᠷ ᠰᠢᠪᠡᠯᠭᠡᠷ ᠢᠶᠡᠨ ᠠᠷᠤ ᠳᠡᠭᠡᠷ᠎ᠡ ᠪᠡᠨ ᠣᠭᠤᠷᠴᠤ᠁》 ᠭᠡᠳ ᠯᠠ᠃ ᠣᠭᠣᠷᠬᠤ ᠭᠡᠳᠡᠭ ᠨᠢ ᠤᠷᠬᠢᠬᠤ᠂ ᠰᠤᠯᠠ ᠲᠠᠯᠪᠢᠬᠤ ᠭᠡᠰᠡᠨ ᠦᠭᠡ ᠰᠢᠦ ᠳ᠋ᠡ᠃ ᠰᠢᠪᠡᠯᠭᠡᠷ ᠭᠡᠵᠢᠭᠡ ᠶᠢ ᠬᠠᠭᠠᠳ ᠨᠣᠶᠠᠳ ᠲᠡᠳᠦᠢ ᠦᠭᠡᠢ ᠦᠰᠦ ᠨᠢ ᠤᠷᠲᠤ ᠤᠷᠭᠤᠭᠰᠠᠨ᠂ ᠴᠡᠷᠢᠭ ᠦᠨ ᠨᠠᠰᠤᠨ ᠤ ᠬᠢᠨ ᠴᠤ ᠲᠠᠯᠪᠢᠳᠠᠭ ᠪᠠᠶᠢᠵᠠᠢ᠃ ᠦᠰᠦ ᠪᠡᠨ ᠣᠯᠠᠨ ᠰᠠᠯᠠᠭᠠᠯᠠᠵᠤ ᠭᠥᠷᠦᠭᠡᠳ᠂ ᠬᠣᠶᠠᠷ ᠬᠤᠪᠢᠶᠠᠨ᠂ ᠵᠠᠷᠢᠮ ᠳᠠᠭᠠᠨ ᠪᠦᠷ ᠳᠥᠷᠪᠡᠨ ᠬᠡᠰᠡᠭ ᠪᠣᠯᠭᠠᠨ ᠴᠢᠬᠢᠨ ᠦ ᠪᠡᠨ ᠠᠷᠤ ᠪᠠᠷ ᠤᠨᠵᠢᠭᠤᠯᠳᠠᠭ᠃ ᠬᠠᠷᠢᠨ ᠳᠤᠬᠤ ᠤᠷᠤᠭᠤ ᠪᠠᠨ ᠤᠨᠵᠢᠭᠤᠯᠤᠭᠰᠠᠨ ᠲᠤᠭ ᠦᠰᠦ ᠶᠢ ᠭᠥᠬᠥᠯ ᠭᠡᠳᠡᠭ᠃ ᠭᠥᠬᠥᠯ ᠭᠡᠳᠡᠭ ᠪᠣᠯ ᠬᠠᠯᠵᠠᠨ ᠲᠣᠯᠣᠭᠠᠢ ᠳᠤ ᠤᠷᠤᠭᠰᠢ ᠤᠨᠵᠢᠭᠤᠯᠵᠤ ᠦᠯᠡᠳᠡᠭᠡᠭᠰᠡᠨ ᠬᠡᠰᠡᠭ ᠦᠰᠦ ᠭᠡᠬᠦ ᠡᠴᠡᠭᠡᠨ ᠢᠯᠡᠭᠦᠦ ᠤᠷᠲᠤ ᠦᠰᠦᠨ ᠦ ᠭᠣᠣᠯ ᠠᠴᠠ ᠬᠡᠰᠡᠭᠯᠡᠨ ᠲᠠᠭᠠᠷᠢᠵᠤ ᠶᠠᠩᠵᠤᠯᠠᠨ ᠮᠠᠩᠨᠠᠢ ᠤᠷᠤᠭᠤ ᠪᠠᠨ ᠲᠠᠯᠪᠢᠭᠰᠠᠨ ᠲᠡᠭᠰᠢ ᠵᠠᠰᠠᠭᠰᠠᠨ ᠦᠰᠦ ᠶᠠᠭᠤᠮ᠎ᠠ ᠯᠠ ᠳ᠋ᠠ᠃ ᠡᠨᠡ ᠮᠡᠲᠦ ᠡᠴᠡ ᠡᠬᠢᠯᠡᠭᠡᠳ ᠦᠰᠦ ᠵᠠᠰᠠᠬᠤ ᠰᠤᠶᠤᠯ ᠢ ᠴᠤ ᠬᠠᠭᠠᠳ ᠤᠨ ᠬᠥᠷᠥᠭ ᠬᠠᠷᠠᠭᠤᠯᠤᠨ᠎ᠠ᠃

ᠣᠳᠤ ᠭᠦᠢᠯᠭᠡᠭᠡᠨ ᠳᠦ ᠪᠠᠶᠢᠭ᠎ᠠ ᠴᠢᠩᠭᠢᠰ ᠬᠠᠭᠠᠨ ᠤ ᠬᠥᠷᠥᠭ ᠳᠡᠭᠡᠷ᠎ᠡ ᠡᠭᠡᠮᠦᠭ ᠴᠤ ᠮᠡᠲᠦ᠂ ᠭᠠᠷᠠᠬ᠎ᠠ ᠴᠤ ᠮᠡᠲᠦ ᠨᠢᠭᠡ ᠶᠠᠭᠤᠮ᠎ᠠ ᠴᠢᠬᠢᠨ ᠦ ᠨᠢ ᠣᠷᠴᠢᠮ ᠬᠠᠷᠠᠭᠳᠠᠭᠠᠳ ᠪᠠᠶᠢᠳᠠᠭ᠃ ᠭᠥᠷᠦᠵᠦ ᠣᠷᠬᠢᠭᠰᠠᠨ ᠰᠢᠪᠡᠯᠭᠡᠷ ᠶᠤᠮ ᠰᠢᠦ ᠳ᠋ᠡ᠂ ᠤᠭ ᠨᠢ᠃ ᠲᠡᠦᠬᠡ ᠰᠤᠶᠤᠯ ᠢᠶᠠᠨ ᠮᠡᠳᠡᠬᠦ ᠦᠭᠡᠢ ᠬᠦᠮᠦᠰ ᠭᠠᠳᠠᠭᠠᠳᠤ ᠶᠢᠨ ᠵᠢᠷᠤᠭᠠᠴᠢ ᠶᠢᠨ ᠠᠮᠠᠨ ᠳᠤ ᠪᠠᠭᠲᠤᠭᠰᠠᠨ ᠨᠢ ᠲᠡᠷᠡ᠃ ᠦᠨᠳᠦᠰᠦᠨ ᠦ ᠮᠥᠩᠭᠥᠨ ᠳᠡᠪᠢᠰᠬᠡᠷᠲᠦ ᠳᠡᠭᠡᠷ᠎ᠡ ᠪᠡᠨ ᠪᠤᠷᠤᠭᠤ ᠳᠦᠷᠰᠦᠯᠡᠯ ᠲᠡᠢ ᠪᠠᠶᠢᠬᠤ ᠨᠢ ᠥᠯᠵᠡᠢ ᠪᠤᠶᠠᠨ᠂ ᠪᠡᠯᠭᠡ ᠰᠢᠨᠵᠢ ᠪᠡᠷ ᠢᠶᠡᠨ ᠶᠠᠮᠠᠷ ᠪᠠᠶᠢᠬᠤ ᠶᠢ ᠬᠡᠯᠡᠬᠦ ᠳᠦ ᠪᠡᠷᠬᠡ᠃

- ᠨᠡᠭᠡᠷᠡᠨ ᠲᠡᠶᠢᠮᠦ ᠰᠢᠦ᠃ ᠡᠭᠡᠮᠦᠭ ᠭᠡᠬᠦ ᠳᠦ ᠴᠢᠬᠢᠨ ᠡᠴᠡᠭᠡᠨ ᠲᠤᠰ ᠲᠠᠭᠠᠨ ᠬᠠᠷᠠᠭᠳᠠᠭᠠᠳ ᠪᠠᠶᠢᠳᠠᠭ᠁ ᠴᠢᠩᠭᠢᠰ ᠡᠴᠡ ᠪᠤᠰᠤᠳ᠂ ᠳᠦᠷᠢ ᠨᠢ ᠲᠣᠳᠤᠷᠬᠠᠶ ᠠᠷᠪᠠᠭᠠᠳ ᠬᠠᠭᠠᠨ ᠠᠴᠠ ᠪᠤᠰᠤᠳ ᠬᠠᠭᠠᠳ ᠤᠨ ᠬᠥᠷᠦᠭ ᠳᠦᠷᠢ ᠶᠢ ᠬᠡᠷᠬᠢᠨ ᠪᠦᠲᠦᠭᠡᠭᠰᠡᠨ ᠶᠤᠮ ᠪᠣᠯ⁈

- ᠠᠯᠲᠠᠨ ᠤᠷᠤᠭ ᠤᠨ ᠬᠢᠨ ᠤ ᠬᠡᠪ ᠰᠢᠨᠵᠢ᠂ ᠨᠣᠮ ᠰᠤᠳᠤᠷ ᠲᠤ ᠦᠭᠦᠯᠡᠭᠰᠡᠨ ᠪᠠᠷᠢᠮᠲᠠ᠂ ᠪᠤᠰᠤᠳ ᠲᠡᠦᠬᠡᠨ ᠳᠤᠷᠠᠰᠬᠠᠯ ᠤᠳ ᠴᠢᠨᠢ ᠲᠡᠷᠡ ᠴᠢᠭ ᠢᠶᠡᠷ ᠢᠶᠡᠨ ᠮᠡᠳᠡᠭᠡᠯᠡᠯ ᠰᠢᠦ ᠳ᠋ᠡ᠃ ᠠᠯᠲᠠᠨ ᠤᠷᠤᠭ ᠤᠨ ᠠᠷᠪᠠᠭᠠᠳ ᠬᠠᠭᠠᠨ ᠤ ᠳᠦᠷᠢ ᠲᠥᠷᠬᠥ ᠡᠴᠡ ᠲᠡᠳᠡᠨ ᠦ ᠦᠷ᠎ᠡ ᠬᠣᠶᠢᠴᠢᠰ ᠤᠨ ᠳᠦᠷᠢ ᠲᠥᠷᠬᠥ ᠶᠢ ᠰᠡᠷᠭᠦᠭᠡᠨ ᠪᠦᠲᠦᠭᠡᠭᠰᠡᠨ ᠭᠡᠵᠦ ᠣᠶᠢᠯᠠᠭᠠᠵᠤ ᠪᠣᠯᠤᠨ᠎ᠠ᠃ ᠨᠥᠭᠥᠭᠡ ᠲᠠᠯ᠎ᠠ ᠪᠠᠷ ᠳᠡᠯᠡᠬᠡᠢ ᠳᠠᠶᠠᠭᠠᠷ ᠫᠷᠣᠲᠣᠲ᠋ᠢᠫ ᠪᠤᠶᠤ ᠵᠢᠱᠢᠭ ᠳᠦᠷᠢ ᠡᠭᠦᠰᠭᠡᠬᠦ ᠬᠠᠨᠳᠤᠯᠭ᠎ᠠ ᠲᠦᠭᠡᠮᠡᠯ ᠪᠠᠶᠢᠳᠠᠭ᠃


ᠡᠷᠲᠡᠨ ᠦ ᠭᠷᠧᠻ᠂ ᠷᠣᠮ ᠤᠨ ᠠᠯᠳᠠᠷᠲᠠᠢ ᠪᠠᠭᠠᠲᠤᠷ ᠵᠠᠩᠵᠤᠳ᠂ ᠭᠧᠷᠮᠠᠨ ᠤ 800-᠍ ᠊ᠭᠠᠳ ᠣᠨ ᠤ ᠯᠢᠶᠤᠶᠳᠸᠢᠻ ᠤᠳ᠂ ᠲᠡᠷᠡ ᠪᠤᠤ ᠬᠡᠯᠡ ᠢᠰᠦ᠋ᠰ ᠾᠷᠢᠰᠲ ᠤᠨ ᠳᠦᠷᠢ ᠬᠦᠷᠲᠡᠯ᠎ᠡ ᠥᠪᠡᠷ ᠢᠶᠡᠨ ᠵᠢᠱᠢᠭ ᠳᠦᠷᠢ ᠰᠢᠦ ᠳ᠋ᠡ᠃ ᠮᠠᠨᠠᠶ ᠳᠤ ᠭᠡᠬᠦ ᠳᠦ ᠯᠠ ᠡᠷᠲᠡᠨ ᠦ ᠪᠤᠤ ᠬᠡᠯᠡ ᠪᠦᠷ ᠰᠠᠶ᠋ᠢᠬᠠᠨ ᠤ ᠪᠠᠭᠠᠲᠤᠷ ᠵᠠᠩᠵᠤᠳ ᠴᠤ ᠵᠢᠱᠢᠭ ᠳᠦᠷᠢ ᠲᠡᠢ ᠪᠣᠯᠴᠢᠬᠠᠭᠰᠠᠨ ᠶᠠᠪᠤᠵᠤ ᠯᠠ ᠪᠠᠶᠢᠨ᠎ᠠ᠃ ᠳᠦᠷᠢ ᠨᠢ ᠲᠣᠳᠣᠷᠬᠠᠢ ᠪᠡᠶ᠎ᠡ ᠬᠦᠮᠦᠨ ᠬᠦᠷᠲᠡᠯ᠎ᠡ ᠵᠢᠱᠢᠭ ᠳᠦᠷᠢ ᠲᠡᠢ ᠪᠣᠯᠴᠢᠬᠠᠭᠰᠠᠨ ᠪᠠᠶᠢᠬᠤ ᠲᠣᠬᠢᠶᠠᠯᠳᠤᠯ ᠪᠤᠢ᠃ ᠪᠢᠳᠡ ᠴᠣᠭᠲᠤ ᠲᠠᠶᠢᠵᠢ ᠶᠢ ᠴᠠᠭᠠᠨ ᠤ ᠴᠡᠭᠮᠢᠳ ᠭᠤᠸᠠᠢ ᠪᠠᠷ ᠲᠥᠰᠦᠭᠡᠯᠡᠳᠡᠭ᠃ ᠹᠣᠲᠣ ᠵᠢᠷᠤᠭ᠂ ᠪᠢᠴᠢᠯᠭᠡ ᠨᠢ ᠬᠠᠳᠠᠭᠠᠯᠠᠭᠳᠠᠭᠰᠠᠨ ᠮᠥᠷᠲᠡᠯ᠎ᠡ ᠰᠦᠬᠡᠪᠠᠭᠠᠲᠤᠷ ᠵᠠᠩᠵᠤᠨ ᠤ ᠳᠦᠷᠢ ᠶᠢ ᠳᠠᠰᠢᠨᠠᠮᠵᠢᠯ ᠭᠤᠸᠠᠢ ᠪᠠᠷ ᠯᠠ ᠲᠥᠰᠦᠭᠡᠯᠡᠳᠡᠭ ᠰᠢᠦ ᠳ᠋ᠡ᠃ ᠲᠡᠭᠡᠬᠦ ᠪᠡᠷ ᠵᠢᠱᠢᠭ ᠳᠦᠷᠢ ᠡᠭᠦᠰᠭᠡᠬᠦ ᠨᠢ ᠨᠢᠭᠡ ᠲᠠᠯ᠎ᠠ ᠠᠴᠠ ᠲᠡᠦᠬᠡ ᠪᠡᠨ ᠳᠡᠭᠡᠳᠦᠯᠡᠬᠦ ᠳᠡᠯᠡᠬᠡᠢ ᠨᠡᠶᠢᠲᠡ ᠶᠢᠨ ᠰᠤᠶᠤᠯᠳᠤ ᠬᠠᠨᠳᠤᠯᠭ᠎ᠠ᠂ ᠨᠥᠭᠥᠭᠡ ᠲᠠᠯ᠎ᠠ ᠪᠠᠷ ᠭᠡᠪᠡᠯ ᠠᠷᠠᠳ ᠲᠦᠮᠡᠨ ᠦ ᠵᠢᠷᠦᠬᠡ ᠰᠡᠳᠬᠢᠯ ᠳᠦ ᠣᠶᠢᠷ᠎ᠠ ᠲᠤᠰᠴᠤ᠂ ᠳᠦᠷᠢ ᠲᠥᠷᠬᠥ ᠨᠢ ᠣᠶᠤᠨ ᠤᠬᠠᠭᠠᠨ ᠳᠤ ᠬᠠᠳᠠᠭᠠᠯᠠᠭᠳᠠᠨ ᠦᠯᠡᠳᠡᠳᠡᠭ ᠠᠮᠢᠳᠤ ᠤᠯᠠᠮᠵᠢᠯᠠᠯ ᠶᠤᠮ᠃

ᠦᠯᠢᠭᠡᠷ ᠳᠣᠮᠣᠭ ᠲᠤ ᠨᠡᠷ᠎ᠡ ᠤᠰᠤ ᠨᠢ ᠶᠠᠪᠤᠭᠠᠳ ᠪᠠᠶᠢᠳᠠᠭ᠂ ᠦᠢᠯᠡ ᠠᠮᠢᠳᠤᠷᠠᠯ ᠤᠨ ᠬᠢᠨᠢ ᠲᠤᠬᠠᠢ ᠶᠠᠷᠢᠭᠳᠠᠭᠠᠳ ᠪᠢᠴᠢᠭᠳᠡᠭᠡᠳ ᠪᠠᠶᠢᠳᠠᠭ᠃ ᠶᠠᠭ ᠶᠠᠮᠠᠷ ᠨᠢᠭᠤᠷ ᠴᠢᠷᠠᠢ ᠲᠠᠢ᠂ ᠬᠠᠷᠠᠭᠳᠠᠬᠤ ᠦᠵᠡᠭᠳᠡᠬᠦ ᠪᠠᠶᠢᠳᠠᠯ ᠨᠢ ᠶᠠᠮᠠᠷᠰᠢᠤᠬᠠᠨ ᠬᠦᠮᠦᠨ ᠪᠤᠢ ᠭᠡᠬᠦᠯᠡᠷ ᠮᠡᠳᠡᠬᠦ ᠶᠤᠮ ᠪᠠᠶᠢᠬᠤ ᠦᠭᠡᠢ ᠥᠷᠥᠭᠡᠰᠦᠭᠡᠯ ᠪᠣᠯᠬᠤ ᠤᠴᠢᠷ ᠠᠴᠠ ᠰᠤᠶᠤᠯᠳᠤ ᠬᠦᠮᠦᠨ ᠲᠥᠷᠥᠯᠬᠢᠲᠡᠨ ᠠᠯᠳᠠᠷᠲᠠᠨ ᠨᠤᠭᠤᠳ ᠢᠶᠠᠨ ᠮᠥᠩᠬᠡᠯᠡᠨ ᠦᠯᠡᠳᠡᠭᠡᠬᠦ ᠡᠶᠢᠮᠦ ᠯᠠ ᠠᠷᠭ᠎ᠠ ᠶᠢ ᠰᠣᠩᠭᠣᠭᠰᠠᠨ ᠬᠡᠷᠡᠭ᠃ ᠶᠡᠷᠦᠨᠢ ᠴᠤ ᠥᠪᠡᠷ ᠢᠶᠡᠷ ᠪᠠᠶᠢᠬᠤ ᠪᠣᠯᠤᠮᠵᠢ ᠦᠭᠡᠢ ᠯᠠ ᠳ᠋ᠡ᠃

- ᠬᠠᠭᠠᠳ ᠤᠨ ᠳᠦᠷᠢ ᠲᠥᠷᠬᠥ ᠲᠣᠳᠣᠷᠬᠠᠢ ᠦᠭᠡᠢ ᠪᠠᠶᠢᠬᠤ ᠨᠢ ᠶᠠᠮᠠᠷ ᠰᠤᠯᠠ ᠲᠠᠯ᠎ᠠ ᠲᠠᠢ ᠪᠠᠶᠢᠵᠤ ᠪᠣᠯᠬᠤ ᠪᠤᠢ⁈

- ᠰᠤᠯᠠ ᠲᠠᠯ᠎ᠠ ᠭᠡᠬᠦ ᠡᠴᠡᠭᠡᠨ ᠢᠯᠡᠭᠦᠦ ᠬᠠᠭᠠᠳ ᠤᠨ ᠳᠦᠷᠢ ᠲᠥᠷᠬᠥ ᠲᠣᠳᠣᠷᠬᠠᠢ ᠦᠭᠡᠢ ᠪᠠᠶᠢᠬᠤ ᠨᠢ ᠬᠡᠨ ᠳᠦ ᠠᠰᠢᠭᠲᠠᠢ ᠪᠤᠢ⁈ ᠭᠡᠰᠡᠨ ᠠᠰᠠᠭᠤᠯᠲᠠ ᠥᠪᠡᠷ ᠢᠶᠡᠨ ᠶᠡᠬᠡ ᠰᠣᠨᠢᠨ ᠠᠰᠠᠭᠤᠯᠲᠠ ᠶᠤᠮ᠃ ᠡᠬᠢᠨ ᠦ ᠡᠭᠡᠯᠵᠢᠨ ᠳᠦ᠂ ᠨᠢᠭᠡᠨ ᠴᠠᠭ ᠲᠤ ᠮᠣᠩᠭᠣᠯᠴᠤᠳ ᠪᠢᠳᠡᠨ ᠦ ᠬᠣᠭᠣᠯᠠ ᠶᠢ ᠬᠢᠵᠦ᠂ ᠬᠥᠯ ᠢ ᠤᠭᠠᠵᠤ ᠶᠠᠪᠤᠭᠰᠠᠨ ᠤᠯᠤᠰ ᠣᠷᠣᠨ ᠨᠤᠭᠤᠳ ᠲᠤ ᠠᠰᠢᠭᠲᠠᠢ᠃ ᠥᠨᠥᠳᠥᠷ ᠨᠢᠭᠡᠨᠲᠡ ᠬᠥᠭᠵᠢᠯ ᠦᠨ ᠥᠨᠳᠥᠷᠯᠢᠭ ᠲᠦ ᠬᠦᠷᠴᠢᠬᠡᠭᠰᠡᠨ ᠤᠯᠤᠰ ᠦᠨᠳᠦᠰᠦᠲᠡᠨ ᠨᠦᠭᠦᠳ ᠡᠨᠡ ᠴᠥᠭᠡᠬᠡᠨ ᠮᠣᠩᠭᠣᠯᠴᠤᠳ 7-8 ᠵᠠᠭᠤᠨ ᠵᠢᠯ ᠦᠨ ᠡᠮᠦᠨ᠎ᠡ ᠪᠢᠳᠡᠨ ᠦ ᠠᠮᠢᠳᠤᠷᠠᠬᠤ ᠭᠠᠵᠠᠷ ᠢ ᠢᠷᠲᠦ ᠰᠡᠯᠡᠮ᠎ᠡ ᠶᠢᠨ ᠢᠶᠡᠨ ᠦᠵᠦᠭᠦᠷ ᠢᠶᠡᠷ ᠵᠢᠭᠠᠵᠤ ᠥᠭᠳᠡᠭ ᠪᠠᠶᠢᠭᠰᠠᠨ ᠭᠡᠵᠦ ᠶᠠᠷᠢᠬᠤ ᠨᠢ ᠲᠡᠳᠡᠨ ᠳᠦ ᠢᠴᠢᠭᠦᠪᠲᠦᠷ ᠪᠢᠵᠡ ᠡ᠃ ᠭᠡᠪᠡᠴᠦ ᠲᠡᠦᠬᠡ ᠪᠣᠯ ᠲᠡᠦᠬᠡ᠃ ᠲᠡᠦᠬᠡ ᠶᠢ ᠥᠭᠡᠷᠡᠴᠢᠯᠡᠵᠦ ᠪᠣᠯᠬᠤ ᠦᠭᠡᠢ᠃ ᠲᠡᠷᠡ ᠲᠤᠰᠤᠮ ᠢᠶᠠᠨ ᠬᠠᠷᠠᠯᠠᠭᠤᠯᠵᠤ ᠪᠣᠯ ᠪᠦᠷ ᠪᠣᠯᠬᠤ ᠦᠭᠡᠢ᠃

ᠢᠩᠭᠢᠬᠦ ᠨᠢ ᠪᠢᠳᠡᠨ ᠢ ᠲᠠ ᠨᠠᠷ ᠪᠣᠯ ᠬᠡᠨ ᠴᠤ ᠪᠢᠰᠢ ᠭᠡᠰᠡᠨ ᠲᠡᠢ ᠠᠳᠠᠯᠢ ᠪᠣᠯᠤᠨ᠎ᠠ᠃ ᠪᠢᠳᠡ᠂ ᠡᠷᠲᠡᠨ ᠦ ᠶᠡᠬᠡ ᠲᠡᠦᠬᠡ ᠰᠤᠶᠤᠯ ᠲᠠᠢ ᠮᠣᠩᠭᠣᠯᠴᠤᠳ ᠡᠭᠦᠨ ᠢ ᠬᠡᠵᠢᠶ᠎ᠡ ᠴᠤ ᠵᠥᠪᠰᠢᠶᠡᠷᠡᠬᠦ ᠦᠭᠡᠢ᠃ ᠣᠷᠣᠰ᠂ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠤᠨ ᠪᠦᠷᠢᠯᠳᠦᠬᠦᠨ ᠳᠦ ᠪᠠᠶᠢᠭᠰᠠᠨ ᠤᠯᠤᠰ ᠦᠨᠳᠦᠰᠦᠲᠡᠨ ᠨᠦᠭᠦᠳ᠂ ᠮᠣᠩᠭᠣᠯᠴᠤᠳ ᠲᠤ ᠡᠵᠡᠯᠡᠭᠳᠡᠵᠦ ᠶᠠᠪᠤᠭᠰᠠᠨ ᠵᠡᠭᠦᠨ ᠧᠦᠷᠣᠫᠠ ᠶᠢᠨ ᠣᠷᠣᠨ ᠨᠤᠭᠤᠳ ᠠᠴᠠ ᠡᠬᠢᠯᠡᠭᠡᠳ ᠴᠥᠭᠡᠨ ᠦᠭᠡᠢ ᠤᠯᠤᠰ ᠣᠷᠣᠨ ᠤ ᠨᠡᠷ᠎ᠡ ᠪᠦᠬᠦᠢ ᠰᠤᠳᠤᠯᠤᠭᠠᠴᠢᠳ ᠮᠣᠩᠭᠣᠯᠴᠤᠳ ᠤᠨ ᠶᠠᠪᠤᠭᠤᠯᠤᠭᠰᠠᠨ ᠪᠣᠳᠣᠯᠭ᠎ᠠ ᠶᠢ ᠬᠠᠷᠠᠯᠠᠭᠤᠯᠬᠤ ᠭᠡᠵᠦ ᠨᠢᠭᠡ ᠬᠡᠰᠡᠭ ᠣᠷᠣᠯᠳᠤᠭᠠᠳ ᠪᠥᠲᠥᠬᠦ ᠦᠭᠡᠢ ᠪᠣᠯᠬᠣᠷ ᠣᠳᠤ ᠠᠯᠬᠤᠮ ᠢᠶᠠᠨ ᠬᠢᠵᠦ ᠪᠠᠶᠢᠨ᠎ᠠ᠃ ᠲᠡᠷᠡ ᠨᠢ ᠶᠠᠮᠠᠷ ᠠᠯᠬᠤᠮ ᠪᠤᠢ ᠭᠡᠪᠡᠯ᠂ 13 ᠍ ᠳᠤᠭᠠᠷ ᠵᠠᠭᠤᠨ ᠠᠴᠠ ᠮᠣᠩᠭᠣᠯᠴᠤᠳ ᠬᠦᠴᠦᠷᠬᠡᠭᠵᠢᠭᠰᠡᠨ᠂ ᠳᠡᠯᠡᠬᠡᠢ ᠳᠠᠬᠢᠨ ᠢ ᠡᠷᠬᠡᠰᠢᠶᠡᠭᠰᠡᠨ᠃ ᠯᠤᠲᠠ ᠦᠨᠳᠦᠰᠦᠲᠡᠨ ᠪᠠᠶᠢᠭᠰᠠᠨ᠃ ᠭᠡᠬᠦ ᠳᠡᠭᠡᠨ ᠲᠡᠳᠡ ᠪᠣᠯ ᠥᠨᠥ ᠶᠢᠨ ᠮᠣᠩᠭᠣᠯᠴᠤᠳ ᠪᠢᠰᠢ᠃

ᠡᠷᠲᠡ ᠦᠶ᠎ᠡ ᠶᠢᠨ ᠲᠡᠷᠡ ᠬᠦᠴᠦᠷᠬᠡᠭ ᠮᠣᠩᠭᠣᠯᠴᠤᠳ ᠥᠨᠥᠳᠥᠷ ᠦᠨ ᠮᠣᠩᠭᠣᠯᠴᠤᠳ ᠤᠨ ᠡᠪᠦᠭᠡ ᠳᠡᠭᠡᠳᠦᠰ ᠪᠣᠯ ᠪᠦᠷ ᠴᠤ ᠪᠢᠰᠢ ᠭᠡᠰᠡᠨ ᠦᠵᠡᠯ ᠢ ᠢᠳᠡᠪᠬᠢᠲᠡᠢ ᠳᠡᠯᠭᠡᠷᠡᠭᠦᠯᠵᠦ ᠪᠠᠶᠢᠨ᠎ᠠ᠃ ᠰᠢᠯᠲᠠᠭᠠᠨ ᠢ ᠨᠢ ᠶᠡᠬᠡ ᠡᠩ ᠦᠨ ᠢᠶᠡᠷ ᠲᠠᠶᠢᠯᠪᠤᠷᠢᠯᠠᠨ᠎ᠠ᠃ ᠶᠠᠭᠤ ᠭᠡᠪᠡᠯ ᠬᠡᠳᠦᠬᠡᠨ ᠵᠠᠭᠤᠨ ᠵᠢᠯ ᠦᠨ ᠡᠮᠦᠨ᠎ᠡ ᠪᠢᠳᠡᠨ ᠢ ᠡᠵᠡᠯᠡᠵᠦ᠂ ᠳᠡᠯᠡᠬᠡᠢ ᠶᠢ ᠰᠥᠬᠦᠷᠡᠭᠦᠯᠵᠦ ᠶᠠᠪᠤᠭᠰᠠᠨ ᠬᠦᠴᠦᠷᠬᠡᠭ ᠦᠨᠳᠦᠰᠦᠲᠡᠨ ᠡᠶᠢᠮᠦ ᠠᠮᠠᠷᠬᠠᠨ ᠰᠤᠯᠢᠳᠠᠵᠤ᠂ ᠳᠣᠷᠣᠢ ᠪᠠᠭᠤᠷᠠᠢ ᠪᠣᠯᠬᠤ ᠤᠴᠢᠷ ᠦᠭᠡᠢ᠃ ᠲᠡᠭᠡᠭᠡᠳ ᠴᠤ ᠥᠨᠥ ᠶᠢᠨ ᠮᠣᠩᠭᠣᠯᠴᠤᠳ ᠤᠨ ᠳᠤᠮᠳᠠ ᠡᠨᠡ ᠲᠡᠦᠬᠡ ᠶᠢ ᠮᠡᠳᠡᠳᠡᠭ ᠬᠦᠮᠦᠨ ᠴᠥᠭᠡᠨ᠂ ᠴᠢᠩᠭᠢᠰ ᠬᠠᠭᠠᠨ ᠤ ᠬᠥᠷᠥᠭ ᠢ ᠬᠣᠶᠢᠮᠣᠷ ᠲᠠᠭᠠᠨ ᠵᠠᠯᠠᠬᠤ ᠨᠢ ᠪᠠᠶᠢᠲᠤᠭᠠᠢ ᠳᠦᠷᠢ ᠶᠢ ᠨᠢ ᠮᠡᠳᠡᠳᠡᠭ ᠬᠦᠮᠦᠨ ᠴᠤ ᠥᠨᠥᠳᠥᠷ ᠦᠨ ᠮᠣᠩᠭᠣᠯ ᠳᠤ ᠪᠠᠶᠢᠬᠤ ᠦᠭᠡᠢ᠃ ᠲᠡᠶᠢᠮᠦ ᠪᠣᠯᠬᠣᠷ ᠴᠢᠩᠭᠢᠰ ᠬᠠᠭᠠᠨ ᠤ ᠦᠷ᠎ᠡ ᠬᠣᠶᠢᠴᠢᠰ ᠪᠣᠯ ᠥᠨᠥ ᠶᠢᠨ ᠮᠣᠩᠭᠣᠯᠴᠤᠳ ᠪᠢᠰᠢ ᠭᠡᠬᠦᠴᠢᠯᠡᠨ ᠶᠠᠷᠢᠳᠠᠭ᠃

ᠴᠢᠩᠭᠢᠰ ᠬᠠᠭᠠᠨ ᠢ ᠮᠠᠨᠢ ᠴᠤ ᠳᠡᠯᠡᠬᠡᠢ ᠶᠢᠨ ᠣᠯᠠᠨ ᠣᠷᠣᠨ ᠪᠤᠯᠢᠶᠠᠯᠴᠠᠯᠳᠤᠵᠤ ᠪᠠᠶᠢᠨ᠎ᠠ᠃ ᠬᠢᠲᠠᠳ᠂ ᠬᠠᠰᠠᠭ᠂ ᠲᠦᠷᠦᠭ ᠦᠳ ᠡᠴᠡ ᠡᠬᠢᠯᠡᠭᠡᠳ ᠬᠠᠪᠢᠷᠠᠬᠤ ᠴᠤ ᠦᠭᠡᠢ ᠤᠯᠤᠰ ᠦᠨᠳᠦᠰᠦᠲᠡᠨ ᠨᠦᠭᠦᠳ ᠴᠢᠩᠭᠢᠰ ᠪᠣᠯ ᠮᠠᠨᠠᠶᠢᠬᠢ ᠯᠠ ᠭᠡᠨ᠎ᠡ᠃ ᠡᠭᠦᠨ ᠦ ᠬᠠᠷᠢᠭᠤ ᠳᠤ ᠪᠢᠳᠡ ᠲᠡᠦᠬᠡ ᠪᠡᠨ ᠮᠡᠳᠡᠳᠡᠭ᠂ ᠬᠡᠨ ᠡᠴᠡ ᠴᠤ ᠳᠤᠲᠠᠭᠤ ᠦᠭᠡᠢ ᠬᠠᠭᠠᠳ ᠢᠶᠠᠨ ᠨᠡᠷᠡᠯᠡᠳᠡᠭ᠂ ᠬᠥᠷᠥᠭ ᠳᠦᠷᠢ ᠶᠢ ᠨᠢ ᠬᠣᠶᠢᠮᠣᠷ ᠲᠠᠭᠠᠨ ᠰᠦᠰᠦᠯᠡᠨ ᠲᠠᠬᠢᠳᠠᠭ ᠪᠠᠶᠢᠪᠠᠯ ᠬᠡᠨ ᠪᠢᠳᠡᠨ ᠢ ᠴᠢᠩᠭᠢᠰ ᠦᠨ ᠮᠣᠩᠭᠣᠯ ᠪᠢᠰᠢ ᠭᠡᠬᠦ ᠪᠢᠯᠡ᠃

- ᠴᠢᠩᠭᠢᠰ ᠬᠠᠭᠠᠨ ᠢ ᠮᠠᠨᠢ ᠣᠷᠣᠰ ᠰᠢᠭ᠂ ᠬᠢᠲᠠᠳ ᠰᠢᠭ ᠪᠣᠯᠭᠠᠭᠠᠳ ᠵᠢᠷᠤᠴᠢᠬᠠᠭᠰᠠᠨ ᠵᠢᠷᠤᠭ ᠤᠳ ᠡᠨᠳᠡ ᠲᠡᠨᠳᠡ ᠶᠡᠬᠡ ᠲᠠᠭᠠᠷᠠᠯᠳᠤᠬᠤ ᠶᠤᠮ ᠪᠢᠯᠡ᠃ ᠬᠡᠨ ᠬᠦᠰᠡᠭᠰᠡᠨ ᠨᠢ ᠢᠩᠭᠢᠵᠦ ᠵᠢᠷᠤᠭᠠᠳ ᠪᠠᠶᠢᠬᠤ ᠵᠥᠪ ᠦᠦ⁈

- ᠬᠠᠷᠢᠨ ᠲᠡᠶᠢᠮᠦ᠃ ᠣᠷᠣᠰ ᠰᠢᠭ ᠰᠢᠷ᠎ᠠ ᠴᠢᠷᠠᠢ ᠲᠠᠢ᠂ ᠬᠥᠩᠬᠥᠷ ᠨᠢᠳᠦ ᠲᠡᠢ᠂ ᠡᠰᠡᠪᠡᠯ ᠬᠢᠲᠠᠳ ᠰᠢᠭ ᠵᠡᠨᠵᠡᠭᠡᠷ ᠬᠡᠭᠡᠨᠴᠢᠷ ᠵᠢᠷᠤᠭ ᠤᠨ ᠳᠣᠣᠷ᠎ᠠ ᠴᠢᠩᠭᠢᠰ ᠬᠠᠭᠠᠨ ᠭᠡᠴᠢᠬᠡᠭᠰᠡᠨ ᠪᠠᠶᠢᠬᠤ ᠨᠢ ᠲᠠᠭᠠᠷᠠᠳᠠᠭ᠃ ᠪᠢᠳᠡ ᠲᠡᠦᠬᠡ ᠰᠤᠳᠤᠷ ᠢᠶᠠᠨ ᠮᠡᠳᠡᠬᠦ ᠦᠭᠡᠢ ᠪᠣᠯ ᠲᠡᠳᠡᠨ ᠢ ᠴᠢᠩᠭᠢᠰ ᠬᠠᠭᠠᠨ ᠭᠡᠳ ᠯᠠ ᠶᠠᠪᠤᠬᠤ ᠨᠢ ᠪᠠᠶᠢᠨ᠎ᠠ ᠰᠢᠦ ᠳ᠋ᠡ᠃ ᠪᠢᠳᠡ ᠰᠠᠶ᠋ᠢᠬᠠᠨ ᠢ ᠪᠣᠯᠲᠠᠯ᠎ᠠ ᠦᠨᠡᠭᠡᠨ ᠮᠠᠯᠠᠭᠠᠢ ᠲᠠᠢ ᠨᠢᠭᠡᠨ ᠵᠢᠷᠤᠭ ᠢ ᠴᠢᠩᠭᠢᠰ ᠬᠠᠭᠠᠨ ᠭᠡᠳ ᠯᠠ ᠰᠢᠲᠦᠭᠡᠳ ᠶᠠᠪᠤᠳᠠᠭ ᠪᠠᠶᠢᠯ᠎ᠠ᠃ ᠭᠡᠲᠡᠯ᠎ᠡ ᠲᠡᠷᠡ ᠨᠢ ᠮᠢᠩ ᠤᠯᠤᠰ ᠤᠨ ᠨᠢᠭᠡᠨ ᠵᠠᠩᠵᠤᠨ ᠤ ᠬᠥᠷᠥᠭ ᠪᠣᠯᠬᠤ ᠨᠢ ᠲᠣᠭᠲᠠᠭᠠᠭᠳᠠᠭᠰᠠᠨ᠃ ᠢᠩᠭᠢᠵᠦ ᠬᠠᠷᠢ ᠶᠢᠨ ᠬᠦᠮᠦᠨ ᠢ ᠰᠢᠲᠦᠬᠦ ᠨᠢ ᠥᠪᠡᠷ ᠢᠶᠡᠨ ᠥᠪᠡᠷᠰᠡᠳ ᠢ ᠪᠡᠨ ᠳᠣᠷᠣᠮᠵᠢᠯᠠᠵᠤ ᠪᠠᠶᠢᠭ᠎ᠠ ᠬᠡᠷᠡᠭ᠃ ᠴᠢᠩᠭᠢᠰ ᠬᠠᠭᠠᠨ ᠭᠡᠳ ᠬᠢᠲᠠᠳ ᠬᠦᠮᠦᠨ ᠢ ᠰᠢᠲᠦᠭᠡᠳ ᠶᠠᠪᠤᠪᠠᠯ ᠪᠢᠳᠡᠨ ᠦ ᠬᠡᠶᠢᠮᠣᠷᠢ ᠰᠦᠯᠳᠡ ᠳᠣᠷᠣᠶᠢᠳᠠᠯ ᠦᠭᠡᠢ ᠶᠠᠭᠠᠬᠢᠬᠤ ᠪᠤᠢ᠃ ᠣᠳᠤ ᠴᠤ ᠵᠠᠷᠢᠮ ᠬᠦᠮᠦᠰ ᠲᠡᠶᠢᠮᠦ ᠵᠢᠷᠤᠭ ᠢ ᠬᠠᠨᠠᠨ ᠳᠠᠭᠠᠨ ᠡᠯᠭᠦᠭᠡᠳ᠂ ᠪᠡᠯᠡᠭ ᠳᠤᠷᠠᠰᠬᠠᠯ ᠤᠨ ᠳᠡᠯᠭᠡᠭᠦᠷ ᠦᠳ ᠲᠦ ᠪᠤᠷᠤᠭᠤ ᠳᠦᠷᠰᠦᠯᠡᠯ ᠲᠡᠢ ᠵᠢᠷᠤᠭ ᠵᠠᠷᠤᠭᠳᠠᠭᠰᠠᠭᠠᠷ ᠪᠠᠶᠢᠨ᠎ᠠ᠃

ᠵᠢᠰᠦ ᠴᠢᠷᠠᠶᠢᠨ ᠤ ᠢᠯᠡᠷᠬᠡᠶᠢᠯᠡᠯ ᠢᠯᠡᠭᠦᠦ ᠷᠧᠠᠯᠢᠰᠲ᠂ ᠲᠣᠳᠣᠷᠬᠠᠢ ᠳᠦᠷᠰᠦᠯᠡᠭᠳᠡᠭᠰᠡᠨ 《ᠲᠥᠷᠥᠳᠦ ᠶᠣᠰᠤ᠂ ᠬᠠᠭᠠᠳ ᠤᠨ ᠰᠠᠩ》 ᠍ ᠦᠨ ᠵᠢᠱᠢᠭ ᠬᠥᠷᠥᠭ ᠦᠳ ᠬᠦᠮᠦᠨ ᠠᠷᠠᠳ ᠤᠨ ᠮᠠᠨᠢ ᠣᠶᠤᠨ ᠰᠠᠨᠠᠭᠠᠨ ᠳᠤ ᠬᠠᠳᠠᠭᠠᠯᠠᠭᠳᠠᠨ ᠦᠯᠡᠳᠡᠬᠦ ᠲᠠᠯ᠎ᠠ ᠳᠡᠭᠡᠷ᠎ᠡ ᠢᠯᠡᠭᠦᠦ ᠪᠣᠯᠤᠭᠰᠠᠨ᠃ ᠨᠢ ᠨᠤ᠋ ᠦᠭᠡᠶ ᠬᠡᠯᠡᠬᠦ ᠳᠦ ᠴᠢᠩᠭᠢᠰ ᠦᠨ ᠡᠰᠢ ᠬᠥᠷᠥᠭ ᠢ ᠬᠡᠴᠢᠨᠡᠨ ᠨᠤᠬᠤᠴᠠᠲᠠᠢ ᠬᠠᠷᠠᠭᠰᠠᠨ ᠴᠤ ᠵᠢᠰᠦ ᠴᠢᠷᠠᠢ ᠨᠢ ᠨᠢᠭᠡ ᠯᠠ ᠭᠠᠷᠴᠤ ᠥᠭᠬᠦ ᠦᠭᠡᠢ᠂ ᠣᠶᠢᠯᠠᠭᠠᠮᠵᠢ ᠦᠭᠡᠢ ᠰᠠᠨᠠᠭᠳᠠᠭᠠᠳ ᠪᠠᠶᠢᠳᠠᠭ ᠭᠡᠵᠦ ᠣᠯᠠᠨ ᠤ ᠳᠤᠮᠳᠠ ᠶᠠᠷᠢᠭᠳᠠᠳᠠᠭ ᠨᠢ ᠣᠷᠤ ᠦᠭᠡᠢ ᠴᠤ ᠶᠠᠭᠤᠮ᠎ᠠ ᠪᠠᠰᠠ ᠪᠢᠰᠢ᠃ ᠬᠠᠪᠲᠠᠭᠠᠢ ᠵᠢᠷᠤᠭᠠᠰᠤᠨ ᠵᠢᠷᠤᠭ ᠤᠨ ᠠᠷᠭ᠎ᠠ ᠪᠠᠷ ᠪᠦᠲᠦᠭᠡᠭᠳᠡᠭᠰᠡᠨ ᠬᠥᠷᠥᠭ ᠡᠴᠡ ᠬᠦᠮᠦᠨ ᠦ ᠳᠦᠷᠢ ᠲᠥᠷᠬᠥ ᠶᠢ ᠬᠠᠷᠠᠵᠤ ᠣᠶᠢᠯᠠᠭᠠᠨ᠎ᠠ ᠭᠡᠳᠡᠭ ᠠᠮᠠᠷ ᠦᠭᠡᠢ᠃ ᠬᠠᠷᠢᠨ ᠲᠡᠦᠬᠡ ᠰᠤᠳᠤᠷ ᠰᠡᠬᠦᠭᠰᠡᠨ ᠡᠷᠳᠡᠮᠲᠡᠳ᠂ ᠮᠡᠷᠭᠡᠵᠢᠯ ᠦᠨ ᠬᠦᠮᠦᠰ ᠬᠠᠮᠲᠤᠷᠠᠭᠠᠳ ᠠᠵᠢᠯᠯᠠᠴᠢᠬᠠᠬᠤ ᠪᠠᠷ ᠰᠡᠷᠭᠦᠭᠡᠨ ᠪᠦᠲᠦᠭᠡᠭᠰᠡᠨ ᠡᠰᠢ ᠬᠥᠷᠥᠭ ᠢᠯᠡᠭᠦᠦ ᠲᠣᠳᠣᠷᠬᠠᠢ ᠣᠶᠢᠯᠠᠭᠠᠮᠵᠢᠲᠠᠢ ᠪᠣᠯᠴᠢᠬᠠᠵᠤ ᠪᠠᠶᠢᠭ᠎ᠠ ᠶᠤᠮ᠃

ᠡᠰᠢ ᠬᠥᠷᠥᠭ ᠳᠡᠭᠡᠷ᠎ᠡ ᠪᠡᠨ ᠴᠢᠩᠭᠢᠰ ᠬᠠᠭᠠᠨ ᠲᠡᠷᠢᠭᠦᠨ ᠳᠡᠭᠡᠨ ᠴᠠᠭᠠᠨ ᠠᠷᠠᠰᠤᠨ ᠭᠠᠳᠠᠷ ᠲᠠᠢ᠂ ᠬᠠᠷ᠎ᠠ ᠪᠤᠯᠠᠭᠠᠨ ᠳᠣᠲᠣᠷ ᠲᠠᠢ ᠡᠪᠦᠯ ᠦᠨ ᠮᠠᠯᠠᠭᠠᠢ ᠶᠢ ᠳᠠᠷᠤᠵᠤ᠂ ᠪᠡᠶ᠎ᠡ ᠳᠡᠭᠡᠨ ᠭᠦᠶᠦᠬᠡᠨ ᠬᠤᠯᠠᠪᠲᠤᠷ ᠰᠢᠷ᠎ᠠ ᠨᠣᠣᠰᠣᠨ ᠨᠡᠬᠡᠮᠡᠯ ᠳᠡᠪᠡᠯ ᠡᠮᠦᠰᠦᠭᠰᠡᠨ ᠪᠠᠶᠢᠳᠠᠭ᠃ ᠴᠢᠷᠠᠶᠢᠨ ᠤ ᠥᠩᠭᠡ ᠨᠢ ᠪᠣᠷᠤ ᠶᠠᠭᠠᠨᠳᠠᠭᠤ᠂ ᠪᠤᠭᠤᠷᠤᠯ ᠣᠷᠣᠭᠰᠠᠨ ᠤᠷᠲᠤ ᠰᠠᠬᠠᠯ ᠲᠠᠢ᠂ ᠭᠥᠬᠥᠯ ᠦᠰᠦ ᠮᠠᠩᠨᠠᠢ ᠤᠷᠤᠭᠤ ᠨᠢ ᠪᠤᠯᠲᠠᠶᠢᠵᠤ ᠬᠣᠶᠠᠷ ᠲᠡᠶᠢᠰᠢ ᠰᠠᠯᠤᠭᠰᠠᠨ ᠪᠥᠭᠡᠳ ᠭᠥᠷᠥᠮᠡᠯ ᠰᠢᠪᠡᠯᠭᠡᠷ ᠭᠡᠵᠢᠭᠡ ᠨᠢ ᠬᠣᠶᠠᠷ ᠴᠢᠬᠢᠨ ᠦ ᠬᠢᠨᠢ ᠠᠷᠤ ᠪᠠᠷ ᠭᠣᠭᠴᠣᠭᠠᠷᠠᠨ ᠬᠠᠷᠠᠭᠳᠠᠵᠤ ᠪᠠᠶᠢᠳᠠᠭ᠃ ᠵᠢᠱᠢᠭ ᠬᠥᠷᠥᠭ ᠳᠡᠭᠡᠷ᠎ᠡ ᠴᠤ ᠡᠨᠡ ᠪᠦᠬᠦ ᠳᠦᠷᠰᠦᠯᠡᠯ ᠨᠠᠷᠢᠨ ᠲᠣᠳᠣᠷᠬᠠᠢ ᠭᠠᠷᠤᠭᠰᠠᠨ ᠪᠠᠶᠢᠭ᠎ᠠ᠃

- ᠤᠯᠤᠰ ᠦᠨᠳᠦᠰᠦᠲᠡᠨ ᠢᠶᠡᠷ ᠢᠶᠡᠨ ᠴᠢᠩᠭᠢᠰ ᠬᠠᠭᠠᠨ ᠢᠶᠠᠨ᠂ ᠪᠤᠰᠤᠳ ᠬᠠᠭᠠᠳ ᠢᠶᠠᠨ ᠮᠡᠳᠡᠳᠡᠭ ᠬᠦᠨᠳᠦᠯᠡᠳᠡᠭ ᠪᠠᠶᠢᠪᠠᠯ ᠮᠣᠩᠭᠣᠯᠴᠤᠳ ᠨᠢᠭᠡ ᠵᠦᠢᠯ ᠳᠡᠭᠡᠷ᠎ᠡ ᠴᠤ ᠭᠡᠰᠡᠨ ᠨᠢᠭᠡᠳᠬᠦ ᠶᠤᠮ ᠳ᠋ᠠ᠃

- ᠲᠡᠭᠡᠯ ᠦᠭᠡᠢ ᠶᠠᠭᠠᠬᠢᠬᠤ ᠪᠤᠢ᠃ ᠣᠳᠤ ᠶᠠᠭᠤ ᠴᠤ ᠶᠠᠷᠢᠭᠰᠠᠨ ᠮᠣᠩᠭᠣᠯᠴᠤᠳ ᠰᠠᠨᠠᠯ ᠵᠥᠷᠢᠯᠳᠦᠬᠦ ᠪᠣᠯᠵᠤ ᠰᠢᠦ ᠳ᠋ᠡ᠃ ᠲᠡᠭᠡᠪᠡᠯ ᠶᠡᠬᠡ ᠬᠠᠭᠠᠳ ᠤᠨ ᠢᠶᠠᠨ ᠲᠤᠬᠠᠢ ᠶᠠᠷᠢᠬᠤ ᠳᠤ ᠰᠠᠨᠠᠯ ᠵᠥᠷᠢᠬᠦ ᠦᠭᠡᠢ ᠪᠠᠶᠢᠯᠭᠦᠶ᠃ ᠬᠡᠳᠦᠨ ᠵᠠᠭᠤᠨ ᠤ ᠡᠮᠦᠨᠡᠬᠢ ᠬᠦᠴᠦᠷᠬᠡᠭ ᠮᠣᠩᠭᠣᠯᠴᠤᠳ ᠪᠣᠯ ᠪᠢᠳᠡᠨ ᠦ ᠡᠪᠦᠭᠡ ᠳᠡᠭᠡᠳᠦᠰ ᠮᠥᠨ ᠭᠡᠵᠦ ᠪᠢᠳᠡᠨ ᠦ ᠬᠡᠨ ᠨᠢ ᠴᠤ ᠵᠣᠷᠢᠭᠲᠠᠢ ᠬᠡᠯᠡᠬᠦ ᠪᠠᠶᠢᠯᠭᠦᠶ᠃ ᠶᠡᠬᠡ ᠬᠠᠭᠠᠳ ᠮᠠᠨᠢ ᠦᠷ᠎ᠡ ᠬᠣᠶᠢᠴᠢᠰ ᠪᠢᠳᠡᠨ ᠢ ᠪᠡᠨ ᠣᠶᠤᠨ ᠰᠠᠨᠠᠭᠠᠨ ᠤ ᠬᠤᠪᠢ ᠳᠤ ᠨᠢᠭᠡᠳᠬᠡᠵᠦ ᠪᠠᠶᠢᠭ᠎ᠠ ᠨᠢ ᠲᠡᠷᠡ ᠶᠤᠮ᠃ ᠲᠡᠶᠢᠮᠦ ᠡᠴᠡ ᠪᠢᠳᠡ ᠡᠬᠡ ᠲᠡᠦᠬᠡ ᠪᠡᠨ ᠬᠦᠨᠳᠦᠳᠭᠡᠵᠦ᠂ ᠶᠡᠬᠡ ᠬᠠᠭᠠᠳ ᠢᠶᠠᠨ ᠬᠣᠶᠢᠮᠣᠷ ᠲᠠᠭᠠᠨ ᠲᠠᠬᠢᠵᠤ᠂ ᠮᠣᠩᠭᠣᠯ ᠬᠦᠮᠦᠨ ᠪᠣᠯᠤᠭᠰᠠᠨ ᠢᠶᠠᠷ ᠢᠶᠠᠨ ᠪᠠᠬᠠᠷᠬᠠᠵᠤ ᠶᠠᠪᠤᠪᠠᠯ ᠡᠪ ᠦᠨ ᠬᠦᠴᠦ ᠡᠭᠦᠰᠦᠨ᠎ᠡ᠃ ᠡᠪ ᠨᠢᠭᠡᠳᠦᠯ ᠭᠡᠳᠡᠭ ᠪᠣᠯ ᠥᠪᠡᠷ ᠢᠶᠡᠨ ᠶᠠᠭᠤᠨ ᠳᠤ ᠴᠤ ᠳᠡᠶᠢᠯᠳᠡᠰᠢ ᠦᠭᠡᠢ ᠬᠦᠴᠦ ᠶᠤᠮ᠃ ᠨᠢᠭᠡᠳᠦᠮᠡᠯ ᠪᠠᠬᠠᠷᠬᠠᠯ ᠶᠤᠮ᠃

ᠪᠢᠳᠡᠨ ᠦ ᠡᠪᠦᠭᠡ ᠳᠡᠭᠡᠳᠦᠰ ᠳᠡᠯᠡᠬᠡᠢ ᠶᠢᠨ ᠡᠵᠡᠨ ᠪᠠᠶᠢᠭᠰᠠᠨ᠃ ᠥᠭᠡᠷ᠎ᠡ ᠤᠯᠤᠰ ᠦᠨᠳᠦᠰᠦᠲᠡᠨ ᠲᠡᠷᠡ ᠨᠢᠭᠡᠨ ᠴᠠᠭ ᠲᠤ ᠳᠡᠯᠡᠬᠡᠢ ᠶᠢᠨ ᠡᠵᠡᠨ ᠪᠠᠶᠢᠵᠤ ᠪᠣᠯᠬᠤ ᠯᠠ ᠪᠠᠶᠢᠭᠰᠠᠨ ᠰᠢᠦ ᠳ᠋ᠡ᠃ ᠶᠠᠭᠠᠬᠢᠭᠠᠳ ᠵᠠᠪᠠᠯ ᠮᠣᠩᠭᠣᠯᠴᠤᠳ ᠭᠡᠵᠢ᠃ ᠲᠡᠭᠡᠬᠦ ᠢᠵᠠᠭᠤᠷ ᠲᠠᠢ ᠤᠴᠢᠷ ᠠᠴᠠ ᠯᠠ ᠲᠡᠭᠡᠭᠰᠡᠨ ᠬᠡᠷᠡᠭ᠃ ᠳᠡᠯᠡᠬᠡᠢ ᠳᠦ ᠴᠣᠶᠢᠯᠤᠭᠰᠠᠨ ᠦᠨᠳᠦᠰᠦᠲᠡᠨ ᠴᠥᠭᠡᠬᠡᠨ᠃ ᠪᠠᠷᠤᠭ ᠮᠣᠩᠭᠣᠯ᠂ ᠧᠸᠷᠧᠶ ᠬᠣᠶᠠᠷ ᠯᠠ ᠪᠣᠯᠪᠠᠤ⁈ ᠧᠸᠷᠧᠶᠢᠴᠦᠳ ᠪᠣᠯᠬᠣᠷ ᠡᠦᠬᠡ ᠲᠡᠦᠬᠡ ᠪᠡᠨ ᠰᠡᠳᠬᠢᠯ ᠵᠢᠷᠦᠬᠡᠨ ᠳᠡᠭᠡᠨ ᠬᠠᠳᠠᠭᠠᠯᠠᠵᠤ᠂ ᠨᠢᠭᠡᠳᠴᠦ ᠴᠢᠳᠠᠭᠰᠠᠨ ᠤᠴᠢᠷ ᠠᠴᠠ ᠥᠨᠥᠳᠥᠷ ᠳᠡᠯᠡᠬᠡᠢ ᠶᠢ ᠬᠥᠳᠡᠯᠭᠡᠵᠦ ᠪᠠᠶᠢᠨ᠎ᠠ᠃

ᠮᠣᠩᠭᠣᠯᠴᠤᠳ ᠪᠢᠳᠡ ᠪᠣᠯᠬᠣᠷ ᠲᠡᠦᠬᠡ ᠰᠤᠶᠤᠯ ᠢᠶᠠᠨ ᠤᠮᠠᠷᠲᠠᠵᠤ᠂ ᠡᠪ ᠨᠢᠭᠡᠳᠦᠯ ᠦᠭᠡᠢ ᠪᠣᠯᠤᠭᠰᠠᠨ ᠨᠢ ᠶᠠᠭᠤᠨ ᠤ ᠬᠢ ᠪᠤᠢ⁈ ᠡᠬᠢᠯᠡᠭᠡᠳ ᠲᠡᠦᠬᠡ ᠰᠤᠶᠤᠯ ᠢᠶᠠᠨ ᠰᠡᠷᠭᠦᠭᠡᠶ᠎ᠡ᠃ ᠶᠡᠬᠡ ᠬᠠᠭᠠᠨ ᠢᠶᠠᠨ ᠲᠣᠭᠣᠷᠢᠨ ᠨᠢᠭᠡᠳᠦᠶ᠎ᠡ᠃ ᠬᠥᠷᠥᠭ ᠳᠦᠷᠢ ᠶᠢ ᠨᠢ ᠬᠣᠶᠢᠮᠣᠷ ᠲᠠᠭᠠᠨ ᠵᠠᠯᠠᠶ᠎ᠠ᠃ ᠪᠢᠳᠡᠨ ᠳᠦ ᠨᠢᠭᠡᠳᠦᠮᠡᠯ ᠬᠦᠰᠡᠯ ᠰᠣᠨᠢᠷᠬᠠᠯ ᠪᠤᠢ ᠪᠣᠯᠬᠤ ᠤᠴᠢᠷ ᠠᠴᠠ ᠡᠪ ᠦᠨ ᠬᠦᠴᠦ ᠡᠭᠦᠰᠦᠨ᠎ᠡ᠃ ᠦᠨᠡᠲᠦ ᠵᠦᠢᠯ ᠡᠭᠦᠰᠦᠨ᠎ᠡ᠃ ᠦᠨᠡᠲᠦ ᠵᠦᠢᠯ ᠦᠭᠡᠢ ᠬᠦᠮᠦᠨ ᠥᠪᠡᠷ ᠢᠶᠡᠨ ᠦᠨ᠎ᠡ ᠴᠡᠨ᠎ᠡ ᠦᠭᠡᠶ ᠪᠠᠶᠢᠳᠠᠭ ᠶᠤᠮ᠃ ᠧᠸᠷᠧᠶᠢᠴᠦᠳ ᠰᠢᠭ᠋ ᠦᠨᠡᠲᠦ ᠵᠦᠢᠯ ᠢᠶᠡᠨ ᠨᠠᠨᠳᠢᠩᠨᠠᠵᠤ᠂ ᠡᠪᠰᠡᠵᠦ ᠴᠢᠳᠠᠪᠠᠯ ᠶᠠᠭᠤᠨ ᠶᠠᠳᠠᠭᠤᠷᠠᠯ᠂ ᠶᠠᠭᠤᠨ ᠬᠢᠮᠤᠷᠠᠯ ᠪᠤᠢ⁈ ᠲᠣᠰᠣᠲᠠᠢ ᠬᠣᠭᠣᠯᠠ ᠢᠳᠡᠭᠡᠳ ᠬᠣᠳᠣᠭᠣᠳᠤ ᠪᠠᠨ ᠬᠢᠮᠤᠷᠠᠭᠠᠵᠤ ᠯᠠ ᠮᠠᠭᠠᠳ ᠦᠭᠡᠢ᠃ ᠤᠯᠤᠰ ᠦᠨᠳᠦᠰᠦᠲᠡᠨ ᠢᠶᠡᠷ ᠢᠶᠡᠨ ᠯᠠ ᠯᠠᠪ ᠡᠳ ᠮᠥᠩᠭᠥ ᠪᠡᠷ ᠬᠢᠮᠤᠷᠠᠬᠤ ᠦᠭᠡᠢ ᠶᠤᠮ ᠳᠠᠭ᠃

- ᠬᠠᠭᠠᠳ ᠤᠨ ᠬᠥᠷᠥᠭ ᠦᠳ ᠢ ᠲᠥᠷᠤ ᠶᠢᠨ ᠪᠣᠯᠤᠨ ᠬᠤᠪᠢ ᠶᠢᠨ ᠪᠠᠶᠢᠭᠤᠯᠤᠯᠭ᠎ᠠ ᠨᠤᠭᠤᠳ ᠵᠠᠯᠠᠵᠤ ᠪᠠᠶᠢᠨᠠᠤ⁈

- ᠬᠥᠷᠥᠭ ᠦᠳ ᠪᠦᠲᠦᠭᠡᠭᠳᠡᠵᠦ ᠳᠠᠭᠤᠰᠤᠭᠠᠳᠤᠶ ᠪᠠᠶᠢᠬᠤ ᠳᠤ ᠰᠢᠬᠠᠮ ᠡᠬᠢᠨ ᠦ ᠲᠣᠮᠤ ᠵᠠᠬᠢᠶᠠᠯᠠᠭ᠎ᠠ ᠨᠤᠭᠤᠳ ᠢᠷᠡᠵᠦ ᠡᠬᠢᠯᠡᠭᠰᠡᠨ᠃ ᠡᠷᠳᠡᠮ ᠦᠨ ᠵᠥᠪᠯᠡᠯ ᠪᠡᠯᠭᠡᠳᠡᠯ ᠢ ᠪᠣᠳᠣᠵᠤ᠂ ᠲᠥᠷᠥ ᠶᠢᠨ ᠣᠷᠳᠣᠨ ᠤ ᠪᠠᠨ ᠲᠠᠩᠬᠢᠮ ᠳᠤ ᠶᠡᠬᠡ ᠲᠠᠪᠤᠨ ᠬᠠᠭᠠᠨ ᠤ ᠪᠠᠨ ᠬᠥᠷᠥᠭ ᠢ ᠬᠡᠰᠡᠭ ᠬᠤᠭᠤᠴᠠᠭᠠᠨ ᠳᠤ ᠪᠠᠶᠢᠷᠢᠯᠠᠭᠤᠯᠤᠭᠰᠠᠨ᠃ ᠪᠦᠬᠦ ᠴᠡᠷᠢᠭ ᠦᠨ ᠬᠠᠷ᠎ᠠ ᠰᠦᠯᠳᠡᠨ ᠦ ᠥᠷᠭᠥᠭᠡ᠂ ᠴᠣᠨᠵᠢᠨ ᠪᠣᠯᠳᠠᠭ ᠳᠠᠬᠢ ᠴᠢᠩᠭᠢᠰ ᠦᠨ ᠬᠥᠰᠢᠶᠡᠳᠦ ᠴᠣᠭᠴᠠᠯᠠᠪᠤᠷᠢ᠂ ᠨᠣᠮᠢᠨ ᠾᠣᠯᠳᠢᠩ᠂ ᠮᠣᠨᠣᠰ ᠭᠷᠦᠫ ᠵᠡᠷᠭᠡ ᠲᠣᠮᠣᠬᠠᠨ ᠭᠠᠵᠠᠷ ᠤᠳ 37 ᠬᠠᠭᠠᠨ ᠤ ᠬᠥᠷᠥᠭ ᠢ ᠶᠣᠰᠣᠯᠠᠯ ᠲᠡᠭᠦᠯᠳᠡᠷ ᠵᠠᠯᠠᠭᠠᠳ ᠪᠠᠶᠢᠨ᠎ᠠ᠃ ᠮᠥᠨ ᠭᠡᠷ ᠣᠷᠣᠨ᠂ ᠠᠯᠪᠠᠨ ᠲᠠᠰᠤᠯᠭᠠᠨ ᠳᠠᠭᠠᠨ ᠴᠢᠩᠭᠢᠰ ᠦᠨ ᠬᠥᠷᠥᠭ ᠢ ᠵᠠᠯᠠᠬᠤ ᠶᠢ ᠬᠦᠰᠡᠭᠴᠢᠳ ᠶᠡᠬᠡ ᠣᠯᠠᠨ ᠪᠠᠶᠢᠳᠠᠭ ᠶᠤᠮ ᠪᠠᠶᠢᠨ᠎ᠠ᠃

《ᠲᠥᠷᠥᠳᠦ ᠶᠣᠰᠤ᠂ ᠬᠠᠭᠠᠳ ᠤᠨ ᠰᠠᠩ》 ᠰᠤᠳᠤᠯᠭ᠎ᠠ᠂ ᠤᠷᠠᠨ ᠪᠦᠲᠦᠭᠡᠯ ᠦᠨ ᠪᠠᠶᠢᠭᠤᠯᠤᠯᠭ᠎ᠠ ᠤᠴᠢᠷ ᠠᠴᠠ ᠬᠠᠭᠠᠳ ᠤᠨ ᠬᠥᠷᠥᠭ ᠠᠪᠴᠤ ᠵᠠᠯᠠᠬᠤ ᠭᠡᠰᠡᠨ ᠬᠦᠮᠦᠨ ᠪᠦᠬᠦᠨ ᠳᠦ ᠬᠦᠷᠴᠦ ᠦᠢᠯᠡᠴᠢᠯᠡᠬᠦ ᠪᠣᠯᠤᠮᠵᠢ ᠦᠭᠡᠢ᠃ ᠲᠡᠶᠢᠮᠦ ᠡᠴᠡ ᠰᠠᠩ ᠤᠨ ᠡᠷᠳᠡᠮ ᠦᠨ ᠵᠥᠪᠯᠡᠯ ᠲᠡᠢ ᠬᠠᠮᠲᠤ ᠶᠢᠨ ᠠᠵᠢᠯᠯᠠᠭᠠᠨ ᠤ ᠭᠡᠷ᠎ᠡ ᠲᠡᠢ ᠨᠢᠭᠡᠳᠦᠭᠰᠡᠨ ᠮᠣᠩᠭᠣᠯ ᠻᠣᠮᠫᠠᠨᠢ ᠴᠢᠩᠭᠢᠰ ᠪᠣᠯᠤᠨ ᠪᠤᠰᠤᠳ ᠬᠠᠭᠠᠳ ᠤᠨ ᠬᠥᠷᠥᠭ ᠢ ᠤᠷᠠᠨ ᠵᠢᠷᠤᠭ ᠤᠨ ᠰᠠᠶᠢᠨ ᠴᠢᠨᠠᠷ ᠤᠨ ᠵᠣᠲᠣᠩ ᠳᠠᠪᠤᠤᠨ ᠳᠡᠭᠡᠷ᠎ᠡ ᠪᠠᠭᠤᠯᠭᠠᠵᠤ᠂ ᠦᠵᠡᠮᠵᠢᠲᠡᠢ ᠰᠠᠶᠢᠬᠠᠨ ᠵᠢᠶᠠᠵᠠ ᠪᠠᠷ ᠬᠦᠷᠢᠶᠡᠯᠡᠭᠡᠳ ᠣᠯᠠᠨ ᠲᠦᠮᠡᠨ ᠳᠡᠭᠡᠨ ᠲᠦᠭᠡᠭᠡᠨ ᠳᠡᠯᠭᠡᠷᠡᠭᠦᠯᠬᠦ ᠠᠵᠢᠯ ᠢ ᠬᠠᠷᠢᠭᠤᠴᠠᠵᠤ ᠪᠠᠶᠢᠭ᠎ᠠ᠃ ᠤᠳᠠᠬᠤ ᠦᠭᠡᠢ ᠲᠣᠬᠢᠶᠠᠬᠤ ᠦᠨᠳᠦᠰᠦᠨ ᠦ ᠪᠠᠬᠠᠷᠬᠠᠯ ᠤᠨ ᠡᠳᠦᠷ ᠢᠶᠡᠷ ᠮᠣᠩᠭᠣᠯᠴᠤᠳ ᠴᠢᠩᠭᠢᠰ ᠬᠠᠭᠠᠨ ᠤ ᠬᠥᠷᠦᠭ ᠢᠶᠡᠷ ᠬᠣᠶᠢᠮᠣᠷ ᠢᠶᠠᠨ ᠮᠢᠯᠢᠶᠠᠵᠤ᠂ ᠠᠭᠤᠤ ᠶᠡᠬᠡ ᠰᠦᠷ ᠬᠦᠴᠦᠨ ᠦ ᠢᠪᠡᠭᠡᠯ ᠳᠦ ᠪᠠᠭᠲᠠᠬᠤ ᠪᠣᠯᠲᠤᠭᠠᠢ᠃

- ᠢᠷᠦᠭᠡᠯ ᠢᠶᠡᠷ ᠪᠣᠯᠤᠭ᠃ ᠲᠠᠨ ᠳᠤ ᠠᠮᠵᠢᠯᠲᠠ ᠬᠦᠰᠡᠶ᠎ᠡ

《ᠲᠥᠷᠥᠳᠦ ᠶᠣᠰᠤ᠂ ᠬᠠᠭᠠᠳ ᠤᠨ ᠰᠠᠩ》 ᠲᠥᠷᠥ ᠶᠢᠨ ᠪᠤᠰᠤ ᠪᠠᠶᠢᠭᠤᠯᠤᠯᠭ᠎ᠠ

1 comment:

  1. WHATS UP HOMIES, I LOVE MY BOY TEMUJIN!!!!!

    ReplyDelete