Монгол бичгээ хэрэглэцгээе! Chrome, Internet Explorer, Safari хөтчөөр үзнэ үү!

Ж. Оджаргал, П. Батсайхан нар дэлхийн тэрбумтнуудын жагсаалтад бүртгэгдлээ

2014-11-28

ᠵᠢ᠊᠂ ᠣᠳᠤᠵᠢᠷᠭᠠᠯ᠂ ᠫᠦ᠊᠂ ᠪᠠᠲᠤᠰᠠᠶᠢᠬᠠᠨ ᠨᠠᠷ ᠳᠡᠯᠡᠬᠡᠶ ᠶᠢᠨ ᠲᠡᠷᠪᠤᠮᠲᠠᠨ ᠨᠤᠭᠤᠳ ᠤᠨ ᠵᠢᠭᠰᠠᠭᠠᠯᠲᠠ ᠳᠤ ᠪᠦᠷᠢᠳᠭᠡᠭᠳᠡᠯ᠎ᠡ



ᠠᠮᠢ | Olloo.mn | 2014 ᠣᠨ ᠤ 11 ᠳᠦᠭᠡᠷ ᠰᠠᠷ᠎ᠠ ᠶᠢᠨ 28




《ᠹᠣᠷᠪᠧᠰ》 ᠰᠡᠳᠬᠦᠯ ᠳᠡᠯᠡᠬᠡᠶ ᠶᠢᠨ ᠲᠡᠷᠪᠤᠮᠲᠠᠨ ᠨᠤᠭᠤᠳ ᠤᠨ ᠵᠢᠭᠰᠠᠭᠠᠯᠲᠠ ᠶᠢ ᠵᠢᠯ ᠪᠦᠷᠢ ᠰᠢᠨᠡᠴᠢᠯᠡᠨ ᠭᠠᠷᠭᠠᠳᠠᠭ᠃ ᠲᠡᠭᠡᠪᠡᠯ ᠡᠨᠡ ᠵᠢᠯ ᠰᠢᠯᠭᠠᠷᠠᠭᠤᠯᠤᠯᠲᠠ ᠶᠢ ᠪᠠᠲᠤᠯᠠᠭᠠᠵᠢᠭᠤᠯᠬᠤ ᠳᠤ ᠰᠢᠩᠭᠠᠫᠦᠷ ᠳᠠᠬᠢ 《WealthX》 ᠻᠣᠮᠫᠠᠨᠢ᠂ ᠱᠸᠢᠼᠠᠷ ᠤᠨ 《UBS》 ᠻᠣᠷᠫᠣᠷᠠᠼᠢ ᠬᠠᠮᠲᠤᠷᠠᠨ ᠠᠵᠢᠯᠯᠠᠭᠰᠠᠨ ᠪᠠᠶᠢᠨ᠎ᠠ᠃ ᠲᠡᠳᠡᠨ ᠦ ᠭᠠᠷᠭᠠᠭᠰᠠᠨ ᠳᠡᠯᠡᠬᠡᠶ ᠶᠢᠨ ᠲᠡᠷᠪᠤᠮᠲᠠᠨ ᠨᠤᠭᠤᠳ 2014 ᠣᠨ ᠤ ᠰᠤᠳᠤᠯᠭ᠎ᠠ ᠪᠠᠷ ᠮᠠᠨᠠᠶ ᠤᠯᠤᠰ ᠠᠴᠠ ᠬᠣᠶᠠᠷ ᠳ᠋ᠣᠯᠯᠠᠷ ᠤᠨ ᠲᠡᠷᠪᠤᠮᠲᠠᠨ ᠲᠣᠳᠤᠷᠠᠭᠠᠳ ᠪᠠᠶᠢᠭ᠎ᠠ ᠶᠢ ᠬᠡᠪᠯᠡᠯ ᠦᠳ ᠮᠡᠳᠡᠭᠡᠯᠡᠵᠦ ᠡᠬᠢᠯᠡᠭᠰᠡᠨ ᠪᠢᠯᠡ᠃

ᠮᠠᠨᠠᠶ ᠤᠯᠤᠰ ᠠᠴᠠ ᠲᠣᠳᠤᠷᠠᠭᠰᠠᠨ ᠳ᠋ᠣᠯᠯᠠᠷ ᠤᠨ ᠲᠡᠷᠪᠤᠮᠲᠠᠨ ᠨᠤᠭᠤᠳ ᠤᠨ ᠬᠥᠷᠦᠩᠭᠡ 4 ᠲᠡᠷᠪᠤᠮ ᠳ᠋ᠣᠯᠯᠠᠷ ᠬᠦᠷᠦᠭᠡᠳ ᠪᠠᠶᠢᠭ᠎ᠠ ᠶᠤᠮ᠃

ᠡᠳᠡᠭᠡᠷ ᠲᠡᠷᠪᠤᠮᠲᠠᠨ ᠨᠤᠭᠤᠳ ᠤᠨ ᠨᠢᠭᠡ ᠪᠣᠯ 《MCS》 ᠭᠷᠦᠫ ᠦᠨ ᠵᠠᠬᠢᠷᠤᠯ ᠤᠳ ᠤᠨ ᠵᠥᠪᠯᠡᠯ ᠦᠨ ᠳᠠᠷᠤᠭ᠎ᠠ ᠵᠢ᠊᠂ ᠣᠳᠤᠵᠢᠷᠭᠠᠯ ᠶᠤᠮ᠃ ᠲᠡᠷᠡ ᠪᠡᠷ ᠡᠨᠡ ᠵᠢᠭᠰᠠᠭᠠᠯᠲᠠ ᠳᠤ ᠬᠣᠶᠠᠷ ᠴᠤ ᠤᠳᠠᠭ᠎ᠠ ᠨᠡᠷ᠎ᠡ ᠳᠡᠪᠰᠢᠵᠦ ᠪᠠᠶᠢᠵᠡᠶ᠃ ᠵᠢ᠊᠂ ᠣᠳᠤᠵᠢᠷᠭᠠᠯ ᠤᠨ ᠬᠤᠪᠢ ᠳᠤ ᠨᠡᠶᠢᠲᠡ ᠬᠥᠷᠦᠩᠭᠡ ᠨᠢ 2.5 ᠲᠡᠷᠪᠤᠮ ᠠᠮ᠊᠂ ᠳᠣᠯᠯᠠᠷ ᠪᠥᠭᠡᠳ ᠡᠨᠡ ᠣᠨ ᠳᠤ 《MCS ᠭᠷᠦᠫ》 208 ᠲᠡᠷᠪᠤᠮ ᠲᠥᠭᠦᠷᠢᠭ ᠦᠨ ᠲᠠᠲᠠᠪᠤᠷᠢ ᠶᠢ ᠤᠯᠤᠰ ᠲᠤ ᠲᠥᠯᠦᠵᠡᠶ᠃

ᠬᠠᠷᠢᠨ ᠳᠠᠷᠠᠭ᠎ᠠ ᠶᠢᠨ ᠲᠡᠷᠪᠤᠮᠲᠠᠨ ᠪᠣᠯ 《ᠻᠠᠫᠢᠲ᠋ᠠᠯ》 ᠭᠷᠦᠫ ᠦᠨ ᠲᠥᠯᠦᠭᠡᠯᠡᠨ ᠤᠳᠤᠷᠢᠳᠬᠤ ᠵᠥᠪᠯᠡᠯ ᠦᠨ ᠳᠠᠷᠤᠭ᠎ᠠ ᠫᠦ᠊᠂ ᠪᠠᠲᠤᠰᠠᠶᠢᠬᠠᠨ ᠶᠤᠮ᠃ ᠲᠡᠷᠡ ᠪᠡᠷ ᠻᠠᠫᠢᠲ᠋ᠠᠯ ᠪᠠᠩᠬᠢ᠂ 《ᠠᠫᠤ》 ᠬᠤᠪᠢᠴᠠᠭᠠᠲᠤ ᠻᠣᠮᠫᠠᠨᠢ᠂ 《ᠰᠢᠩᠬᠤᠯᠠᠶ》 ᠭᠷᠦᠫ᠂ 《ᠮᠧᠳᠢᠶ᠎ᠠ》 ᠭᠷᠦᠫ ᠵᠡᠷᠭᠡ ᠠᠪᠤᠷᠭᠤ ᠻᠣᠮᠫᠠᠨᠢ ᠨᠤᠭᠤᠳ ᠤᠨ ᠨᠢᠭᠡᠳᠦᠯ ᠢ ᠪᠤᠶ ᠪᠣᠯᠭᠠᠭᠰᠠᠨ᠃ ᠮᠡᠳᠡᠭᠡᠵᠢ ᠤᠯᠤᠰ ᠤᠨ ᠶᠡᠬᠡ ᠬᠤᠷᠠᠯ ᠤᠨ ᠭᠠ᠊᠂ ᠪᠠᠲᠤᠬᠦ᠋ᠦ ᠶᠢᠨ ᠲᠤᠰᠠᠯᠠᠮᠵᠢᠲᠠᠶ ᠪᠠᠷ᠃ ᠲᠡᠭᠦᠨ ᠦ ᠬᠥᠷᠦᠩᠭᠡ ᠶᠢ 1.8 ᠲᠡᠷᠪᠤᠮ ᠠᠮ᠊᠂ ᠳᠣᠯᠯᠠᠷ ᠬᠡᠮᠡᠨ ᠦᠨᠡᠯᠡᠵᠡᠶ᠃ ᠬᠠᠷᠢᠨ ᠵᠥᠪᠬᠡᠨ 《ᠠᠫᠤ》 ᠬᠤᠪᠢᠴᠠᠭᠠᠳᠤ ᠻᠣᠮᠫᠠᠨᠢ ᠤᠯᠤᠰ ᠤᠨ ᠲᠥᠰᠦᠪ ᠲᠦ 157 ᠲᠡᠷᠪᠤᠮ ᠲᠥᠭᠦᠷᠢᠭ ᠲᠤᠰᠢᠶᠠᠭᠰᠠᠨ ᠪᠠᠶᠢᠨ᠎ᠠ᠃

ᠡᠳᠡᠭᠡᠷ ᠬᠣᠶᠠᠷ ᠡᠷᠬᠢᠮ ᠦᠨ ᠠᠷᠤ ᠠᠴᠠ 《ᠮᠠᠻ》 ᠭᠷᠦᠫ ᠦᠨ ᠶᠡᠷᠦᠩᠬᠡᠶᠢᠯᠡᠭᠴᠢ ᠨᠣᠶᠠᠨ ᠫ᠊᠂ ᠨᠢᠮᠠᠲᠠᠶᠢᠰᠢᠷᠢ᠂ ᠤᠯᠤᠰ ᠤᠨ ᠶᠡᠬᠡ ᠬᠤᠷᠠᠯ ᠤᠨ ᠭᠡᠰᠢᠭᠦᠨ ᠳ᠊᠂ ᠪᠠᠲᠤ-ᠡᠷᠳᠡᠨᠢ ᠪᠢᠴᠢᠭᠳᠡᠬᠦ ᠮᠠᠭᠠᠳᠯᠠᠯ ᠥᠨᠳᠦᠷ ᠪᠠᠶᠢᠭ᠎ᠠ ᠴᠤ ᠲᠠᠲᠠᠪᠤᠷᠢ ᠪᠣᠯᠤᠨ ᠰᠠᠩᠬᠦᠦ ᠶᠢᠨ ᠲᠠᠶᠢᠯᠤᠨ ᠠᠯᠳᠠᠭ᠎ᠠ ᠲᠠᠶ ᠪᠠᠶᠢᠭ᠎ᠠ ᠲᠤᠯᠠ ᠲᠡᠷᠪᠤᠮᠲᠠᠨ ᠤ ᠵᠢᠭᠰᠠᠭᠠᠯᠲᠠ ᠳᠤ ᠪᠦᠷᠢᠳᠬᠡᠬᠡᠳᠦᠶ ᠪᠠᠶᠢᠨ᠎ᠠ᠃ ᠫ᠊᠂ ᠨᠢᠮᠠᠲᠠᠶᠢᠰᠢᠷᠢ ᠶᠢᠨ ᠬᠥᠷᠦᠩᠭᠡ 1.4 ᠲᠡᠷᠪᠤᠮ ᠠᠮ᠊᠂ ᠳᠣᠯᠯᠠᠷ᠂ ᠳ᠊᠂ ᠪᠠᠲᠤ-ᠡᠷᠳᠡᠨᠢ ᠶᠢᠨ ᠬᠥᠷᠦᠩᠭᠡ 1.2 ᠲᠡᠷᠪᠤᠮ ᠠᠮ᠊᠂ ᠳᠣᠯᠯᠠᠷ ᠭᠡᠨ᠎ᠡ

No comments:

Post a Comment