Монгол бичгээ хэрэглэцгээе! Chrome, Internet Explorer, Safari хөтчөөр үзнэ үү!

“Эзэнт гүрний эрдэнэсийн сан” коллекци - "Өрнийн гүнж" загвар

2014-11-29

《ᠡᠵᠡᠨᠲᠦ ᠭᠦᠷᠦᠨ ᠦ ᠡᠷᠳᠡᠨᠢᠰ ᠦᠨ ᠰᠠᠩ》 ᠻᠣᠯᠯᠧᠻᠼᠢ -- 《ᠥᠷᠦᠨ᠎ᠡ ᠶᠢᠨ ᠭᠦᠩᠵᠦ》 ᠵᠠᠭᠪᠤᠷ


ᠲᠠ ᠪᠢᠳᠡᠨ ᠳᠦ ᠣᠳᠤ ᠠᠴᠠ ᠥᠪ ᠰᠣᠶᠤᠯ ᠤᠨ ᠳᠠᠷᠬᠠᠯᠠᠭ᠎ᠠ ᠪᠠᠨ
ᠪᠤᠶ ᠪᠣᠯᠭᠠᠬᠤ ᠬᠠᠷᠢᠭᠤᠴᠠᠯᠭᠠᠲᠠᠶ ᠡᠭᠦᠷᠭᠡ ᠨᠤᠭᠳᠠᠵᠤ ᠪᠠᠶᠢᠨ᠎ᠠ

www.oluulaa.org/index.php/project/5




ᠲᠠᠨᠢᠯᠴᠠᠭᠤᠯᠭ᠎ᠠ

ᠲᠥᠰᠦᠯ ᠦᠨ ᠬᠦᠷᠢᠶᠡᠨ ᠳᠦ ᠬᠦᠷᠡᠯ ᠵᠡᠪᠰᠡᠭ ᠦᠨ ᠦᠶ᠎ᠡ ᠶᠢᠨ ᠬᠠᠳᠠᠨ ᠤ ᠰᠦᠭ ᠵᠢᠷᠤᠭ ᠪᠣᠯᠤᠨ ᠡᠷᠲᠡᠨ ᠦ ᠾᠢᠦ᠋ᠩᠨᠦ ᠭᠦᠷᠦᠨ᠂ 13-15 ᠳᠤᠭᠠᠷ ᠵᠠᠭᠤᠨ ᠤ ᠦᠶ᠎ᠡ ᠶᠢᠨ ᠲᠡᠦᠬᠡᠨ ᠪᠠᠷᠢᠮᠲᠠᠲᠤ ᠠᠷᠬᠧᠣᠯᠣᠭᠢ ᠶᠢᠨ ᠰᠤᠳᠤᠯᠭᠠᠨ ᠳᠤ ᠲᠤᠯᠭᠠᠭᠤᠷᠢᠯᠠᠨ ᠣᠷᠴᠢᠨ ᠦᠶ᠎ᠡ ᠶᠢᠨ ᠠᠷᠲ-ᠻᠦᠲᠢᠶᠦ᠋ᠷ ᠴᠢᠭᠯᠡᠯ ᠦᠨ ᠬᠤᠪᠴᠠᠰᠤ ᠵᠠᠭᠪᠤᠷ ᠤᠨ ᠮᠣᠩᠭᠤᠯ ᠪᠷᠧᠨᠳ᠋ ᠻᠣᠯᠯᠧᠻᠼᠢ ᠶᠢ ᠪᠦᠲᠦᠭᠡᠨ ᠣᠯᠠᠨ ᠤᠯᠤᠰ ᠤᠨ ᠵᠠᠭᠪᠤᠷ ᠤᠨ ᠨᠡᠷ᠎ᠡ ᠬᠦᠨᠳᠦ ᠲᠡᠶ ᠲᠠᠶᠢᠵᠠᠨ᠎ᠠ ᠲᠣᠯᠢᠯᠠᠭᠤᠯᠤᠨ᠎ᠠ᠃ ᠡᠵᠡᠨᠲᠦ ᠭᠦᠷᠦᠨ ᠦ ᠡᠷᠳᠡᠨᠢᠰ ᠦᠨ ᠰᠠᠩ ᠻᠣᠯᠯᠧᠻᠼᠢ ᠨᠢ ᠨᠡᠶᠢᠲᠡ 50 ᠵᠠᠭᠪᠤᠷ ᠪᠠᠶᠢᠬᠤ ᠪᠥᠭᠡᠳ ᠡᠨᠡ ᠤᠳᠠᠭ᠎ᠠ ᠳᠤ ᠡᠬᠢᠨ ᠦ ᠵᠠᠭᠪᠤᠷ ᠪᠣᠯᠬᠤ 《ᠥᠷᠦᠨ᠎ᠡ ᠶᠢᠨ ᠭᠦᠩᠵᠦ》 ᠵᠠᠭᠪᠤᠷ ᠢ ᠲᠠᠨᠢᠯᠴᠠᠭᠤᠯᠤᠨ ᠰᠠᠩᠬᠦᠵᠢᠯᠲᠡ ᠪᠣᠰᠬᠠᠵᠤ ᠪᠠᠶᠢᠨ᠎ᠠ᠃


ᠲᠥᠰᠦᠯ ᠦᠨ ᠦᠨᠳᠦᠰᠦᠯᠡᠯ

ᠬᠦᠮᠦᠨ ᠲᠥᠷᠦᠯᠬᠢᠲᠡᠨ ᠦ ᠲᠡᠦᠬᠡᠨ ᠳᠦ ᠳᠡᠯᠡᠬᠡᠶ ᠶᠢᠨ ᠣᠯᠠᠨ ᠣᠷᠤᠨ ᠢ ᠡᠵᠡᠯᠡᠵᠦ᠂ ᠡᠵᠡᠨᠲᠦ ᠭᠦᠷᠦᠨ ᠢ ᠬᠡᠳᠦ ᠬᠡᠳᠦᠨ ᠤᠳᠠᠭ᠎ᠠ ᠪᠠᠶᠢᠭᠤᠯᠵᠤ ᠪᠠᠶᠢᠭᠰᠠᠨ ᠮᠣᠩᠭᠤᠯᠴᠤᠳ ᠪᠢᠳᠡ ᠡᠪᠦᠭᠡ ᠳᠡᠭᠡᠳᠦᠰ ᠦᠨ ᠢᠶᠡᠨ ᠦᠶ᠎ᠡ ᠡᠴᠡ ᠦᠶ᠎ᠡ ᠳᠦ ᠤᠯᠠᠮᠵᠢᠯᠠᠨ ᠳᠠᠮᠵᠢᠭᠤᠯᠵᠤ ᠦᠯᠡᠳᠡᠭᠡᠭᠰᠡᠨ ᠠᠷᠪᠢᠨ ᠶᠡᠬᠡ ᠦᠨᠡᠲᠦ ᠵᠦᠶᠯᠡᠰ᠂ ᠥᠪ ᠰᠣᠶᠤᠯ ᠢᠶᠠᠨ ᠨᠠᠨᠳᠢᠩᠨᠠᠨ ᠳᠡᠭᠡᠳᠦᠯᠡᠵᠦ᠂ ᠤᠯᠠᠮ ᠪᠠᠶᠠᠵᠢᠭᠤᠯᠤᠨ ᠬᠥᠭᠵᠢᠭᠦᠯᠵᠦ᠂ ᠬᠣᠶᠢᠴᠢ ᠦᠶ᠎ᠡ ᠳᠡᠭᠡᠨ ᠦᠯᠡᠳᠡᠭᠡᠬᠦ ᠡᠭᠦᠷᠭᠡ ᠬᠠᠷᠢᠭᠤᠴᠠᠯᠭ᠎ᠠ ᠲᠠᠶ ᠶᠤᠮ᠃ ᠮᠣᠩᠭᠤᠯ ᠦᠨᠳᠦᠰᠦᠨ ᠦ ᠳᠡᠪᠡᠯ ᠬᠤᠪᠴᠠᠰᠤ ᠨᠠᠷᠢᠨ ᠤᠷ᠎ᠠ ᠬᠢᠴᠡ᠂ ᠴᠠᠮᠢᠩ ᠲᠠᠩᠰᠤᠭ ᠢᠶᠠᠷ ᠢᠶᠠᠨ ᠳᠡᠯᠡᠬᠡᠶ ᠳᠦ ᠱᠠᠭᠰᠢᠭᠳᠠᠨ ᠭᠠᠶᠢᠬᠠᠭᠳᠠᠭᠰᠠᠭᠠᠷ ᠢᠷᠡᠭᠰᠡᠨ ᠪᠢᠯᠡ᠃ ᠪᠠᠷᠠᠭᠤᠨ ᠧᠦᠷᠣᠫᠠ ᠠᠴᠠ ᠮᠣᠩᠭᠤᠯ ᠳᠤ ᠢᠷᠡᠭᠰᠡᠨ ᠠᠩᠬᠠᠨ ᠤ ᠧᠦᠷᠣᠫᠠ ᠫᠯᠠᠨᠣ ᠻᠠᠷᠫᠢᠨᠢ ᠮᠣᠩᠭᠤᠯ ᠤᠨ ᠡᠵᠡᠨᠲᠦ ᠭᠦᠷᠦᠨ ᠦ ᠪᠠᠶᠠᠨ ᠲᠠᠩᠰᠤᠭ ᠢ 《ᠮᠣᠩᠭᠤᠯᠴᠤᠳ ᠤᠨ ᠲᠡᠦᠬᠡ》 ᠨᠣᠮ ᠳᠠᠭᠠᠨ ᠮᠠᠭᠲᠠᠨ ᠳᠠᠭᠤᠯᠠᠭᠰᠠᠨ ᠪᠠᠶᠢᠳᠠᠭ ᠪᠣᠯ ᠠᠯᠳᠠᠷᠲᠤ 《Star Wars》 ᠻᠣᠨᠣ ᠶᠢᠨ ᠨᠠᠪᠦᠦ ᠭᠠᠷᠠᠭ ᠤᠨ ᠵᠠᠯᠠᠭᠤ ᠬᠠᠲᠤᠨ ᠫᠠᠳ᠋ᠮᠧ ᠠᠮᠢᠳᠠᠯᠠ (ᠵᠦᠵᠦᠭᠡᠴᠢᠨ ᠨᠠᠲ᠋ᠠᠯᠢ ᠫᠣᠷᠲᠮᠠᠨ ᠲᠣᠭᠯᠠᠭᠰᠠᠨ) ᠶᠢᠨ ᠬᠤᠪᠴᠠᠰᠤ ᠶᠢ ᠮᠣᠩᠭᠤᠯ ᠬᠠᠲᠤᠨ ᠤ ᠬᠤᠪᠴᠠᠰᠤᠨ ᠤ ᠵᠠᠭᠪᠤᠷ ᠠᠴᠠ ᠰᠡᠳᠦᠪᠯᠡᠨ ᠪᠦᠲᠦᠭᠡᠭᠰᠡᠨ ᠪᠠᠶᠢᠳᠠᠭ᠃


ᠥᠨᠦᠳᠦᠷ ᠵᠠᠭᠪᠤᠷ ᠵᠣᠬᠢᠶᠠᠨ ᠪᠦᠲᠦᠭᠡᠭᠴᠢ ᠠᠷᠢᠨᠭᠤᠨᠳᠡᠯᠭᠡᠷ ᠮᠢᠨᠦ ᠪᠡᠶ᠎ᠡ ᠡᠨᠡᠬᠦ ᠥᠨᠢ ᠡᠷᠲᠡᠨ ᠦ ᠲᠡᠦᠬᠡ ᠲᠡᠶ ᠮᠣᠩᠭᠤᠯ ᠬᠤᠪᠴᠠᠰᠤᠨ ᠤ ᠪᠠᠨ ᠰᠣᠶᠤᠯ ᠤᠨ ᠥᠪ᠂ ᠦᠨᠳᠦᠰᠦᠨ ᠦ ᠬᠤᠪᠴᠠᠰᠤᠨ ᠤ ᠥᠪᠡᠷᠮᠢᠴᠡ ᠣᠨᠴᠠᠯᠢᠭ᠂ ᠤᠷ᠎ᠠ ᠬᠢᠴᠡ᠂ ᠤᠯᠠᠮᠵᠢᠯᠠᠯᠲᠤ ᠲᠡᠦᠬᠡᠨ ᠬᠡᠪ ᠮᠠᠶᠢᠭ ᠢ ᠨᠡᠩ ᠣᠷᠴᠢᠨ ᠦᠶ᠎ᠡ ᠶᠢᠨ ᠵᠠᠭᠪᠤᠷ ᠳ᠋ᠢᠽᠠᠶᠢᠨ ᠢᠶᠠᠷ ᠳᠠᠮᠵᠢᠭᠤᠯᠤᠨ ᠴᠠᠮᠢᠩ ᠬᠡᠭᠡᠨᠴᠢᠷ᠂ ᠬᠤᠷᠴᠠ ᠰᠣᠳᠤᠨ᠂ ᠥᠪᠡᠷᠮᠢᠴᠡ ᠬᠢᠴᠡ ᠵᠣᠬᠢᠶᠠᠮᠵᠢ᠂ ᠰᠢᠢᠳᠦᠯ ᠪᠦᠬᠦᠶ 《ᠡᠵᠡᠨᠲᠦ ᠭᠦᠷᠦᠨ ᠦ ᠡᠷᠳᠡᠨᠢᠰ ᠦᠨ ᠰᠠᠩ》 ᠵᠠᠭᠪᠤᠷ ᠤᠨ ᠻᠣᠯᠯᠧᠻᠼᠢ ᠪᠠᠨ ᠪᠦᠲᠦᠭᠡᠨ ᠲᠤᠭᠤᠷᠪᠢᠵᠤ ᠪᠠᠶᠢᠨ᠎ᠠ᠃


ᠤᠭ ᠪᠷᠧᠨᠳ᠋ ᠦᠨ ᠵᠠᠭᠪᠤᠷ ᠤᠳ ᠨᠢ ᠡᠵᠡᠨᠲᠦ ᠭᠦᠷᠦᠨ ᠦ ᠣᠷᠳᠤᠨ ᠤ ᠡᠷᠬᠢᠮᠰᠦᠭ ᠲᠠᠩᠰᠤᠭ ᠪᠣᠯᠤᠨ ᠪᠠᠭᠠᠲᠤᠷᠯᠢᠭ ᠳᠣᠭᠰᠢᠨ ᠳᠦᠷᠢ ᠲᠥᠷᠬᠦ ᠶᠢ ᠳ᠋ᠢᠽᠠᠶᠢᠨᠧᠷ ᠤᠨ ᠰᠡᠳᠬᠢᠮᠵᠢ ᠲᠡᠶ ᠤᠶᠠᠯᠳᠤᠭᠤᠯᠤᠨ ᠬᠤᠷᠴᠠ ᠰᠣᠳᠤᠨ ᠰᠢᠢᠳᠦᠯ ᠢᠶᠡᠷ ᠲᠣᠳᠤᠳᠬᠠᠨ ᠢᠯᠡᠳᠬᠡᠬᠦ ᠪᠠ ᠡᠪᠦᠭᠡ ᠬᠦᠮᠦᠨ ᠭᠦᠷᠦᠨ ᠡᠴᠡ ᠥᠨᠦ ᠶᠢ ᠬᠦᠷᠲᠡᠯᠡᠬᠢ ᠡᠳ ᠦᠨ ᠰᠣᠶᠤᠯ ᠤᠨ ᠥᠪ ᠪᠡᠯᠭᠡᠳᠡᠯ᠂ ᠠᠷᠠᠳ ᠤᠨ ᠤᠷᠠᠯᠠᠯ᠂ ᠬᠡ ᠴᠢᠮᠡᠭᠯᠡᠯ᠂ ᠠᠷᠬᠧᠣᠯᠣᠭᠢ ᠶᠢᠨ ᠪᠣᠳᠠᠲᠤ ᠣᠯᠳᠠᠪᠤᠷᠢ ᠨᠤᠭᠤᠳ ᠢ ᠨᠠᠷᠢᠪᠴᠢᠯᠠᠨ ᠰᠤᠳᠤᠯᠤᠭᠰᠠᠨ ᠤ ᠦᠨᠳᠦᠰᠦᠨ ᠳᠡᠭᠡᠷ᠎ᠡ ᠵᠣᠬᠢᠶᠠᠭᠰᠠᠨ᠃


ᠡᠳᠡᠭᠡᠷ ᠬᠤᠪᠴᠠᠰᠤᠨ ᠤ ᠭᠣᠶᠤᠯ ᠴᠢᠮᠡᠭᠯᠡᠯ᠂ ᠲᠣᠨᠤᠭ᠂ ᠣᠯᠠᠨ ᠲᠥᠷᠦᠯ ᠦᠨ ᠨᠠᠷᠢᠨ ᠤᠷᠠᠨ ᠬᠢᠴᠡ᠂ ᠠᠵᠢᠯᠯᠠᠪᠤᠷᠢ ᠶᠢ ᠮᠡᠷᠭᠡᠰᠢᠭᠰᠡᠨ ᠤᠷᠠᠨ ᠳᠠᠷᠬᠠᠨᠴᠢᠯᠠᠭᠤ ᠵᠠᠰᠠᠯᠴᠢᠦᠶᠯᠡᠴᠢᠨᠣᠶᠤᠳᠠᠯᠴᠢᠨᠭᠣᠶᠤᠯ ᠴᠢᠮᠡᠭᠯᠡᠯᠴᠢ ᠨᠠᠷ ᠤᠨ ᠨᠡᠷᠢᠨ ᠮᠡᠷᠭᠡᠵᠢᠯ ᠦᠨ ᠤᠷᠠᠴᠤᠳ ᠤᠨ ᠪᠠᠭ ᠭᠦᠶᠴᠡᠳᠬᠡᠨ ᠠᠵᠢᠯᠯᠠᠨ᠎ᠠ᠃ ᠮᠥᠨ 《ᠡᠵᠡᠨᠲᠦ ᠭᠦᠷᠦᠨ ᠦ ᠡᠷᠳᠡᠨᠢᠰ ᠦᠨ ᠰᠠᠩ》 ᠵᠠᠭᠪᠤᠷ ᠤᠨ ᠻᠣᠯᠯᠧᠻᠼᠢ ᠪᠦᠷᠢ ᠶᠢᠨ ᠪᠦᠲᠦᠭᠡᠵᠦ ᠪᠤᠶ ᠪᠠᠶᠢᠳᠠᠯ ᠢ ᠲᠡᠦᠬᠡᠴᠢᠯᠡᠨ ᠬᠠᠳᠠᠭᠠᠯᠠᠬᠤ ᠠᠵᠢᠯ ᠢ ᠬᠢᠵᠦ ᠭᠦᠶᠴᠡᠳᠬᠡᠨ᠎ᠡ᠃

《ᠡᠵᠡᠨᠲᠦ ᠭᠦᠷᠦᠨ ᠦ ᠡᠷᠳᠡᠨᠢᠰ ᠦᠨ ᠰᠠᠩ》 ᠵᠠᠭᠪᠤᠷ ᠤᠨ ᠻᠣᠯᠯᠧᠻᠼᠢ ᠶᠢᠨ ᠠᠴᠢ ᠬᠣᠯᠪᠤᠭᠳᠠᠯ

  • ᠮᠣᠩᠭᠤᠯ ᠤᠨ ᠢᠶᠠᠨ ᠲᠡᠦᠬᠡ᠂ ᠰᠣᠶᠤᠯ ᠤᠯᠠᠮᠵᠢᠯᠠᠯ ᠢ ᠰᠡᠷᠭᠦᠭᠡᠨ ᠬᠠᠳᠠᠭᠠᠯᠠᠬᠤ᠂ ᠬᠥᠭᠵᠢᠭᠦᠯᠬᠦ ᠳᠦ ᠬᠤᠪᠢ ᠨᠡᠮᠡᠷᠢ ᠪᠡᠨ ᠣᠷᠤᠭᠤᠯᠬᠤ᠂
  • ᠮᠣᠩᠭᠤᠯ ᠦᠨᠳᠦᠰᠦᠨ ᠦ ᠬᠤᠪᠴᠠᠰᠤᠨ ᠤ ᠰᠣᠶᠤᠯ ᠢ ᠰᠢᠨ᠎ᠡ ᠬᠡᠪ ᠮᠠᠶᠢᠭ ᠢᠶᠠᠷ ᠣᠯᠠᠨ ᠤᠯᠤᠰ ᠤᠨ ᠨᠡᠷ᠎ᠡ ᠬᠦᠨᠳᠦ ᠲᠡᠶ ᠲᠠᠯᠠᠪᠤᠷ ᠲᠤ ᠰᠤᠷᠲᠠᠯᠴᠢᠯᠠᠬᠤ᠂ ᠮᠣᠩᠭᠤᠯ ᠪᠷᠧᠨᠳ᠋ ᠢ ᠪᠤᠶ ᠪᠣᠯᠭᠠᠬᠤ᠂ ᠣᠯᠠᠨ ᠨᠡᠶᠢᠲᠡ ᠳᠦ ᠵᠠᠭᠪᠤᠷ ᠢᠶᠠᠷ ᠳᠠᠮᠵᠢᠭᠤᠯᠤᠨ ᠲᠡᠦᠬᠡ ᠥᠪ ᠤᠯᠠᠮᠵᠢᠯᠠᠯ ᠢᠶᠠᠨ ᠲᠠᠨᠢᠯᠴᠠᠭᠤᠯᠬᠤ᠂
  • ᠮᠣᠩᠭᠤᠯ ᠦᠨᠳᠦᠰᠦᠨ ᠦ ᠪᠡᠨ ᠭᠡᠰᠡᠨ ᠪᠦᠬᠦᠶᠢᠯᠡ ᠵᠦᠶᠯᠡᠰ ᠦᠨ ᠦᠨᠡᠯᠡᠮᠵᠢ ᠶᠢ ᠳᠡᠭᠡᠭᠰᠢᠯᠡᠭᠦᠯᠬᠦ᠂ ᠨᠠᠨᠳᠢᠩᠨᠠᠨ ᠬᠠᠶᠢᠷᠠᠯᠠᠵᠤ᠂ ᠡᠷᠬᠢᠮᠯᠡᠨ ᠳᠡᠭᠡᠳᠦᠯᠡᠵᠦ ᠶᠠᠪᠬᠤ ᠤᠬᠠᠮᠰᠠᠷ ᠢ ᠦᠯᠡᠳᠡᠭᠡᠬᠦ᠂ ᠪᠠᠬᠠᠷᠬᠠᠭᠤᠯᠬᠤ᠂ ᠬᠣᠨᠤᠭᠰᠢᠭᠤᠯᠬᠤ᠂
  • ᠮᠣᠩᠭᠤᠯ ᠦᠨᠳᠦᠰᠦᠨ ᠦ ᠪᠡᠨ ᠬᠤᠪᠴᠠᠰᠤ ᠪᠠᠷ ᠪᠠᠬᠠᠷᠬᠠᠨ ᠣᠮᠤᠭᠰᠢᠬᠤ ᠰᠡᠳᠬᠢᠬᠦᠶ ᠶᠢ ᠬᠣᠶᠢᠴᠢ ᠦᠶ᠎ᠡ ᠳᠡᠭᠡᠨ ᠦᠯᠡᠳᠡᠭᠡᠬᠦ᠂ ᠮᠥᠨ ᠡᠷᠲᠡᠨ ᠦ ᠲᠡᠦᠬᠡ ᠲᠡᠶ᠂ ᠲᠡᠭᠦᠰ ᠲᠡᠭᠦᠯᠳᠡᠷ᠂ ᠪᠠᠷᠳᠠᠮ ᠶᠡᠬᠡᠮᠰᠦᠭ᠂ ᠰᠦᠷ ᠵᠢᠪᠬᠤᠭ᠎ᠠ ᠶᠢ ᠳᠡᠯᠡᠬᠡᠶ ᠳᠠᠬᠢᠨ᠎ᠠ ᠰᠤᠷᠲᠠᠯᠴᠢᠯᠠᠬᠤ ᠠᠴᠢ ᠬᠣᠯᠪᠤᠭᠳᠠᠯᠲᠠᠶ᠃

ᠲᠥᠰᠦᠯ ᠦᠨ ᠶᠠᠪᠤᠴᠠ

25 ᠵᠢᠯ ᠦᠨ ᠰᠤᠳᠤᠯᠭᠠᠨ ᠳᠡᠭᠡᠷ᠎ᠡ ᠳᠤᠯᠭᠠᠭᠤᠷᠢᠯᠠᠭᠰᠠᠨ ᠡᠨᠡ ᠲᠥᠰᠦᠯ ᠮᠠᠨᠢ 2010 ᠣᠨ ᠠᠴᠠ ᠡᠬᠢᠯᠡᠭᠰᠡᠨ᠄

1 ᠳᠦᠭᠡᠷ ᠱᠠᠲᠤ᠄ 2010-2014 ᠣᠨ ᠤ ᠬᠣᠭᠤᠷᠤᠨᠳᠤ 《ᠡᠵᠡᠨᠲᠦ ᠭᠦᠷᠦᠨ ᠦ ᠡᠷᠳᠡᠨᠢᠰ ᠦᠨ ᠰᠠᠩ》 ᠻᠣᠯᠯᠧᠻᠼᠢ ᠶᠢᠨ ᠨᠡᠶᠢᠲᠡ 50 ᠪᠦᠲᠦᠭᠡᠯ ᠵᠢᠷᠤᠭᠳᠠᠵᠤ ᠪᠡᠯᠡᠨ ᠪᠣᠯᠤᠭᠰᠠᠨ᠃

2 ᠳᠤᠭᠠᠷ ᠱᠠᠲᠤ᠄ ᠲᠥᠰᠦᠯ ᠠᠮᠵᠢᠯᠲᠠᠲᠠᠶ ᠬᠡᠷᠡᠭᠵᠢᠭᠡᠳ ᠨᠡᠶᠢᠲᠡ ᠻᠣᠯᠯᠧᠻᠼᠢ ᠶᠢᠨ 50 ᠬᠤᠪᠢ ᠨᠢ ᠪᠡᠯᠡᠨ ᠪᠣᠯᠬᠤ ᠳᠤ ᠲᠡᠦᠬᠡ ᠶᠢᠨ ᠡᠷᠳᠡᠮᠲᠡᠨ ᠰᠤᠳᠤᠯᠤᠭᠠᠴᠢᠳ᠂ ᠠᠷᠬᠧᠣᠯᠣᠭᠢᠴᠢᠳ᠂ ᠭᠠᠳᠠᠭᠠᠳᠤ ᠳᠣᠲᠤᠭᠠᠳᠤ ᠶᠢᠨ ᠬᠤᠪᠴᠠᠰᠤᠨ ᠤ ᠵᠠᠭᠪᠤᠷ ᠰᠤᠳᠤᠯᠤᠭᠠᠴᠢ ᠮᠡᠷᠭᠡᠵᠢᠯᠲᠡᠨ ᠨᠦᠭᠦᠳ ᠦᠨ ᠪᠦᠷᠢᠯᠳᠦᠬᠦᠨ ᠲᠡᠶ ᠡᠷᠳᠡᠮ ᠰᠢᠨᠵᠢᠯᠡᠭᠡᠨ ᠦ ᠪᠠᠭ᠎ᠠ ᠬᠤᠷᠠᠯ ᠬᠢᠨ᠎ᠡ᠃ ᠤᠭ ᠬᠤᠷᠠᠯ ᠤᠨ ᠡᠮᠬᠢᠳᠬᠡᠯ ᠢ 5 ᠣᠷᠤᠨ ᠤ ᠬᠡᠯᠡ ᠳᠡᠭᠡᠷ᠎ᠡ ᠬᠥᠷᠪᠡᠭᠦᠯᠦᠨ ᠠᠷᠬᠢᠸᠯᠠᠨ ᠬᠠᠳᠠᠭᠠᠯᠠᠨ᠎ᠠ᠃

3 ᠳᠤᠭᠠᠷ ᠱᠠᠲᠤ᠄ 50 ᠵᠠᠭᠪᠤᠷ ᠢ ᠪᠡᠶᠡᠲᠦ ᠰᠣᠶᠤᠯ ᠤᠨ ᠥᠪ (ᠬᠤᠪᠴᠠᠰᠤ) ᠪᠣᠯᠭᠠᠵᠤ᠂ ᠮᠣᠩᠭᠤᠯ ᠤᠯᠤᠰ ᠢᠶᠠᠨ ᠰᠤᠷᠲᠠᠯᠴᠢᠯᠠᠬᠤ ᠵᠣᠷᠢᠯᠭ᠎ᠠ ᠪᠠᠷ ᠳᠡᠯᠡᠬᠡᠶ ᠶᠢᠨ ᠣᠯᠠᠨ ᠣᠷᠤᠨ ᠳᠤ ᠵᠠᠭᠪᠤᠷ ᠤᠨ ᠦᠵᠡᠭᠦᠯᠪᠦᠷᠢ ᠪᠡᠨ ᠵᠣᠬᠢᠶᠠᠨ ᠪᠠᠶᠢᠭᠤᠯᠤᠨ᠎ᠠ᠃ ᠨᠢᠭᠡ ᠬᠤᠪᠴᠠᠰᠤ ᠪᠦᠲᠦᠭᠡᠬᠦ ᠳᠦ 4-6 ᠰᠠᠷ᠎ᠠ ᠶᠢᠨ ᠬᠤᠭᠤᠴᠠᠭ᠎ᠠ ᠣᠷᠤᠨ᠎ᠠ᠃

4 ᠳᠦᠭᠡᠷ ᠱᠠᠲᠤ᠄ 《ᠡᠵᠡᠨᠲᠦ ᠭᠦᠷᠦᠨ ᠦ ᠡᠷᠳᠡᠨᠢᠰ ᠦᠨ ᠰᠠᠩ》 ᠦᠨᠳᠦᠰᠦᠨ ᠦ ᠥᠪ ᠰᠣᠶᠤᠯ ᠤᠨ ᠮᠦᠽᠧᠶ ᠶᠢ ᠪᠠᠶᠢᠭᠤᠯᠵᠤ᠂ ᠭᠠᠳᠠᠭᠠᠳᠤ ᠳᠣᠲᠤᠭᠠᠳᠤ ᠶᠢᠨ ᠵᠢᠭᠤᠯᠴᠢᠳ ᠢ ᠲᠠᠲᠠᠨ᠎ᠠ᠃

ᠰᠠᠩᠬᠦᠵᠢᠯᠲᠡ ᠪᠣᠰᠬᠠᠬᠤ ᠬᠤᠭᠤᠴᠠᠭ᠎ᠠ᠄ 90 ᠬᠣᠨᠤᠭ

ᠮᠣᠩᠭᠤᠯ ᠳ᠋ᠢᠽᠠᠶᠢᠨᠧᠷ ᠲᠡᠦᠬᠡ᠂ ᠠᠷᠬᠧᠣᠯᠣᠭᠢ ᠶᠢᠨ ᠰᠤᠳᠤᠯᠭᠠᠨ ᠳᠡᠭᠡᠷ᠎ᠡ ᠰᠠᠭᠤᠷᠢᠯᠠᠨ ᠵᠠᠪᠭᠤᠷ ᠢ ᠭᠠᠷᠭᠠᠵᠤ᠂ ᠮᠣᠩᠭᠤᠯ ᠳᠠᠷᠬᠠᠴᠤᠳ᠂ ᠬᠠᠳᠬᠤᠮᠠᠯᠴᠢᠳ᠂ ᠬᠤᠪᠴᠠᠰᠤ ᠤᠷᠠᠯᠠᠭᠠᠴᠢᠳ ᠨᠢᠭᠡᠳᠦᠨ ᠬᠢᠵᠦ ᠪᠠᠶᠢᠭ᠎ᠠ ᠨᠢ ᠮᠣᠩᠭᠤᠯ ᠬᠦᠮᠦᠰ ᠦᠨ ᠣᠶᠤᠨ ᠤ ᠪᠦᠲᠦᠭᠡᠯ ᠢᠶᠡᠷ ᠳᠡᠯᠡᠬᠡᠶ ᠳᠦ ᠥᠷᠢᠰᠦᠯᠳᠦᠬᠦ ᠨᠢᠭᠡ ᠠᠯᠬᠤᠮ ᠪᠣᠯᠵᠤ ᠪᠠᠶᠢᠨ᠎ᠠ᠃

《ᠥᠷᠦᠨ᠎ᠡ ᠶᠢᠨ ᠭᠦᠩᠵᠦ》 ᠵᠠᠭᠪᠤᠷ


ᠵᠢᠷᠤᠭ ᠤᠨ ᠲᠠᠶᠢᠯᠪᠤᠷᠢ᠄

ᠬᠦᠴᠦ ᠴᠢᠳᠠᠯ᠂ ᠡᠷᠬᠡ ᠮᠡᠳᠡᠯ ᠢ ᠪᠡᠯᠭᠡᠳᠡᠨ ᠲᠣᠯᠤᠭᠠᠶ ᠶᠢᠨ ᠵᠠᠰᠠᠯ ᠤᠨ ᠲᠥᠪ ᠵᠣᠬᠢᠶᠠᠮᠵᠢ ᠳᠤ ᠱᠣᠩᠬᠤᠷ ᠰᠢᠪᠠᠭᠤᠨ ᠤ ᠶᠡᠷᠦᠩᠬᠡᠶ ᠬᠡᠯᠪᠡᠷᠢ ᠶᠢ ᠠᠰᠢᠭᠯᠠᠨ ᠥᠪᠡᠷ ᠦᠨ ᠤᠷᠠᠨ ᠰᠠᠶᠢᠬᠠᠨ ᠬᠡᠲᠦᠷᠡᠭᠦᠯᠭᠡ ᠪᠡᠷ ᠡᠭᠦᠰᠦᠮᠡᠯ ᠠᠮᠢᠲᠠᠨ ᠪᠤᠶ ᠪᠣᠯᠭᠠᠵᠤ ᠵᠣᠬᠢᠶᠠᠮᠵᠢᠯᠠᠭᠰᠠᠨ ᠪᠥᠭᠡᠳ ᠠᠮᠠᠨ ᠳᠤᠨᠢ ᠡᠷᠲᠡᠨ ᠦ ᠬᠥᠬᠡ ᠮᠠᠨᠤ ᠵᠠᠭᠤᠯᠭᠠᠵᠤ᠂ ᠦᠨᠡᠲᠦ ᠮᠧᠲᠠᠯ ᠢᠶᠠᠷ ᠤᠷᠠᠨ ᠳᠠᠷᠬᠠᠨ ᠤ ᠠᠷᠭ᠎ᠠ ᠪᠠᠷ ᠤᠷᠠᠯᠠᠨ᠎ᠠ᠃

ᠤᠭ ᠬᠤᠪᠴᠠᠰᠤᠨ ᠤ ᠪᠦᠷᠢᠳᠦᠯ ᠬᠡᠰᠡᠭ ᠦᠳ ᠪᠣᠯᠬᠤ ᠪᠤᠰᠤᠳ ᠬᠡᠷᠡᠭᠰᠡᠯ (ᠠᠻᠰᠧᠰᠦ᠋ᠸᠠᠷ) ᠪᠠᠭᠤᠪᠴᠢ᠂ ᠦᠰᠦᠨ ᠦ ᠵᠠᠰᠠᠯ ᠨᠢ ᠶᠠᠮᠠᠷ ᠨᠢᠭᠡᠨ ᠠᠮᠢᠲᠠᠨ ᠤ ᠠᠨᠠᠲ᠋ᠣᠮᠢ ᠶᠢᠨ ᠶᠠᠰᠤᠨ ᠤ ᠤᠷᠠᠨ ᠪᠦᠲᠦᠴᠡ ᠡᠴᠡ ᠰᠠᠨᠠᠭ᠎ᠠ ᠠᠪᠴᠤ᠂ ᠤᠭ ᠵᠠᠭᠪᠤᠷ ᠤᠨ ᠣᠨᠴᠠᠯᠢᠭ ᠲᠤ ᠤᠶᠠᠯᠳᠤᠭᠤᠯᠤᠨ ᠵᠣᠬᠢᠶᠠᠮᠵᠢᠯᠠᠭᠰᠠᠨ ᠪᠥᠭᠡᠳ ᠱᠢᠷᠦ᠂ ᠣᠭ᠋ᠶᠤ᠂ ᠬᠥᠬᠡ ᠮᠠᠨᠤ᠂ ᠬᠠᠷ᠎ᠠ ᠮᠠᠨᠤ᠂ ᠰᠤᠪᠤᠳ ᠵᠡᠷᠭᠡ ᠡᠷᠳᠡᠨᠢ ᠶᠢᠨ ᠴᠢᠯᠠᠭᠤ ᠪᠠᠷ ᠴᠢᠮᠡᠭᠯᠡᠨ᠎ᠡ᠃ ᠦᠰᠦᠨ ᠦ ᠦᠵᠦᠭᠦᠷ ᠭᠡᠰᠡᠭ ᠲᠦ ᠨᠡᠭᠦᠳᠡᠯᠴᠢ ᠢᠵᠠᠭᠤᠷ ᠤᠨ ᠲᠤᠯᠤᠭᠠᠨ ᠤ ᠵᠡᠪᠰᠡᠭ ᠪᠣᠯᠬᠤ ᠰᠤᠮᠤᠨ ᠤ ᠵᠡᠪᠡ ᠪᠡᠷ ᠨᠡᠭᠦᠳᠡᠯᠴᠢᠳ ᠦᠨ ᠣᠮᠤᠭ ᠪᠠᠷᠳᠠᠮ᠂ ᠡᠵᠡᠯᠡᠨ ᠵᠠᠬᠢᠷᠤᠭᠴᠢ ᠳᠦᠷᠢ ᠲᠥᠷᠬᠦ ᠶᠢ ᠲᠣᠳᠤᠬᠠᠬᠤ ᠶᠢ ᠵᠣᠷᠢᠭᠰᠠᠨ ᠪᠢᠯᠡ᠃

ᠬᠦᠵᠦᠭᠦᠨ ᠦ ᠵᠡᠭᠦᠯᠲᠡ᠂ ᠪᠦᠰᠡ ᠵᠡᠷᠭᠡ ᠨᠢ ᠣᠷᠴᠢᠨ ᠦᠶ᠎ᠡ ᠶᠢᠨ ᠭᠣᠶᠤᠯ ᠴᠢᠮᠡᠭᠯᠡᠯ᠂ ᠦᠨᠡᠲᠦ ᠡᠳᠯᠡᠯ ᠦᠨ ᠵᠠᠬ᠎ᠠ ᠵᠡᠭᠡᠯᠢ ᠶᠢᠨ ᠱᠠᠭᠠᠷᠳᠠᠯᠭ᠎ᠠ ᠳᠤ ᠨᠡᠶᠢᠴᠡᠬᠦᠶᠢᠴᠡ ᠰᠢᠨᠡᠯᠢᠭ ᠳᠦᠷᠢ ᠲᠥᠷᠬᠦ ᠪᠦᠬᠦᠶ ᠰᠢᠨ᠎ᠡ ᠪᠷᠧᠨᠳ᠋ ᠬᠢᠴᠡ ᠪᠤᠶ ᠪᠣᠯᠭᠠᠬᠤ ᠡᠭᠦᠳᠡᠨ ᠡᠴᠡ ᠮᠣᠩᠭᠤᠯ ᠤᠯᠠᠮᠵᠢᠯᠠᠯᠲᠤ ᠬᠡ ᠶᠢ ᠥᠪᠡᠷ ᠦᠨ ᠤᠷᠠᠨ ᠰᠠᠶᠢᠬᠠᠨ ᠤ ᠵᠣᠬᠢᠶᠠᠮᠵᠢ ᠲᠠᠶ ᠬᠣᠤᠰᠯᠠᠭᠤᠯᠤᠭᠰᠠᠨ᠃

ᠤᠭ ᠬᠤᠪᠴᠠᠰᠤᠨ ᠳᠤ ᠦᠨᠳᠦᠰᠦᠨ ᠰᠠᠭᠤᠷᠢ ᠬᠡ ᠦᠭᠡᠶ ᠴᠤᠯᠭᠤᠶ ᠫᠦᠦᠰᠦᠦ-ᠲᠣᠷᠭᠠᠨ ᠳᠡᠭᠡᠷ᠎ᠡ ᠥᠪᠡᠷ ᠦᠨ ᠵᠢᠷᠤᠵᠤ ᠲᠥᠯᠦᠪᠯᠡᠭᠰᠡᠨ ᠰᠢᠨ᠎ᠡ ᠮᠠᠶᠢᠭ ᠤᠨ ᠠᠷᠲ ᠵᠠᠭᠪᠤᠷ ᠤᠨ ᠬᠡ ᠶᠢ ᠤᠷᠠᠨ ᠬᠠᠳᠬᠤᠮᠠᠯᠴᠢᠳ ᠭᠠᠷ ᠢᠶᠠᠷ ᠤᠷᠠᠯᠠᠨ᠎ᠠ᠃

ᠤᠭ ᠵᠠᠭᠪᠤᠷ ᠢ ᠬᠢᠵᠦ ᠪᠦᠲᠦᠭᠡᠭᠰᠡᠨ ᠦ ᠡᠴᠦᠰ ᠲᠦ ᠬᠠᠷᠠᠬᠤ ᠳᠤ ᠶᠡᠷᠦᠩᠬᠡᠶ ᠳᠡᠭᠡᠨ ᠶᠡᠬᠡ ᠡᠵᠡᠨᠲᠦ ᠭᠦᠷᠦᠨ ᠦ ᠦᠶ᠎ᠡ ᠶᠢᠨ ᠠᠭᠤᠤ ᠶᠡᠬᠡ ᠬᠠᠭᠠᠨ ᠤ ᠬᠠᠶᠢᠷᠠᠲᠤ ᠭᠦᠩᠵᠦ ᠶᠢᠨ ᠬᠤᠪᠴᠠᠰᠤ ᠮᠡᠲᠦ ᠬᠠᠷᠠᠭᠳᠠᠬᠤ ᠤᠴᠢᠷᠲᠠᠶ ᠪᠢᠯᠡ᠃

ᠲᠥᠰᠦᠯ ᠦᠨ ᠤᠳᠤᠷᠢᠳᠤᠭᠴᠢ᠄ ᠤ᠊᠂ ᠭᠠᠩᠴᠡᠴᠡᠭ

ᠵᠠᠭᠪᠤᠷ ᠵᠣᠬᠢᠶᠠᠨ ᠪᠦᠲᠦᠭᠡᠭᠴᠢ᠄ ᠳ᠊᠂ ᠠᠷᠢᠭᠤᠨᠳᠡᠯᠭᠡᠷ (ᠠᠷᠢᠭᠤᠻᠠ)

ᠲᠥᠰᠦᠯ ᠦᠨ ᠪᠠᠭ᠄ ᠤᠷᠠᠨ ᠳᠠᠷᠬᠠᠨ - 6᠂ ᠬᠠᠳᠬᠤᠮᠠᠯᠴᠢᠳ - 10᠂ ᠣᠶᠤᠳᠠᠯᠴᠢᠳ 3

ᠵᠠᠭᠪᠤᠷ ᠵᠣᠬᠢᠶᠠᠨ ᠪᠦᠲᠦᠭᠡᠭᠴᠢ ᠳ᠊᠂ ᠠᠷᠢᠭᠤᠨᠳᠡᠯᠭᠡᠷ ᠦᠨ ᠲᠤᠬᠠᠶ᠄


1973 ᠣᠨ ᠤ 2 ᠳᠤᠭᠠᠷ ᠰᠠᠷ᠎ᠠ ᠶᠢᠨ 13 ᠳᠤ ᠠᠷᠤᠬᠠᠩᠭᠠᠶ ᠠᠶᠢᠮᠠᠭ ᠤᠨ ᠴᠡᠴᠡᠷᠯᠢᠭ ᠬᠣᠲᠠ ᠳᠤ ᠳᠡᠴᠢᠨᠬᠦ᠋ᠦ ᠶᠢᠨ ᠬᠣᠶᠠᠳᠤᠭᠠᠷ ᠬᠡᠦᠬᠡᠳ ᠪᠣᠯᠤᠨ ᠲᠥᠷᠦᠭᠰᠡᠨ᠃
1980-1990 ᠣᠨ ᠳᠤ ᠤᠯᠠᠭᠠᠨᠪᠠᠭᠠᠲᠤᠷ ᠬᠣᠲᠠ ᠶᠢᠨ 10 ᠵᠢᠯ ᠦᠨ 52 ᠳᠤᠭᠠᠷ ᠳᠤᠮᠳᠠᠳᠤ ᠰᠤᠷᠭᠠᠭᠤᠯᠢ ᠲᠡᠭᠦᠰᠦᠭᠰᠡᠨ᠃
1992 ᠣᠨ ᠳᠤ ᠳᠦᠷᠰᠦᠯᠡᠬᠦ ᠤᠷᠠᠯᠢᠭ ᠤᠨ ᠳᠤᠮᠳᠠᠳᠤ ᠰᠤᠷᠭᠠᠭᠤᠯᠢ ᠶᠢᠨ ᠬᠤᠪᠴᠠᠰᠤ ᠳ᠋ᠢᠽᠠᠶᠢᠨ ᠤ ᠠᠩᠬᠢ
1994 ᠣᠨ ᠳᠤ ᠰᠣᠶᠤᠯ ᠤᠷᠠᠯᠢᠭ ᠤᠨ ᠶᠡᠬᠡ ᠰᠤᠷᠭᠠᠭᠤᠯᠢ ᠶᠢᠨ ᠬᠤᠪᠴᠠᠰᠤ ᠳ᠋ᠢᠽᠠᠶᠢᠨ ᠤ ᠠᠩᠭᠢ ᠲᠤᠰ ᠲᠤᠰ ᠰᠤᠷᠤᠯᠴᠠᠵᠤ ᠪᠠᠶᠢᠭᠰᠠᠨ᠃
1994 ᠣᠨ ᠳᠤ ᠰᠣᠶᠤᠯ ᠤᠷᠠᠯᠢᠭ ᠤᠨ ᠶᠡᠬᠡ ᠰᠤᠷᠭᠠᠭᠤᠯᠢ ᠳᠤ ᠬᠤᠪᠴᠠᠰᠤ ᠳ᠋ᠢᠽᠠᠶᠢᠨ ᠤ ᠪᠠᠭᠰᠢ
1996 ᠣᠨ ᠳᠤ ᠰᠡᠳᠬᠢᠮᠵᠢ ᠳ᠋ᠢᠽᠠᠶᠢᠨ ᠤ ᠳᠡᠭᠡᠳᠦ ᠰᠤᠷᠭᠠᠭᠤᠯᠢ ᠳᠤ ᠣᠶᠤᠲᠠᠨ
1996-1998 ᠣᠨ ᠳᠤ ᠰᠡᠳᠬᠢᠮᠵᠢ ᠳ᠋ᠢᠽᠠᠶᠢᠨ ᠤ ᠳᠡᠭᠡᠳᠦ ᠰᠤᠷᠭᠠᠭᠤᠯᠢ ᠳᠤ ᠪᠠᠭᠰᠢ
1999 ᠣᠨ ᠳᠤ ᠳᠦᠷᠰᠦᠯᠡᠬᠦ ᠤᠷᠠᠯᠢᠭ ᠤᠨ ᠳᠤᠮᠳᠠᠳᠤ ᠰᠤᠷᠭᠠᠭᠤᠯᠢ ᠶᠢᠨ ᠬᠤᠪᠴᠠᠰᠤ ᠳ᠋ᠢᠽᠠᠶᠢᠨ ᠤ ᠪᠠᠭᠰᠢ
1999-2004 ᠣᠨ ᠳᠤ ᠬᠤᠪᠢ ᠪᠠᠷ ᠢᠶᠠᠨ ᠤᠷᠠᠨ ᠪᠦᠲᠦᠭᠡᠯ ᠬᠢᠵᠦ ᠪᠠᠶᠢᠭᠰᠠᠨ᠃
2005-2010 ᠣᠨ ᠳᠤ 《ᠮᠣᠩᠭᠤᠯ ᠻᠣᠰᠲ᠋ᠢᠶᠦ᠋ᠮᠰ》 ᠻᠣᠮᠫᠠᠨᠢ ᠳᠤ ᠭᠡᠷᠡᠲᠦ ᠳ᠋ᠢᠽᠠᠶᠢᠨᠧᠷ
2006-2008 ᠣᠨ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠳᠤ 《SHI QI》 ᠻᠣᠮᠫᠠᠨᠢ ᠳᠤ ᠳ᠋ᠢᠽᠠᠶᠢᠨᠧᠷ
2009-2010 ᠣᠨ ᠳᠤ ᠣᠷᠤᠰ ᠤᠨ ᠬᠣᠯᠪᠤᠭᠠᠨ ᠤ ᠤᠯᠤᠰ ᠤᠨ ᠲᠤᠸᠠ ᠤᠯᠤᠰ ᠤᠨ ᠰᠣᠶᠤᠯ ᠤᠨ ᠶᠠᠮᠤᠨ ᠤ ᠤᠷᠢᠯᠭ᠎ᠠ ᠪᠠᠷ ᠲᠤᠰ ᠲᠤᠰ ᠠᠵᠢᠯᠯᠠᠭᠰᠠᠨ
2011-2013 ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠤ ᠰᠤᠳᠤᠯᠭᠠᠨ ᠤ ᠠᠵᠢᠯ ᠬᠢᠭᠰᠡᠨ᠃
2013 ᠣᠨ ᠳᠤ ᠮᠣᠩᠭᠤᠯ ᠤᠯᠤᠰ ᠤᠨ ᠰᠣᠶᠤᠯ ᠤᠨ ᠲᠡᠷᠢᠭᠦᠨ ᠦ ᠠᠵᠢᠯᠲᠠᠨ ᠲᠡᠮᠳᠡᠭ ᠢᠶᠡᠷ ᠱᠠᠩᠨᠠᠭᠳᠠᠭᠰᠠᠨ᠃

ᠤᠷᠠᠨ ᠪᠦᠲᠦᠭᠡᠯ᠄

  • 1994-2003 ᠣᠨ ᠳᠤ ᠭᠣᠶᠤᠯ ᠨᠠᠭᠠᠳᠤᠮ ᠳᠤ ᠣᠷᠤᠯᠴᠠᠵᠤ ᠲᠡᠷᠢᠭᠦᠨ ᠪᠣᠯᠤᠨ ᠲᠤᠰᠬᠠᠶ ᠪᠠᠶᠢᠷᠢ ᠶᠢᠨ ᠱᠠᠩᠨᠠᠯ ᠬᠦᠷᠲᠡᠵᠦ ᠪᠠᠶᠢᠪᠠ᠃
  • 2005 ᠣᠨ ᠳᠤ ᠣᠷᠤᠰ ᠤᠨ ᠬᠣᠯᠪᠤᠭᠠᠨ ᠤ ᠤᠯᠤᠰ ᠤᠨ ᠪᠤᠷᠢᠶᠠᠳ ᠤᠨ ᠨᠡᠶᠢᠰᠯᠡᠯ ᠤᠯᠠᠭᠠᠨ-ᠦᠳᠡ ᠳᠦ ᠪᠣᠯᠤᠭᠰᠨ ᠮᠣᠩᠭᠤᠯ ᠲᠤᠭᠤᠷᠭᠠᠲᠠᠨ ᠤ 《ᠲᠣᠷᠭᠠᠨ ᠵᠠᠮ》 ᠨᠠᠭᠠᠳᠤᠮ ᠳᠤ ᠮᠣᠩᠭᠤᠯ ᠦᠨᠳᠦᠰᠦᠨ ᠦ ᠬᠤᠪᠴᠠᠰᠤᠨ ᠤ ᠲᠥᠷᠦᠯ ᠢᠶᠡᠷ ᠣᠷᠤᠯᠴᠠᠵᠤ ᠭᠷᠠᠨ-ᠫᠷᠢ ᠱᠠᠩᠨᠠᠯ ᠬᠦᠷᠳᠡᠭᠰᠡᠨ᠃
  • 2001-2002 ᠣᠨ ᠳᠤ 《ᠮᠣᠩᠭᠤᠯ ᠭᠣᠶᠤᠯ》 ᠨᠠᠭᠠᠳᠤᠮ ᠳᠤ ᠡᠷᠲᠡᠨ ᠦ ᠬᠤᠪᠴᠠᠰᠤᠨ ᠤ ᠻᠣᠯᠯᠧᠻᠼᠢ ᠪᠠᠷ ᠣᠷᠤᠯᠴᠠᠵᠤ᠂ ᠲᠡᠷᠢᠭᠦᠨ ᠪᠠᠶᠢᠷᠢ ᠶᠢᠨ ᠱᠠᠩᠨᠠᠯ ᠬᠦᠷᠲᠡᠭᠰᠡᠨ᠃
  • 2004-2005 ᠣᠨ ᠳᠤ ᠪᠣᠯᠪᠠᠰᠤᠷᠠᠯ᠂ ᠰᠣᠶᠤᠯ᠂ ᠰᠢᠨᠵᠢᠯᠡᠬᠦ ᠤᠬᠠᠭᠠᠨ ᠤ ᠶᠠᠮᠠᠤᠨ ᠠᠴᠠ ᠵᠣᠬᠢᠶᠠᠨ ᠪᠠᠶᠢᠭᠤᠯᠤᠭᠰᠠᠨ 《ᠪᠠᠬᠠᠷᠬᠠᠯᠲᠤ ᠮᠣᠩᠭᠤᠯ ᠬᠤᠪᠴᠠᠰᠤ》 ᠨᠠᠭᠠᠳᠤᠮ ᠳᠤ ᠦᠨᠳᠦᠰᠦᠨ ᠦ ᠻᠣᠯᠯᠧᠻᠼᠢ ᠶᠢᠨ ᠲᠥᠷᠦᠯ ᠢᠶᠡᠷ ᠣᠷᠤᠯᠴᠠᠵᠤ ᠭᠷᠠᠨ-ᠫᠷᠢ ᠱᠠᠩᠨᠠᠯ ᠠᠪᠤᠭᠰᠠᠨ᠃
  • 2005 ᠣᠨ ᠳᠤ 《ᠮᠣᠩᠭᠤᠯ ᠻᠣᠰᠲ᠋ᠢᠶᠦ᠋ᠮᠰ》 ᠻᠣᠮᠫᠠᠨᠢ ᠶᠢᠨ 《13 ᠳᠤᠭᠠᠷ ᠵᠠᠭᠤᠨ》 ᠻᠣᠯᠯᠧᠻᠼᠢ ᠶᠢᠨ ᠬᠤᠪᠴᠠᠰᠤᠨ ᠤ ᠵᠢᠷᠤᠭ ᠲᠥᠰᠦᠯ᠂ ᠤᠷᠠᠯᠠᠨ ᠪᠦᠲᠦᠭᠡᠬᠦ ᠠᠵᠢᠯ ᠢ ᠤᠳᠤᠷᠢᠳᠤᠨ ᠵᠣᠬᠢᠶᠠᠨ ᠪᠠᠶᠢᠭᠤᠯᠵᠤ ᠠᠵᠢᠯᠯᠠᠭᠰᠠᠨ᠃
  • 2006-2008 ᠣᠨ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ 《SHI QI》 ᠻᠣᠮᠫᠠᠨᠢ ᠳᠤ ᠮᠣᠩᠭᠤᠯ ᠦᠨᠳᠦᠰᠦᠨ ᠦ ᠪᠣᠯᠤᠨ ᠧᠦᠷᠢᠫᠠ ᠬᠤᠪᠴᠠᠰᠤᠨ ᠤ ᠵᠢᠷᠤᠭ ᠲᠥᠰᠦᠯ ᠳᠡᠭᠡᠷ᠎ᠡ ᠠᠵᠢᠯᠯᠠᠵᠤ᠂ ᠻᠣᠯᠯᠧᠻᠼᠢ ᠭᠠᠷᠭᠠᠵᠤ᠂ ᠬᠤᠳᠠᠯᠳᠤᠭᠠᠨ ᠳᠤ ᠭᠠᠷᠭᠠᠭᠰᠠᠨ᠃ ᠪᠡᠭᠡᠵᠢᠩ ᠦᠨ ᠣᠩᠭᠤᠴᠠᠨ ᠤ ᠦᠶᠯᠡᠴᠢᠯᠡᠭᠴᠢ᠂ ᠪᠠᠩᠬᠢᠨ ᠤ ᠠᠵᠢᠯᠴᠢᠳ ᠤᠨ ᠳᠦᠷᠢᠮᠲᠦ ᠬᠤᠪᠴᠠᠰᠤᠨ ᠤ ᠵᠠᠭᠪᠤᠷ ᠭᠠᠷᠭᠠᠭᠰᠠᠨ᠃
  • 2009 ᠣᠨ ᠳᠤ ᠣᠷᠤᠰ ᠤᠨ ᠬᠣᠯᠪᠤᠭᠠᠨ ᠤ ᠤᠯᠤᠰ ᠤᠨ ᠲᠤᠸᠠ ᠶᠢᠨ ᠰᠣᠶᠤᠯ ᠤᠨ ᠶᠠᠮᠤᠨ ᠤ ᠤᠷᠢᠯᠭ᠎ᠠ ᠪᠠᠷ ᠬᠤᠪᠴᠠᠰᠤᠨ ᠤ ᠲᠡᠦᠬᠡᠨ ᠰᠤᠳᠤᠯᠭᠠᠨ ᠤ ᠨᠣᠮ ᠤᠨ ᠵᠢᠷᠤᠭ ᠲᠥᠰᠦᠯ ᠬᠢᠯ᠎ᠡ᠃
  • 2010 ᠣᠨ ᠳᠤ 《ᠮᠣᠩᠭᠤᠯ ᠻᠣᠰᠲ᠋ᠢᠶᠦ᠋ᠮᠰ》 ᠻᠣᠮᠫᠠᠨᠢ ᠶᠢᠨ ᠡᠷᠲᠡᠨ ᠦ ᠡᠪᠦᠭᠡ ᠾᠢᠦ᠋ᠩᠨᠦ ᠤᠯᠤᠰ ᠠᠴᠠ 13 ᠳᠤᠭᠠᠷ ᠵᠠᠭᠤᠨ ᠬᠦᠷᠲᠡᠯᠡᠬᠢ ᠡᠵᠡᠨᠲᠦ ᠭᠦᠷᠦᠨ ᠨᠦᠭᠦᠳ ᠦᠨ ᠲᠡᠦᠬᠡᠨ ᠬᠤᠪᠴᠠᠰᠤᠨ ᠤ ᠻᠣᠯᠯᠧᠻᠼᠢ ᠶᠢᠨ ᠵᠢᠷᠤᠭ ᠲᠥᠰᠦᠯ ᠤᠷᠠᠯᠠᠨ ᠪᠦᠲᠦᠭᠡᠬᠦ ᠠᠵᠢᠯ ᠢ ᠤᠳᠤᠷᠢᠳᠤᠨ ᠵᠣᠬᠢᠶᠠᠨ ᠪᠠᠶᠢᠭᠤᠯᠤᠭᠰᠠᠨ᠃
  • 2011 ᠣᠨ ᠳᠤ ᠡᠷᠲᠡᠨ ᠦ ᠪᠣᠯᠤᠨ ᠮᠣᠩᠭᠤᠯ ᠦᠨᠳᠦᠰᠦᠨ ᠦ ᠬᠤᠪᠴᠠᠰᠤᠨ ᠤ 13 ᠳᠤᠭᠠᠷ ᠵᠠᠭᠤᠨ ᠤ ᠬᠠᠭᠠᠳ᠂ ᠬᠠᠲᠤᠳ᠂ ᠮᠣᠩᠭᠤᠯ ᠦᠨᠳᠦᠰᠦᠲᠡᠨ ᠶᠠᠰᠤᠲᠠᠨ ᠨᠡᠷ᠎ᠡ ᠲᠡᠶ ᠴᠤᠪᠤᠷᠠᠯ ᠬᠣᠶᠠᠷ ᠬᠥᠵᠦᠷ᠂ ᠮᠣᠩᠭᠤᠯ ᠻᠣᠰᠲ᠋ᠢᠶᠦ᠋ᠮᠰ ᠨᠣᠮ ᠤᠨ ᠠᠵᠢᠯ ᠲᠤᠰ ᠲᠤᠰ ᠬᠢᠵᠦ ᠭᠦᠶᠴᠡᠳᠬᠡᠭᠰᠡᠨ᠃
  • 2012 ᠣᠨ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠳᠤ ᠵᠢᠭᠤᠯᠴᠢᠨ ᠤ ᠪᠠᠭᠠᠵᠠ ᠶᠢᠨ ᠵᠠᠬᠢᠶᠠᠯᠭ᠎ᠠ ᠪᠠᠷ ᠮᠣᠩᠭᠤᠯ ᠮᠠᠶᠢᠭ ᠤᠨ ᠵᠠᠭᠤᠨ ᠭᠡᠷ ᠦᠨ ᠵᠠᠭᠪᠤᠷ ᠭᠠᠷᠭᠠᠭᠰᠠᠨ᠃
  • 2010 ᠣᠨ ᠠᠴᠠ 《ᠡᠵᠡᠨᠲᠦ ᠭᠦᠷᠦᠨ ᠦ ᠡᠷᠳᠡᠨᠢᠰ ᠦᠨ ᠰᠠᠩ》 ᠻᠣᠯᠯᠧᠻᠼᠢ ᠶᠢᠨ ᠵᠢᠷᠤᠭ ᠲᠥᠰᠦᠯ ᠦᠨ ᠠᠵᠢᠯ ᠬᠢᠵᠦ ᠪᠠᠶᠢᠨ᠎ᠠ᠃

ᠠᠮᠠᠯᠠᠯᠲᠠ ᠨᠤᠭᠤᠳ᠄

ᠬᠥᠵᠦᠷ - 20,000 ᠲᠥᠭᠦᠷᠢᠭ


ᠢᠯᠡ ᠵᠠᠬᠢᠳᠠᠯ - 50,000 ᠲᠥᠭᠦᠷᠢᠭ

ᠴᠠᠭᠯᠠᠪᠤᠷᠢ - 100,000 ᠲᠥᠭᠦᠷᠢᠭ


ᠹᠦᠳᠸᠣᠻᠠ ᠡᠰᠡᠪᠡᠯ ᠡᠪᠯᠡᠭᠦᠯᠳᠡᠭ ᠵᠢᠷᠤᠭ/ᠫᠠᠽᠯ - 500,000 ᠲᠥᠭᠦᠷᠢᠭ



ᠨᠣᠮ - 1,000,000 ᠲᠥᠭᠦᠷᠢᠭ

ᠡᠬᠡ ᠵᠢᠷᠤᠭ ᠤᠨ ᠬᠠᠭᠤᠯᠪᠤᠷᠢ - 3,000,000 ᠲᠥᠭᠦᠷᠢᠭ

ᠡᠷᠦᠰᠳᠡᠯ

ᠬᠠᠩᠰᠢ ᠶᠢᠨ ᠥᠭᠡᠷᠡᠴᠢᠯᠡᠯᠲᠡ᠂ ᠰᠠᠩᠬᠦᠵᠢᠯᠲᠡ ᠴᠠᠭ ᠬᠤᠭᠤᠴᠠᠭᠠᠨ ᠳᠠᠭᠠᠨ ᠪᠣᠰᠬᠤ ᠦᠭᠡᠶ ᠪᠠᠶᠢᠬᠤ᠂ ᠤᠷᠠᠨ ᠪᠦᠲᠦᠭᠡᠯᠴᠢ ᠶᠢᠨ ᠪᠡᠶ᠎ᠡ ᠶᠢᠨ ᠪᠠᠶᠢᠳᠠᠯ ᠭᠡᠬᠦ ᠮᠡᠲᠦ ᠡᠷᠦᠰᠳᠡᠯ ᠡᠭᠦᠰᠬᠦ ᠦᠭᠡᠶ ᠯᠡ ᠪᠣᠯ ᠮᠠᠰᠢ ᠤᠳᠠᠭᠠᠨ ᠬᠤᠭᠤᠴᠠᠭᠠᠨ ᠳᠤ ᠪᠣᠳᠤᠵᠤ ᠪᠣᠯᠪᠠᠰᠤᠷᠠᠭᠤᠯᠤᠭᠰᠠᠨ᠂ ᠰᠡᠳᠬᠢᠯ ᠣᠶᠤᠨ ᠢᠶᠠᠨ ᠰᠢᠩᠭᠡᠭᠡᠭᠰᠡᠨ ᠲᠥᠰᠦᠯ ᠤᠴᠢᠷ ᠠᠴᠠ ᠬᠡᠷᠡᠭᠵᠢᠭᠦᠯᠬᠦ ᠳᠦ ᠶᠠᠮᠠᠷ ᠨᠢᠭᠡᠨ ᠰᠠᠭᠠᠳ ᠦᠭᠡᠶ

No comments:

Post a Comment