Монгол бичгээ хэрэглэцгээе! Chrome, Internet Explorer, Safari хөтчөөр үзнэ үү!

Хайчаар зурж, цаасаар урлахуй

2014-11-23

ᠬᠠᠢᠢᠴᠢ ᠪᠠᠷ ᠵᠢᠷᠤᠵᠤ᠂ ᠴᠠᠭᠠᠰᠤ ᠪᠠᠷ ᠤᠷᠠᠯᠠᠬᠤᠢ



ᠯᠤ᠊᠂ ᠮᠥᠩᠬᠡᠲᠥ᠋ᠷᠦ



ᠡᠮᠦᠨᠡᠳᠭᠡᠯ

ᠮᠣᠩᠭᠣᠯᠴᠤᠳ ᠪᠢᠳᠡ ᠲᠡᠷᠡᠲᠡᠭᠡ ᠬᠣᠷᠢᠳᠤᠭᠠᠷ ᠵᠠᠭᠤᠨ ᠤ ᠨᠢᠭᠡᠨ ᠮᠢᠩᠭ᠎ᠠ ᠶᠢᠰᠦᠨ ᠵᠠᠭᠤᠨ ᠶᠡᠷᠡᠨ ᠣᠨ ᠳᠤ ᠡᠨᠡᠬᠦ ᠣᠩᠭᠣᠳ ᠠᠪᠢᠶᠠᠰ ᠪᠢᠯᠬᠠᠵᠤ᠂ ᠤᠷ᠎ᠠ ᠤᠬᠠᠭᠠᠨ ᠲᠡᠭᠰᠢᠷᠡᠭᠰᠡᠨ ᠤᠷᠠᠨ ᠪᠦᠲᠦᠭᠡᠯᠴᠢ ᠶᠢᠨ ᠤᠷᠠᠯᠠᠭᠰᠠᠨ 《ᠮᠣᠩᠭᠣᠯ ᠤᠨ ᠨᠢᠭᠤᠴᠠ ᠲᠣᠪᠴᠢᠶᠠᠨ》 ᠨᠣᠮ ᠤᠨ ᠴᠢᠮᠡᠭᠯᠡᠯ ᠢᠶᠡᠷ ᠤᠷᠠᠨ ᠬᠠᠢᠢᠴᠢᠯᠠᠪᠤᠷᠢ ᠶᠢᠨ ᠤᠷᠠᠯᠢᠭ ᠲᠠᠢ ᠲᠠᠨᠢᠯᠴᠠᠭᠰᠠᠨ ᠪᠢᠯᠡ᠃


ᠮᠣᠩᠭᠣᠯ ᠤᠨ ᠤᠷᠠᠴᠤᠳ ᠤᠨ ᠡᠪᠯᠡᠯ ᠤᠨ ᠱᠠᠩᠨᠠᠯᠲᠤ ᠵᠢᠷᠤᠭᠠᠴᠢ᠂ ᠤᠷᠠᠨ ᠬᠠᠢᠢᠴᠢᠯᠠᠪᠤᠷᠢᠴᠢ
ᠰᠠᠩᠳᠠᠭᠳᠣᠷᠵᠢ ᠶᠢᠨ ᠲᠥᠷᠦᠪᠤᠷᠠᠮ ᠤᠨ ᠲᠣᠪᠴᠢ ᠨᠠᠮᠲᠠᠷ


ᠪᠢᠯᠢᠭ ᠦᠨ ᠲᠣᠭᠠᠯᠠᠯ ᠤᠨ 17 ᠳᠤᠭᠠᠷ ᠵᠢᠷᠠᠨ ᠤ ᠰᠢᠷᠤᠢᠢᠨ ᠪᠡᠴᠢᠨ ᠵᠢᠯ ᠤᠨ ᠬᠠᠪᠤᠷ ᠤᠨ ᠡᠬᠢᠨ ᠰᠠᠷ᠎ᠠ ᠪᠤᠶᠤ ᠠᠷᠭ᠎ᠠ ᠶᠢᠨ ᠲᠣᠭᠠᠯᠠᠯ ᠤᠨ 1969 ᠳᠤᠭᠡᠷ ᠣᠨ ᠤ 2 ᠳᠤᠭᠠᠷ ᠰᠠᠷ᠎ᠠ ᠶᠢᠨ 5 ᠊ᠨ᠎ᠠ ᠵᠢᠷᠤᠭᠠᠴᠢ ᠰᠠᠩᠳᠠᠭᠳᠣᠷᠵᠢ ᠶᠢᠨ ᠭᠡᠷ ᠲᠦ ᠲᠥᠷᠦᠵᠡᠢ᠃ ᠣᠯᠠᠨ ᠠᠬ᠎ᠠ ᠡᠭᠡᠴᠢ ᠨᠠᠷ ᠤᠨ ᠢᠶᠠᠨ ᠳᠤᠮᠳᠠ ᠤᠢᠢᠳᠬᠤ ᠵᠠᠪ ᠦᠭᠡᠢ ᠥᠰᠴᠦ᠂ ᠵᠢᠯ ᠪᠦᠷᠢ ᠬᠡᠦᠬᠡᠳ ᠤᠨ ᠵᠢᠷᠤᠭ ᠤᠨ ᠤᠷᠤᠯᠳᠤᠭᠠᠨ ᠳᠤ ᠣᠷᠤᠯᠴᠠᠭᠰᠠᠭᠠᠷ ᠪᠠᠭ᠎ᠠ ᠰᠤᠷᠭᠠᠭᠤᠯᠢ ᠶᠢᠨ 1 ᠳᠤᠭᠡᠷ ᠠᠩᠭᠢ ᠳᠤ ᠣᠷᠤᠬᠤ ᠳᠠᠭᠠᠨ ᠠᠯᠢ ᠬᠡᠳᠦᠢᠢᠨ᠎ᠡ ᠬᠡᠳᠦᠨ ᠮᠧᠳᠠᠯ ᠲᠠᠢ ᠪᠣᠯᠤᠭᠰᠡᠨ ᠪᠠᠢᠢᠭᠰᠠᠨ ᠡᠴᠡ ᠴᠤ ᠲᠡᠷᠡ ᠦᠦ ᠢᠮᠠᠭᠲᠠ ᠯᠠ ᠠᠩᠭᠢ ᠶᠢᠨ ᠢᠶᠠᠨ ᠵᠢᠷᠤᠬᠤ ᠪᠢᠴᠢᠬᠦ ᠠᠵᠢᠯ ᠳᠤ ᠲᠣᠬᠤᠭᠠᠭᠳᠠᠳᠠᠭ ᠪᠠᠢᠢᠵᠡᠢ᠃ ᠪᠠᠭ᠎ᠠ ᠡᠴᠡ ᠯᠡ ᠨᠣᠮ ᠤᠩᠰᠢᠬᠤ᠂ ᠵᠢᠷᠤᠭ ᠵᠢᠷᠤᠬᠤ ᠳᠤᠷᠠᠲᠠᠢ ᠶᠠᠪᠤᠭᠰᠠᠭᠠᠷ 1988 ᠣᠨ ᠳᠤ 《ᠳᠦᠷᠰᠤᠯᠡᠬᠦ ᠤᠷᠠᠯᠢᠭ ᠤᠨ ᠳᠤᠮᠳᠠᠳᠤ ᠰᠤᠷᠭᠠᠭᠤᠯᠢ》 ᠳᠤ ᠸᠠᠭᠠᠷ ᠤᠷᠠᠯᠠᠯ ᠤᠨ ᠠᠩᠭᠢ ᠶᠢ ᠲᠡᠭᠥᠰᠦᠭᠡᠳ᠂ ᠭᠠᠷ ᠤᠷᠠᠯᠠᠯ ᠤᠨ ᠦᠢᠯᠡᠳᠪᠦᠷᠢ ᠳᠤ ᠲᠣᠮᠢᠯᠠᠭᠳᠠᠨ ᠠᠵᠢᠯᠯᠠᠵᠤ ᠪᠠᠢᠢᠭᠠᠳ 1990 ᠣᠨ ᠡᠴᠡ ᠮᠣᠩᠭᠣᠯ ᠤᠨ ᠤᠷᠠᠴᠤᠳ ᠤᠨ ᠡᠪᠯᠡᠯ ᠤᠨ ᠬᠣᠷᠢᠶᠠᠨ ᠤ ᠵᠢᠷᠤᠭᠠᠰᠤᠨ ᠵᠢᠷᠤᠭ ᠤᠨ ᠰᠠᠯᠪᠤᠷᠢ ᠶᠢᠨ ᠮᠡᠷᠭᠡᠵᠢᠯ ᠤᠨ ᠪᠦᠲᠦᠭᠡᠯᠴᠢ ᠪᠣᠯᠵᠤ᠂ ᠨᠣᠮ ᠤᠨ ᠴᠢᠮᠡᠭ ᠵᠢᠷᠤᠭ᠂ ᠲᠡᠭᠦᠨ ᠳᠣᠲᠤᠷ᠎ᠠ ᠪᠠᠨ ᠤᠷᠠᠨ ᠬᠠᠢᠢᠴᠢᠯᠠᠪᠤᠷᠢ ᠪᠠᠷ ᠳᠠᠩᠨᠠᠨ ᠠᠵᠢᠯᠯᠠᠵᠤ ᠡᠬᠢᠯᠡᠭᠰᠡᠨ ᠪᠠᠢᠢᠨ᠎ᠠ᠃ ᠳᠤᠮᠳᠠᠳᠤ ᠰᠤᠷᠭᠠᠭᠤᠯᠢ ᠳᠤ ᠠᠩᠭᠢ ᠶᠢᠨ ᠨᠠᠢᠢᠵᠠ ᠨᠠᠷ ᠢᠶᠠᠨ ᠨᠥᠬᠦᠷᠰᠡᠭ ᠢᠶᠡᠷ ᠱᠣᠭᠯᠠᠨ ᠵᠢᠷᠤᠵᠤ᠂ ᠵᠢᠷᠤᠭ ᠤᠨ ᠰᠤᠷᠭᠠᠭᠤᠯᠢ ᠶᠢᠨ ᠨᠠᠢᠢᠵᠠ ᠨᠠᠷ ᠤᠨ ᠢᠶᠠᠨ ᠰᠡᠭᠦᠳᠡᠷ ᠢ ᠬᠠᠢᠢᠴᠢᠯᠠᠵᠤ ᠦᠵᠡᠭᠰᠡᠭᠡᠷ᠂ ᠮᠠᠭᠠᠳ ᠦᠭᠡᠢ ᠲᠡᠷᠡ ᠦᠶ᠎ᠡ ᠡᠴᠡ ᠯᠡ ᠪᠠᠷᠢᠮᠠᠯ᠂ ᠬᠠᠢᠢᠴᠢᠯᠠᠪᠤᠷᠢ ᠬᠣᠶᠠᠷ ᠲᠠᠢ ᠳᠥᠷᠦᠭᠡ ᠬᠠᠷᠰᠢᠭᠤᠯᠵᠤ ᠳᠦᠷᠰᠦᠯᠡᠬᠦ ᠶᠢᠨ ᠰᠤᠷᠭᠠᠭᠤᠯᠢ ᠲᠡᠬᠦᠰᠬᠦ ᠶᠢᠨ ᠢᠶᠡᠨ ᠤᠷᠢᠳᠠᠬᠠᠨ ᠠᠩᠬᠠᠨ ᠤ ᠪᠡᠶ᠎ᠡ ᠳᠠᠭᠠᠭᠠᠭᠰᠠᠨ ᠦᠵᠡᠰᠬᠦᠯᠡᠩ ᠢᠶᠡᠨ ᠭᠠᠷᠭᠠᠵᠠᠢ᠃ ᠲᠡᠷᠡ ᠴᠠᠭ ᠡᠴᠡ ᠬᠤᠢᠢᠰᠢ ᠵᠦᠪᠬᠡᠨ ᠴᠠᠭᠠᠰᠤᠨ ᠬᠠᠢᠢᠴᠢᠯᠠᠪᠤᠷᠢ ᠪᠠᠷ ᠳᠠᠩᠨᠠᠭᠰᠠᠭᠠᠷ 1990 ᠤᠨ ᠳᠤᠷ ᠮᠤᠩᠭᠤᠯ ᠤᠨ ᠰᠢᠨᠵᠢᠯᠡᠬᠦ ᠤᠬᠠᠭᠠᠨ ᠤ ᠠᠻᠠᠳᠧᠮᠢ᠂ ᠮᠤᠩᠭᠤᠯ ᠤᠨ ᠤᠷᠠᠴᠤᠳ ᠤᠨ ᠡᠪᠯᠡᠯ ᠦᠨ ᠬᠤᠷᠢᠶ᠎ᠠ᠂ ᠮᠤᠩᠭᠤᠯ ᠤᠨ ᠵᠤᠬᠢᠶᠠᠯᠴᠢᠳ ᠤᠨ ᠡᠪᠯᠡᠯ᠂ ᠤᠯᠤᠰ ᠤᠨ ᠬᠡᠪᠯᠡᠯ ᠤᠨ ᠭᠠᠵᠠᠷ ᠬᠠᠮᠲᠤᠷᠠᠨ ᠠᠩᠬ᠎ᠠ ᠤᠳᠠᠭ᠎ᠠ ᠵᠤᠬᠢᠶᠠᠨ ᠪᠠᠢᠢᠭᠤᠯᠤᠭᠰᠠᠨ᠂ 《ᠮᠤᠩᠭᠤᠯ ᠤᠨ ᠨᠢᠭᠤᠴᠠ ᠲᠤᠪᠴᠢᠶᠠᠨ》 ᠨᠤᠮ ᠤᠨ 750 ᠵᠢᠯ ᠤᠨ ᠣᠢ ᠳᠤ ᠵᠤᠷᠢᠭᠤᠯᠤᠭᠰᠠᠨ ᠨᠤᠮ ᠤᠨ ᠴᠢᠮᠡᠭᠯᠡᠯ ᠤᠨ ᠤᠷᠤᠯᠳᠤᠭᠠᠨ ᠳᠤ ᠲᠡᠷᠢᠭᠦᠨ ᠪᠠᠢᠢᠷᠢ ᠡᠵᠡᠯᠡᠨ ᠰᠢᠯᠭᠠᠷᠠᠭᠰᠠᠨ ᠪᠠᠢᠢᠨ᠎ᠠ᠃ ᠵᠢᠷᠤᠭᠠᠴᠢ ᠡᠨᠡᠬᠦ ᠪᠦᠲᠦᠭᠡᠯ ᠢᠶᠡᠷ ᠢᠶᠡᠨ ᠤᠷᠠᠨ ᠬᠠᠢᠢᠴᠢᠯᠠᠪᠦᠷᠢ ᠨᠢ ᠦᠨᠳᠦᠰᠦᠨ ᠤ ᠭᠠᠷ ᠤᠷᠠᠯᠠᠯ ᠤᠨ ᠬᠡᠮᠵᠢᠶᠡᠨ ᠡᠴᠠ ᠬᠠᠯᠢᠵᠤ ᠮᠡᠷᠭᠡᠵᠢᠯ ᠦᠨ ᠲᠦᠪᠰᠢᠨ ᠳᠤ ᠣᠴᠢᠭᠰᠠᠨ ᠢ ᠪᠦᠷᠢᠨ ᠬᠠᠷᠠᠭᠤᠯᠵᠤ᠂ ᠲᠡᠭᠦᠨ ᠡᠴᠡ ᠬᠤᠢᠢᠰᠢ 30 ᠭᠠᠷᠤᠨ ᠨᠤᠮ ᠬᠢᠵᠤ᠂ ᠮᠡᠷᠭᠡᠵᠢᠯ ᠦᠨ 30 ᠭᠠᠷᠤᠨ ᠦᠵᠡᠰᠭᠦᠯᠡᠩ ᠢᠶᠡᠨ ᠠᠽᠢ ᠪᠣᠯᠤᠨ ᠧᠦᠷᠣᠫᠠ ᠶᠢᠨ ᠣᠷᠤᠨ ᠨᠤᠭᠤᠳ ᠲᠤ ᠳᠡᠯᠭᠡᠨ ᠦᠵᠡᠭᠦᠯᠵᠡᠢ᠃ ᠢᠩᠭᠢᠭᠰᠡᠨ ᠢᠶᠡᠷ ᠰᠠ᠊᠂ ᠲᠥᠷᠦᠪᠤᠷᠠᠮ ᠴᠠᠭᠠᠰᠤᠨ ᠬᠠᠢᠢᠴᠢᠯᠠᠪᠤᠷᠢ ᠶᠢ ᠳᠡᠯᠡᠬᠡᠢ ᠶᠢᠨ ᠤᠷᠠᠯᠢᠭ ᠤᠨ ᠥᠪ ᠰᠣᠶᠤᠯ ᠤᠨ ᠬᠡᠮᠵᠢᠶᠡᠨ ᠳᠦ ᠮᠣᠩᠭᠤᠯ ᠤᠨ ᠭᠡᠰᠡᠨ ᠲᠣᠳᠤᠳᠬᠠᠯ ᠲᠠᠢ ᠥᠪᠡᠷᠮᠢᠴᠡ ᠤᠷᠠᠯᠢᠭ ᠤᠨ ᠰᠣᠩᠭᠤᠳᠠᠭ ᠬᠡᠯᠪᠡᠷᠢ ᠶᠢ ᠪᠤᠢ ᠪᠣᠯᠭᠠᠭᠰᠠᠨ ᠢᠶᠠᠨ ᠪᠦᠲᠦᠭᠡᠯ ᠢᠶᠡᠷ ᠢᠶᠡᠨ ᠵᠠᠷᠯᠠᠨ ᠲᠤᠩᠬᠠᠭᠯᠠᠭᠰᠠᠨ ᠪᠢᠯᠡ᠃ ᠬᠠᠢᠢᠴᠢᠯᠠᠪᠤᠷᠢ ᠴᠣᠭᠤᠯᠪᠤᠷᠢ ᠶᠢᠨ ᠤᠷᠠᠯᠠᠯ ᠤᠨ ᠨᠡᠷ᠎ᠡ ᠲᠣᠮᠢᠶ᠎ᠠ ᠶᠢ ᠮᠥᠨ ᠲᠡᠷᠡ ᠦᠶ᠎ᠡ ᠡᠴᠡ ᠡᠬᠢᠯᠡᠨ ᠪᠦᠷᠢᠳᠬᠡᠨ ᠰᠤᠳᠤᠯᠵᠤ᠂ ᠪᠤᠰᠤᠳ ᠣᠯᠠᠨ ᠣᠷᠤᠨ ᠤ ᠠᠳᠠᠯᠢ ᠲᠥᠰᠲᠡᠢ ᠤᠷᠠᠯᠠᠯ᠂ ᠤᠷᠠᠯᠢᠭ ᠤᠨ ᠬᠡᠯᠪᠡᠷᠢ᠂ ᠬᠢᠴᠡ᠂ ᠠᠷᠭ᠎ᠠ ᠶᠢ ᠬᠠᠷᠢᠴᠠᠭᠤᠯᠵᠤ᠂ ᠬᠠᠢᠢᠴᠢᠯᠠᠪᠤᠷᠢ ᠶᠢ ᠤᠯᠠᠮ ᠪᠣᠯᠪᠠᠰᠤᠷᠠᠩᠭᠤᠢ ᠪᠣᠯᠭᠠᠬᠤ ᠳᠢᠭ ᠵᠠᠶᠢᠭ᠂ ᠣᠨᠤᠯ᠂ ᠠᠷᠭ᠎ᠠ ᠵᠦᠢ ᠶᠢ ᠪᠦᠲᠦᠭᠡᠯᠴᠢ ᠪᠡᠷ ᠬᠥᠭᠵᠢᠭᠦᠯᠦᠨ᠂ ᠱᠠᠲᠤ ᠳᠠᠷᠠᠭᠠᠯᠠᠯ ᠲᠠᠢ ᠪᠣᠯᠭᠠᠵᠤ᠂ ᠲᠡᠭᠦᠨ ᠢ ᠪᠡᠨ ᠬᠢᠭᠰᠡᠨ ᠪᠦᠲᠦᠭᠡᠯ ᠢᠶᠡᠷ ᠢᠶᠡᠨ ᠪᠠᠲᠤᠯᠠᠬᠤ ᠶᠢ ᠵᠣᠷᠢᠭᠰᠠᠨ ᠦᠢᠯᠡ ᠬᠡᠷᠡᠭ ᠢ ᠨᠢ ᠴᠢᠩᠭᠢᠰ ᠬᠠᠭᠠᠨ ᠤ ᠳᠡᠯᠡᠬᠡᠢ ᠶᠢᠨ ᠠᠻᠠᠳᠧᠮᠢ ᠠᠴᠠ ᠦᠨᠡᠯᠡᠵᠦ ᠠᠻᠠᠳᠧᠮᠢᠴᠢ ᠴᠣᠯᠠ ᠲᠡᠮᠳᠡᠭ ᠢᠶᠡᠨ ᠣᠯᠭᠤᠵᠡᠢ᠃ ᠲᠡᠷᠡ ᠪᠡᠷ ᠮᠣᠩᠭᠤᠯ ᠤᠨ ᠤᠷᠠᠴᠤᠳ ᠤᠨ ᠡᠪᠯᠡᠯ ᠦᠨ 1992 ᠣᠨ ᠤ ᠰᠢᠯᠢᠳᠡᠭ ᠪᠦᠲᠦᠭᠡᠯ ᠦᠨ ᠱᠠᠩᠨᠠᠯ ᠢ ᠬᠦᠷᠲᠡᠭᠰᠡᠨ ᠪᠠᠢᠢᠨ᠎ᠠ᠃

ᠡᠳᠦᠭᠡ ᠠᠮᠧᠷᠢᠻᠠ ᠶᠢᠨ ᠨᠢᠭᠡᠳᠦᠭᠰᠡᠨ ᠤᠯᠤᠰ ᠤᠨ ᠻᠠᠯᠢᠹᠣᠷᠨᠢ ᠮᠤᠵᠢ ᠤᠯᠤᠰ ᠤᠨ ᠸᠣᠯᠨᠠᠲ ᠭ᠋ᠷᠢᠢᠻ ᠬᠣᠲᠠᠨ᠎ᠠ ᠭᠡᠷ ᠪᠦᠯᠢ ᠪᠡᠷ ᠢᠶᠡᠨ ᠠᠮᠢᠳᠤᠷᠠᠵᠤ᠂ ᠤᠷᠠᠨ ᠪᠦᠲᠦᠭᠡᠯ ᠢᠶᠡᠨ ᠲᠤᠭᠤᠷᠪᠢᠨ ᠰᠠᠭᠤᠭ᠎ᠠ ᠲᠡᠭᠦᠨ ᠲᠡᠢ ᠠᠭᠤᠯᠵᠠᠵᠤ᠂ ᠤᠷᠠᠨ ᠪᠦᠲᠦᠭᠡᠯ ᠦᠨ ᠬᠢᠨᠢ ᠰᠣᠨᠢᠨ ᠰᠠᠢᠢᠬᠠᠨ ᠠᠴᠠ ᠬᠥᠭᠡᠷᠦᠯᠳᠦᠭᠰᠡᠨ ᠢᠶᠡᠨ ᠡᠷᠬᠢᠮ ᠤᠩᠰᠢᠭᠴᠢᠳ ᠲᠠᠨ᠎ᠠ ᠡᠷᠭᠦᠨ ᠪᠠᠷᠢᠵᠤ ᠪᠠᠢᠢᠨ᠎ᠠ᠃

ᠯᠤ᠊᠂ ᠮᠥᠩᠭᠡᠲᠥ᠋ᠷᠦ᠄ — ᠰᠠᠢᠢᠨ ᠪᠠᠢᠢᠨᠠᠤ᠂ ᠲᠠ⁈ ᠰᠠᠢᠢᠬᠠᠨ ᠵᠤᠰᠠᠵᠤ ᠪᠠᠢᠢᠨᠠᠤ⁈ ᠪᠦᠲᠦᠭᠡᠯ ᠠᠷᠪᠢᠨ ᠤᠤ⁈

ᠰᠠ᠊᠂ ᠲᠥᠷᠦᠪᠤᠷᠠᠮ᠄ — ᠰᠠᠢᠢᠨ ᠰᠠᠢᠢᠨ᠃ ᠰᠠᠢᠢᠬᠠᠨ ᠵᠤᠰᠠᠵᠤ ᠪᠠᠢᠢᠨᠠᠤ⁈ ᠣᠯᠵᠠ ᠣᠮᠤᠭ ᠶᠡᠬᠡ ᠲᠡᠢ᠂ ᠤᠷᠮ᠎ᠠ ᠣᠩᠭᠤᠳ ᠠᠷᠪᠢᠨ ᠲᠠᠢ ᠯᠠ ᠪᠠᠢᠢᠨ᠎ᠠ᠃

ᠯᠤ᠊᠂ ᠮᠥᠩᠭᠡᠲᠥ᠋ᠷᠦ᠄ — ᠵᠠ᠃ ᠣᠢᠢᠷ᠎ᠠ ᠶᠢᠨ ᠦᠶ᠎ᠡ ᠳᠦ ᠬᠢᠭᠰᠡᠨ ᠪᠦᠲᠦᠭᠡᠯ ᠦᠨ ᠢᠶᠡᠨ ᠲᠠᠯ᠎ᠠ ᠪᠠᠷ ᠮᠠᠨᠠᠢ ᠤᠩᠰᠢᠭᠴᠢᠳ ᠲᠤ ᠲᠠᠨᠢᠯᠴᠠᠭᠤᠯᠤᠨ᠎ᠠ ᠤᠤ⁈

ᠰᠠ᠊᠂ ᠲᠥᠷᠦᠪᠤᠷᠠᠮ᠄ — ᠪᠦᠲᠦᠭᠡᠯᠴᠢ ᠬᠦᠮᠦᠨ ᠭᠡᠳᠡᠭ ᠡᠳᠦᠷ ᠪᠦᠷᠢ᠂ ᠴᠠᠭ ᠮᠥᠴᠡ ᠦᠭᠡᠢ ᠯᠡ ᠪᠣᠳᠤᠵᠤ ᠰᠠᠨᠠᠵᠤ ᠰᠡᠷᠡᠵᠦ᠂ ᠤᠩᠰᠢᠵᠤ ᠰᠤᠳᠤᠯᠵᠤ᠂ ᠮᠡᠳᠡᠭᠡᠯᠡᠯ ᠴᠤᠭᠯᠠᠭᠤᠯᠵᠤ ᠪᠠᠢᠢᠳᠠᠭ ᠲᠡᠢᠢᠮᠦ ᠯᠡ ᠵᠠᠷᠴᠢᠮ ᠢᠶᠠᠷ ᠬᠢᠬᠦ ᠠᠵᠢᠯ ᠤᠳ ᠢᠶᠠᠨ ᠪᠣᠳᠤᠵᠤ᠂ ᠬᠢᠬᠦ ᠬᠤᠭᠤᠴᠠᠭ᠎ᠠ ᠵᠡᠷᠭᠡ ᠪᠡᠨ ᠪᠠᠭᠴᠠᠭᠠᠯᠠᠨ ᠲᠣᠭᠠᠴᠠᠵᠤ᠂ ᠵᠠᠷᠢᠮ ᠳᠠᠭᠠᠨ ᠴᠤ ᠳᠠᠪᠬᠤᠴᠠᠭᠰᠠᠨ ᠣᠯᠠᠨ ᠠᠵᠢᠯ ᠳᠤᠮᠳᠠᠭᠤᠷ ᠵᠢᠳᠬᠦᠵᠦ ᠶᠠᠪᠤᠬᠤ ᠪᠠᠰᠠ ᠠᠮᠲᠠ ᠲᠠᠢ ᠶᠠᠳᠠᠷᠠᠬᠤ ᠶᠢᠨ ᠨᠢᠭᠡ ᠬᠡᠯᠪᠡᠷᠢ ᠶᠤᠮ ᠤᠤ ᠳᠠ᠃ ᠣᠢᠢᠷ᠎ᠠ ᠶᠢᠨ ᠦᠶ᠎ᠡ ᠳᠦ ᠭᠡᠪᠡᠯ 2013 ᠣᠨ ᠳᠥᠩᠭᠡᠵᠦ ᠭᠠᠷᠭᠠᠭᠠᠳ ᠵᠠᠯᠠᠭᠤ ᠤᠷᠠᠨ ᠪᠦᠲᠦᠭᠡᠯᠴᠢ ᠡᠷᠳᠡᠨᠢᠪᠣᠯᠤᠳ ᠤᠨ 《ᠡᠵᠡᠨᠲᠦ ᠭᠦᠷᠦᠨ ᠦ ᠲᠤᠤᠯᠢᠰ》 ᠲᠤᠤᠯᠢᠰ ᠤᠨ ᠨᠠᠢᠢᠷᠠᠭᠯᠠᠯ ᠤᠨ ᠨᠣᠮ ᠤᠨ ᠵᠢᠷᠤᠭ ᠴᠢᠮᠡᠭᠯᠡᠯ ᠳᠡᠭᠡᠷ᠎ᠡ ᠲᠤᠩ ᠰᠢᠬᠠᠭᠤ ᠠᠵᠢᠯᠯᠠᠯ᠎ᠠ᠃ ᠪᠢ 1990 ᠣᠨ ᠳᠤ ᠬᠡᠪᠯᠡᠭᠦᠯᠦᠭᠰᠡᠨ 《ᠮᠣᠩᠭᠤᠯ ᠤᠨ ᠨᠢᠭᠤᠴᠠ ᠲᠣᠪᠴᠢᠶᠠᠨ》 ᠨᠣᠮ ᠠᠴᠠ ᠬᠣᠢᠢᠰᠢ ᠳᠠᠷᠤᠢ 23 ᠵᠢᠯ ᠦᠨ ᠳᠠᠷᠠᠭ᠎ᠠ ᠳᠠᠬᠢᠨ ᠲᠡᠦᠬᠡ ᠶᠢᠨ ᠳᠠᠭᠠᠭᠠᠴᠠᠲᠠᠢ ᠵᠣᠬᠢᠶᠠᠯ ᠤᠨ ᠵᠢᠷᠤᠭ ᠴᠢᠮᠡᠭ ᠳᠡᠭᠡᠷ᠎ᠡ ᠠᠵᠢᠯᠯᠠᠬᠤ ᠪᠣᠯᠤᠮᠵᠢ ᠣᠯᠤᠭᠰᠠᠨ ᠳᠠᠭᠠᠨ ᠲᠤᠩ ᠪᠡᠯᠭᠡᠰᠢᠶᠡᠨ᠂ ᠲᠡᠷᠡ ᠦᠶ᠎ᠡ ᠡᠴᠡ ᠬᠣᠢᠢᠰᠢ ᠪᠣᠳᠤᠵᠤ ᠰᠠᠨᠠᠵᠤ᠂ ᠵᠥᠭᠡᠭᠡᠵᠦ ᠬᠤᠷᠢᠶᠠᠭᠰᠠᠨ ᠮᠠᠲᠧᠷᠢᠶᠠᠯ ᠰᠡᠯᠲᠡ ᠳᠡᠭᠡᠷ᠎ᠡ ᠪᠡᠨ ᠦᠨᠳᠦᠰᠦᠯᠡᠨ᠂ ᠮᠥᠨ ᠤᠩᠰᠢᠵᠤ ᠰᠤᠳᠤᠯᠤᠭᠰᠠᠨ᠂ ᠦᠵᠡᠵᠦ ᠬᠠᠷᠠᠭᠰᠠᠨ ᠳᠦᠷᠢ ᠳᠦᠷᠰᠦᠯᠡᠯ᠂ ᠤᠳᠬ᠎ᠠ ᠰᠠᠨᠠᠭᠠᠨ ᠤ ᠬᠡᠯᠬᠢᠶᠡᠰᠦ᠂ ᠰᠤᠳᠤᠯᠭᠠᠨ ᠤ ᠥᠷᠭᠡᠨ ᠮᠡᠳᠡᠭᠡᠯᠡᠯ ᠳᠤᠮᠳᠠ ᠰᠠᠭᠤᠵᠤ᠂ ᠪᠣᠳᠤᠵᠤ ᠪᠠᠢᠢᠭᠰᠠᠨ ᠢᠶᠠᠨ ᠴᠠᠭᠠᠰᠤᠨ ᠳᠡᠭᠡᠷ᠎ᠡ ᠪᠠᠭᠤᠯᠭᠠᠵᠤ᠂ ᠮᠠᠷᠲᠠᠵᠤ ᠰᠠᠨᠠᠭᠰᠠᠨ ᠢᠶᠠᠨ ᠶᠠᠭᠤᠲᠠᠢ ᠴᠤ ᠨᠢᠭᠲᠠᠯᠠᠨ ᠬᠤᠮᠢᠵᠤ ᠰᠠᠭᠤᠭ᠎ᠠ ᠳᠠᠭᠠᠨ ᠲᠤᠩ ᠪᠠᠶᠠᠷᠲᠠᠢ ᠪᠠᠢᠢᠨ᠎ᠠ᠃ ᠮᠣᠩᠭᠤᠯᠴᠤᠳ ᠤᠨ ᠲᠡᠦᠬᠡ ᠭᠡᠳᠡᠭ ᠰᠠᠨᠠᠭᠠᠨ ᠵᠣᠷᠭ᠎ᠠ ᠪᠠᠷ ᠬᠢᠵᠦ ᠪᠣᠯᠳᠠᠭ ᠦᠭᠡᠢ ᠦᠨᠡᠬᠡᠷ ᠴᠢᠳᠠᠯ ᠰᠢᠯᠭᠠᠭᠰᠠᠨ ᠠᠮᠠᠷ ᠦᠭᠡᠢ ᠰᠡᠳᠦᠪ᠂ ᠳᠡᠭᠡᠷ᠎ᠡ ᠨᠢ ᠣᠯᠠᠨ ᠦᠶ᠎ᠡ ᠶᠢᠨ ᠲᠤᠷᠰᠢ ᠪᠢᠳᠡᠨ ᠦ ᠲᠡᠦᠬᠡ ᠶᠢ ᠬᠤᠳᠬᠤᠵᠤ ᠪᠤᠳᠤᠯᠢᠭᠤᠯᠤᠭᠰᠠᠨ᠂ ᠲᠡᠭᠦᠨ ᠡᠴᠡ ᠭᠠᠳᠠᠨ᠎ᠠ ᠮᠣᠩᠭᠤᠯᠴᠤᠳ ᠮᠠᠨᠢ ᠥᠪᠡᠷᠰᠡᠳ ᠦᠨ ᠲᠡᠦᠬᠡ ᠪᠡᠨ ᠦᠯᠢᠭᠡᠷ᠂ ᠲᠤᠤᠯᠢᠰ ᠤᠨ ᠬᠡᠯᠪᠡᠷᠢ ᠪᠡᠷ ᠠᠷᠠᠳ ᠤᠨ ᠠᠮᠠᠨ ᠵᠣᠬᠢᠶᠠᠯ ᠳᠠᠭᠠᠨ ᠤᠯᠠᠮᠵᠢᠯᠠᠨ ᠦᠯᠡᠳᠡᠭᠡᠵᠦ ᠢᠷᠡᠭᠰᠡᠨ ᠪᠠᠢᠢᠳᠠᠭ ᠲᠤᠯᠠ ᠵᠠᠷᠢᠮ ᠳᠠᠭᠠᠨ ᠪᠠᠷᠢᠬᠤ ᠨᠣᠲᠠᠯᠠᠬᠤ ᠪᠠᠷᠢᠮᠲᠠ ᠦᠭᠡᠢ᠂ ᠲᠤᠯᠭᠠᠮᠳᠠᠬᠤ᠂ ᠮᠤᠬᠤᠷᠳᠠᠬᠤ ᠦᠶ᠎ᠡ ᠵᠥᠩᠳᠡᠭᠡᠨ ᠯᠡ ᠭᠠᠷᠴᠤ ᠪᠠᠢᠢᠨ᠎ᠠ᠃

ᠯᠤ᠊᠂ ᠮᠥᠩᠭᠡᠲᠥ᠋ᠷᠦ᠄ — ᠶᠡᠷᠤᠨᠢ ᠤᠷᠠᠨ ᠬᠠᠢᠢᠴᠢᠯᠠᠪᠤᠷᠢ ᠶᠢᠨ ᠤᠷᠠᠯᠢᠭ ᠤᠨ ᠡᠭᠦᠰᠦᠯ ᠤᠯᠪᠠᠭ᠎ᠠ ᠶᠢ ᠵᠢᠭᠠᠬᠠᠨ ᠲᠣᠳᠤᠷᠠᠭᠤᠯᠵᠤ ᠬᠡᠯᠡᠵᠦ ᠥᠭᠭᠦᠨ᠎ᠡ ᠦᠦ⁈

ᠰᠠ᠊᠂ ᠲᠥᠷᠦᠪᠤᠷᠠᠮ᠄ — ᠤᠷᠠᠨ ᠬᠠᠢᠢᠴᠢᠯᠠᠪᠤᠷᠢ ᠶᠢᠨ ᠲᠤᠬᠠᠢ ᠶᠠᠷᠢᠬᠤ ᠪᠠᠷ ᠤᠷᠠᠯᠢᠭ ᠰᠤᠳᠤᠯᠤᠯ ᠤᠨ ᠨᠡᠷ᠎ᠡ ᠲᠣᠮᠢᠶᠠᠨ ᠤ ᠠᠰᠠᠭᠤᠳᠠᠯ ᠥᠪᠡᠷ ᠦᠨ ᠡᠷᠬᠡ ᠦᠭᠡᠢ ᠬᠥᠨᠳᠡᠭᠳᠡᠳᠡᠭ ᠨᠢ ᠦᠨᠡᠬᠡᠷ ᠲᠤᠯᠭᠠᠮᠳᠠᠭᠰᠠᠨ ᠠᠰᠠᠭᠤᠳᠠᠯ᠎᠃ ᠳᠡᠭᠡᠷ᠎᠎ᠡ ᠨᠢ ᠡᠨᠡ ᠤᠷᠠᠯᠢᠭ ᠤᠨ ᠲᠠᠯ᠎ᠠ ᠪᠠᠷ ᠪᠠᠭ᠎ᠠ ᠮᠡᠳᠡᠭᠡᠯᠡᠯ ᠪᠠᠢᠢᠳᠠᠭ ᠪᠥᠭᠡᠳ ᠲᠣᠭᠲᠠᠭᠰᠠᠨ ᠲᠣᠳᠤᠷᠬᠠᠢ ᠡᠮᠬᠢ ᠴᠡᠭᠴᠡᠲᠡᠢ᠂ ᠳᠡᠰ ᠳᠠᠷᠠᠭ᠎ᠠ ᠲᠠᠢ ᠰᠤᠷᠭᠠᠯᠲᠠ ᠶᠢᠨ ᠬᠥᠲᠦᠯᠪᠦᠷᠢ᠂ ᠭᠠᠷ ᠤᠨ ᠠᠪᠤᠯᠭ᠎ᠠ ᠪᠠᠢᠢᠳᠠᠭ ᠦᠭᠡᠢ ᠲᠡᠢ ᠪᠠᠰᠠ ᠬᠣᠯᠪᠤᠭᠠᠲᠠᠢ ᠪᠢᠢᠬ᠎ᠠ ᠯᠠ ᠳᠠ᠃ ᠳᠦᠷᠰᠦᠯᠡᠬᠦ ᠤᠷᠠᠯᠢᠭ ᠤᠨ ᠲᠡᠦᠬᠡᠨ ᠳᠦ ᠲᠡᠮᠳᠡᠭᠯᠡᠭᠳᠡᠵᠦ ᠢᠷᠡᠭᠰᠡᠨ ᠢᠶᠡᠷ ᠪᠣᠯ (ᠮᠡᠳᠡᠭᠡᠵᠢ ᠠᠯᠢ ᠴᠤ ᠤᠯᠤᠰ ᠥᠪᠡᠷᠰᠡᠳ ᠢ ᠪᠡᠨ ᠬᠠᠮᠤᠭ ᠤᠨ ᠬᠠᠮᠤᠭ ᠤᠨ ᠭᠡᠵᠦ ᠬᠡᠯᠡᠭᠦᠯᠬᠦ ᠳᠤᠷᠠᠲᠠᠢ ᠪᠠᠢᠢᠳᠠᠭ᠂ ᠮᠥᠨ ᠲᠡᠭᠦᠨ ᠲᠡᠢ ᠬᠠᠮᠲᠤ ᠳᠠᠭᠠᠯᠳᠤᠨ ᠲᠤᠬᠠᠢ ᠶᠢᠨ ᠤᠯᠤᠰ ᠤᠨ ᠪᠣᠳᠤᠯᠭ᠎ᠠ ᠴᠤ ᠶᠠᠪᠤᠳᠠᠭ ᠶᠤᠮ⁉) ᠲᠡᠢᠢᠮᠦ ᠪᠣᠯᠬᠤᠷ ᠢᠶᠠᠨ ᠪᠢ ᠶᠠᠮᠠᠷ ᠴᠤ ᠦᠶ᠎ᠡ ᠳᠦ ᠪᠢᠳᠡᠨ ᠳᠦ ᠮᠡᠳᠡᠭᠳᠡᠵᠦ ᠨᠣᠮ ᠳᠤ ᠲᠡᠮᠳᠡᠭᠯᠡᠭᠳᠡᠵᠦ ᠢᠷᠡᠭᠰᠡᠨ ᠢ ᠭᠣᠣᠯ ᠪᠣᠯᠭᠠᠨ ᠳᠤᠷᠠᠳᠪᠠᠯ᠄ ᠨ᠊᠂ ᠴᠦᠯᠲᠢᠮ ᠭᠤᠸᠠᠢ 《ᠮᠣᠩᠭᠤᠯ ᠵᠢᠷᠤᠭ》 ᠨᠣᠮ ᠳᠠᠭᠠᠨ ᠲᠦᠷᠹᠠᠨ ᠤ ᠰᠦᠮ᠎ᠡ ᠳᠤᠭᠠᠩ ᠤᠨ ᠬᠠᠨ᠎ᠠ ᠶᠢᠨ ᠪᠣᠯᠤᠨ ᠬᠠᠳᠠᠨ ᠰᠦᠮ᠎ᠡ ᠶᠢᠨ ᠵᠢᠷᠤᠭ ᠤᠳ ᠠᠴᠠ ᠣᠷᠤᠭᠤᠯᠤᠭᠰᠠᠨ ᠪᠠᠢᠢᠳᠠᠭ᠃ ᠲᠦᠷᠹᠠᠨ ᠠᠴᠠ ᠬᠠᠮᠤᠭ ᠤᠨ ᠠᠩᠬᠠᠨ ᠤ ᠬᠠᠢᠢᠴᠢᠯᠠᠪᠤᠷᠢ ᠣᠯᠳᠠᠭᠰᠠᠨ ᠭᠡᠵᠦ ᠬᠢᠲᠠᠳ ᠤᠨ ᠡᠷᠳᠡᠮᠲᠡᠳ ᠨᠣᠲᠠᠯᠠᠳᠠᠭ᠃ ᠲᠡᠭᠡᠪᠡᠯ ᠲᠦᠷᠹᠠᠨ ᠤ ᠨᠤᠲᠤᠭ ᠨᠢ ᠣᠳᠤ ᠶᠢᠨ ᠥᠪᠦᠷ ᠮᠣᠩᠭᠤᠯ ᠤᠨ ᠨᠤᠲᠤᠭ ᠳᠡᠪᠢᠰᠬᠡᠷ ᠪᠣᠯᠤᠨ᠎ᠠ᠃ ᠲᠦᠷᠹᠠᠨ ᠨᠢ ᠡᠷᠲᠡᠨ ᠦ ᠬᠢᠲᠠᠨᠴᠤᠳ ᠨᠢᠭᠡᠨ ᠨᠤᠲᠤᠭ ᠳᠡᠪᠢᠰᠬᠡᠷ ᠲᠦ ᠬᠠᠷᠢᠶᠠᠯᠠᠭᠳᠠᠨ ᠬᠠᠶᠠᠭ᠎ᠠ ᠳᠡᠷᠡᠯᠡᠨ ᠨᠤᠲᠤᠭᠯᠠᠵᠤ᠂ ᠣᠯᠠᠨ ᠵᠦᠢᠯ ᠳᠡᠭᠡᠷ᠎ᠡ ᠬᠣᠯᠪᠤᠭᠠᠲᠠᠢ ᠪᠠᠢᠢᠭᠰᠠᠨ ᠨᠢ ᠮᠡᠳᠡᠷᠡᠭᠳᠡᠳᠡᠭ᠃ ᠲᠡᠢᠢᠮᠦ ᠡᠴᠡ ᠲᠦᠷᠹᠠᠨ ᠤ ᠰᠣᠶᠤᠯ ᠤᠨ ᠨᠥᠯᠦᠭᠡ ᠪᠣᠯᠤᠨ ᠳᠦᠷᠰᠦᠯᠡᠬᠦ ᠤᠷᠠᠯᠢᠭ ᠤᠨ ᠨᠥᠯᠦᠭᠡ ᠪᠢᠳᠡᠨ ᠦ ᠦᠶ᠎ᠡ ᠳᠦ ᠴᠦ ᠭᠡᠰᠡᠨ ᠬᠣᠯᠪᠤᠭᠠᠲᠠᠢ ᠪᠠᠢᠢᠬᠤ ᠶᠣᠰᠤᠲᠠᠢ ᠶᠢ ᠦᠭᠡᠢᠢᠰᠬᠡᠬᠦ ᠦᠭᠡᠢ᠂ ᠭᠡᠬᠦ ᠳᠡᠭᠡᠨ ᠡᠨᠡ ᠲᠠᠯ᠎ᠠ ᠪᠠᠷ ᠳᠣᠷᠪᠢᠲᠠᠢ ᠰᠠᠢᠢᠨ ᠰᠤᠳᠤᠯᠬᠤ ᠰᠤᠳᠤᠯᠤᠭᠠᠴᠢᠳ ᠤᠨ ᠪᠦᠬᠦᠯᠢ ᠪᠦᠲᠦᠨ ᠡᠩᠨᠡᠭᠡ ᠶᠢ ᠨᠡᠬᠡᠨ ᠬᠦᠯᠢᠶᠡᠭᠰᠡᠭᠡᠷ ᠪᠠᠢᠢᠨ᠎ᠠ᠃ ᠡᠢᠢᠮᠦ ᠡᠴᠡ ᠪᠢᠳᠡ ᠯᠡ ᠮᠥᠷ ᠢ ᠮᠥᠰᠬᠢᠨ ᠬᠥᠭᠡᠭᠡᠪᠡᠰᠦ ᠬᠠᠢᠢᠴᠢᠯᠠᠪᠤᠷᠢ ᠶᠢᠨ ᠤᠷᠠᠯᠢᠭ ᠨᠡᠭᠦᠳᠡᠯᠴᠢᠳ ᠲᠦ ᠬᠠᠮᠢᠶᠠᠷᠤᠭᠳᠠᠭᠠᠳ ᠶᠠᠪᠤᠴᠢᠬᠠᠬᠤ ᠨᠢ ᠲᠣᠳᠤᠷᠬᠠᠢ⁉ ᠧᠦᠷᠣᠫᠠ ᠳᠤ ᠡᠨᠡ ᠤᠷᠠᠯᠢᠭ ᠨᠡᠯᠢᠶᠡᠳ ᠬᠣᠵᠢᠮ ᠬᠥᠭᠵᠢᠵᠡᠢ᠃ 18 ᠳᠤᠭᠠᠷ ᠵᠠᠭᠤᠨ ᠳᠤ ᠹᠷᠠᠨ᠋ᠼᠠ ᠶᠢᠨ ᠡᠳ ᠦᠨ ᠵᠠᠰᠠᠭᠴᠢ ᠡᠲ᠋ᠢᠶᠧᠨ ᠰᠢᠯᠦᠧᠲ (Etienne de Silhouette) (1709-1767) ᠭᠡᠳᠡᠭ ᠬᠦᠮᠦᠨ ᠠᠩᠬ᠎ᠠ ᠲᠤᠬᠠᠢ ᠶᠢᠨ ᠦᠶ᠎ᠡ ᠶᠢᠨ ᠢᠶᠡᠨ ᠣᠷᠳᠤᠨ ᠤ ᠶᠡᠬᠡᠰ ᠨᠣᠶᠠᠳ᠂ ᠬᠠᠲᠤᠭᠲᠠᠢ ᠨᠠᠷ ᠤᠨ ᠰᠡᠭᠦᠳᠡᠷ ᠳᠦᠷᠰᠦᠨ ᠬᠥᠷᠦᠭ ᠢ ᠬᠠᠢᠢᠴᠢᠯᠠᠵᠤ ᠬᠢᠵᠦ ᠪᠠᠢᠢᠭᠰᠠᠨ ᠠᠴᠠ ᠡᠬᠢᠯᠡᠭᠰᠡᠨ ᠭᠡᠵᠦ ᠦᠵᠡᠳᠡᠭ᠃ ᠬᠠᠷᠢᠨ ᠮᠢᠨᠦ ᠥᠪᠡᠷ ᠦᠨ ᠤᠷᠠᠯᠢᠭ ᠤᠨ ᠲᠡᠦᠬᠡ᠂ ᠣᠨᠤᠯ ᠵᠦᠢ ᠶᠢᠨ ᠠᠰᠠᠭᠤᠳᠠᠯ ᠳᠤ ᠬᠠᠨᠳᠤᠬᠤ ᠥᠨᠴᠦᠭ ᠦᠨ ᠬᠤᠪᠢ ᠳᠤ᠂ ᠮᠣᠩᠭᠤᠯᠴᠤᠳ ᠥᠨᠢ ᠡᠷᠲᠡᠨ ᠦ ᠰᠣᠶᠤᠯ ᠤᠷᠠᠯᠢᠭ ᠤᠨ ᠥᠪ ᠲᠡᠢ ᠶᠢᠨ ᠳᠡᠭᠡᠷ᠎ᠡ ᠨᠡᠩ ᠡᠷᠲᠡᠨ ᠦ ᠬᠠᠳᠠᠨ ᠤ ᠰᠦᠭ ᠵᠢᠷᠤᠭ᠂ ᠴᠢᠯᠠᠭᠤᠨ ᠬᠥᠰᠢᠶ᠎ᠡ᠂ ᠲᠠᠯ᠎ᠠ ᠶᠢᠨ ᠨᠡᠭᠦᠳᠡᠯᠴᠢᠳ ᠦᠨ ᠣᠶᠤᠨ ᠤᠬᠠᠭᠠᠨ᠂ ᠤᠷᠠᠨ ᠭᠠᠷ ᠢᠶᠠᠷ ᠪᠦᠲᠦᠭᠰᠡᠨ ᠥᠴᠢ ᠲᠥᠴᠢᠨᠡᠨ ᠣᠯᠠᠨ ᠡᠷᠳᠡᠨᠢᠰ ᠪᠠᠢᠢᠳᠠᠭ ᠤᠨ ᠨᠢᠭᠡᠨ ᠳᠦ ᠬᠠᠢᠢᠴᠢᠯᠠᠪᠤᠷᠢ ᠶᠠᠭᠠᠬᠢᠬᠤ ᠠᠷᠭ᠎ᠠ ᠦᠭᠡᠢ ᠣᠷᠤᠨ᠎ᠠ᠃ ᠬᠠᠷᠢᠨ ᠪᠢᠳᠡᠨ ᠳᠦ ᠲᠣᠳᠤᠷᠬᠠᠢ ᠭᠠᠷᠭᠠᠵᠤ ᠦᠵᠡᠭᠦᠯᠬᠦ ᠡᠳ ᠥᠯᠦᠭ ᠦᠨ ᠣᠯᠳᠠᠪᠤᠷᠢ ᠬᠣᠪᠤᠷ ᠪᠠᠢᠢᠳᠠᠭ ᠬᠡᠳᠦᠢ ᠴᠦ᠂ ᠣᠳᠤ ᠣᠷᠴᠢᠨ ᠴᠠᠭ ᠲᠤ ᠴᠤ ᠠᠩᠬ᠎ᠠ ᠶᠠᠮᠠᠷ ᠪᠠᠢᠢᠭᠰᠠᠨ ᠲᠡᠷᠡ ᠬᠡᠪ ᠢᠶᠡᠷ ᠢᠶᠡᠨ ᠤᠯᠠᠮᠵᠢᠯᠠᠭᠳᠠᠭᠰᠠᠭᠠᠷ ᠪᠠᠢᠢᠭ᠎ᠠ ᠢᠰᠡᠭᠡᠢ ᠦᠨᠡᠭᠡ ᠬᠠᠢᠢᠴᠢᠯᠠᠬᠤ ᠶᠣᠰᠤ ᠲᠡᠭᠦᠨ ᠦ ᠨᠢᠭᠡ ᠭᠡᠷᠡᠴᠢ ᠶᠠᠭᠠᠬᠢᠬᠤ ᠠᠷᠭ᠎ᠠ ᠦᠭᠡᠢ ᠮᠥᠨ ᠶᠤᠮ᠃ ᠥᠷᠦᠨ᠎ᠡ ᠶᠢᠨ ᠰᠣᠶᠤᠯ ᠮᠧᠲᠠᠹᠢᠽᠢᠻ ᠠᠷᠭ᠎ᠠ ᠵᠦᠢ ᠳᠡᠭᠡᠷ᠎ᠡ ᠲᠤᠯᠭᠠᠭᠤᠷᠢᠯᠠᠭᠰᠠᠨ ᠦᠨᠡᠨ ᠪᠣᠳᠠᠲᠤ ᠤᠬᠠᠭᠳᠠᠬᠤᠨ ᠳᠡᠭᠡᠷ᠎ᠡ ᠳᠤᠯᠭᠠᠭᠤᠷᠢᠯᠠᠨ ᠬᠥᠭᠵᠢᠭ᠌ᠰᠡᠨ ᠪᠣᠯ᠂ ᠳᠣᠷᠤᠨ᠎ᠠ ᠶᠢᠨ ᠤᠷᠠᠯᠢᠭ ᠬᠦᠮᠦᠨ ᠦ ᠳᠣᠲᠤᠭᠠᠳᠤ ᠰᠡᠳᠬᠢᠯ᠂ ᠮᠥᠨ ᠴᠢᠨᠠᠷ᠂ ᠠᠷᠭ᠎ᠠ ᠪᠢᠯᠢᠭ ᠦᠨ ᠲᠣᠭᠲᠠᠯᠴᠠᠭᠠᠨ ᠳᠡᠭᠡᠷ᠎ᠡ ᠢᠯᠡᠭᠦᠦ ᠲᠡᠢ ᠲᠤᠯᠭᠠᠭᠤᠷᠢᠯᠠᠭᠰᠠᠨ᠂ ᠰᠡᠳᠬᠢᠯᠭᠡᠨ ᠦ ᠬᠡᠢᠢᠰᠪᠦᠷᠢ ᠳᠦᠷᠰᠦᠯᠡᠯ ᠶᠡᠬᠡ ᠲᠡᠢ ᠪᠠᠢᠢᠳᠠᠭ᠃ ᠨᠡᠭᠦᠳᠡᠯᠴᠢᠳ ᠦᠨ ᠰᠣᠶᠤᠯ ᠪᠣᠯ ᠪᠦᠷ ᠶᠡᠬᠡ ᠬᠣᠭᠤᠰᠤᠨ ᠴᠢᠨᠠᠷ ᠤᠨ ᠣᠢᠢᠯᠠᠭᠠᠯᠲᠠ ᠶᠡᠬᠡ ᠲᠡᠢ ᠡᠴᠡ ᠭᠠᠳᠠᠨ᠎ᠠ ᠨᠡᠭᠦᠳᠡᠯᠴᠢᠳ ᠦᠨ ᠠᠬᠤᠢ ᠶᠢᠨ ᠵᠠᠩ ᠦᠢᠯᠡ ᠲᠡᠢ ᠬᠣᠯᠪᠤᠭᠠᠲᠠᠢ ᠦᠭᠡ ᠬᠡᠯᠡᠯᠭᠡ ᠡᠴᠡ ᠰᠢᠯᠲᠠᠭᠠᠯᠠᠨ ᠤᠶᠠᠩᠭ᠎ᠠ ᠶᠢᠨ ᠬᠠᠯᠢᠯ᠂ ᠰᠡᠳᠬᠢᠯ ᠦᠨ ᠵᠣᠪᠠᠯᠠᠩ ᠭᠤᠨᠢᠭ ᠢᠶᠠᠨ ᠥᠪᠡᠷᠮᠢᠴᠡ ᠪᠡᠷ ᠢᠯᠡᠷᠬᠡᠢᠢᠯᠡᠵᠦ᠂ ᠲᠡᠭᠦᠨ ᠢ ᠪᠡᠨ ᠥᠪᠡᠷ ᠦᠨ ᠦᠨᠳᠦᠰᠦᠨ ᠦ ᠤᠷᠠᠯᠢᠭ ᠲᠤ ᠢᠯᠡᠭᠦᠦ ᠲᠡᠢ ᠲᠤᠰᠬᠠᠳᠠᠭ ᠢᠶᠠᠷ ᠢᠶᠠᠨ ᠥᠨᠦ ᠴᠦ ᠰᠣᠳᠤᠨ ᠬᠡᠪ ᠢᠶᠡᠷ ᠢᠶᠡᠨ᠂ ᠲᠠᠢᠢᠯᠤᠭᠳᠠᠭᠠᠳᠤᠢ ᠨᠢᠭᠤᠴᠠ ᠮᠡᠲᠦ ᠰᠠᠨᠠᠭᠳᠠᠳᠠᠭ᠃

ᠯᠤ᠊᠂ ᠮᠥᠩᠭᠡᠲᠥ᠋ᠷᠦ᠄ — ᠮᠣᠩᠭᠤᠯ ᠳᠤ ᠤᠷᠠᠨ ᠬᠠᠢᠢᠴᠢᠯᠠᠪᠤᠷᠢ ᠶᠢᠨ ᠡᠨᠡ ᠲᠠᠯ᠎ᠠ ᠶᠢᠨ ᠤᠯᠠᠮᠵᠢᠯᠠᠯ ᠤᠷᠢᠳᠤ ᠨᠢ ᠪᠠᠢᠢᠪᠠᠤ⁈

ᠰᠠ᠊᠂ ᠲᠥᠷᠦᠪᠤᠷᠠᠮ᠄ — ᠬᠡᠦᠬᠡᠳ ᠪᠠᠢᠢᠬᠤ ᠳᠤ ᠠᠬᠠᠮᠠᠳ ᠤᠷᠠᠴᠤᠳ ᠠᠴᠠ ᠠᠰᠠᠭᠤᠬᠤ ᠲᠡᠢᠢᠮᠦ ᠤᠬᠠᠭᠠᠨ ᠰᠠᠮᠪᠠᠭ᠎ᠠ ᠪᠠᠢᠢᠭᠰᠠᠨ ᠦᠭᠡᠢ᠂ ᠭᠡᠬᠦ ᠳᠡᠭᠡᠨ ᠬᠦᠮᠦᠰ ᠦᠨ ᠶᠠᠷᠢᠵᠤ ᠪᠠᠢᠢᠭᠰᠠᠨ ᠬᠠᠭᠤᠴᠢ ᠶᠠᠷᠢᠶᠠᠨ ᠠᠴᠠ ᠨᠠᠷᠢᠨ ᠰᠤᠳᠤᠯᠭ᠎ᠠ ᠭᠠᠷᠭᠠᠯᠭ᠎ᠠ ᠬᠢᠬᠦ ᠶᠣᠰᠤᠲᠠᠢ ᠶᠤᠮ ᠪᠠᠢᠢᠨ᠎ᠠ ᠭᠡᠳᠡᠭ ᠢ ᠣᠳᠤ ᠯᠠ ᠦᠨᠡᠨ ᠭᠣᠣᠯ ᠠᠴᠠᠭᠠᠨ ᠣᠢᠢᠯᠠᠭᠠᠵᠤ ᠤᠬᠠᠭᠠᠷᠠᠵᠤ ᠪᠠᠢᠢᠨ᠎ᠠ᠃ ᠮᠢᠨᠦ ᠥᠪᠡᠷ ᠦᠨ ᠬᠢᠭᠰᠡᠨ ᠴᠤᠭᠯᠠᠭᠤᠯᠤᠭᠰᠠᠨ ᠪᠠᠷᠢᠮᠲᠠ ᠰᠡᠯᠲᠡ ᠳᠣᠲᠤᠷ᠎ᠠ ᠴᠠᠭᠠᠰᠤ ᠪᠠᠷ ᠬᠠᠢᠢᠴᠢᠯᠠᠬᠤ ᠮᠣᠩᠭᠤᠯ ᠤᠯᠠᠮᠵᠢᠯᠠᠯ ᠶᠡᠬᠡ ᠴᠥᠭᠡᠨ᠂ ᠭᠡᠬᠦ ᠳᠡᠭᠡᠨ ᠡᠷᠲᠡᠨ ᠦ ᠤᠷᠠᠨ ᠳᠠᠷᠬᠠᠴᠤᠤᠯ ᠬᠡᠲᠡ ᠪᠡᠯ ᠦᠨ ᠬᠡ ᠤᠭᠠᠯᠵᠠᠨ ᠤ ᠡᠬᠡ ᠵᠠᠭᠪᠤᠷ ᠢ ᠬᠢᠬᠦ ᠳᠡᠭᠡᠨ ᠡᠩ ᠦᠨ ᠮᠤᠤᠲᠤᠤ ᠴᠠᠭᠠᠰᠤ ᠶᠢ ᠨᠤᠭᠤᠯᠵᠤ ᠬᠠᠢᠢᠴᠢᠯᠠᠭᠠᠳ᠂ ᠬᠢᠬᠦ ᠵᠠᠭᠪᠤᠷ ᠤᠨ ᠢᠶᠠᠨ ᠲᠡᠭᠰᠢ ᠬᠡᠮ ᠪᠣᠯᠤᠨ ᠬᠡ ᠤᠭᠠᠯᠵᠠᠨ ᠤ ᠪᠠᠨ ᠵᠥᠪ ᠬᠡᠯᠪᠡᠷᠢ ᠶᠢ ᠣᠯᠠᠨ ᠬᠤᠪᠢᠯᠪᠤᠷᠢ ᠪᠠᠷ ᠪᠣᠳᠤᠳᠠᠭ ᠪᠠᠢᠢᠭᠰᠠᠨ ᠭᠡᠵᠦ ᠣᠯᠠᠨᠲᠠ ᠰᠣᠨᠤᠰᠤᠭᠰᠠᠨ᠃ ᠲᠡᠭᠦᠨᠴᠢᠯᠡᠨ ᠳᠡᠭᠡᠷ᠎ᠡ ᠳᠤᠷᠠᠳᠤᠭᠰᠠᠨ ᠢᠰᠡᠭᠡᠢ ᠦᠨᠡᠭᠡ ᠬᠠᠢᠢᠴᠢᠯᠠᠬᠤ ᠶᠣᠰᠤ ᠪᠣᠯ ᠶᠠᠭᠠᠬᠢᠯᠲᠠ ᠴᠤ ᠦᠭᠡᠢ ᠮᠣᠩᠭᠤᠯ ᠠᠬᠤᠢ ᠳᠤ ᠬᠥᠳᠡᠯᠦᠰᠢ ᠦᠭᠡᠢ ᠪᠠᠷᠢᠮᠲᠠ ᠮᠥᠨ᠃ ᠮᠥᠨ ᠡᠷᠲᠡᠨ ᠦ ᠵᠣᠭᠤᠰ ᠲᠣᠳᠤᠷ᠎ᠠ ᠠᠷᠠᠰᠤᠨ ᠵᠣᠭᠤᠰ ᠪᠠᠢᠢᠳᠠᠭ ᠪᠠᠢᠢᠭᠰᠠᠨ᠃ ᠣᠳᠤ ᠡᠷᠮᠢᠲ᠋ᠠᠵᠢ ᠳᠤ ᠬᠠᠳᠠᠭᠠᠯᠠᠭᠳᠠᠵᠤ ᠪᠠᠢᠢᠳᠠᠭ ᠨᠣᠶᠠᠨ ᠠᠭᠤᠯᠠ ᠶᠢᠨ ᠪᠤᠯᠠᠰᠢᠨ ᠠᠴᠠ ᠭᠠᠷᠤᠭᠰᠠᠨ ᠭᠡᠭᠳᠡᠬᠦ ᠾᠢᠦ᠋ᠩᠨᠦ ᠶᠢᠨ ᠰᠢᠷᠢᠮᠡᠯ ᠰᠢᠷᠢᠳᠡᠭ ᠦᠨ ᠵᠡᠭᠡᠭᠯᠡᠭᠰᠡᠨ ᠳᠦᠷᠰᠦ ᠨᠣᠭᠦᠳ ᠢ ᠴᠦ ᠪᠠᠰᠠ ᠬᠠᠢᠢᠴᠢᠯᠠᠭᠰᠠᠨ ᠪᠠᠢᠢᠳᠠᠭ ᠭᠡᠬᠦ ᠮᠡᠲᠦ᠁

ᠯᠤ᠊᠂ ᠮᠥᠩᠭᠡᠲᠥ᠋ᠷᠦ᠄ — ᠡᠨᠡ ᠤᠷᠠᠯᠢᠭ ᠤᠨ ᠬᠥᠭᠵᠢᠯ ᠳᠦ ᠲᠠᠨᠠᠢ ᠠᠪᠤ ᠶᠢᠨ ᠬᠢᠴᠢᠶᠡᠯ ᠵᠢᠳᠬᠦᠯ᠂ ᠪᠦᠲᠦᠭᠡᠯ ᠢ ᠬᠦᠮᠦᠰ ᠲᠡᠷᠡ ᠪᠦᠷᠢ ᠮᠡᠳᠡᠬᠦ ᠦᠭᠡᠢ ᠪᠠᠢᠢᠬ᠎ᠠ ᠠ᠋᠃ ᠲᠠ ᠠᠪᠤ ᠶᠢᠨ ᠢᠶᠠᠨ ᠲᠠᠯ᠎ᠠ ᠪᠠᠷ ᠵᠢᠭᠠᠬᠠᠨ ᠳᠡᠯᠭᠡᠷᠡᠩᠬᠦᠢ ᠶᠠᠷᠢᠨ᠎ᠠ ᠤᠤ⁈


ᠰᠠ᠊᠂ ᠲᠥᠷᠦᠪᠤᠷᠠᠮ᠄ — ᠮᠢᠨᠤ ᠠᠪᠤ ᠶᠢ ᠳᠡᠨᠳᠦᠪ ᠦᠨ ᠰᠠᠩᠳᠠᠭᠳᠣᠷᠵᠢ ᠭᠡᠳᠡᠭ (ᠨᠣᠮ ᠤᠨ ᠰᠠᠩᠳᠠᠭᠳᠣᠷᠵᠢ ᠭᠡᠬᠦ ᠪᠡᠷ 80-90 - ᠊ᠭᠡᠳ ᠣᠨ ᠤ ᠬᠢᠨ ᠪᠦᠭᠦᠳᠡ ᠰᠠᠨᠠᠬᠤ ᠪᠠᠢᠢᠬ᠎ᠠ ᠠ᠋᠎)᠃ ᠪᠤᠯᠠᠭᠠᠨ ᠠᠢᠢᠮᠠᠭ ᠤᠨ ᠬᠤᠲᠤᠭ-ᠥᠨᠳᠦᠷ ᠰᠤᠮᠤ ᠪᠤᠶᠤ ᠣᠳᠤ ᠶᠢᠨ ᠮᠠᠭᠰᠠᠷᠵᠠᠪ ᠰᠠᠩ ᠤᠨ ᠠᠵᠤ ᠠᠬᠤᠢ ᠳᠤ ᠲᠥᠷᠦᠭᠰᠡᠨ ᠪᠢᠯᠡ᠃ ᠮᠣᠩᠭᠤᠯ ᠤᠯᠤᠰ ᠤᠨ ᠰᠣᠶᠤᠯ ᠤᠨ ᠭᠠᠪᠢᠶᠠᠲᠤ ᠵᠢᠳᠬᠦᠯᠲᠡᠨ ᠨᠣᠮ ᠤᠨ ᠵᠢᠷᠤᠭᠠᠴᠢ ᠬᠦᠮᠦᠨ ᠪᠠᠢᠢᠯ᠎ᠠ᠃ ᠠᠪᠤ ᠮᠠᠨᠢ ᠲᠢᠶᠠᠲᠷ ᠤᠷᠠᠯᠢᠭ ᠤᠨ ᠳᠤᠮᠳᠠᠳᠤ ᠰᠤᠷᠭᠠᠭᠤᠯᠢ ᠳᠤ ᠰᠤᠷᠤᠯᠴᠠᠭᠰᠠᠨ ᠠᠷᠠᠳ ᠤᠨ ᠵᠢᠷᠤᠭᠠᠴᠢ ᠨ᠊᠂ ᠴᠦᠯᠲᠢᠮ ᠦᠨ ᠠᠩᠬᠠᠨ ᠤ ᠱᠠᠪᠢ ᠨᠠᠷ ᠤᠨ ᠨᠢᠭᠡ ᠶᠤᠮ᠃ ᠠᠩᠬ᠎ᠠ ᠠᠷᠠᠳ ᠤᠨ ᠤᠷᠠᠯᠢᠭ ᠤᠨ ᠬᠡ ᠤᠭᠠᠯᠵᠠᠨ ᠠᠴᠠ ᠭᠠᠷᠭᠠᠯᠭ᠎ᠠ ᠬᠢᠨ ᠤᠭᠠᠯᠵᠠ ᠬᠡ ᠶᠢᠨ ᠵᠠᠪᠰᠠᠷ ᠢᠶᠠᠷ ᠳᠦᠷᠢ ᠳᠦᠷᠰᠦ ᠣᠷᠤᠯᠴᠠᠭᠤᠯᠤᠨ ᠬᠢᠭᠰᠡᠨ ᠴᠤᠪᠤᠷᠠᠯ ᠴᠣᠭᠤᠯᠪᠤᠷᠢ ᠨᠢ 1958 ᠣᠨ ᠳᠤ ᠣᠶᠤᠲᠠᠨ ᠵᠠᠯᠠᠭᠤᠴᠤᠳ ᠤᠨ ᠠᠩᠬᠠᠳᠤᠭᠠᠷ ᠨᠠᠭᠠᠳᠤᠮ ᠳᠤ ᠣᠷᠤᠯᠴᠠᠵᠤ᠂ ᠠᠯᠲᠠᠨ ᠮᠧᠳᠠᠯ ᠠᠪᠴᠤ ᠪᠠᠢᠢᠭᠰᠠᠨ ᠨᠢ ᠣᠳᠤ ᠴᠤ ᠪᠢᠳᠡᠨ ᠳᠦ ᠪᠤᠢ᠃ ᠲᠡᠭᠦᠨ ᠡᠴᠡ ᠬᠣᠢᠢᠰᠢ ᠴᠠᠭᠠᠰᠤ ᠪᠠᠷ ᠴᠣᠭᠤᠯᠬᠤ ᠬᠠᠢᠢᠴᠢᠯᠠᠬᠤ ᠵᠡᠷᠭᠡ ᠪᠡᠷ ᠬᠢᠭᠰᠡᠭᠡᠷ᠂ ᠮᠣᠰᠻᠸᠠ ᠶᠢᠨ ᠬᠡᠪᠯᠡᠯ ᠦᠨ ᠳᠡᠭᠡᠳᠦ ᠰᠤᠷᠭᠠᠭᠤᠯᠢ (Московский Полиграфический Институт) ᠶᠢ 1968 ᠣᠨ ᠳᠤ ᠲᠡᠭᠦᠰᠬᠦ ᠳᠡᠭᠡᠨ ᠠᠩᠬ᠎ᠠ ᠤᠳᠠᠭ᠎ᠠ ᠨᠣᠮ ᠤᠨ ᠴᠢᠮᠡᠭᠯᠡᠯ᠂ ᠢᠯᠡ ᠵᠠᠬᠢᠳᠠᠯ ᠤᠨ ᠵᠠᠭᠪᠤᠷ ᠢᠶᠠᠨ ᠴᠠᠭᠠᠰᠤᠨ ᠴᠣᠭᠤᠯᠪᠤᠷᠢ᠂ ᠬᠠᠢᠢᠴᠢᠯᠠᠪᠤᠷᠢ ᠪᠠᠷ ᠬᠢᠭᠰᠡᠨ ᠨᠢ ᠲᠤᠬᠠᠢ ᠶᠢᠨ ᠦᠶ᠎ᠡ ᠳᠡᠭᠡᠨ ᠮᠠᠰᠢ ᠰᠢᠨᠡᠯᠢᠭ ᠪᠣᠯᠤᠭᠰᠠᠨ ᠭᠡᠵᠦ ᠦᠨᠡᠯᠡᠭᠳᠡᠵᠦ᠂ ᠬᠣᠵᠢᠮ ᠲᠡᠷᠡ ᠨᠣᠮ ᠨᠢ BIB ᠦᠨ ᠰᠢᠯᠢᠳᠡᠭ ᠨᠣᠮ ᠤᠨ ᠮᠥᠩᠭᠦᠨ ᠮᠧᠳᠠᠯ ᠢ ᠠᠪᠤᠭᠰᠠᠨ ᠶᠤᠮ᠃ 70-90 - ᠊ᠭᠡᠳ ᠣᠨ ᠤ ᠬᠢᠨ ᠪᠣᠯ ᠪᠦᠭᠦᠳᠡ ᠮᠡᠳᠡᠬᠦ ᠪᠠᠢᠢᠬ᠎ᠠ 《ᠮᠣᠩᠭᠤᠯ ᠠᠷᠠᠳ ᠤᠨ ᠦᠯᠢᠭᠡᠷ》 ᠭᠡᠳᠡᠭ ᠰ᠊᠂ ᠠᠯᠲᠠᠨᠭᠡᠷᠡᠯ ᠭᠤᠸᠠᠢ ᠶᠢᠨ ᠣᠷᠴᠢᠭᠤᠯᠭ᠎ᠠ᠂ ᠣᠦᠸᠧᠨ ᠯᠠᠲ᠋ᠲᠢᠮᠣᠷ ᠭᠤᠸᠠᠢ ᠶᠢᠨ ᠬᠢᠨᠠᠨ ᠲᠣᠬᠢᠶᠠᠯᠳᠤᠭᠤᠯᠤᠭᠰᠠᠨ ᠲᠣᠪᠬᠤᠭᠤᠷ ᠬᠠᠪᠲᠠᠰᠤ ᠲᠠᠢ ᠵᠢᠵᠢᠭᠬᠡᠨ ᠬᠥᠭᠡᠷᠦᠬᠦᠨ ᠨᠣᠮ ᠪᠠᠢᠢᠯ᠎ᠠ᠃

ᠤᠯᠤᠰ ᠤᠨ ᠬᠡᠪᠯᠡᠯ ᠦᠨ ᠭᠠᠵᠠᠷ (ᠣᠳᠤ ᠶᠢᠨ 《ᠰᠣᠶᠤᠩᠪᠤ - ᠬᠡᠪᠯᠡᠯ》) ᠤᠷᠠᠨ ᠰᠠᠢᠢᠬᠠᠨ ᠤ ᠬᠢᠨᠠᠭᠴᠢ ᠬᠢᠵᠦ ᠪᠠᠢᠢᠬᠤ ᠳᠠᠭᠠᠨ ᠵᠣᠬᠢᠶᠠᠯᠴᠢ ᠵᠢᠷᠤᠭᠠᠴᠢᠳ ᠤᠨ ᠬᠣᠭᠤᠷᠤᠨᠳᠤ ᠭᠦᠭᠦᠷᠭᠡ ᠪᠣᠯᠵᠤ᠂ ᠣᠯᠠᠨ ᠰᠠᠢᠢᠬᠠᠨ ᠵᠣᠬᠢᠶᠠᠯᠴᠢᠳ ᠤᠨ ᠨᠣᠮ ᠳᠤ ᠴᠢᠳᠠᠯ ᠲᠠᠢ ᠵᠢᠷᠤᠭᠠᠴᠢᠳ ᠢᠶᠠᠷ ᠵᠢᠷᠤᠭ ᠴᠢᠮᠡᠭᠯᠡᠯ ᠬᠢᠯᠭᠡᠭᠰᠡᠨ ᠨᠢ ᠵᠠᠷᠢᠮ ᠠᠢᠢᠯ ᠳᠤ ᠣᠳᠤ ᠴᠤ ᠭᠡᠰᠡᠨ ᠪᠠᠢᠢᠵᠤ ᠯᠠ ᠪᠠᠢᠢᠭ᠎ᠠ ᠭᠡᠳᠡᠭ ᠲᠦ ᠢᠲᠡᠭᠡᠯᠲᠡᠢ ᠪᠠᠢᠢᠨ᠎ᠠ᠃ ᠲᠡᠭᠡᠭᠰᠡᠨ ᠦ ᠦᠷ᠎ᠡ ᠳ᠋ᠦᠩ ᠳᠦ ᠨᠣᠮ ᠭᠡᠳᠡᠭ ᠬᠡᠴᠢᠨᠡᠨ ᠬᠦᠮᠦᠨ ᠦ ᠬᠥᠳᠡᠯᠮᠦᠷᠢ ᠪᠡᠷ ᠪᠦᠲᠦᠳᠡᠭ᠂ ᠬᠠᠮᠤᠭ ᠤᠨ ᠭᠣᠣᠯ ᠨᠢ ᠨᠣᠮ ᠭᠡᠳᠡᠭ ᠮᠠᠨᠢ ᠥᠪᠡᠷ ᠢᠶᠡᠨ ᠮᠠᠰᠢ ᠨᠠᠷᠢᠨ ᠪᠦᠲᠦᠴᠡ ᠲᠡᠢ᠂ ᠤᠷ᠎ᠠ ᠤᠬᠠᠭᠠᠨ᠂ ᠬᠢᠴᠡ ᠰᠢᠩᠭᠡᠳᠡᠭ ᠢ ᠮᠡᠳᠡᠷᠡᠭᠦᠯᠦᠭᠰᠡᠨ ᠭᠡᠬᠦ ᠳᠦ ᠪᠤᠷᠤᠭᠤᠳᠠᠬᠤ ᠦᠭᠡᠢ ᠪᠣᠯᠪᠠᠤ᠃

ᠮᠢᠨᠤ ᠠᠪᠤ ᠶᠡᠬᠡ ᠨᠡᠢᠢᠲᠡᠴᠢ᠂ ᠰᠢᠯᠤᠭᠤᠨ ᠰᠢᠳᠤᠷᠭᠤ᠂ ᠬᠢᠵᠦ ᠪᠦᠲᠦᠭᠡᠳᠡᠭ ᠬᠦᠮᠦᠨ ᠢ ᠶᠡᠬᠡ ᠤᠷᠮᠠᠰᠢᠭᠤᠯᠳᠠᠭ᠂ ᠬᠦᠮᠦᠨ ᠲᠡᠢ ᠨᠡᠢᠢᠴᠡ ᠲᠡᠢ᠂ ᠨᠢᠭᠡ ᠬᠡᠯᠡᠪᠡᠯ ᠶᠡᠬᠡ ᠳᠠᠭᠠᠭᠠᠴᠠᠲᠠᠢ ᠰᠤᠷᠭᠠᠮᠵᠢᠲᠠᠢ ᠬᠡᠯᠡᠳᠡᠭ᠂ ᠬᠢᠵᠦ ᠪᠦᠲᠦᠭᠡᠭᠰᠡᠨ ᠢᠶᠡᠷ ᠢᠶᠡᠨ ᠪᠤᠰᠤᠳ ᠢ ᠢᠮᠠᠭᠲᠠ ᠤᠷᠢᠶᠠᠯᠠᠨ ᠳᠠᠭᠤᠳᠠᠳᠠᠭ᠂ ᠮᠣᠩᠭᠤᠯ ᠤᠨ ᠨᠣᠮ ᠬᠡᠪᠯᠡᠯ ᠦᠨ ᠰᠠᠯᠪᠤᠷᠢ ᠶᠢ ᠰᠢᠨᠡᠴᠢᠯᠡᠵᠦ᠂ ᠮᠣᠩᠭᠤᠯ ᠨᠣᠮ ᠤᠨ ᠰᠣᠶᠤᠯ ᠢ ᠳᠡᠯᠡᠬᠡᠢ ᠶᠢᠨ ᠵᠢᠱᠢᠭ ᠲᠦ ᠬᠦᠷᠭᠡᠬᠦ ᠶᠢᠨ ᠲᠥᠯᠦᠭᠡ ᠥᠪᠡᠷ ᠦᠨ ᠡᠷᠳᠡᠮ᠂ ᠮᠡᠳᠡᠯᠭᠡ ᠪᠡᠨ ᠳᠠᠢᠢᠴᠢᠯᠠᠨ᠂ ᠥᠪᠡᠷ ᠦᠨ ᠤᠬᠠᠮᠰᠠᠷᠲᠤ ᠠᠮᠢᠳᠤᠷᠠᠯ ᠢᠶᠠᠨ ᠪᠦᠷᠢᠨ ᠵᠣᠷᠢᠭᠤᠯᠤᠭᠰᠠᠨ ᠬᠦᠮᠦᠨ ᠪᠠᠢᠢᠯ᠎ᠠ᠃ ᠪᠢ ᠪᠠᠭ᠎ᠠ ᠠᠴᠠᠭᠠᠨ ᠯᠠ ᠠᠪᠤ ᠶᠢᠨ ᠢᠶᠠᠨ ᠬᠢᠵᠦ ᠪᠠᠢᠢᠭ᠎ᠠ ᠶᠢ᠂ ᠮᠥᠨ ᠨᠠᠢᠢᠵᠠ ᠨᠠᠷ ᠲᠠᠢᠢᠭᠠᠨ ᠰᠥᠨᠢᠵᠢᠨ ᠰᠠᠭᠤᠵᠤ ᠬᠢᠳᠡᠭ ᠪᠠᠢᠢᠭᠰᠠᠨ ᠢ ᠨᠢ ᠰᠠᠢᠢᠨ ᠰᠠᠨᠠᠳᠠᠭ᠃ ᠠᠪᠤ ᠶᠢᠨ ᠮᠠᠨᠢ ᠬᠠᠮᠤᠭ ᠤᠨ ᠰᠢᠯᠢᠳᠡᠭ ᠪᠦᠲᠦᠭᠡᠯ ᠦᠳ ᠡᠴᠡ ᠨᠢ ᠳᠤᠷᠠᠳᠪᠠᠯ ᠮᠣᠩᠭᠤᠯ ᠤᠨ ᠪᠦᠬᠦ ᠵᠢᠷᠤᠭᠲᠤ ᠠᠯᠪᠣᠮ ᠤᠳ᠂ ᠣᠯᠠᠨ ᠲᠣᠯᠢ ᠪᠢᠴᠢᠭ ᠦᠳ ᠡᠴᠡ ᠭᠠᠳᠠᠨ᠎ᠠ᠂ ᠬᠠᠮᠤᠭ ᠤᠨ ᠰᠡᠭᠦᠯ ᠳᠦ 《ᠮᠣᠩᠭᠤᠯ ᠤᠨ ᠬᠤᠷᠢᠶᠠᠩᠭᠤᠢ ᠨᠡᠪᠲᠡᠷᠬᠡᠢ ᠲᠣᠯᠢ》 ᠨᠣᠮ ᠳᠡᠭᠡᠷ᠎ᠡ ᠠᠵᠢᠯᠯᠠᠭᠰᠠᠨ ᠨᠢ ᠬᠠᠮᠤᠭ ᠤᠨ ᠴᠢᠮᠪᠠᠢ ᠪᠦᠲᠦᠭᠡᠯ ᠦᠳ ᠦᠨ ᠬᠢᠨᠢ ᠨᠢᠭᠡ ᠶᠠᠭᠠᠬᠢᠬᠤ ᠠᠷᠭ᠎ᠠ ᠦᠭᠡᠢ ᠮᠥᠨ᠃ ᠪᠢ ᠠᠪᠤ ᠶᠢᠨ ᠢᠶᠠᠨ ᠴᠠᠭᠠᠰᠤ ᠪᠠᠷ ᠬᠡ ᠤᠭᠠᠯᠵᠠ ᠬᠠᠢᠢᠴᠢᠯᠠᠵᠤ ᠪᠠᠢᠢᠬᠤ ᠶᠢ ᠵᠥᠩᠳᠡᠭᠡᠨ ᠬᠠᠷᠠᠭᠰᠠᠨ᠃ (ᠪᠦᠬᠦᠯᠢ ᠪᠦᠲᠦᠨ ᠬᠡ ᠤᠭᠠᠯᠵᠠᠨ ᠤ ᠨᠣᠮ ᠪᠣᠯᠬᠤ ᠪᠠᠷ ᠵᠦᠢᠯ ᠬᠢᠭᠰᠡᠨ ᠢ ᠪᠢᠳᠡ ᠬᠠᠳᠠᠭᠠᠯᠠᠵᠤ ᠴᠢᠳᠠᠭᠠᠳᠤᠢ᠂ ᠬᠠᠷᠠᠮᠰᠠᠯᠲᠠᠢ ᠶᠠᠪᠤᠳᠠᠯ ᠴᠤ ᠪᠠᠰᠠ ᠪᠤᠢ᠃) ᠬᠡᠭᠦ ᠳᠡᠭᠡᠨ ᠬᠡ ᠤᠭᠠᠯᠵᠠ ᠴᠤ ᠭᠡᠰᠡᠨ ᠬᠡᠮᠵᠢᠶ᠎ᠡ ᠬᠠᠷᠢᠴᠠᠭ᠎ᠠ᠂ ᠬᠡᠮᠨᠡᠯ ᠬᠥᠳᠡᠯᠭᠡᠭᠡᠨ᠂ ᠭᠣᠣ᠎ᠠ ᠵᠦᠢ᠂ ᠪᠡᠯᠭᠡᠳᠡᠯ ᠭᠡᠳ ᠥᠪᠡᠷ ᠦᠨ ᠪᠦᠲᠦᠬᠦ ᠵᠦᠢ ᠲᠣᠭᠲᠠᠯ᠂ ᠳᠢᠭ ᠵᠠᠶ᠋ᠢᠭ ᠲᠠᠢ ᠪᠠᠢᠢᠳᠠᠭ ᠢ ᠨᠡᠯᠢᠶᠡᠳ ᠰᠡᠭᠦᠯ ᠳᠦ ᠣᠢᠢᠯᠠᠭᠠᠵᠤ ᠪᠠᠢᠢᠨ᠎ᠠ᠃

ᠮᠥᠨ ᠥᠪᠡᠷ ᠦᠨ ᠬᠢᠷᠢ ᠪᠡᠷ ᠬᠢᠭᠰᠡᠨ ᠵᠢᠵᠢᠭ ᠰᠤᠳᠤᠯᠭᠠᠨ ᠤ ᠠᠰᠤᠷᠤ ᠣᠯᠠᠨ ᠨᠡᠢᠢᠲᠡᠯᠡᠯ ᠪᠢᠴᠢᠭᠰᠡᠨ ᠲᠡᠳᠦᠢ ᠦᠭᠡᠢ᠂ ᠵᠠᠷᠢᠮ ᠰᠠᠨᠠᠭ᠎ᠠ ᠣᠨᠤᠭ᠎ᠠ ᠪᠠᠨ ᠬᠢᠯᠪᠠᠷᠰᠢᠭᠤᠯᠤᠨ ᠬᠡᠦᠬᠡᠳ ᠵᠠᠯᠠᠭᠤᠰ ᠤᠨ ᠲᠠᠨᠢᠨ ᠮᠡᠳᠡᠬᠦᠢ ᠶᠢᠨ ᠰᠡᠳᠬᠦᠯ ᠳᠦ ᠴᠤᠪᠤᠷᠠᠯ ᠬᠢᠴᠢᠶᠡᠯ ᠪᠣᠯᠭᠠᠨ ᠥᠭᠴᠦ ᠪᠠᠢᠢᠭᠰᠠᠨ᠃ ᠮᠣᠩᠭᠤᠯ ᠤᠨ ᠫᠢᠣᠨᠧᠷ ᠰᠤᠷᠤᠭᠴᠢᠳ ᠤᠨ ᠣᠷᠳᠤᠨ ᠤ ᠦᠵᠡᠰᠬᠦᠯᠡᠩ ᠦᠨ ᠲᠠᠩᠬᠢᠮ ᠳᠤ 《ᠳᠡᠪᠲᠡᠷ ᠦᠨ ᠬᠠᠪᠲᠠᠰᠤ ᠳᠡᠷᠡᠭᠡᠷ ᠡᠪᠡᠷ ᠲᠡᠢ ᠪᠤᠭᠤ ᠪᠣᠯᠤᠭᠰᠠᠨ ᠨᠢ》 (ᠮᠠᠨᠳᠢᠷ ᠠᠬ᠎ᠠ ᠲᠠᠢ ᠬᠢᠭᠰᠡᠨ ᠶᠠᠷᠢᠯᠴᠠᠯᠭ᠎ᠠ) ᠭᠡᠳᠡᠭ ᠪᠡᠰᠡᠷᠡᠭ ᠦᠵᠡᠰᠬᠦᠯᠡᠩ ᠭᠠᠷᠭᠠᠵᠤ᠂ ᠬᠡᠦᠬᠡᠳ ᠦᠳ ᠲᠡᠷᠡ ᠪᠦᠷᠢ ᠠᠰᠢᠭᠯᠠᠭᠠᠳ ᠪᠠᠢᠢᠳᠠᠭ ᠦᠭᠡᠢ ᠬᠠᠪᠲᠠᠰᠤ ᠪᠠᠷ ᠨᠢ ᠶᠠᠩᠵᠤ ᠪᠦᠷᠢ ᠶᠢᠨ ᠠᠮᠢᠲᠠᠨ ᠤ ᠳᠦᠷᠰᠦ ᠬᠢᠵᠦ ᠦᠵᠡᠭᠦᠯᠦᠭᠰᠡᠨ ᠨᠢ 《ᠴᠠᠭᠠᠰᠤ ᠭᠡᠳᠡᠭ ᠡᠷᠳᠡᠨᠢ》 ᠶᠢ ᠭᠠᠮᠲᠠᠢ ᠬᠡᠷᠡᠭᠯᠡᠵᠦ ᠪᠠᠢᠢᠬᠤ ᠶᠢ ᠮᠠᠰᠢ ᠡᠩ ᠦᠨ ᠢᠶᠡᠷ ᠲᠠᠢᠢᠯᠪᠤᠷᠢᠯᠠᠨ ᠤᠬᠠᠭᠤᠯᠤᠭᠰᠠᠨ᠂ ᠬᠥᠭᠡᠷᠦᠬᠦᠨ ᠰᠠᠨᠠᠭ᠎ᠠ ᠪᠠᠢᠢᠯ᠎ᠠ᠃ ᠪᠢ ᠯᠡ ᠵᠠᠯᠬᠠᠭᠤ ᠠᠴᠠᠭᠠᠨ ᠪᠣᠯᠤᠭᠠᠳ ᠤᠷᠢᠳ ᠡᠮᠦᠨ᠎ᠡ ᠬᠡᠪᠯᠡᠭᠳᠡᠵᠦ ᠪᠠᠢᠢᠭᠠᠳᠤᠢ ᠵᠠᠷᠢᠮ ᠵᠦᠢᠯ ᠢ ᠨᠢ ᠡᠮᠬᠢᠯᠡᠵᠦ ᠴᠡᠭᠴᠡᠯᠡᠨ᠂ ᠬᠡᠪᠯᠡᠭᠦᠯᠵᠦ ᠠᠮᠵᠢᠬᠤ ᠦᠭᠡᠢ ᠯᠡ ᠶᠠᠪᠤᠭᠠᠳ ᠪᠠᠢᠢᠭ᠎ᠠ ᠶᠤᠮ᠃

ᠯᠤ᠊᠂ ᠮᠥᠩᠭᠡᠲᠥ᠋ᠷᠦ᠄ — ᠤᠷᠠᠨ ᠬᠠᠢᠢᠴᠢᠯᠠᠪᠤᠷᠢ ᠶᠢᠨ ᠲᠥᠷᠦᠯ ᠢᠶᠡᠷ ᠠᠵᠢᠯᠯᠠᠵᠤ ᠪᠠᠢᠢᠭ᠎ᠠ ᠤᠷᠠᠨ ᠪᠦᠲᠦᠭᠡᠯᠴᠢᠳ ᠦᠨ ᠲᠠᠯ᠎ᠠ ᠪᠠᠷ ᠲᠠ ᠬᠢᠷᠢ ᠮᠡᠳᠡᠭᠡᠯᠡᠯ ᠲᠡᠢ ᠪᠠᠢᠢᠨ᠎ᠠ⁈ ᠲᠡᠳᠡᠨ ᠦ ᠠᠷᠭ᠎ᠠ ᠪᠠᠷᠢᠯ ᠤᠨ ᠢᠯᠭᠠᠭ᠎ᠠ ᠶᠠᠭᠤ ᠪᠠᠢᠢᠨ᠎ᠠ⁈ ᠶᠠᠮᠠᠷᠬᠠᠤ ᠲᠦᠪᠰᠢᠨ ᠳᠦ ᠶᠠᠪᠤᠭ᠎ᠠ ᠭᠡᠵᠦ ᠲᠠ ᠦᠨᠡᠯᠡᠬᠦ ᠪᠤᠢ⁈

ᠰᠠ᠊᠂ ᠲᠥᠷᠦᠪᠤᠷᠠᠮ᠄ — ᠠᠪᠤ ᠶᠢᠨ ᠠᠨᠳᠠ ᠨᠥᠬᠦᠳ᠂ ᠱᠠᠪᠢ ᠨᠠᠷ ᠬᠠᠢᠢᠴᠢᠯᠠᠪᠤᠷᠢ ᠬᠢᠵᠦ᠂ ᠰᠣᠨᠢᠷᠬᠠᠵᠤ ᠪᠠᠢᠢᠭᠰᠠᠨ ᠵᠠᠯᠠᠭᠤᠰ ᠢ ᠪᠢ ᠶᠡᠬᠡᠩᠬᠢ ᠶᠢ ᠨᠢ ᠮᠡᠳᠡᠬᠦ ᠶᠤᠮ᠃ ᠬᠠᠷᠢᠨ ᠲᠡᠷᠡᠨ ᠦ ᠳᠠᠷᠠᠭ᠎ᠠ ᠦᠶ᠎ᠡ ᠶᠢᠨ ᠬᠢᠨ ᠦ ᠬᠤᠪᠢ ᠳᠤ ᠪᠣᠯ ᠶᠡᠬᠡᠩᠬᠢ ᠨᠢ ᠮᠢᠨᠤ ᠱᠠᠪᠢ ᠨᠠᠷ ᠪᠣᠯᠬᠤ ᠪᠠᠢᠢᠬ᠎ᠠ ᠳᠠ᠃ ᠣᠳᠤ ᠮᠣᠩᠭᠤᠯ ᠳᠤ ᠰᠣᠨᠢᠷᠬᠠᠯ ᠢᠶᠠᠷ ᠢᠶᠠᠨ ᠰᠤᠷᠤᠭᠰᠠᠨ᠂ ᠥᠪᠡᠷ ᠦᠨ ᠢᠶᠡᠷ ᠢᠶᠡᠨ ᠬᠢᠵᠦ ᠪᠠᠢᠢᠭ᠎ᠠ ᠬᠡᠦᠬᠡᠳ ᠵᠠᠯᠠᠭᠤᠰ ᠢ ᠪᠣᠯ ᠦᠨᠡᠨ ᠳᠡᠭᠡᠨ ᠮᠡᠳᠡᠬᠦ ᠶᠠᠭᠤᠮ᠎ᠠ ᠠᠯᠠᠭ᠎ᠠ᠃ ᠪᠢ ᠥᠪᠡᠷ ᠦᠨ ᠮᠡᠳᠡᠬᠦ ᠭᠠᠷ ᠤᠨ 5 ᠬᠤᠷᠤᠭᠤᠨ ᠳᠤ ᠪᠠᠭᠲᠠᠬᠤ ᠵᠠᠯᠠᠭᠤᠰ ᠤᠨ ᠠᠷᠭ᠎ᠠ ᠠᠵᠢᠯᠯᠠᠭ᠎ᠠ᠂ ᠬᠡᠯᠪᠡᠷᠢ ᠬᠢᠴᠡ ᠪᠡᠷ ᠨᠢ ᠬᠡᠨ ᠪᠤᠢ ᠭᠡᠳᠡᠭ ᠢ ᠬᠡᠯᠡᠭᠡᠳ ᠢᠯᠭᠠᠭᠠᠳ ᠥᠭᠴᠦ ᠴᠢᠳᠠᠨ᠎ᠠ᠃ ᠬᠠᠷᠢᠨ ᠰᠡᠭᠦᠯ ᠳᠦ ᠬᠠᠷᠠᠵᠤ ᠪᠠᠢᠢᠬᠤ ᠨᠢ ᠪᠡᠨ ᠮᠢᠨᠤ ᠪᠦᠷ ᠬᠡᠵᠢᠶ᠎ᠡ ᠬᠢᠭᠰᠡᠨ ᠢᠶᠡᠨ ᠴᠦ ᠰᠠᠨᠠᠬᠤ ᠦᠭᠡᠢ ᠠᠵᠢᠯ ᠤᠳ ᠢ ᠬᠤᠪᠢᠯᠠᠭᠠᠳ ᠬᠢᠴᠢᠬᠡᠭᠰᠡᠨ ᠬᠡᠦᠬᠡᠳ ᠦᠳ ᠢ ᠪᠠᠰᠠ ᠬᠠᠷᠠᠭᠰᠠᠨ᠃ ᠬᠠᠮᠤᠭ ᠤᠨ ᠭᠣᠣᠯ ᠨᠢ ᠬᠠᠢᠢᠴᠢᠯᠠᠪᠤᠷᠢ ᠶᠢ ᠵᠠᠯᠠᠭᠤᠰ ᠶᠡᠬᠡ ᠰᠣᠨᠢᠷᠬᠠᠵᠤ ᠪᠠᠢᠢᠭ᠎ᠠ ᠨᠢ ᠰᠠᠢᠢᠨ ᠴᠤ ᠮᠡᠳᠡᠭᠡᠯᠡᠯ ᠰᠤᠷᠭᠠᠯᠲᠠ ᠦᠭᠡᠢ ᠡᠴᠡ ᠶᠡᠬᠡᠩᠬᠢ ᠨᠢ ᠬᠤᠳᠠᠯᠳᠤᠭᠠᠨ ᠤ ᠬᠠᠢᠢᠴᠢᠯᠠᠪᠤᠷᠢ ᠬᠢᠭᠡᠳ ᠬᠥᠭᠵᠢᠬᠦ ᠦᠭᠡᠢ ᠪᠠᠢᠢᠭ᠎ᠠ ᠨᠢ ᠳᠠᠩᠴᠤ ᠬᠠᠷᠠᠮᠰᠠᠯᠲᠠᠢ᠃ ᠬᠠᠷᠢᠨ ᠮᠣᠩᠭᠤᠯ ᠤᠨ ᠴᠠᠭᠠᠰᠤᠨ ᠬᠠᠢᠢᠴᠢᠯᠠᠪᠤᠷᠢ ᠶᠠᠮᠠᠷ ᠲᠦᠪᠰᠢᠨ ᠳᠦ ᠶᠠᠪᠤᠨ᠎ᠠ ᠪᠤᠢ ᠭᠡᠪᠡᠯ ᠮᠡᠷᠭᠡᠵᠢᠯ ᠦᠨ ᠲᠦᠪᠰᠢᠨ ᠳᠦ ᠭᠡᠵᠦ ᠬᠡᠯᠡᠨ᠎ᠡ᠃

ᠯᠤ᠊᠂ ᠮᠥᠩᠭᠡᠲᠥ᠋ᠷᠦ᠄ — ᠤᠷᠠᠨ ᠬᠠᠢᠢᠴᠢᠯᠠᠪᠤᠷᠢ ᠭᠡᠳᠡᠭ ᠨᠡᠷ᠎ᠡ ᠲᠣᠮᠢᠶ᠎ᠠ ᠬᠢᠷᠢ ᠣᠨᠤᠪᠴᠢᠲᠠᠢ ᠪᠤᠢ⁈ ᠳᠦᠷᠰᠦᠯᠡᠬᠦ ᠤᠷᠠᠯᠢᠭ ᠤᠨ ᠲᠥᠷᠦᠯ ᠪᠣᠯᠭᠠᠨ ᠤ ᠨᠡᠷ᠎ᠡ ᠶᠢᠨ ᠡᠮᠦᠨ᠎ᠡ 《ᠤᠷᠠᠨ》 ᠭᠡᠰᠡᠨ ᠲᠣᠳᠤᠳᠬᠠᠯ ᠵᠠᠯᠭᠠᠳᠠᠭ ᠨᠢ ᠨᠠᠳᠤᠷ ᠰᠣᠨᠢᠨ ᠰᠠᠨᠠᠭᠳᠠᠳᠠᠭ᠃ ᠤᠷᠠᠨ ᠪᠠᠷᠢᠯᠭ᠎ᠠ᠂ ᠤᠷᠠᠨ ᠪᠠᠷᠢᠮᠠᠯ᠂ ᠤᠷᠠᠨ ᠵᠢᠷᠤᠭ ᠭᠡᠬᠦ ᠮᠡᠲᠦ᠃ ᠤᠷᠠᠯᠢᠭ ᠪᠣᠯ ᠤᠷᠠᠯᠠᠨ ᠪᠦᠲᠦᠭᠡᠬᠦ ᠦᠢᠯᠡ ᠶᠢᠨ ᠦᠷ᠎ᠡ ᠳ᠋ᠦᠩ ᠤᠴᠢᠷ ᠠᠴᠠ 《ᠤᠷᠠᠨ》 ᠯᠠ ᠪᠠᠢᠢᠬᠤ ᠨᠢ ᠣᠢᠢᠯᠠᠭᠠᠮᠵᠢᠲᠠᠢ᠃ ᠬᠠᠷᠢᠨ ᠴᠠᠭᠠᠰᠤ ᠶᠢ ᠬᠠᠢᠢᠴᠢᠯᠠᠵᠤ ᠪᠦᠲᠦᠭᠡᠳᠡᠭ ᠲᠤᠯᠠ ᠴᠠᠭᠠᠰᠤᠨ ᠬᠠᠢᠢᠴᠢᠯᠠᠪᠤᠷᠢ ᠭᠡᠪᠡᠯ ᠣᠨᠤᠬᠤ ᠶᠤᠮ ᠪᠢᠰᠢᠦ⁈

ᠰᠠ᠊᠂ ᠲᠥᠷᠦᠪᠤᠷᠠᠮ᠄ — ᠪᠢ ᠬᠡᠯᠡ ᠰᠢᠨᠵᠢᠯᠡᠯ ᠦᠨ ᠬᠦᠮᠦᠨ ᠪᠢᠰᠢ ᠪᠣᠯᠬᠤᠷ ᠣᠳᠤ ᠴᠤ ᠭᠡᠰᠡᠨ ᠶᠠᠭ ᠲᠠᠭ ᠣᠨᠤᠭᠠᠭᠠᠳ ᠬᠡᠯᠡᠴᠢᠬᠡᠵᠦ ᠴᠢᠳᠠᠬᠤ ᠦᠭᠡᠢ ᠯᠡ ᠪᠠᠢᠢᠨ᠎ᠠ᠃ ᠮᠢᠨᠤ ᠪᠣᠳᠤᠯ ᠢᠶᠠᠷ ᠤᠷᠠᠨ ᠬᠠᠢᠢᠴᠢᠯᠠᠪᠤᠷᠢ ᠭᠡᠳᠡᠭ ᠨᠢ ᠭᠠᠷ ᠤᠷᠠᠯᠠᠯ ᠤᠨ ᠨᠡᠷ᠎ᠡ ᠲᠣᠮᠢᠶ᠎ᠠ ᠭᠡᠪᠡᠯ ᠴᠠᠭᠠᠰᠤᠨ ᠬᠠᠢᠢᠴᠢᠯᠠᠪᠤᠷᠢ ᠮᠡᠷᠭᠡᠵᠢᠯ ᠦᠨ ᠨᠡᠷ᠎ᠡ ᠲᠣᠮᠢᠶ᠎ᠠ ᠪᠣᠯᠵᠤ ᠲᠠᠭᠠᠷᠠᠨ᠎ᠠ᠃ ᠪᠢ ᠴᠠᠭᠠᠰᠤᠨ ᠪᠠᠷ ᠭᠡᠵᠦ ᠨᠡᠷᠡᠯᠡᠵᠦ ᠦᠵᠡᠭᠰᠡᠨ ᠴᠦ ᠬᠦᠮᠦᠰ ᠡᠨᠡ ᠲᠠᠯ᠎ᠠ ᠪᠠᠷ ᠨᠢᠭᠡ ᠶᠡᠬᠡ ᠰᠠᠨᠠᠭ᠎ᠠ ᠣᠨᠤᠭ᠎ᠠ ᠨᠠᠳᠠ ᠲᠠᠢ ᠰᠣᠯᠢᠯᠴᠠᠵᠤ ᠪᠠᠢᠢᠭᠰᠠᠨ ᠦᠭᠡᠢ᠃ ᠮᠠᠨᠠᠢ ᠳᠤ ᠤᠭ ᠠᠴᠠᠭᠠᠨ ᠨᠡᠷ᠎ᠡ ᠲᠣᠮᠢᠶᠠᠨ ᠤ ᠠᠰᠠᠭᠤᠳᠠᠯ ᠲᠡᠷᠡ ᠲᠤᠰᠤᠮ᠎ ᠳᠦᠷᠰᠦᠯᠡᠬᠦ ᠤᠷᠠᠯᠢᠭ ᠤᠨ ᠨᠡᠷ᠎ᠡ ᠲᠣᠮᠢᠶᠠᠨ ᠤ ᠠᠰᠠᠭᠤᠳᠠᠯ ᠮᠠᠰᠢ ᠬᠦᠨᠳᠦ ᠰᠢᠦ ᠳᠡ᠃ ᠪᠢ ᠪᠣᠳᠤᠬᠤ ᠳᠠᠭᠠᠨ 《ᠤᠷᠠᠨ》 ᠭᠡᠳᠡᠭ ᠦᠭᠡ ᠮᠡᠳᠡᠭᠡᠵᠢ ᠶᠡᠬᠡ ᠥᠷᠭᠡᠨ ᠶᠡᠬᠡ ᠠᠭᠤᠯᠭ᠎ᠠ ᠬᠦᠷᠢᠶ᠎ᠡ ᠲᠡᠢ᠂ ᠨᠡᠢᠢᠲᠡᠯᠢᠭ ᠤᠳᠬ᠎ᠠ ᠢᠯᠡᠷᠬᠡᠢᠢᠯᠡᠭᠰᠡᠨ ᠦᠭᠡ᠃ ᠮᠣᠩᠭᠤᠯᠴᠤᠳ ᠳᠠᠷᠬᠠᠨ ᠬᠦᠮᠦᠨ ᠪᠤᠷᠬᠠᠨ ᠤᠬᠠᠭᠠᠨ ᠲᠠᠢ ᠭᠡᠳᠡᠭ᠃ ᠳᠠᠷᠬᠠᠨ᠂ ᠰᠡᠢᠢᠯᠪᠦᠷᠢᠴᠢ᠂ ᠮᠤᠵᠢᠶᠠᠩ᠂ ᠢᠨᠵᠢᠶᠠᠩ ᠬᠦᠮᠦᠨ ᠢ ᠤᠷᠠᠨ ᠬᠦᠮᠦᠨ ᠭᠡᠳᠡᠭ᠃ ᠶᠡᠷᠦᠨᠢ ᠪᠣᠯ ᠨᠡᠭᠦᠳᠡᠯᠴᠢᠳ ᠶᠡᠬᠡ ᠣᠯᠠᠨ ᠲᠠᠯ᠎ᠠ ᠶᠢᠨ ᠴᠢᠳᠠᠪᠤᠷᠢᠲᠠᠢ ᠬᠦᠮᠦᠨ ᠢ ᠤᠷᠠᠨ᠂ ᠤᠷᠠᠨ ᠭᠠᠷ ᠲᠠᠢ ᠬᠦᠮᠦᠨ ᠭᠡᠵᠦ ᠨᠡᠷᠡᠯᠡᠭᠡᠳ ᠪᠠᠢᠢᠭᠰᠠᠨ ᠰᠢᠭ ᠰᠠᠨᠠᠭᠳᠠᠳᠠᠭ᠃ ᠭᠡᠲᠡᠯ᠎᠎ᠡ ᠤᠷᠠᠨ ᠭᠡᠳᠡᠭ ᠨᠢ ᠴᠣᠯᠠ ᠪᠢᠰᠢ ᠴᠣᠯᠠ ᠶᠤᠮ ᠤᠤ ᠳᠠ⁉ ᠬᠡ ᠬᠡ᠁

ᠬᠦᠮᠦᠨ ᠶᠡᠷᠦᠨᠢ ᠮᠡᠳᠡᠳᠡᠭ ᠦᠭᠡᠢ ᠵᠦᠢᠯ ᠢᠶᠡᠨ ᠬᠥᠨᠳᠡᠬᠦ ᠳᠡᠮᠡᠢ ᠪᠠᠢᠢᠬ᠎ᠠ ᠯᠠ ᠳᠠ᠂ ᠭᠡᠬᠦ ᠳᠡᠭᠡᠨ 《ᠤᠷᠠᠨ》 ᠭᠡᠳᠡᠭ ᠦᠭᠡ ᠨᠢ 《ᠰᠠᠪᠠ》 ᠭᠡᠳᠡᠭ ᠦᠭᠡ ᠲᠡᠢ ᠠᠳᠠᠯᠢᠬᠠᠨ ᠬᠡᠷᠡᠭᠯᠡᠭᠳᠡᠭᠡᠳ ᠪᠠᠢᠢᠨᠠᠤ ᠳᠠ ᠭᠡᠵᠦ ᠡᠷᠬᠡ ᠦᠭᠡᠢ ᠪᠣᠳᠤᠭᠳᠠᠳᠠᠭ ᠰᠢᠦ᠃ ᠤᠭ ᠨᠢ ᠮᠣᠩᠭᠤᠯ ᠬᠡᠯᠡ ᠥᠪᠡᠷᠮᠢᠴᠡ ᠪᠠᠶᠠᠨ ᠬᠡᠯᠡ ᠭᠡᠳᠡᠭ ᠨᠢ ᠣᠢᠢᠯᠠᠭᠠᠮᠵᠢᠲᠠᠢ᠂ ᠪᠢᠳᠡᠨ ᠦ ᠮᠡᠳᠡᠬᠦ ᠪᠦᠬᠦ ᠯᠡ ᠡᠳ᠋ ᠵᠦᠢᠯ ᠥᠪᠡᠷ ᠦᠨ ᠣᠨᠤᠭᠠᠭᠤᠰᠠᠨ ᠨᠡᠷ᠎ᠡ ᠲᠡᠢ ᠪᠠᠢᠢᠳᠠᠭ ᠰᠢᠦ ᠳᠡ⁉

ᠳᠡᠯᠡᠬᠡᠢ ᠶᠢᠨ ᠳᠦᠷᠰᠦᠯᠡᠬᠦ ᠤᠷᠠᠯᠢᠭ ᠤᠨ ᠨᠡᠷ᠎ᠡ ᠲᠣᠮᠢᠶ᠎ᠠ ᠪᠣᠯ ᠠᠯᠢ ᠡᠷᠲᠡ ᠦᠶ᠎ᠡ ᠡᠴᠡ ᠲᠣᠭᠲᠠᠴᠢᠬᠠᠭᠰᠠᠨ ᠥᠪᠡᠷ ᠥᠪᠡᠷ ᠦᠨ ᠬᠡᠯᠡ ᠬᠡᠯᠡᠯᠭᠡ ᠲᠡᠢ ᠪᠠᠢᠢᠳᠠᠭ᠂ ᠬᠠᠷᠢᠨ ᠮᠣᠩᠭᠤᠯ ᠬᠡᠯᠡ ᠮᠠᠨᠢ ᠥᠪᠡᠷ ᠦᠨ ᠳᠦᠷᠢᠮ᠂ ᠬᠡᠯᠡᠴᠡ᠂ ᠬᠡᠯᠡᠯᠭᠡ ᠦᠭᠡᠰ ᠦᠨ ᠰᠠᠩ ᠠᠴᠠ ᠪᠣᠯᠤᠭᠠᠳ ᠴᠤ ᠶᠤᠮ ᠤᠤ᠂ ᠳᠦᠷᠰᠦᠯᠡᠬᠦ ᠤᠷᠠᠯᠢᠭ ᠤᠨ ᠮᠡᠷᠭᠡᠵᠢᠯ ᠦᠨ ᠨᠡᠷ᠎ᠡ ᠲᠣᠮᠢᠶ᠎ᠠ ᠶᠢ ᠡᠬᠡ ᠬᠡᠯᠡ ᠳᠡᠭᠡᠷ᠎ᠡ ᠪᠡᠨ ᠬᠥᠷᠪᠡᠭᠦᠯᠬᠦ ᠪᠡᠷ ᠵᠠᠷᠢᠮ ᠳᠠᠭᠠᠨ ᠲᠤᠩ ᠣᠢᠢᠯᠠᠭᠠᠮᠵᠢ ᠦᠭᠡᠢ ᠰᠠᠨᠠᠭᠳᠠᠳᠠᠭ ᠨᠢ ᠨᠢᠭᠤᠴᠠ ᠪᠢᠰᠢ ᠯᠡ ᠳᠡ᠃ ᠲᠡᠢᠢᠮᠦ ᠡᠴᠡ ᠵᠠᠷᠢᠮ ᠨᠢᠭᠡᠨ ᠳᠦᠷᠰᠦᠯᠡᠬᠦ ᠤᠷᠠᠯᠢᠭ ᠤᠨ ᠰᠣᠩᠭᠤᠳᠠᠭ ᠨᠡᠷ᠎ᠡ ᠲᠣᠮᠢᠶᠠᠨ ᠤ (ᠡᠷᠲᠡᠨ ᠦ ᠬᠡᠯᠡ ᠳᠡᠭᠡᠷ᠎ᠡ ᠬᠡᠯᠡᠭᠳᠡᠳᠡᠭ ᠪᠠᠢᠢᠳᠠᠯ ᠢᠶᠠᠷ ᠨᠢ) ᠦᠭᠡᠰ ᠦᠨ ᠭᠠᠷᠤᠯ ᠡᠭᠦᠰᠦᠯ ᠢ ᠪᠤᠰᠤᠳ ᠤᠨ ᠡᠷᠳᠡᠮ ᠮᠡᠳᠡᠯᠭᠡ ᠳᠦ ᠬᠢᠯᠪᠠᠷ ᠳᠥᠬᠦᠮ ᠢ ᠪᠣᠳᠤᠭᠠᠳ᠂ ᠴᠠᠭ ᠢ ᠨᠢ ᠬᠡᠮᠨᠡᠬᠦ ᠶᠢᠨ ᠡᠭᠦᠳᠡᠨ ᠡᠴᠡ ᠲᠣᠪᠴᠢ ᠲᠣᠳᠤᠷᠬᠠᠢ ᠳᠣᠣᠷ᠎ᠠ ᠳᠣᠣᠷ᠎ᠠ ᠨᠢ ᠢᠯᠭᠠᠵᠤ ᠰᠠᠯᠭᠠᠵᠤ ᠬᠠᠳᠠᠵᠤ ᠥᠭᠭᠦᠭᠡᠳ᠂ ᠰᠣᠩᠭᠤᠳᠠᠭ ᠲᠡᠷᠡ ᠬᠡᠯᠪᠡᠷᠢ ᠪᠡᠷ ᠨᠢ ᠬᠡᠷᠡᠭᠯᠡᠪᠡᠯ ᠢᠯᠡᠭᠦᠦ ᠠᠮᠠᠷ ᠰᠠᠨᠠᠭᠳᠠᠳᠠᠭ᠃

ᠯᠤ᠊᠂ ᠮᠥᠩᠭᠡᠲᠥ᠋ᠷᠦ᠄ — ᠴᠠᠭᠠᠰᠤᠨ ᠬᠠᠢᠢᠴᠢᠯᠠᠪᠤᠷᠢ ᠬᠢᠬᠦ ᠳᠦ ᠶᠠᠭᠤ ᠴᠢᠬᠤᠯᠠ ᠪᠤᠢ⁈ ᠲᠤᠰᠬᠠᠢ ᠴᠠᠭᠠᠰᠤ᠂ ᠬᠠᠢᠢᠴᠢ ᠬᠡᠷᠡᠭᠯᠡᠳᠡᠭ ᠦᠦ⁈ ᠰᠢᠭᠤᠳ ᠬᠠᠢᠢᠴᠢᠯᠠᠳᠠᠭ ᠤᠤ? ᠡᠰᠡᠪᠡᠯ ᠤᠷᠢᠳᠴᠢᠯᠠᠨ ᠬᠠᠷ᠎ᠠ ᠵᠢᠷᠤᠭ ᠭᠠᠷᠭᠠᠳᠠᠭ ᠤᠤ⁈ ᠶᠡᠷᠦᠨᠢ ᠬᠠᠢᠢᠴᠢᠯᠠᠬᠤ ᠳᠤ ᠡᠬᠢᠯᠡᠨ ᠰᠤᠷᠤᠯᠴᠠᠭᠴᠢᠳ ᠲᠤ ᠲᠠ ᠨᠢᠭᠡ ᠵᠥᠪᠯᠡᠭᠡ ᠥᠭᠭᠦᠨ᠎ᠡ ᠦᠦ⁈

ᠰᠠ᠊᠂ ᠲᠥᠷᠦᠪᠤᠷᠠᠮ᠄ — ᠴᠠᠭᠠᠰᠤᠨ ᠬᠠᠢᠢᠴᠢᠯᠠᠪᠤᠷᠢ ᠬᠢᠬᠦ ᠶᠢᠨ ᠲᠤᠯᠠᠳᠠ ᠶᠠᠭᠤ ᠴᠢᠬᠤᠯᠠ ᠪᠤᠢ⁉ ᠴᠠᠭᠠᠰᠤᠨ ᠬᠠᠢᠢᠴᠢᠯᠠᠪᠤᠷᠢᠴᠢ ᠬᠦᠮᠦᠨ ᠳᠦ ᠶᠠᠮᠠᠷ ᠴᠢᠳᠠᠪᠤᠷᠢ ᠴᠢᠬᠤᠯᠠ ᠪᠤᠢ⁈ ᠭᠡᠳ ᠠᠰᠠᠭᠤᠯᠲᠠ ᠪᠠᠨ ᠪᠠᠶᠠᠵᠢᠭᠤᠯᠤᠶ᠎ᠠ⁉

1 ᠳᠣᠭᠡᠷ ᠲᠦ ᠮᠡᠳᠡᠭᠡᠵᠢ ᠰᠠᠢᠢᠨ ᠬᠠᠢᠢᠴᠢ ᠲᠠᠢ ᠪᠠᠢᠢᠬᠤ ᠶᠣᠰᠤᠲᠠᠢ᠃ ᠡᠬᠢᠨ ᠦ ᠦᠶ᠎ᠡ ᠳᠦ ᠪᠣᠯ ᠭᠠᠷ ᠤᠨ ᠳᠣᠣᠷᠠᠬᠢ ᠴᠠᠭᠠᠰᠤ ᠪᠠᠷ ᠬᠠᠢᠢᠴᠢᠯᠠᠵᠤ ᠦᠵᠡᠬᠦ ᠨᠢ ᠵᠥᠪ᠃ ᠲᠡᠭᠡᠭᠡᠳ ᠬᠢᠭᠡᠳ ᠪᠠᠢᠢᠬᠤᠯᠠᠷ ᠠᠶᠠᠨ ᠳᠠᠭᠠᠨ ᠴᠠᠭᠠᠰᠤᠨ ᠤ ᠰᠢᠷᠬᠡᠭ ᠬᠠᠲᠠᠭᠤ ᠨᠢᠮᠭᠡᠨ᠂ ᠬᠠᠢᠢᠴᠢᠨ ᠤ ᠭᠠᠷ ᠲᠤ ᠡᠪᠲᠡᠢ ᠡᠪᠭᠦᠢ ᠨᠢ ᠠᠶᠠᠨ ᠳᠠᠭᠠᠨ ᠮᠡᠳᠡᠭᠳᠡᠭᠡᠳ ᠢᠷᠡᠨ᠎ᠡ᠃ ᠮᠥᠨ ᠲᠤᠬᠠᠢ ᠶᠢᠨ ᠬᠦᠮᠦᠨ ᠦ ᠭᠠᠷ ᠤᠨ ᠤᠷ᠎ᠠ ᠴᠢᠳᠠᠪᠤᠷᠢ ᠠᠴᠠ ᠰᠢᠯᠲᠠᠭᠠᠯᠠᠭᠠᠳ ᠬᠢᠵᠦ ᠪᠠᠢᠢᠭ᠎ᠠ ᠳᠦᠷᠰᠦ ᠨᠢ ᠬᠦᠷᠲᠡᠯ᠎ᠡ ᠰᠠᠢᠢᠵᠢᠷᠠᠳᠠᠭ᠃

2 ᠳᠤᠭᠠᠷ ᠲᠤ ᠬᠠᠢᠢᠴᠢᠯᠠᠪᠤᠷᠢᠴᠢ ᠬᠦᠮᠦᠨ ᠳᠦ ᠶᠠᠮᠠᠷ ᠴᠢᠳᠠᠪᠤᠷᠢ᠂ ᠴᠢᠨᠠᠷ ᠴᠢᠬᠤᠯᠠ ᠪᠤᠢ ᠭᠡᠪᠡᠯ ᠮᠡᠳᠡᠭᠡᠵᠢ ᠨᠢᠳᠦᠨ ᠦ ᠤᠷ᠎ᠠ᠂ ᠭᠠᠷ ᠤᠨ ᠳᠦᠢ᠂ ᠰᠡᠳᠬᠢᠬᠦ᠂ ᠶᠠᠭᠤᠮ᠎ᠠ ᠶᠢ ᠤᠷᠭᠤᠭᠤᠯᠤᠨ ᠪᠣᠳᠤᠬᠤ ᠴᠢᠳᠠᠪᠤᠷᠢ ᠴᠢᠬᠤᠯᠠ᠃ ᠲᠡᠭᠦᠨ ᠳᠡᠭᠡᠷ᠎ᠡ ᠨᠡᠮᠡᠭᠡᠳ ᠣᠷᠤᠨ ᠵᠠᠢ ᠶᠢᠨ᠂ ᠪᠡᠶ᠎ᠡ ᠭᠠᠯᠪᠢᠷ ᠤᠨ᠂ ᠬᠡᠮ ᠬᠡᠮᠵᠢᠶ᠎ᠡ ᠬᠠᠷᠢᠴᠠᠭᠠᠨ ᠤ ᠨᠠᠭᠠᠳᠤ ᠵᠠᠬ᠎ᠠ ᠶᠢᠨ ᠣᠢᠢᠯᠠᠭᠠᠯᠲᠠ ᠮᠡᠳᠡᠯᠭᠡ ᠴᠢᠬᠤᠯᠠ᠃ ᠶᠡᠷᠦᠨᠢ ᠬᠦᠮᠦᠰ ᠤᠷᠠᠨ ᠬᠠᠢᠢᠴᠢᠯᠠᠪᠤᠷᠢ ᠶᠢ ᠰᠡᠢᠢᠯᠪᠦᠷᠢᠴᠢ ᠪᠣᠯᠤᠨ ᠪᠠᠷᠢᠮᠠᠯᠴᠢᠳ ᠤᠨ ᠠᠵᠢᠯ ᠤᠳ ᠲᠠᠢ ᠬᠠᠷᠢᠴᠠᠭᠤᠯᠳᠠᠭ ᠨᠢ ᠴᠤ ᠪᠠᠰᠠ ᠣᠷᠤᠲᠠᠢ ᠶᠤᠮ᠃ ᠬᠠᠢᠢᠴᠢᠨ ᠤ ᠬᠤᠪᠢ ᠳᠤ ᠪᠣᠯ ᠪᠢ ᠵᠠᠪᠠᠯ ᠲᠤᠰᠬᠠᠢ ᠭᠡᠬᠦ ᠦᠭᠡᠢ᠂ ᠭᠣᠣᠯ ᠨᠢ ᠶᠡᠬᠡ ᠵᠥᠪ ᠢᠷᠯᠡᠭᠰᠡᠨ ᠪᠠᠢᠢᠬᠤ ᠬᠡᠷᠡᠭᠲᠡᠢ᠃ ᠬᠦᠮᠦᠨ ᠪᠦᠷᠢ ᠠᠳᠠᠯᠢ ᠦᠭᠡᠢ᠂ ᠬᠦᠯᠦᠭ ᠪᠦᠬᠦᠨ ᠵᠢᠷᠤᠭ᠎ᠠ ᠦᠭᠡᠢ᠂ ᠲᠡᠢᠢᠮᠦ ᠡᠴᠡ ᠠᠩᠬ᠎ᠠ ᠰᠣᠨᠢᠷᠬᠠᠵᠤ ᠪᠠᠢᠢᠭ᠎ᠠ ᠬᠦᠮᠦᠨ ᠵᠢᠷᠤᠵᠤ ᠴᠤ ᠪᠣᠯᠤᠨ᠎ᠠ᠂ ᠭᠡᠬᠦ ᠳᠡᠭᠡᠨ ᠠᠩᠬᠠᠨ ᠠᠴᠠᠭᠠᠨ ᠯᠠ ᠪᠣᠳᠤᠭᠰᠠᠨ ᠳᠦᠷᠰᠦ ᠪᠡᠨ ᠰᠢᠭᠤᠳ ᠴᠠᠭᠠᠰᠤᠨ ᠳᠡᠭᠡᠷ᠎ᠡ ᠪᠠᠭᠤᠯᠭᠠᠬᠤ ᠶᠢ ᠬᠢᠴᠢᠶᠡᠬᠦ ᠨᠢ ᠴᠢᠬᠤᠯᠠ᠃ ᠲᠡᠢᠢᠮᠦ ᠡᠴᠡ᠂ ᠶᠠᠭᠤᠨ ᠲᠦᠷᠦᠭᠦᠨ ᠬᠠᠢᠢᠴᠢᠯᠠᠪᠤᠷᠢ ᠰᠣᠨᠢᠷᠬᠠᠵᠤ ᠪᠠᠢᠢᠭ᠎ᠠ ᠪᠣᠯ ᠳᠤᠷ᠎ᠠ ᠶᠢᠨ ᠬᠠᠢᠢᠴᠢ᠂ ᠴᠠᠭᠠᠰᠤ ᠬᠣᠶᠠᠷ ᠠᠪᠤᠭᠠᠳ ᠯᠠ ᠬᠠᠢᠢᠴᠢᠯᠠᠭᠠᠳ ᠦᠵᠡ⁉ ᠭᠡᠵᠦ ᠵᠥᠪᠯᠡᠶ᠎ᠡ ᠳᠡ⁉

ᠯᠤ᠊᠂ ᠮᠥᠩᠭᠡᠲᠥ᠋ᠷᠦ᠄ — ᠠᠩᠬᠠᠯᠠᠨ ᠲᠠ ᠶᠠᠭᠠᠬᠢᠵᠤ ᠤᠷᠠᠯᠢᠭ ᠲᠤ ᠬᠥᠯ ᠲᠠᠯᠪᠢᠪᠠ⁈

ᠰᠠ᠊᠂ ᠲᠥᠷᠦᠪᠤᠷᠠᠮ᠄ — ᠠᠪᠤ ᠮᠠᠨᠢ ᠵᠢᠷᠤᠭᠠᠴᠢ᠃ ᠠᠪᠤ ᠶᠢᠨ ᠨᠠᠢᠢᠵᠠ ᠨᠠᠷ᠂ ᠡᠷᠬᠢᠨ ᠲᠣᠭᠤᠷᠢᠨ ᠤ ᠬᠦᠷᠢᠶᠡᠯᠡᠯ ᠤᠷᠠᠯᠢᠭ ᠰᠣᠶᠤᠯ ᠤᠨ ᠬᠦᠮᠦᠰ ᠪᠠᠢᠢᠭᠰᠠᠨ ᠨᠢ ᠶᠡᠬᠡ ᠨᠥᠯᠦᠭᠡᠯᠡᠭᠰᠡᠨ ᠪᠠᠢᠢᠬ᠎ᠠ᠃ ᠮᠥᠨ ᠠᠪᠤ ᠶᠢᠨ ᠮᠠᠨᠢ ᠴᠤᠭᠯᠠᠭᠤᠯᠤᠭᠰᠠᠨ ᠪᠦᠬᠦᠯᠢ ᠪᠦᠲᠦᠨ ᠭᠡᠷ ᠦᠨ ᠨᠣᠮ ᠤᠨ ᠰᠠᠩ ᠮᠢᠨᠤ ᠣᠬᠤᠷᠬᠠᠨ ᠤᠬᠠᠮᠰᠠᠷ ᠲᠤ ᠮᠠᠰᠢ ᠶᠡᠬᠡ ᠵᠦᠢᠯᠡᠰ ᠢ ᠪᠤᠢ ᠪᠣᠯᠭᠠᠵᠤ ᠥᠭᠭᠦᠭᠰᠡᠨ ᠭᠡᠵᠦ ᠪᠣᠳᠤᠳᠠᠭ᠃ ᠪᠠᠭ᠎ᠠ ᠠᠴᠠᠭᠠᠨ ᠯᠠ ᠵᠢᠷᠤᠳᠠᠭ ᠪᠠᠢᠢᠯ᠎ᠠ᠂ ᠭᠡᠬᠦ ᠳᠡᠭᠡᠨ ᠮᠢᠨᠤ ᠠᠬ᠎ᠠ ᠨᠠᠷ ᠨᠠᠳᠠ ᠠᠴᠠ ᠢᠯᠡᠭᠦᠦ ᠵᠢᠷᠤᠳᠠᠭ ᠪᠠᠢᠢᠭᠰᠠᠨ᠃ ᠠᠪᠤ ᠶᠢᠨ ᠮᠡᠷᠭᠡᠵᠢᠯ ᠢ ᠬᠠᠷᠢᠨ ᠪᠢ ᠥᠪᠯᠡᠭᠰᠡᠨ ᠢ ᠪᠣᠳᠤᠬᠤ ᠳᠤ ᠴᠠᠭᠠᠨ᠎ᠠ ᠠᠴᠠᠭᠠᠨ ᠤᠴᠢᠷᠲᠠᠢ ᠪᠠᠢᠢᠭᠰᠠᠨ ᠪᠢᠵᠡ ᠡ᠃ ᠵᠢᠷᠤᠭ ᠤᠨ ᠰᠤᠷᠭᠠᠭᠤᠯᠢ ᠳᠤ ᠣᠷᠤᠯ᠎ᠠ᠃ ᠠᠩᠬ᠎ᠠ ᠪᠤᠰᠤᠳ ᠪᠦᠬᠦ ᠯᠡ ᠬᠡᠦᠬᠡᠳ ᠦᠳ ᠦᠨ ᠠᠳᠠᠯᠢ ᠯᠧᠣᠨᠠᠷᠳᠣ ᠳ᠋ᠠ ᠸᠢᠨ᠋ᠴᠢ ᠰᠢᠭ᠂ ᠮᠢᠻᠧᠯᠠᠨ᠋ᠵᠧᠯᠣ ᠰᠢᠭ ᠵᠢᠷᠤᠭᠠᠴᠢ ᠪᠣᠯᠤᠨ᠎ᠠ ᠭᠡᠳ ᠤᠷᠠᠨ ᠵᠢᠷᠤᠭ ᠤᠨ ᠠᠩᠭᠢ ᠳᠤ ᠯᠠ ᠣᠷᠤᠬᠤ ᠶᠢᠨ ᠪᠥᠭᠡᠮ ᠬᠦᠰᠡᠯᠡᠩ ᠪᠣᠯᠤᠭᠰᠠᠨ ᠨᠢ ᠮᠡᠳᠡᠭᠡᠵᠢ᠂ ᠳᠠᠩᠴᠤ ᠣᠨᠤᠭᠠᠨ ᠤ ᠪᠠᠨ ᠳ᠋ᠦᠩ ᠡᠴᠡ ᠪᠣᠯᠤᠭᠠᠳ ᠬᠡᠦᠬᠡᠳ ᠦᠳ ᠠᠩᠬᠢ ᠠᠩᠬᠢ ᠳᠤ ᠬᠤᠪᠢᠶᠠᠷᠢᠯᠠᠭᠳᠠᠭᠰᠠᠭᠠᠷ ᠪᠢ ᠻᠧᠷᠠᠮᠢᠻ ᠪᠤᠶᠤ ᠸᠠᠭᠠᠷ ᠤᠷᠠᠯᠠᠯ ᠤᠨ ᠠᠩᠭᠢ ᠳᠤ ᠣᠷᠤᠯ᠎ᠠ᠃ ᠲᠡᠨᠳᠡ ᠡᠴᠡ ᠪᠢ ᠣᠷᠤᠨ ᠵᠠᠢ (ᠠᠯᠤᠰᠯᠠᠯ ᠬᠡᠮᠵᠢᠬᠦ ᠤᠬᠠᠭᠠᠨ ᠊ Perspective)᠂ ᠬᠡᠯᠪᠡᠷᠢ ᠭᠠᠯᠪᠢᠷ ᠤᠨ ᠪᠦᠲᠦᠴᠡ (ᠬᠦᠮᠦᠨ ᠦ ᠪᠡᠶ᠎ᠡ ᠶᠢᠨ ᠠᠨᠠᠲ᠋ᠣᠮᠢ ᠊ Anatomy)᠂ ᠪᠠᠰᠠ ᠴᠢᠮᠪᠠᠢ ᠨᠢᠮᠪᠠᠢ᠂ ᠠᠵᠢᠯᠴᠢ ᠬᠢᠴᠢᠶᠡᠩᠭᠦᠢ ᠪᠠᠢᠢᠬᠤ ᠶᠢ ᠰᠤᠷᠤᠭᠰᠠᠨ ᠶᠤᠮ᠃ ᠬᠠᠷᠢᠨ ᠰᠤᠷᠭᠠᠭᠤᠯᠢ ᠪᠠᠨ ᠲᠡᠭᠦᠰᠬᠦ ᠡᠴᠡ 1 ᠰᠠᠷ᠎ᠠ ᠶᠢᠨ ᠡᠮᠦᠨ᠎ᠡ ᠴᠠᠭᠠᠰᠤᠨ ᠬᠠᠢᠢᠴᠢᠯᠠᠪᠤᠷᠢ ᠶᠢᠨ ᠠᠩᠬᠠᠨ ᠤ ᠦᠵᠡᠰᠬᠦᠯᠡᠩ ᠢᠶᠡᠨ ᠵᠠᠯᠠᠭᠤᠴᠤᠳ ᠤᠨ ᠰᠣᠶᠤᠯ ᠤᠨ ᠣᠷᠳᠤᠨ ᠳᠤ ᠭᠠᠷᠭᠠᠭᠰᠠᠨ ᠰᠠᠨᠠᠭᠳᠠᠨ᠎ᠠ᠃ ᠲᠡᠭᠦᠨ ᠡᠴᠡ ᠬᠣᠢᠢᠰᠢ ᠰᠠᠢᠢᠨ ᠮᠠᠭᠤ᠂ ᠶᠡᠬᠡ ᠪᠠᠭ᠎ᠠ ᠴᠤ ᠭᠡᠰᠡᠨ ᠬᠢᠨ ᠬᠢᠭᠰᠡᠭᠡᠷ᠂ ᠴᠠᠭᠠᠰᠤᠨ ᠬᠠᠢᠢᠴᠢᠯᠠᠪᠤᠷᠢ ᠠᠴᠠᠭᠠᠨ ᠬᠥᠨᠳᠡᠢᠢᠷᠡᠯ ᠦᠭᠡᠢ ᠶᠠᠪᠤᠭᠰᠠᠭᠠᠷ ᠥᠨᠦᠳᠦᠷ ᠦᠨ ᠡᠳᠦᠷ ᠢ ᠬᠦᠷᠦᠯ᠎ᠡ᠃

ᠯᠤ᠊᠂ ᠮᠥᠩᠭᠡᠲᠥ᠋ᠷᠦ᠄ — ᠶᠡᠷᠦᠨᠢ ᠡᠨᠡ ᠤᠷᠠᠯᠢᠭ ᠤᠨ ᠭᠣᠣᠯ ᠣᠨᠴᠠᠯᠢᠭ ᠶᠠᠭᠤ ᠪᠤᠢ⁈ ᠪᠢᠳᠡᠨ ᠦ ᠪᠠᠭ᠎ᠠ ᠳᠤ ᠠᠬ᠎ᠠ ᠨᠠᠷ ᠴᠣᠭᠤᠯᠪᠤᠷᠢ ᠶᠡᠬᠡ ᠬᠢᠳᠡᠭ ᠪᠠᠢᠢᠯ᠎ᠠ᠃ ᠣᠳᠤ ᠪᠣᠳᠤᠬᠤ ᠳᠤ ᠬᠠᠢᠢᠴᠢᠯᠠᠪᠤᠷᠢ ᠶᠢᠨ ᠤᠷᠠᠯᠢᠭ ᠤᠨ ᠨᠢᠭᠡ ᠬᠡᠯᠪᠡᠷᠢ ᠪᠠᠢᠢᠵᠢ ᠭᠡᠵᠦ ᠰᠠᠨᠠᠭᠳᠠᠳᠠᠭ᠃ ᠲᠠᠨ ᠤ ᠪᠣᠳᠤᠯ ᠢ ᠰᠣᠨᠤᠰᠤᠶ᠎ᠠ⁈

ᠰᠠ᠊᠂ ᠲᠥᠷᠦᠪᠤᠷᠠᠮ᠄ — ᠴᠣᠭᠤᠯᠪᠤᠷᠢ ᠬᠠᠢᠢᠴᠢᠯᠠᠪᠤᠷᠢ ᠬᠣᠶᠠᠷ ᠬᠣᠯᠪᠤᠭ᠎ᠠ ᠬᠡᠯᠡᠴᠡ ᠪᠣᠯᠤᠭᠠᠳ ᠶᠠᠪᠤᠳᠠᠭ ᠪᠣᠯᠬᠤᠷ ᠬᠦᠮᠦᠰ ᠨᠢᠭᠡ ᠶᠡᠬᠡ ᠢᠯᠭᠠᠵᠤ ᠰᠠᠯᠭᠠᠵᠤ ᠪᠣᠳᠤᠳᠠᠭ ᠦᠭᠡᠢ ᠪᠠᠢᠢᠬ᠎ᠠ᠂ ᠭᠡᠲᠡᠯ᠎ᠡ ᠴᠣᠭᠤᠯᠪᠤᠷᠢ ᠶᠢ ᠴᠣᠭᠤᠯᠲᠠᠪᠤᠷᠢ ᠤᠨ ᠬᠢᠲᠤᠭ᠎ᠠ ᠪᠠᠷ ᠴᠣᠭᠤᠯᠵᠤ ᠰᠢᠪᠡᠵᠦ ᠬᠢᠳᠡᠭ᠂ ᠬᠠᠷᠢᠨ ᠬᠠᠢᠢᠴᠢᠯᠠᠪᠤᠷᠢ ᠶᠢ ᠲᠣᠮᠤ ᠵᠢᠵᠢᠭ ᠬᠠᠢᠢᠴᠢ ᠪᠠᠷ ᠬᠠᠢᠢᠴᠢᠯᠠᠵᠤ ᠬᠢᠵᠦ ᠪᠠᠢᠢᠨ᠎ᠠ ᠠ ᠳᠠ᠃ ᠲᠡᠢᠢᠮᠦ ᠡᠴᠡ ᠴᠣᠭᠤᠯᠵᠤ ᠰᠢᠪᠡᠵᠦ ᠬᠢᠭᠰᠡᠨ ᠬᠢᠲᠤᠭᠠᠨ ᠤ ᠣᠷᠤᠮ᠂ ᠬᠠᠢᠢᠴᠢᠯᠠᠭᠰᠠᠨ ᠬᠠᠢᠢᠴᠢᠯᠠᠯᠲᠠ ᠢᠯᠭᠠᠭ᠎ᠠ ᠲᠠᠢ ᠪᠠᠢᠢᠵᠤ ᠲᠠᠭᠠᠷᠠᠨ᠎ᠠ᠃ ᠳᠡᠭᠡᠷ᠎ᠡ ᠦᠶ᠎ᠡ ᠶᠢᠨ ᠠᠬ᠎ᠠ ᠨᠠᠷ ᠤᠨ ᠴᠠᠮᠴᠠᠨ ᠳᠡᠭᠡᠷ᠎ᠡ ᠲᠠᠯᠪᠢᠭᠠᠳ ᠬᠡ ᠤᠭᠠᠯᠵᠠ᠂ ᠲᠣᠭ᠎ᠠ ᠦᠰᠦᠭ ᠱᠦᠷᠴᠢᠵᠦ ᠬᠡᠪᠯᠡᠳᠡᠭ ᠠᠷᠭ᠎ᠠ ᠶᠢ ᠴᠠᠭᠠᠰᠤᠨ ᠴᠣᠭᠤᠯᠲᠠᠪᠤᠷᠢ (ᠴᠠᠭᠠᠰᠤᠨ ᠬᠡᠪ) ᠭᠡᠮᠡᠷ ᠶᠤᠮ᠃ ᠬᠠᠢᠢᠴᠢᠯᠠᠪᠤᠷᠢ ᠶᠢᠨ ᠲᠥᠷᠦᠯ ᠵᠦᠢᠯ ᠭᠡᠪᠡᠯ ᠪᠠᠰᠠ ᠬᠡᠳᠦ ᠬᠡᠳᠦᠨ ᠵᠦᠢᠯ ᠪᠣᠯᠴᠢᠬᠠᠨ᠎ᠠ ᠰᠢᠦ᠃ ᠵᠢᠱᠢᠶ᠎ᠡ ᠨᠢ᠄ ᠴᠠᠭᠠᠰᠤᠨ ᠨᠤᠭᠤᠯᠪᠤᠷᠢ᠂ ᠴᠠᠭᠠᠰᠤᠨ ᠰᠢᠪᠡᠭᠦᠷ᠂ ᠴᠠᠭᠠᠰᠤᠨ ᠣᠪᠤᠷᠲᠤ ᠤᠷᠠᠯᠢᠭ ᠭᠡᠬᠦ ᠮᠡᠲᠦ᠁

ᠯᠤ᠊᠂ ᠮᠥᠩᠭᠡᠲᠥ᠋ᠷᠦ᠄ — ᠨᠢᠭᠡᠨᠲᠡ ᠤᠷᠠᠨ ᠪᠦᠲᠦᠭᠡᠯᠴᠢ ᠲᠡᠢ ᠠᠭᠤᠯᠵᠠᠵᠤ ᠪᠠᠢᠢᠭ᠎ᠠ ᠶᠢᠨ ᠬᠡᠷᠡᠭ ᠶᠠᠭᠤ ᠪᠢᠯᠡ ᠳᠡ᠃ ᠲᠠᠨ ᠠᠴᠠ ᠠᠰᠠᠭᠤᠶ᠎ᠠ ᠭᠡᠵᠦ ᠪᠣᠳᠤᠯ᠎ᠠ᠃ ᠤᠷᠠᠨ ᠪᠦᠲᠦᠭᠡᠯᠴᠢ ᠪᠠᠢᠢᠬᠤ ᠶᠢᠨ ᠤᠳᠬ᠎ᠠ ᠤᠴᠢᠷ ᠶᠠᠭᠤ ᠪᠤᠢ⁈ ᠰᠢᠨ᠎ᠡ ᠵᠠᠯᠠᠭᠤ ᠤᠷᠠᠨ ᠪᠦᠲᠦᠭᠡᠯᠴᠢᠳ ᠲᠦ ᠬᠡᠯᠡᠬᠦ᠂ ᠵᠠᠬᠢᠬᠤ ᠲᠠᠨ ᠤ ᠦᠭᠡ⁈

ᠰᠠ᠊᠂ ᠲᠥᠷᠦᠪᠤᠷᠠᠮ᠄ — ᠪᠦᠲᠦᠭᠡᠯᠴᠢ ᠬᠦᠮᠦᠨ ᠪᠦᠷᠢ ᠰᠠᠢᠢᠨ ᠪᠦᠲᠦᠭᠡᠯᠴᠢ ᠪᠠᠢᠢᠳᠠᠭ ᠦᠭᠡᠢ ᠯᠡ ᠳᠡ᠃ ᠪᠦᠲᠦᠭᠡᠯᠴᠢ ᠰᠢᠭ ᠪᠦᠲᠦᠭᠡᠯᠴᠢ ᠪᠠᠢᠢᠬᠤ ᠭᠡᠳᠡᠭ ᠨᠢᠭᠡ ᠬᠡᠷᠡᠭ᠂ ᠬᠠᠷᠢᠨ ᠬᠦᠮᠦᠨ ᠰᠢᠭ ᠬᠦᠮᠦᠨ ᠪᠠᠢᠢᠬᠤ ᠭᠡᠳᠡᠭ ᠣᠭᠲᠤ ᠥᠭᠡᠷ᠎ᠡ ᠬᠡᠷᠡᠭ ᠶᠤᠮ᠃ ᠲᠡᠢᠢᠮᠦ ᠡᠴᠡ ᠪᠦᠲᠦᠭᠡᠯᠴᠢ ᠬᠦᠮᠦᠨ ᠵᠠᠪᠠᠯ ᠬᠦᠮᠦᠨ ᠦ ᠠᠷᠠᠨᠰᠢᠨ ᠲᠠᠢ ᠪᠠᠢᠢᠬᠤ ᠤᠤ᠂ ᠡᠰᠡᠪᠡᠯ ᠠᠷᠢᠶᠠᠲᠠᠨ ᠰᠢᠭ᠋ ᠪᠠᠢᠢᠬᠤ ᠤᠤ ᠭᠡᠳᠡᠭ ᠨᠢ ᠶᠡᠷᠦ ᠡᠴᠡᠭᠡᠨ ᠴᠢᠬᠤᠯᠠ ᠪᠢᠰᠢ᠂ ᠬᠠᠷᠢᠨ ᠬᠢᠭᠰᠡᠨ ᠪᠦᠲᠦᠭᠡᠯ ᠨᠢ ᠯᠡ ᠶᠠᠮᠠᠷ ᠠᠷᠠᠨᠰᠢᠨ ᠲᠠᠢ ᠪᠠᠢᠢᠬᠤ ᠬᠠᠮᠤᠭ ᠠᠴᠠ ᠴᠢᠬᠤᠯᠠ ᠪᠠᠢᠢᠬᠤ ᠰᠢᠭ᠋ ᠪᠠᠢᠢᠳᠠᠭ᠃ ᠮᠢᠨᠦ ᠪᠣᠳᠤᠬᠤ ᠳᠤ ᠲᠤᠬᠠᠢ ᠶᠢᠨ ᠬᠦᠮᠦᠨ ᠦ ᠬᠢᠭᠰᠡᠨ ᠢ ᠴᠠᠭ ᠬᠤᠭᠤᠴᠠᠭ᠎ᠠ᠂ ᠮᠡᠷᠭᠡᠵᠢᠯ ᠦᠨ ᠤᠷᠠᠯᠢᠭ ᠰᠤᠳᠤᠯᠤᠭᠠᠴᠢ ᠰᠢᠭᠦᠮᠵᠢᠯᠡᠭᠴᠢ ᠬᠦᠮᠦᠨ ᠯᠡ ᠲᠣᠳᠤᠷᠬᠠᠢᠢᠯᠠᠵᠤ ᠥᠭᠳᠡᠭ ᠪᠠᠢᠢᠬ᠎ᠠ ᠭᠡᠵᠦ ᠢᠲᠡᠭᠡᠳᠡᠭ᠃ ᠬᠠᠷᠢᠨ ᠪᠦᠲᠦᠭᠡᠯᠴᠢ ᠬᠦᠮᠦᠨ ᠦ ᠬᠢᠭᠰᠡᠨ ᠪᠦᠲᠦᠭᠡᠭᠰᠡᠨ ᠨᠢᠭᠤᠬᠤ ᠶᠢᠨ ᠠᠷᠭ᠎ᠠ ᠦᠭᠡᠢ ᠢᠯᠡ ᠪᠠᠢᠢᠳᠠᠭ ᠪᠣᠯᠬᠤᠷ ᠬᠦᠮᠦᠰ ᠬᠢᠭᠰᠡᠨ ᠢᠶᠠᠷ ᠨᠢ ᠯᠡ ᠦᠨᠡᠯᠡᠵᠦ ᠳ᠋ᠦᠩᠨᠡᠳᠡᠭ ᠪᠠᠢᠢᠬ᠎ᠠ᠃ ᠭᠡᠬᠦ ᠳᠡᠭᠡᠨ ᠣᠯᠠᠨ ᠤ ᠬᠡᠯᠡᠭᠰᠡᠨ ᠦᠭᠡ ᠣᠷᠤᠲᠠᠢ ᠴᠤ ᠮᠥᠨ ᠭᠦᠨ ᠭᠦᠨᠵᠡᠭᠡᠢ ᠤᠳᠬ᠎ᠠ ᠰᠠᠨᠠᠭ᠎ᠠ ᠶᠢ ᠨᠢ ᠣᠢᠢᠯᠠᠭᠠᠵᠤ ᠤᠬᠠᠭᠠᠷᠠᠳᠠᠭ ᠭᠡᠳᠡᠭ ᠲᠦ ᠦᠨᠡᠬᠡᠷ ᠡᠷᠡᠭᠡᠯᠵᠡᠳᠡᠭ⁉

ᠤᠷᠠᠨ ᠪᠦᠲᠦᠭᠡᠯᠴᠢ ᠪᠠᠢᠢᠨ᠎᠎ᠠ ᠭᠡᠳᠡᠭ ᠠᠮᠠᠷ ᠦᠭᠡᠢ ᠡ᠃ ᠰᠠᠢᠢᠨ ᠪᠦᠲᠦᠭᠡᠯᠴᠢ ᠭᠡᠳᠡᠭ ᠵᠦᠭᠡᠷ ᠨᠢᠭᠡ ᠠᠪᠢᠶᠠᠰᠲᠠᠢ ᠪᠠᠢᠢᠬᠤ ᠶᠢ ᠬᠡᠯᠡᠳᠡᠭ ᠦᠭᠡᠢ᠃ ᠰᠠᠢᠢᠨ ᠪᠦᠲᠦᠭᠡᠯᠴᠢ ᠪᠠᠢᠢᠶ᠎ᠠ ᠭᠡᠪᠡᠰᠦ ᠪᠠᠢᠢᠩᠭᠤ ᠬᠦᠮᠦᠨ ᠦ ᠪᠣᠳᠤᠭᠠᠳᠤᠢ᠂ ᠰᠠᠨᠠᠭᠠᠳᠤᠢ᠂ ᠬᠢᠭᠡᠳᠦᠢ ᠰᠢᠨ᠎ᠡ ᠰᠠᠨᠠᠭ᠎ᠠ ᠰᠡᠳᠡᠯ᠂ ᠤᠷ᠎ᠠ ᠤᠬᠠᠭᠠᠨ ᠢ ᠡᠷᠢᠯᠬᠢᠯᠡᠵᠦ᠂ ᠵᠥᠪᠬᠡᠨ ᠨᠢᠭᠡ ᠠᠷᠭ᠎ᠠ ᠪᠠᠷᠢᠯ ᠢᠶᠠᠷ ᠪᠤᠰᠤ ᠥᠭᠡᠷ᠎ᠡ ᠪᠤᠰᠤᠳ ᠤᠷᠠᠯᠢᠭ ᠤᠨ ᠰᠠᠯᠪᠤᠷᠢ ᠨᠤᠭᠤᠳ ᠲᠠᠢ ᠳᠥᠷᠦᠭᠡ ᠬᠠᠷᠰᠢᠨ᠂ ᠠᠳᠠᠯᠢ ᠲᠡᠭᠰᠢ ᠮᠡᠳᠡᠯᠭᠡ ᠪᠣᠯᠪᠠᠰᠤᠷᠠᠯ᠂ ᠤᠷ᠎ᠠ ᠬᠢᠴᠡ᠂ ᠴᠢᠳᠠᠪᠤᠷᠢ ᠴᠢᠨᠰᠠᠭ᠎ᠠ ᠪᠠᠨ ᠬᠠᠷᠢᠴᠠᠭᠤᠯᠤᠨ ᠤᠷᠤᠯᠳᠤᠭᠤᠯᠵᠤ᠂ ᠮᠠᠰᠢ ᠶᠡᠬᠡ ᠬᠠᠷᠢᠭᠤᠴᠠᠯᠭ᠎ᠠ ᠲᠠᠢ᠂ ᠠᠩᠬᠠᠷᠤᠯ ᠪᠣᠯᠭᠤᠮᠵᠢ᠂ ᠲᠤᠭᠤᠰᠢᠲᠠᠢ᠂ ᠤᠢᠢᠭ᠎ᠠ ᠦᠭᠡᠢ ᠬᠥᠳᠡᠯᠮᠦᠷᠢᠴᠢ ᠪᠠᠢᠢᠬᠤ ᠶᠢᠨ ᠨᠡᠷ᠎ᠡ ᠶᠤᠮ ᠭᠡᠵᠦ ᠬᠡᠯᠡᠨ᠎ᠡ᠃

ᠬᠥᠳᠡᠯᠮᠦᠷᠢᠴᠢ ᠪᠠᠢ⁉ ᠰᠤᠳᠤᠯᠭ᠎ᠠ ᠲᠠᠢ ᠡᠳᠦᠷ ᠪᠦᠷᠢ᠂ ᠴᠠᠭ ᠮᠥᠴᠡ ᠲᠤᠲᠤᠮ ᠥᠪᠡᠷ ᠢ ᠪᠡᠨ ᠪᠣᠯᠪᠠᠰᠤᠷᠠᠭᠤᠯᠵᠤ᠂ ᠥᠪᠡᠷ ᠢ ᠪᠡᠨ ᠪᠠᠢᠢᠩᠭᠤ ᠤᠷᠤᠭᠰᠢ ᠲᠦᠯᠬᠢᠵᠦ᠂ ᠥᠨᠳᠦᠷ ᠬᠠᠷᠢᠭᠤᠴᠠᠯᠭ᠎ᠠ ᠥᠪᠡᠷ ᠲᠡᠭᠡᠨ ᠡᠭᠦᠷᠴᠦ ᠪᠠᠢ⁉ ᠥᠪᠡᠷ ᠦᠨ ᠢᠶᠡᠨ ᠡᠮᠦᠨ᠎ᠡ ᠶᠠᠮᠠᠷ ᠪᠠᠢᠢᠭᠰᠠᠨ᠂ ᠣᠳᠤ ᠶᠠᠮᠠᠷ ᠪᠠᠢᠢᠨ᠎ᠠ᠂ ᠶᠠᠮᠠᠷ ᠲᠦᠪᠰᠢᠨ ᠳᠤ ᠣᠴᠢᠬᠤ ᠪᠤᠢ ᠭᠡᠳᠡᠭ ᠢᠶᠡᠨ ᠣᠢᠢᠯᠠᠭᠠᠵᠤ ᠮᠡᠳᠡᠷᠡᠵᠦ ᠳ᠋ᠦᠩᠨᠡᠵᠦ ᠪᠠᠢ! ᠲᠡᠷᠡ ᠬᠢᠷᠢ ᠪᠡᠷ ᠯᠡ ᠴᠢᠨᠤ ᠤᠷᠠᠨ ᠪᠦᠲᠦᠭᠡᠯ ᠦᠨ ᠣᠷᠭᠢᠯ ᠥᠨᠳᠦᠷ ᠪᠣᠯᠤᠨ᠎ᠠ ᠭᠡᠮᠡᠷ ᠪᠠᠢᠢᠨ᠎ᠠ᠃

ᠯᠤ᠊᠂ ᠮᠥᠩᠭᠡᠲᠥ᠋ᠷᠦ᠄ — 90 - ᠊ᠭᠡᠳ ᠣᠨ ᠤ ᠡᠬᠢ ᠪᠡᠷ ᠲᠠᠨ ᠤ ᠬᠠᠢᠢᠴᠢᠯᠠᠪᠤᠷᠢ ᠪᠠᠷ ᠴᠢᠮᠡᠭᠰᠡᠨ 《ᠮᠣᠩᠭᠤᠯ ᠤᠨ ᠨᠢᠭᠤᠴᠠ ᠲᠣᠪᠴᠢᠶᠠᠨ》 ᠨᠣᠮ ᠭᠠᠷᠴᠤ ᠱᠤᠤᠭᠢᠭᠤᠯᠵᠤ ᠪᠠᠢᠢᠯ᠎ᠠ᠃ ᠵᠢᠷᠤᠭ ᠴᠢᠮᠡᠭᠯᠡᠯ ᠨᠢ ᠬᠦᠮᠦᠰ ᠢ ᠰᠣᠷᠢᠨᠵᠢᠨ ᠮᠡᠲᠦ ᠲᠠᠲᠠᠵᠤ᠂ ᠮᠣᠩᠭᠤᠯᠴᠤᠳ ᠠᠩᠬᠠᠯᠠᠨ ᠲᠡᠷᠡ ᠨᠣᠮ ᠢᠶᠠᠷ ᠬᠠᠢᠢᠴᠢᠯᠠᠪᠤᠷᠢ ᠶᠢᠨ ᠤᠷᠠᠯᠢᠭ ᠲᠠᠢ ᠥᠷᠭᠡᠨ ᠬᠡᠮᠵᠢᠶᠡᠨ ᠳᠦ ᠲᠠᠨᠢᠯᠴᠠᠭᠰᠠᠨ ᠭᠡᠬᠦ ᠳᠦ ᠬᠡᠲᠦᠷᠡᠭᠦᠯᠦᠭᠰᠡᠨ ᠪᠣᠯᠬᠤ ᠦᠭᠡᠢ ᠪᠠᠢᠢᠬ᠎ᠠ᠃ ᠡᠨᠡ ᠲᠤᠬᠠᠢ ᠬᠠᠭᠤᠴᠢᠯᠠᠪᠠᠯ ᠪᠠᠰᠠ ᠰᠣᠨᠢᠨ ᠪᠠᠢᠢᠨ᠎ᠠ᠃

ᠰᠠ᠊᠂ ᠲᠥᠷᠦᠪᠤᠷᠠᠮ᠄ — 1990 ᠣᠨ ᠳᠤ 《ᠮᠣᠩᠭᠤᠯ ᠤᠨ ᠨᠢᠭᠤᠴᠠ ᠲᠣᠪᠴᠢᠶᠠᠨ》 ᠵᠣᠬᠢᠶᠠᠭᠳᠠᠭᠰᠠᠨ ᠤ 750 ᠵᠢᠯ ᠦᠨ ᠣᠢ ᠳᠤ ᠵᠣᠷᠢᠭᠤᠯᠤᠭᠰᠠᠨ ᠨᠣᠮ ᠤᠨ ᠴᠢᠮᠡᠭᠯᠡᠯ ᠦᠨ ᠤᠷᠤᠯᠳᠤᠭᠠᠨ ᠵᠠᠷᠯᠠᠭᠳᠠᠵᠤ᠂ ᠲᠤᠬᠠᠢ ᠶᠢᠨ ᠦᠶ᠎ᠡ ᠶᠢᠨ ᠪᠦᠬᠦ ᠯᠡ ᠵᠢᠷᠤᠭᠠᠴᠢᠳ ᠣᠷᠤᠯᠴᠠᠭᠰᠠᠨ ᠠᠴᠠ ᠠᠮᠢᠳᠤᠷᠠᠯ ᠳᠠᠭᠠᠨ ᠠᠩᠬ᠎ᠠ ᠤᠳᠠᠭ᠎ᠠ ᠤᠯᠤᠰ ᠤᠨ ᠬᠡᠪᠯᠡᠯ ᠦᠨ ᠭᠠᠵᠠᠷ ᠠᠴᠠ ᠠᠩᠬᠠᠨ ᠤ ᠤᠷᠠᠨ ᠪᠦᠲᠦᠭᠡᠯ ᠦᠨ ᠵᠠᠬᠢᠶᠠᠯᠭ᠎ᠠ ᠠᠪᠴᠤ᠂ 3 ᠰᠠᠷ᠎ᠠ ᠶᠢᠨ ᠬᠤᠭᠤᠴᠠᠭᠠᠨ ᠳᠤ 70 ᠭᠠᠷᠤᠨ ᠬᠠᠢᠢᠴᠢᠯᠠᠪᠤᠷᠢ ᠵᠢᠷᠤᠭ ᠬᠢᠭᠰᠡᠨ ᠢ ᠬᠡᠪᠯᠡᠵᠦ ᠪᠢᠯᠡ᠃ ᠲᠤᠬᠠᠢ ᠶᠢᠨ ᠦᠶ᠎ᠡ ᠳᠦ ᠤᠷᠠᠯᠢᠭ ᠰᠤᠳᠤᠯᠤᠭᠠᠴᠢ ᠳᠠᠰᠢᠪᠠᠯᠳᠠᠨ ᠪᠠᠭᠰᠢ ᠮᠠᠨᠢ ᠮᠢᠨᠤ ᠦᠵᠡᠰᠬᠦᠯᠡᠩ ᠦᠨ ᠲᠠᠯ᠎ᠠ ᠪᠠᠷ ᠰᠣᠨᠢᠨ ᠳᠤ ᠲᠣᠪᠴᠢᠬᠠᠨ ᠰᠢᠭᠦᠮᠵᠢ ᠪᠢᠴᠢᠭᠰᠡᠨ ᠪᠠᠢᠢᠳᠠᠭ ᠶᠤᠮ᠃ ᠲᠤᠬᠠᠢ ᠶᠢᠨ ᠦᠶ᠎ᠡ ᠳᠦ ᠠᠢᠢᠯ ᠪᠦᠷᠢ ᠳᠦ ᠯᠡ ᠲᠡᠷᠡ ᠨᠣᠮ ᠪᠠᠢᠢᠳᠠᠭ ᠪᠠᠢᠢᠭᠰᠠᠨ ᠭᠡᠳᠡᠭ᠃ ᠬᠠᠷᠢᠨ ᠪᠢ ᠥᠪᠡᠷ ᠲᠡᠭᠡᠨ 《ᠮᠣᠩᠭᠤᠯ ᠤᠨ ᠨᠢᠭᠤᠴᠠ ᠲᠣᠪᠴᠢᠶᠠᠨ》 ᠨᠣᠮ ᠤᠨ ᠴᠢᠮᠡᠭᠯᠡᠯ ᠢᠶᠡᠷ ᠢᠶᠡᠨ ᠴᠠᠭᠠᠰᠤᠨ ᠴᠣᠭᠤᠯᠪᠤᠷᠢ ᠨᠢ ᠮᠣᠩᠭᠤᠯ ᠤᠨ ᠭᠠᠷ ᠤᠷᠠᠯᠠᠯ ᠤᠨ ᠨᠢᠭᠡᠨ ᠲᠥᠷᠦᠯ ᠪᠠᠢᠢᠭᠰᠠᠨ ᠢᠶᠠᠨ ᠨᠣᠮ ᠤᠨ ᠴᠢᠮᠡᠭᠯᠡᠯ ᠦᠨ ᠤᠷᠠᠯᠢᠭ ᠲᠤ ᠴᠠᠭᠠᠰᠤᠨ ᠬᠠᠢᠢᠴᠢᠯᠠᠪᠤᠷᠢ ᠪᠣᠯᠤᠨ ᠬᠦᠴᠦ ᠲᠦᠷᠢᠨ ᠣᠷᠤᠵᠤ ᠢᠷᠡᠵᠦ᠂ ᠮᠡᠷᠭᠡᠵᠢᠯ ᠦᠨ ᠪᠦᠬᠦᠯᠢ ᠪᠦᠲᠦᠨ ᠤᠷᠠᠯᠢᠭ ᠤᠨ ᠲᠥᠷᠦᠯ ᠪᠣᠯᠤᠭᠰᠠᠨ ᠢ ᠢᠯᠡᠳᠬᠡᠨ ᠬᠠᠷᠠᠭᠤᠯᠤᠭᠰᠠᠨ ᠭᠡᠵᠦ ᠳ᠋ᠦᠩᠨᠡᠳᠡᠭ᠃ ᠲᠡᠷᠡ ᠦᠶ᠎ᠡ ᠡᠴᠡ ᠬᠣᠢᠢᠰᠢ ᠵᠠᠯᠠᠭᠤᠰ ᠬᠠᠢᠢᠴᠢᠯᠠᠪᠤᠷᠢ ᠶᠢ ᠨᠡᠯᠢᠶᠡᠳ ᠰᠣᠨᠢᠷᠬᠠᠬᠤ ᠪᠣᠯᠤᠭᠰᠠᠨ᠃ ᠬᠡᠳᠦᠢ ᠲᠡᠢᠢᠮᠦ ᠪᠣᠯᠪᠠᠴᠤ ᠣᠯᠠᠨ ᠨᠡᠢᠢᠲᠡ ᠲᠡᠷᠡ ᠦᠶ᠎ᠡ ᠳᠦ ᠴᠠᠭᠠᠰᠤ ᠬᠠᠢᠢᠴᠢ ᠪᠠᠷ ᠶᠠᠭ ᠶᠠᠭᠠᠬᠢᠵᠤ ᠬᠢᠳᠡᠭ ᠢ ᠦᠨᠡᠨ ᠳᠡᠭᠡᠨ ᠶᠡᠬᠡ ᠰᠠᠢᠢᠨ ᠣᠢᠢᠯᠠᠭᠠᠳᠠᠭ ᠦᠭᠡᠢ ᠪᠠᠢᠢᠭᠰᠠᠨ ᠨᠢ ᠣᠳᠤ ᠴᠤ ᠬᠡᠪ ᠢᠶᠡᠷ ᠢᠶᠡᠨ ᠪᠠᠢᠢᠭ᠎ᠠ ᠨᠢ ᠦᠨᠡᠨ᠃ ᠡᠨᠡ ᠪᠦᠬᠦᠨ ᠳᠦ ᠮᠡᠳᠡᠭᠡᠵᠢ ᠪᠢ ᠥᠪᠡᠷ ᠢ ᠪᠡᠨ ᠶᠡᠬᠡ ᠪᠤᠷᠤᠭᠤᠳᠬᠠᠳᠠᠭ᠂ ᠲᠡᠢᠢᠮᠦ ᠡᠴᠡ ᠴᠠᠭᠠᠰᠤᠨ ᠬᠠᠢᠢᠴᠢᠯᠠᠪᠤᠷᠢ ᠰᠣᠨᠢᠷᠬᠠᠭᠴᠢᠳ ᠲᠤ ᠲᠤᠰᠠᠯᠠᠬᠤ ᠭᠠᠷ᠎ ᠤᠨ ᠠᠪᠤᠯᠭ᠎ᠠ ᠣᠢᠢᠷ᠎ᠠ ᠶᠢᠨ ᠦᠶ᠎ᠡ ᠳᠦ ᠵᠠᠪᠠᠯ ᠬᠢᠬᠦ ᠰᠠᠨᠠᠭ᠎ᠠ ᠲᠠᠢ ᠪᠠᠢᠢᠭ᠎ᠠ ᠪᠠᠨ ᠤᠯᠠᠮᠵᠢᠯᠠᠶ᠎ᠠ! 《ᠠᠮᠠ ᠠᠯᠳᠠᠪᠠᠯ ᠪᠠᠷᠢᠵᠤ ᠪᠣᠯᠳᠠᠭ ᠦᠭᠡᠢ》 ᠭᠡᠳᠡᠭ ᠳᠡ! ᠬᠢᠵᠦ ᠯᠡ ᠲᠠᠭᠠᠷᠠᠨ᠎ᠠ᠃

ᠯᠤ᠊᠂ ᠮᠥᠩᠭᠡᠲᠥ᠋ᠷᠦ᠄ — ᠤᠭ ᠨᠣᠮ ᠳᠡᠭᠡᠷ᠎ᠡ ᠠᠵᠢᠯᠯᠠᠬᠤ ᠳᠤ ᠶᠠᠭᠤ ᠶᠢ ᠠᠩᠬᠠᠷᠪᠠ⁈ ᠮᠡᠳᠡᠭᠡᠵᠢ ᠲᠡᠦᠬᠡᠨ ᠰᠡᠳᠦᠪ ᠢᠶᠡᠷ ᠪᠦᠲᠦᠭᠡᠯ ᠭᠠᠷᠭᠠᠨ᠎ᠠ ᠭᠡᠳᠡᠭ ᠬᠡᠨ ᠬᠦᠮᠦᠨ ᠦ ᠰᠠᠨᠠᠭᠰᠠᠨ ᠢᠶᠠᠷ ᠪᠦᠲᠦᠬᠦ ᠬᠢᠯᠪᠠᠷ ᠡᠳ᠋ ᠪᠢᠰᠢ ᠪᠠᠢᠢᠵᠤ ᠲᠠᠭᠠᠷᠠᠨ᠎ᠠ᠃ ᠰᠤᠳᠤᠯᠭ᠎ᠠ ᠶᠢ ᠶᠠᠭᠠᠬᠢᠵᠤ ᠬᠢᠪᠡ? ᠶᠠᠮᠠᠷ ᠪᠡᠷᠬᠡᠰᠢᠶᠡᠯ ᠪᠠᠢᠢᠪᠠ⁈ ᠪᠠᠰᠠ ᠰᠣᠨᠢᠨ ᠰᠠᠢᠢᠬᠠᠨ ᠨᠢ ᠶᠠᠭᠤ ᠪᠠᠢᠢᠪᠠ⁈

ᠰᠠ᠊᠂ ᠲᠥᠷᠦᠪᠤᠷᠠᠮ᠄ — ᠨᠣᠮ ᠤᠨ ᠤᠷᠠᠯᠢᠭ ᠪᠠ ᠨᠣᠮ ᠴᠢᠮᠡᠭᠯᠡᠯ ᠤᠨ ᠤᠷᠠᠯᠢᠭ ᠭᠡᠳᠡᠭ ᠮᠠᠰᠢ ᠥᠷᠭᠡᠨ ᠤᠳᠬ᠎ᠠ ᠠᠭᠤᠯᠭ᠎ᠠ ᠲᠠᠢ᠂ ᠮᠠᠰᠢ ᠣᠯᠠᠨ ᠲᠥᠷᠦᠯ ᠵᠦᠢᠯ ᠬᠡᠯᠪᠡᠷᠢ ᠬᠡᠮᠵᠢᠶ᠎ᠡ ᠳᠠᠮᠵᠢᠶ᠎ᠠ ᠲᠠᠢ ᠣᠯᠠᠨ ᠵᠠᠭᠤᠨ ᠤ ᠲᠡᠦᠬᠡ ᠲᠡᠢ ᠰᠣᠶᠤᠯ ᠤᠷᠠᠯᠢᠭ ᠤᠨ ᠨᠢᠭᠡ ᠶᠤᠮ᠃ ᠨᠣᠮ ᠤᠨ ᠴᠢᠮᠡᠭ ᠵᠢᠷᠤᠭ ᠬᠢᠳᠡᠭ ᠵᠠᠯᠠᠭᠤᠰ ᠲᠤ ᠵᠥᠪᠯᠡᠬᠦ ᠳᠦ᠂ ᠨᠣᠮ ᠤᠨ ᠬᠠᠪᠲᠠᠰᠤ᠂ ᠨᠣᠮ ᠤᠨ ᠰᠢᠯᠢ᠂ ᠳᠣᠲᠤᠷ᠎ᠠ ᠨᠢᠭᠤᠷ᠂ ᠳᠣᠲᠤᠭᠠᠳᠤ ᠵᠢᠷᠤᠭ ᠴᠢᠮᠡᠭᠯᠡᠯ ᠢ ᠬᠡᠮᠵᠢᠶ᠎ᠡ ᠬᠠᠷᠢᠴᠠᠭᠠᠨ ᠠᠴᠠ ᠰᠢᠯᠲᠠᠭᠠᠯᠠᠨ ᠬᠠᠭᠠᠰ᠂ ᠪᠦᠲᠦᠨ᠂ ᠳᠡᠯᠭᠡᠮᠡᠯ᠂ ᠳᠣᠭᠤᠯᠤᠩ ᠭᠡᠵᠦ ᠬᠪᠢᠶᠠᠬᠤ ᠠᠴᠠ ᠭᠠᠳᠠᠨ᠎ᠠ ᠪᠦᠯᠦᠭ ᠦᠨ ᠡᠬᠢᠯᠡᠯ᠂ ᠲᠡᠭᠦᠰᠬᠡᠯ ᠭᠡᠵᠦ ᠬᠡᠳᠦ ᠬᠡᠳᠦ ᠬᠤᠪᠢᠶᠠᠳᠠᠭ᠃ ᠬᠠᠷᠢᠨ ᠪᠦᠲᠦᠭᠡᠯᠴᠢ ᠬᠦᠮᠦᠨ ᠬᠢᠬᠦ ᠵᠣᠬᠢᠶᠠᠯ ᠢᠶᠠᠨ ᠰᠠᠢᠢᠨ ᠮᠡᠳᠡᠬᠦ ᠡᠴᠡ ᠭᠠᠳᠠᠨ᠎ᠠ ᠶᠠᠮᠠᠷ ᠨᠣᠮ ᠳᠤ ᠬᠢᠵᠦ ᠪᠠᠢᠢᠭ᠎ᠠ ᠪᠠᠨ ᠰᠠᠢᠢᠨ ᠤᠬᠠᠭᠠᠷᠠᠬᠤ᠂ ᠵᠠᠷᠢᠮ ᠳᠠᠭᠠᠨ ᠵᠣᠬᠢᠶᠠᠯᠴᠢ ᠶᠢᠨ ᠢᠯᠡᠷᠬᠡᠢᠢᠯᠡᠭᠡᠳᠦᠢ ᠮᠡᠳᠡᠷᠡᠮᠵᠢ ᠶᠢ ᠵᠢᠷᠤᠭ ᠴᠢᠮᠡᠭ ᠢᠶᠡᠷ ᠢᠶᠡᠨ ᠪᠠᠶᠠᠵᠢᠭᠤᠯᠵᠤ ᠥᠭᠴᠦ ᠪᠠᠢᠢᠬᠤ ᠶᠣᠰᠤᠲᠠᠢ ᠭᠡᠵᠦ ᠦᠵᠡᠳᠡᠭ᠃ ᠮᠢᠨᠤ ᠬᠤᠪᠢ ᠳᠤ ᠢᠷᠠᠭᠤ ᠨᠠᠢᠢᠷᠠᠭ ᠤᠨ ᠨᠣᠮ ᠬᠢᠬᠦ ᠳᠦ ᠳᠦᠷᠰᠦᠯᠡᠯ ᠰᠠᠢᠢᠲᠠᠢ᠂ ᠠᠳᠠᠯᠢᠳᠬᠠᠨ ᠵᠦᠢᠷᠯᠡᠬᠦ ᠳᠦ ᠶᠡᠬᠡ ᠰᠣᠨᠢᠷᠬᠠᠯᠲᠠᠢ᠂ ᠮᠠᠰᠢ ᠶᠡᠬᠡ ᠲᠣᠷᠭᠠᠨ ᠮᠡᠳᠡᠷᠡᠮᠵᠢ ᠱᠠᠭᠠᠷᠳᠠᠳᠠᠭ ᠠᠵᠢᠯ ᠰᠠᠨᠠᠭᠳᠠᠳᠠᠭ᠃

1988 ᠣᠨ ᠳᠤ ᠠᠩᠬᠠᠨ ᠤ ᠨᠣᠮ ᠤᠨ ᠴᠢᠮᠡᠭ ᠬᠢᠵᠦ ᠡᠬᠢᠯᠡᠭᠰᠡᠨ ᠡᠴᠡ ᠬᠣᠢᠢᠰᠢ ᠨᠡᠯᠢᠶᠡᠳ ᠣᠯᠠᠨ ᠴᠢᠮᠡᠭ ᠵᠢᠷᠤᠭ ᠬᠢᠭᠰᠡᠨ᠃ ᠲᠡᠷᠡ ᠳᠤᠮᠳᠠ ᠪᠠᠨ ᠲᠡᠦᠬᠡ ᠪᠣᠯᠤᠨ ᠳᠣᠮᠤᠭ ᠦᠯᠢᠭᠡᠷ ᠦᠨ ᠴᠢᠮᠡᠭ ᠬᠡᠳᠦ ᠬᠡᠳᠦ ᠶᠢ ᠬᠢᠵᠡᠢ᠃ ᠪᠢ 《ᠮᠣᠩᠭᠤᠯ ᠤᠨ ᠨᠢᠭᠤᠴᠠ ᠲᠣᠪᠴᠢᠶᠠᠨ》 ᠠᠴᠠ ᠭᠠᠳᠠᠨ᠎ᠠ 《ᠵᠢᠩᠭᠠᠷ》᠂ 《ᠭᠡᠰᠡᠷ》 ᠵᠣᠬᠢᠶᠠᠯ ᠤᠳ ᠳᠡᠭᠡᠷ᠎ᠡ ᠠᠵᠢᠯᠯᠠᠵᠤ ᠪᠠᠢᠢᠬᠤ ᠳᠠᠭᠠᠨ᠂ ᠳᠠᠷᠠᠭ᠎ᠠ ᠳᠠᠷᠠᠭ᠎ᠠ ᠶᠢᠨ ᠵᠠᠯᠠᠭᠤ ᠪᠦᠲᠦᠭᠡᠯᠴᠢᠳ ᠲᠦ ᠰᠠᠨᠠᠭ᠎ᠠ ᠣᠨᠤᠭ᠎ᠠ ᠠᠪᠬᠤ ᠳᠤ ᠲᠤᠰᠠ ᠳᠥᠬᠦᠮ ᠪᠣᠯᠤᠭᠠᠰᠠᠢ ᠭᠡᠵᠦ ᠨᠠᠢᠢᠳᠠᠵᠤ᠂ ᠬᠢᠴᠢᠶᠡᠵᠦ᠂ ᠮᠠᠨᠠᠢ ᠵᠢᠷᠤᠭᠠᠴᠢᠳ ᠤᠨ ᠲᠣᠪᠴᠢ ᠲᠣᠳᠤᠷᠬᠠᠢ ᠳᠦᠷᠰᠦᠯᠡᠳᠡᠭ ᠦᠭᠡᠢ ᠪᠠᠭᠠᠲᠤᠷ ᠤᠳ ᠢ ᠨᠡᠯᠢᠶᠡᠳ ᠬᠦᠮᠦᠨ ᠦ ᠨᠢᠳᠦᠨ ᠳᠦ ᠲᠤᠰᠴᠠ ᠲᠠᠢ᠂ ᠢᠯᠡᠭᠦᠦ ᠠᠮᠢᠳᠤ ᠮᠡᠲᠦ ᠰᠡᠳᠬᠢᠭ᠌ᠳᠡᠯ ᠲᠥᠷᠦᠬᠦ ᠪᠡᠷ ᠬᠢᠬᠦ ᠭᠡᠵᠦ ᠵᠣᠷᠢᠭᠰᠠᠨ᠂ ᠵᠣᠷᠢᠭᠰᠠᠨ ᠳᠠᠭᠠᠨ ᠬᠦᠷᠦᠭᠰᠡᠨ ᠪᠣᠯᠪᠠᠤ ᠭᠡᠵᠦ ᠨᠠᠢᠢᠳᠠᠳᠠᠭ᠃ ᠲᠡᠦᠬᠡ ᠶᠢᠨ ᠰᠡᠳᠦᠪ ᠮᠡᠳᠡᠭᠡᠵᠢ ᠭᠠᠢᠢᠬᠠᠮᠰᠢᠭᠲᠠᠢ ᠨᠢᠭᠤᠴᠠᠯᠢᠭ᠂ ᠪᠠᠰᠠ ᠴᠤ ᠭᠡᠵᠦ ᠠᠳᠠᠷᠠᠮᠠᠲᠠᠢ ᠡᠳ᠋ ᠰᠢᠦ ᠳᠡ᠃ ᠬᠠᠷᠢᠨ ᠪᠢ ᠲᠡᠷᠡ ᠦᠶ᠎ᠡ ᠳᠦ ᠦᠨᠡᠨ ᠳᠡᠭᠡᠨ ᠶᠣᠰᠤᠲᠠᠢ ᠡᠷ᠎ᠡ ᠬᠠᠷ᠎ᠠ ᠵᠢᠷᠦᠬᠡ ᠪᠡᠷ ᠢᠶᠡᠨ᠂ ᠮᠥᠨ ᠵᠥᠩ ᠰᠣᠪᠢᠨ ᠳᠠᠭᠠᠨ ᠯᠠ ᠨᠠᠢᠢᠳᠠᠵᠤ ᠬᠢᠭᠰᠡᠨ ᠶᠤᠮ ᠰᠢᠭ ᠪᠠᠢᠢᠭ᠎ᠠ ᠶᠤᠮ᠃ ᠬᠠᠷᠢᠨ ᠲᠤᠬᠠᠢ ᠶᠢᠨ ᠦᠶ᠎ᠡ ᠳᠦ ᠠᠪᠤ ᠶᠢᠨ ᠨᠠᠢᠢᠵᠠ ᠨᠠᠷ ᠤᠨ ᠣᠯᠠᠨ ᠴᠠᠮᠢᠩ ᠨᠣᠮ ᠢ ᠪᠠᠷᠢᠵᠤ ᠦᠵᠡᠭᠰᠡᠨ ᠳᠡᠭᠡᠨ ᠶᠡᠬᠡ ᠪᠠᠶᠠᠷᠯᠠᠳᠠᠭ᠃ ᠹᠷᠠᠨ᠋ᠼᠠ᠂ ᠢᠲ᠋ᠠᠯᠢ᠂ ᠭᠧᠷᠮᠠᠨ᠂ ᠣᠷᠤᠰ᠂ ᠥᠪᠦᠷ ᠮᠣᠩᠭᠤᠯ ᠳᠤ ᠬᠡᠪᠯᠡᠭᠰᠡᠨ ᠮᠠᠰᠢ ᠭᠣᠶᠤ ᠵᠢᠷᠤᠭ ᠴᠢᠮᠡᠭ ᠲᠡᠢ ᠯᠡ ᠨᠢᠭᠤᠴᠠ ᠲᠣᠪᠴᠢᠶᠠᠨ ᠨᠤᠭᠤᠳ᠂ ᠪᠤᠰᠤᠳ ᠨᠣᠮ ᠤᠳ ᠪᠠᠢᠢᠭᠰᠠᠨ᠃ ᠬᠠᠷᠢᠨ ᠬᠡᠨ ᠭᠡᠳᠡᠭ ᠬᠦᠮᠦᠨ ᠦ᠂ ᠬᠡᠵᠢᠶ᠎ᠡ᠂ ᠬᠠᠮᠢᠭ᠎ᠠ ᠬᠡᠪᠯᠡᠭᠰᠡᠨ ᠨᠣᠮ ᠪᠤᠢ ᠭᠡᠵᠦ ᠬᠠᠷᠠᠬᠤ ᠴᠤ ᠤᠬᠠᠭᠠᠨ ᠪᠠᠢᠢᠭᠠᠳᠤᠢ᠂ ᠲᠡᠭᠦᠨ ᠡᠴᠡ ᠬᠣᠢᠢᠰᠢ ᠯᠠ ᠪᠢ ᠦᠵᠡᠭᠰᠡᠨ ᠬᠠᠷᠠᠭᠰᠠᠨ᠂ ᠡᠰᠡᠪᠡᠯ ᠵᠠᠷᠢᠮ ᠨᠢᠭᠡ ᠦᠵᠡᠬᠦ ᠬᠡᠷᠡᠭᠲᠡᠢ ᠬᠡᠰᠡᠨ ᠨᠣᠮ ᠤᠨ ᠨᠡᠷ᠎ᠡ᠂ ᠵᠣᠬᠢᠶᠠᠭᠴᠢ᠂ ᠨᠣᠮ ᠤᠨ ᠬᠤᠪᠢ ᠶᠢᠨ ᠳ᠋ᠤᠭᠠᠷ (ISBN) ᠵᠡᠷᠭᠡ ᠶᠢ ᠪᠠᠢᠢᠩᠭᠤ ᠲᠡᠮᠳᠡᠭᠯᠡᠵᠦ ᠠᠪᠳᠠᠭ ᠪᠣᠯᠤᠭᠰᠠᠨ᠃

ᠶᠡᠷᠦᠨᠢ ᠲᠡᠷᠡ ᠦᠶ᠎ᠡ ᠡᠴᠡ ᠬᠣᠢᠢᠰᠢ ᠪᠢ ᠪᠠᠢᠢᠩᠭᠤ ᠯᠠ ᠲᠡᠦᠬᠡ ᠶᠢᠨ ᠬᠣᠯᠪᠤᠭᠠᠲᠠᠢ ᠨᠣᠮ ᠵᠣᠬᠢᠶᠠᠯ ᠢ ᠬᠠᠢᠢᠵᠤ᠂ ᠨᠣᠮ ᠤᠨ ᠰᠠᠩ ᠳᠤ ᠶᠡᠬᠡ ᠰᠠᠭᠤᠳᠠᠭ ᠪᠣᠯᠤᠭᠰᠠᠨ᠃ ᠲᠣᠭᠠᠲᠠᠢ ᠬᠡᠳᠦᠨ ᠭᠠᠳᠠᠭᠠᠳᠤ ᠶᠢᠨ ᠣᠷᠤᠨ ᠳᠤ ᠣᠴᠢᠬᠤ ᠳᠠᠭᠠᠨ ᠴᠤ᠂ ᠣᠴᠢᠭᠰᠠᠨ ᠣᠷᠤᠨ ᠤ ᠪᠠᠨ ᠤᠯᠤᠰ ᠤᠨ ᠨᠣᠮ ᠤᠨ ᠰᠠᠩ᠂ ᠨᠣᠮ ᠤᠨ ᠳᠡᠯᠭᠡᠭᠦᠷ ᠢᠶᠡᠷ ᠬᠡᠰᠦᠳᠡᠭ ᠵᠤᠷᠰᠢᠯ ᠲᠠᠢ ᠪᠣᠯᠤᠭᠰᠠᠨ᠃ ᠨᠣᠮ ᠯᠠ ᠴᠤᠭᠯᠠᠭᠤᠯᠬᠤ ᠳᠤᠷᠠᠲᠠᠢ᠃ ᠲᠡᠦᠬᠡ ᠶᠢᠨ ᠰᠤᠳᠤᠯᠭ᠎ᠠ ᠬᠢᠬᠦ ᠳᠦ ᠬᠦᠮᠦᠨ ᠳᠦ ᠨᠢᠭᠡ ᠪᠡᠷ ᠲᠣᠭᠲᠠᠬᠤ ᠦᠭᠡᠢ ᠬᠡᠯᠡ ᠬᠡᠷᠡᠭᠲᠡᠢ ᠶᠤᠮ ᠪᠠᠢᠢᠨ᠎ᠠ᠃ ᠭᠡᠲᠡᠯ᠎ᠡ ᠡᠨᠡ ᠪᠡᠶ᠎ᠡ᠂ ᠨᠠᠰᠤ ᠬᠣᠶᠠᠷ ᠭᠡᠳᠡᠭ ᠲᠣᠭᠠᠲᠠᠢ ᠲᠤᠯᠠ ᠪᠠᠰᠠ ᠬᠡᠴᠡᠭᠦᠦ ᠶᠤᠮ᠃ ᠬᠦᠮᠦᠰ ᠵᠢᠷᠤᠭᠠᠴᠢ ᠬᠦᠮᠦᠨ ᠭᠡᠬᠦ ᠪᠡᠷ ᠴᠠᠭᠠᠰᠤ ᠬᠠᠷᠠᠨᠳᠠ ᠬᠣᠶᠠᠷ ᠲᠠᠢ ᠵᠠᠭᠤᠷᠠᠯᠳᠤᠳᠠᠭ ᠭᠡᠵᠦ ᠣᠢᠢᠯᠠᠭᠠᠳᠠᠭ ᠨᠢ ᠡᠨᠡᠦᠬᠡᠨ ᠳᠦ ᠰᠢᠦ ᠳᠡ᠃ ᠬᠠᠷᠢᠨ ᠵᠢᠷᠤᠭᠠᠴᠢ ᠬᠦᠮᠦᠨ ᠡᠴᠡ ᠬᠡᠴᠢᠨᠡᠨ ᠶᠡᠬᠡ ᠴᠠᠭ ᠬᠤᠭᠤᠴᠠᠭ᠎ᠠ᠂ ᠡᠷᠢᠯ ᠰᠤᠳᠤᠯᠭ᠎ᠠ᠂ ᠬᠦᠴᠦ ᠬᠥᠳᠡᠯᠮᠦᠷᠢ ᠣᠷᠤᠵᠤ ᠪᠠᠢᠢᠵᠤ ᠨᠢᠭᠡ ᠪᠦᠲᠦᠭᠡᠯ ᠲᠥᠷᠦᠳᠡᠭ ᠢ ᠬᠦᠮᠦᠰ ᠲᠡᠷᠡ ᠪᠦᠷᠢ ᠤᠬᠠᠭᠠᠷᠠᠬᠤ ᠦᠭᠡᠢ ᠪᠠᠢᠢᠬᠤ ᠨᠢ ᠲᠦᠭᠡᠮᠡᠯ᠃ ᠵᠢᠷᠤᠭᠠᠴᠢ ᠬᠦᠮᠦᠨ ᠳᠦ ᠲᠤᠰᠠ ᠳᠡᠮ ᠪᠣᠯᠳᠠᠭ ᠭᠦᠨ ᠤᠬᠠᠭᠠᠨ᠂ ᠱᠠᠰᠢᠨ᠂ ᠰᠡᠳᠬᠢᠯ ᠰᠤᠳᠤᠯᠤᠯ᠂ ᠬᠦᠮᠦᠨ ᠰᠤᠳᠤᠯᠤᠯ᠂ ᠲᠡᠦᠬᠡ᠂ ᠤᠭᠰᠠᠭᠠᠲᠠᠨ ᠤ ᠵᠦᠢ᠂ ᠨᠡᠢᠢᠭᠡᠮ ᠰᠤᠳᠤᠯᠤᠯ᠂ ᠭᠠᠵᠠᠷ ᠵᠦᠢ᠂ ᠢᠷᠠᠭᠤ ᠨᠠᠢᠢᠷᠠᠭ ᠭᠡᠬᠦ ᠮᠡᠲᠦ ᠮᠠᠰᠢ ᠣᠯᠠᠨ ᠬᠣᠭᠤᠷᠤᠨᠳᠤ ᠪᠠᠨ ᠤᠶᠠᠯᠳᠤᠭ᠎ᠠ ᠲᠠᠢ ᠪᠠᠰᠠ ᠡᠷᠡᠰ ᠲᠡᠰ ᠰᠤᠳᠤᠯᠤᠭᠳᠠᠬᠤᠨ ᠨᠤᠭᠤᠳ ᠪᠠᠢᠢᠳᠠᠭ᠃ ᠲᠡᠢᠢᠮᠦ ᠡᠴᠡ ᠪᠢᠳᠡᠨ ᠳᠦ ᠵᠠᠪ ᠵᠠᠢ ᠬᠣᠪᠤᠷ᠂ ᠦᠵᠡᠵᠦ ᠬᠠᠷᠠᠵᠤ᠂ ᠤᠩᠰᠢᠵᠤ ᠶᠠᠪᠤᠬᠤ ᠳᠠᠭᠠᠨ ᠴᠤ ᠭᠡᠰᠡᠨ ᠳᠡᠪᠲᠡᠷ ᠲᠦ ᠪᠠᠢᠢᠩᠭᠤ ᠲᠡᠮᠳᠡᠭᠯᠡᠵᠦ ᠬᠡᠪᠰᠢᠬᠦ ᠬᠡᠷᠡᠭᠲᠡᠢ ᠶᠤᠮ ᠭᠡᠵᠦ ᠣᠢᠢᠯᠠᠭᠠᠳᠠᠭ᠃

ᠯᠤ᠊᠂ ᠮᠥᠩᠭᠡᠲᠥ᠋ᠷᠦ᠄ — ᠨᠢᠭᠤᠴᠠ ᠲᠣᠪᠴᠢᠶᠠᠨ ᠤ ᠴᠢᠮᠡᠭᠯᠡᠯ ᠢ ᠬᠢᠷᠢ ᠬᠤᠭᠤᠴᠠᠭᠠᠨ ᠳᠤ ᠭᠦᠢᠴᠡᠳᠬᠡᠭᠰᠡᠨ ᠪᠤᠢ⁈

ᠰᠠ᠊᠂ ᠲᠥᠷᠦᠪᠤᠷᠠᠮ᠄ — ᠪᠦᠲᠦᠭᠡᠯ ᠪᠦᠷᠢ ᠥᠪᠡᠷ ᠦᠨ ᠥᠩᠭᠡ ᠲᠥᠷᠬᠦ ᠴᠠᠭ ᠬᠤᠭᠤᠴᠠᠭ᠎ᠠ ᠪᠦᠲᠦᠭᠡᠯᠴᠢ ᠬᠦᠮᠦᠨ ᠦ ᠵᠠᠩ ᠠᠷᠠᠨᠰᠢᠨ᠂ ᠲᠤᠬᠠᠢ ᠶᠢᠨ ᠪᠦᠲᠦᠭᠡᠯᠴᠢ ᠶᠢᠨ ᠠᠮᠢᠳᠤᠷᠠᠯ ᠤᠨ ᠮᠥᠴᠡᠯᠭᠡ᠂ ᠬᠡᠮᠵᠢᠭᠦᠷ᠂ ᠰᠢᠯᠭᠠᠭᠤᠷ᠂ ᠲᠡᠦᠬᠡ ᠪᠣᠯᠵᠤ ᠦᠯᠡᠳᠡᠳᠡᠭ᠃ ᠲᠡᠢᠢᠮᠦ ᠡᠴᠡ ᠪᠦᠲᠦᠭᠡᠯᠴᠢ ᠬᠦᠮᠦᠨ ᠦ ᠬᠢᠭᠰᠡᠨ ᠪᠦᠲᠦᠭᠡᠯ ᠪᠦᠬᠦᠨ ᠥᠪᠡᠷ ᠦᠨ ᠲᠡᠦᠬᠡ ᠶᠢ ᠦᠭᠦᠯᠡᠳᠡᠭ ᠪᠠᠢᠢᠬ᠎ᠠ᠃ ᠮᠣᠩᠭᠤᠯ ᠳᠤ ᠴᠠᠭ ᠪᠠᠷᠢᠳᠠᠭ᠂ ᠶᠠᠭ ᠲᠠᠭ ᠭᠡᠳᠦᠨ ᠴᠠᠭ ᠲᠤ ᠠᠵᠢᠯ ᠢᠶᠠᠨ ᠬᠢᠬᠦ ᠶᠢ ᠠᠰᠠᠭᠤᠳᠠᠭ ᠬᠦᠮᠦᠰ ᠪᠠᠭ᠎ᠠ ᠪᠠᠢᠢᠳᠠᠭ ᠰᠢᠦ ᠳᠡ᠃ ᠴᠠᠭ ᠲᠠᠢ ᠥᠷᠢᠰᠦᠯᠳᠦᠵᠦ ᠰᠤᠷᠤᠨ᠎ᠠ ᠭᠡᠳᠡᠭ ᠪᠠᠰᠠᠯᠠ ᠠᠮᠢᠳᠤᠷᠠᠯ ᠤᠨ ᠮᠠᠰᠢ ᠲᠣᠮᠤ ᠰᠤᠷᠭᠠᠭᠤᠯᠢ᠂ ᠮᠠᠰᠢ ᠴᠢᠬᠤᠯᠠ ᠴᠢᠨᠠᠷ ᠶᠤᠮ᠃ ᠨᠠᠮᠠᠢᠢ ᠶᠠᠫᠣᠨ ᠳᠤ ᠦᠵᠡᠰᠬᠦᠯᠡᠩ ᠭᠠᠷᠭᠠᠵᠤ ᠶᠠᠪᠤᠬᠤ ᠳᠤ ᠶᠡᠬᠡᠩᠬᠢ ᠰᠤᠷᠪᠤᠯᠵᠢᠯᠠᠭᠴᠢ ᠨᠠᠷ 《ᠲᠠ ᠨᠢᠭᠡ ᠪᠦᠲᠦᠭᠡᠯ ᠢ ᠬᠡᠳᠦᠨ ᠴᠠᠭ ᠲᠤ ᠬᠢᠳᠡᠭ ᠪᠤᠢ⁈》 ᠭᠡᠵᠦ ᠶᠡᠬᠡ ᠠᠰᠠᠭᠤᠳᠠᠭ᠃ ᠪᠢ ᠴᠦ ᠥᠪᠡᠷ ᠢᠶᠡᠨ ᠴᠠᠭ ᠲᠠᠭᠠᠨ ᠴᠠᠭ ᠪᠠᠷᠢᠳᠠᠭ ᠦᠭᠡᠢ ᠮᠣᠩᠭᠤᠯ ᠪᠠᠢᠢᠭᠰᠠᠨ ᠤ ᠪᠠᠨ ᠬᠤᠪᠢ ᠳᠤ ᠲᠤᠬᠠᠢ ᠶᠢᠨ ᠦᠶ᠎ᠡ ᠳᠦ ᠲᠣᠳᠤᠷᠬᠠᠢ ᠶᠠᠭᠤᠮ᠎ᠠ ᠬᠡᠯᠡᠳᠡᠭ ᠦᠭᠡᠢ ᠪᠠᠢᠢᠯ᠎ᠠ᠃ ᠬᠠᠷᠢᠨ ᠣᠳᠤ ᠪᠣᠯ ᠪᠠᠭᠴᠠᠭᠠᠯᠠᠭᠠᠳ ᠬᠡᠯᠡᠬᠦ ᠯᠡ ᠪᠠᠢᠢᠬ᠎ᠠ᠃ ᠶᠡᠷᠦᠨᠢ ᠪᠣᠯ ᠶᠠᠮᠠᠷ ᠨᠢᠭᠡᠨ ᠳᠦᠷᠰᠦ ᠶᠢ ᠬᠠᠮᠤᠭ ᠤᠨ ᠬᠤᠷᠳᠤᠨ ᠳᠠᠭᠠᠨ 1 ᠮᠢᠨᠦ᠋ᠲᠠ ᠳᠤ ᠬᠢᠵᠦ ᠪᠣᠯᠬᠤ ᠪᠠᠢᠢᠬ᠎ᠠ᠃ ᠬᠠᠷᠢᠨ ᠮᠢᠨᠦ ᠰᠠᠨᠠᠵᠤ ᠪᠠᠢᠢᠭ᠎ᠠ ᠪᠠᠷ 2-3 ᠰᠠᠷ᠎ᠠ ᠠᠴᠠ 3-4 ᠵᠢᠯ ᠪᠣᠯᠤᠭᠰᠠᠨ᠂ ᠲᠡᠭᠦᠪᠡᠷ ᠴᠦ ᠵᠣᠭᠰᠤᠬᠤ ᠦᠭᠡᠢ ᠶᠡᠷᠦ ᠡᠴᠡᠭᠡᠨ ᠳᠠᠭᠤᠰᠤᠯ ᠦᠭᠡᠢ ᠣᠷᠬᠢᠭᠳᠠᠭᠰᠠᠨ ᠠᠵᠢᠯ ᠴᠤ ᠪᠠᠢᠢᠨ᠎ᠠ᠃ ᠪᠢ ᠥᠪᠡᠷ ᠢ ᠪᠡᠨ ᠥᠷᠦᠨ᠎ᠡ ᠊ ᠳᠣᠷᠤᠨ᠎ᠠ ᠶᠢᠨ ᠤᠷᠠᠯᠢᠭ ᠠᠴᠠ ᠠᠯᠢ ᠠᠯᠢᠨ ᠠᠴᠠ ᠲᠠᠪᠢ ᠲᠠᠪᠢᠨ ᠬᠤᠪᠢ ᠠᠪᠤᠭᠰᠠᠨ ᠭᠡᠵᠦ ᠪᠣᠳᠤᠳᠠᠭ᠃ ᠰᠤᠷᠬᠤ ᠭᠡᠳᠡᠭ ᠪᠣᠯ ᠦᠨᠡᠨ ᠳᠡᠭᠡᠨ ᠶᠡᠬᠡ ᠤᠳᠠᠭᠠᠨ᠂ ᠤᠢᠢᠳᠬᠠᠷᠲᠠᠢ ᠦᠢᠯᠡ ᠶᠠᠪᠤᠴᠠ ᠶᠤᠮ᠃ (ᠮᠡᠳᠡᠭᠡᠵᠢ ᠰᠠᠢᠢᠨ ᠥᠷᠢᠰᠦᠯᠳᠦᠭᠴᠢ ᠡᠰᠡᠪᠡᠯ ᠰᠠᠢᠢᠨ ᠪᠠᠭᠰᠢ ᠦᠭᠡᠢ ᠪᠣᠯ ᠪᠦᠷ ᠬᠡᠴᠡᠭᠦᠦ⁉) ᠬᠠᠷᠢᠨ ᠲᠡᠭᠦᠨ ᠦ ᠳᠠᠷᠠᠭ᠎ᠠ ᠠᠮᠢᠳᠤᠷᠠᠯ ᠤᠨ ᠰᠤᠷᠭᠠᠭᠤᠯᠢ ᠭᠡᠳᠡᠭ ᠲᠤᠬᠠᠢ ᠶᠢᠨ ᠬᠦᠮᠦᠨ ᠡᠴᠡ ᠥᠪᠡᠷ ᠡᠴᠡ ᠨᠢ ᠮᠠᠰᠢ ᠶᠡᠬᠡ ᠵᠦᠢᠯ ᠱᠠᠭᠠᠷᠳᠠᠳᠠᠭ ᠲᠤᠯᠠ ᠮᠢᠨᠤ ᠬᠤᠪᠢ ᠳᠤ᠂ ᠪᠢ ᠭᠡᠷ ᠦᠨ ᠢᠶᠡᠨ ᠨᠣᠮ ᠤᠨ ᠰᠠᠩ ᠠᠴᠠ ᠪᠠᠷᠤᠭ ᠰᠠᠯᠳᠠᠭ ᠦᠭᠡᠢ᠂ ᠪᠠᠢᠢᠩᠭᠤ ᠯᠠ ᠵᠢᠷᠤᠭ ᠲᠠᠢ ᠨᠣᠮ᠂ ᠣᠯᠠᠨ ᠤᠯᠤᠰ ᠤᠨ ᠦᠵᠡᠰᠬᠦᠯᠡᠩ ᠦᠳ ᠦᠨ ᠲᠠᠨᠢᠯᠴᠠᠭᠤᠯᠭ᠎ᠠ᠂ ᠣᠨᠤᠯ ᠤᠨ ᠪᠣᠯᠤᠨ ᠲᠡᠦᠬᠡ ᠶᠢᠨ ᠨᠣᠮ ᠤᠳ ᠢ ᠤᠩᠰᠢᠵᠤ ᠦᠵᠡᠩᠬᠡ ᠵᠠᠷᠢᠮ ᠨᠢᠭᠡᠨ ᠲᠣᠳᠤᠷᠬᠠᠢ ᠵᠢᠷᠤᠭ ᠢ ᠨᠢᠭᠡ ᠨᠢᠭᠡ ᠪᠡᠷ ᠨᠢ ᠪᠠᠢᠢᠩᠭᠤ ᠯᠠ ᠬᠠᠭᠤᠯᠪᠤᠷᠢ ᠬᠢᠵᠦ ᠥᠪᠡᠷ ᠦᠨ ᠢᠶᠡᠨ ᠭᠠᠷ ᠢ ᠳᠠᠰᠬᠠᠵᠤ᠂ ᠵᠢᠷᠤᠭᠠᠰᠤ ᠪᠠᠨ ᠰᠠᠢᠢᠵᠢᠷᠠᠭᠤᠯᠳᠠᠭ ᠪᠠᠢᠢᠯ᠎ᠠ᠃ ᠲᠡᠷᠡ ᠨᠣᠮ ᠳᠤᠮᠳᠠ ᠠᠴᠠ ᠪᠢ ᠥᠪᠡᠷ ᠦᠨ ᠪᠠᠭᠰᠢ ᠶᠢ᠂ ᠠᠨᠳᠠ ᠨᠠᠢᠢᠵᠠ ᠨᠠᠷ᠂ ᠪᠠᠰᠠ ᠥᠷᠢᠰᠦᠯᠳᠦᠭᠴᠢ ᠪᠡᠨ ᠴᠦ ᠣᠯᠤᠭᠰᠠᠨ ᠭᠡᠵᠦ ᠪᠣᠯᠤᠨ᠎ᠠ᠃ ᠮᠢᠨᠤ ᠤᠷᠠᠨ ᠪᠦᠲᠦᠭᠡᠯ ᠢ ᠬᠠᠮᠤᠭ ᠤᠨ ᠶᠡᠬᠡ ᠬᠤᠷᠴᠠᠯᠠᠵᠤ ᠥᠭᠭᠦᠭᠰᠡᠨ ᠬᠦᠮᠦᠰ ᠪᠣᠯ ᠹᠷᠠᠨ᠋ᠼᠠ ᠶᠢᠨ ᠵᠢᠷᠤᠭᠠᠰᠤᠨ ᠵᠢᠷᠤᠭ ᠤᠨ ᠶᠡᠬᠡ ᠮᠠᠰᠲ᠋ᠧᠷ ᠭᠦᠰᠲ᠋ᠠᠸ ᠳ᠋ᠣᠷᠧ᠂ ᠶᠠᠫᠣᠨ ᠤ ᠠᠯᠳᠠᠷᠲᠤ ᠥᠩᠭᠡᠲᠦ ᠮᠣᠳᠤᠨ ᠪᠠᠷ ᠤᠨ ᠮᠠᠰᠲ᠋ᠧᠷ ᠻᠠᠼᠦᠰᠢᠻᠠ ᠬᠣᠻᠦᠰᠠᠢ ᠬᠣᠶᠠᠷ ᠪᠠᠢᠢᠯ᠎ᠠ᠃ ᠮᠡᠳᠡᠭᠡᠵᠢ ᠪᠢ ᠥᠭᠡᠷ᠎ᠡ ᠪᠤᠰᠤᠳ ᠣᠯᠠᠨ ᠮᠤᠨᠳᠠᠭ ᠪᠦᠲᠦᠭᠡᠯᠴᠢᠳ ᠢ ᠨᠡᠷᠡᠯᠡᠵᠦ ᠪᠣᠯᠬᠤ ᠴᠤ ᠡᠨᠡ ᠬᠣᠶᠠᠷ ᠬᠦᠮᠦᠨ ᠦ ᠡᠷᠡᠰ ᠲᠡᠰ ᠠᠷᠭ᠎ᠠ ᠪᠠᠷᠢᠯ ᠨᠠᠮᠠᠢᠢ ᠤᠷᠠᠯᠢᠭ ᠤᠨ ᠳᠥᠷᠦ ᠲᠡᠢ ᠪᠦᠲᠦᠭᠡᠯᠴᠢ ᠰᠢᠭ ᠪᠦᠲᠦᠭᠡᠯᠴᠢ ᠪᠣᠯᠬᠤ ᠳᠤ ᠶᠠᠭᠤᠨ ᠠᠴᠠ ᠴᠤ ᠢᠯᠡᠭᠦᠦ ᠲᠡᠢ ᠨᠥᠯᠦᠭᠡᠯᠡᠵᠦ᠂ ᠤᠷᠠᠯᠢᠭ ᠤᠨ ᠬᠦᠮᠦᠨ ᠭᠡᠳᠡᠭ ᠶᠠᠮᠠᠷ ᠬᠠᠷᠢᠭᠤᠴᠠᠯᠭᠠᠲᠠᠢ᠂ ᠱᠠᠭᠠᠷᠳᠠᠯᠭᠠᠲᠠᠢ᠂ ᠵᠠᠷᠴᠢᠮ ᠲᠠᠢ᠂ ᠨᠢᠬᠠᠭᠤᠷ ᠨᠢᠮᠪᠠᠢ ᠪᠠᠢᠢᠬᠤ ᠶᠢ ᠣᠢᠢᠯᠠᠭᠠᠭᠤᠯᠤᠭᠰᠠᠨ ᠭᠡᠵᠦ ᠪᠣᠳᠤᠳᠠᠭ᠃

ᠯᠤ᠊᠂ ᠮᠥᠩᠭᠡᠲᠥ᠋ᠷᠦ᠄ — ᠲᠡᠦᠬᠡᠨ ᠰᠡᠳᠦᠪ ᠡᠴᠡ ᠭᠠᠳᠠᠨ᠎ᠠ ᠲᠠᠨ ᠤ ᠪᠦᠲᠦᠭᠡᠯ ᠳᠦ ᠳᠦᠷᠢ ᠶᠢᠨ ᠳ᠋ᠢᠽᠠᠢᠢᠨ᠂ ᠻᠣᠮᠢᠻᠰ (ᠵᠢᠷᠤᠭᠯᠠᠢ) ᠤᠨ ᠠᠷᠭ᠎ᠠ ᠠᠵᠢᠯᠯᠠᠭ᠎ᠠ᠂ ᠪᠠᠷᠢᠮᠠᠯ ᠤᠨ ᠤᠷᠠᠯᠢᠭ ᠤᠨ ᠨᠥᠯᠦᠭᠡ ᠶᠡᠬᠡ ᠲᠤᠰᠤᠭᠰᠠᠨ ᠰᠠᠨᠠᠭᠳᠠᠳᠠᠭ᠃ ᠡᠨᠡ ᠲᠠᠯ᠎ᠠ ᠪᠠᠷ ᠠᠰᠠᠭᠤᠶ᠎ᠠ᠃

ᠰᠠ᠊᠂ ᠲᠥᠷᠦᠪᠤᠷᠠᠮ᠄ — ᠪᠢ ᠥᠪᠡᠷ ᠢᠶᠡᠨ ᠴᠢᠮᠡᠭᠯᠡᠯ ᠦᠨ ᠪᠠᠷᠢᠮᠠᠯᠴᠢ ᠬᠦᠮᠦᠨ᠃ ᠠᠩᠬᠠᠨ ᠤ ᠪᠠᠨ ᠮᠡᠷᠭᠡᠵᠢᠯ ᠢᠶᠡᠷ ᠮᠠᠰᠢ ᠶᠡᠬᠡ ᠪᠠᠬᠠᠷᠬᠠᠳᠠᠭ᠂ ᠨᠠᠳᠤᠷ ᠡᠨᠡ ᠰᠠᠢᠢᠬᠠᠨ ᠮᠡᠷᠭᠡᠵᠢᠯ ᠢ ᠵᠢᠭᠠᠵᠤ ᠵᠥᠪᠯᠡᠵᠦ ᠪᠠᠢᠢᠭᠰᠠᠨ ᠮᠢᠨᠤ ᠠᠩᠬᠠᠨ ᠤ ᠪᠠᠭᠰᠢ ᠫ᠊᠂ ᠭᠠᠩᠪᠠᠲᠤ᠂ ᠭ᠊᠂ ᠰᠡᠷᠡᠢᠢᠲᠡᠷ᠂ ᠳ᠊᠂ ᠲᠦᠪᠳᠡᠨᠳᠣᠷᠵᠢ ᠪᠠᠭᠰᠢ ᠨᠠᠷ ᠲᠠᠭᠠᠨ ᠲᠠᠯᠠᠷᠬᠠᠵᠤ ᠶᠠᠪᠤᠳᠠᠭ ᠢᠶᠠᠨ ᠡᠨᠡ ᠳᠠᠰᠢᠷᠠᠮ ᠳᠤ ᠤᠯᠠᠮᠵᠢᠯᠠᠶ᠎ᠠ᠃

ᠠᠮᠧᠷᠢᠻᠠ ᠳᠤ ᠢᠷᠡᠭᠰᠡᠨ ᠡᠴᠡ ᠬᠣᠢᠢᠰᠢ ᠮᠢᠨᠤ ᠬᠢᠳᠡᠭ ᠵᠦᠢᠯ ᠲᠡᠢ ᠬᠠᠮᠤᠭ ᠤᠨ ᠣᠢᠢᠷ᠎ᠠ ᠲᠥᠰᠲᠡᠢ ᠤᠷᠠᠯᠢᠭ ᠤᠨ ᠲᠥᠷᠦᠯ ᠪᠣᠯᠤᠨ ᠤᠷᠠᠨ ᠪᠦᠲᠦᠭᠡᠯᠴᠢᠳ ᠪᠣᠯ ᠻᠣᠮᠢᠻᠰ ᠤᠨ ᠵᠢᠷᠤᠭᠠᠴᠢᠳ᠂ ᠻᠣᠮᠢᠻᠰ ᠤᠨ ᠶᠢᠷᠲᠢᠨᠴᠦ ᠪᠠᠢᠢᠯ᠎ᠠ᠃ ᠻᠣᠮᠢᠻᠰ ᠤᠨ ᠪᠦᠬᠦᠯᠢ ᠪᠦᠲᠦᠨ ᠦᠶ᠎ᠡ ᠶᠢ ᠳᠠᠮᠨᠠᠭᠰᠠᠨ᠂ ᠥᠪᠡᠷ ᠦᠨ ᠭᠡᠰᠡᠨ ᠥᠩᠭᠡ ᠲᠥᠷᠬᠦ ᠲᠡᠢ᠂ ᠭᠠᠢᠢᠬᠠᠯᠲᠠᠢ ᠠᠪᠢᠶᠠᠰ ᠪᠢᠯᠢᠭ ᠲᠡᠢ ᠵᠢᠷᠤᠭᠠᠴᠢ ᠨᠠᠷ ᠲᠠᠢ ᠲᠠᠨᠢᠯᠴᠠᠵᠤ ᠪᠠᠢᠢᠭᠰᠠᠨ᠃ ᠬᠠᠮᠤᠭ ᠤᠨ ᠰᠢᠨ᠎ᠡ ᠰᠡᠷᠭᠡᠭ᠂ ᠰᠣᠨᠢᠨ ᠰᠣᠳᠤᠨ ᠵᠦᠢᠯ ᠢ ᠪᠣᠳᠤᠵᠤ ᠰᠡᠳᠬᠢᠳᠡᠭ ᠶᠣᠰᠤᠲᠠᠢ ᠯᠠ ᠲᠡᠷᠢᠭᠦᠨ ᠡᠩᠨᠡᠭᠡᠨ ᠦ ᠳᠠᠢᠢᠴᠢᠳ ᠡᠨᠳᠡ ᠪᠠᠢᠢᠵᠤ᠂ ᠬᠦᠴᠦ ᠰᠣᠷᠢᠨ ᠠᠵᠢᠯᠯᠠᠵᠤ᠂ ᠲᠡᠷᠡ ᠬᠢᠷᠢ ᠪᠡᠷ ᠲᠡᠳᠡᠨ ᠦ ᠤᠷ᠎ᠠ ᠤᠬᠠᠭᠠᠨ᠂ ᠭᠠᠢᠢᠬᠠᠮ᠎ᠠ ᠴᠢᠳᠠᠪᠤᠷᠢ ᠶᠢ ᠪᠢᠰᠢᠷᠡᠨ ᠰᠢᠲᠦᠭᠴᠢᠳ ᠦᠨ ᠪᠦᠬᠦᠯᠢ ᠪᠦᠲᠦᠨ ᠨᠡᠢᠢᠭᠡᠮ ᠣᠷᠤᠰᠢᠨ ᠲᠣᠭᠲᠠᠨᠢᠳᠠᠭ ᠭᠡᠪᠡᠯ ᠬᠢᠯᠢᠰᠳᠡᠬᠦ ᠦᠭᠡᠢ᠃ ᠻᠣᠮᠢᠻᠰ ᠮᠣᠩᠭᠤᠯ ᠳᠤ ᠶᠡᠬᠡ ᠬᠣᠢᠢᠨ᠎ᠠ ᠣᠯᠠᠨ ᠨᠡᠢᠢᠲᠡ ᠶᠢᠨ ᠮᠡᠳᠡᠯᠭᠡ ᠪᠣᠯᠪᠠᠰᠤᠷᠠᠯ᠂ ᠰᠣᠶᠤᠯ ᠬᠦᠮᠦᠵᠢᠯ ᠦᠨ ᠰᠠᠯᠪᠤᠷᠢ ᠳᠤ ᠥᠪᠡᠷ ᠦᠨ ᠬᠡᠮᠵᠢᠶ᠎ᠡ ᠪᠡᠷ ᠬᠦᠴᠦᠲᠡᠢ ᠣᠷᠤᠵᠤ ᠢᠷᠡᠨ᠂ ᠬᠡᠦᠬᠡᠳ ᠪᠠᠭᠠᠴᠤᠳ ᠤᠨ ᠰᠡᠳᠬᠢᠯ ᠵᠢᠷᠦᠭᠡ ᠶᠢ ᠲᠠᠲᠠᠵᠤ ᠴᠢᠳᠠᠭᠰᠠᠨ᠂ ᠪᠠᠰᠠ ᠨᠢᠭᠡᠨ ᠰᠢᠨ᠎ᠡ ᠶᠢᠷᠲᠢᠨᠴᠦ ᠶᠢ ᠪᠤᠢ ᠪᠣᠯᠭᠠᠵᠤ ᠬᠡᠳᠦᠢᠢᠨ᠎ᠠ ᠠᠮᠵᠢᠵᠡᠢ᠃ ᠻᠣᠮᠢᠻᠰ ᠤᠨ ᠵᠢᠷᠤᠭᠠᠴᠢ ᠬᠦᠮᠦᠨ ᠶᠡᠬᠡᠩᠬᠢ ᠳᠡᠭᠡᠨ ᠻᠣᠮᠢᠻᠰ ᠤᠨ ᠵᠣᠬᠢᠶᠠᠯᠴᠢᠳ ᠪᠠᠢᠢᠬᠤ ᠨᠢ ᠶᠡᠬᠡ ᠡᠯᠪᠡᠭ᠂ ᠲᠡᠭᠦᠨ ᠡᠴᠡ ᠭᠠᠳᠠᠨ᠎ᠠ ᠻᠣᠮᠢᠻᠰ ᠤᠷᠤᠭᠤ ᠬᠥᠷᠪᠡᠬᠦ ᠳᠦ ᠤᠷᠠᠨ ᠵᠣᠬᠢᠶᠠᠯ ᠤᠨ ᠪᠦᠬᠦᠢᠢᠯᠡ ᠲᠥᠷᠦᠯ ᠰᠡᠳᠦᠪ ᠠᠭᠤᠯᠭ᠎ᠠ ᠲᠠᠢ ᠵᠣᠬᠢᠶᠠᠯ ᠢᠶᠠᠷ ᠠᠯᠢ ᠡᠷᠲᠡ ᠻᠣᠮᠢᠻᠰ ᠪᠣᠯᠭᠠᠴᠢᠬᠠᠭᠰᠠᠨ ᠪᠠᠢᠢᠨ᠎ᠠ ᠭᠡᠪᠡᠯ ᠪᠤᠷᠤᠭᠤᠳᠠᠬᠤ ᠦᠭᠡᠢ᠃ ᠻᠣᠮᠢᠻᠰ ᠢ ᠴᠠᠭᠠᠰᠤᠨ ᠳᠡᠭᠡᠷ᠎ᠡ ᠵᠢᠷᠤᠭᠳᠠᠭᠰᠠᠨ ᠻᠢᠨᠣ᠋ ᠭᠡᠵᠦ ᠣᠢᠢᠯᠠᠭᠠᠬᠤ ᠳᠤ ᠬᠠᠩᠭᠠᠯᠲᠠᠲᠠᠢ᠃ ᠨᠣᠮ ᠤᠨ ᠵᠢᠷᠤᠭ ᠠᠴᠠ ᠢᠯᠭᠠᠭᠠᠲᠠᠢ ᠨᠢ ᠭᠡᠪᠡᠯ ᠨᠣᠮ ᠤᠨ ᠵᠢᠷᠤᠭ ᠴᠢᠮᠡᠭ ᠵᠣᠬᠢᠶᠠᠯ ᠤᠨ ᠭᠣᠣᠯ ᠰᠠᠨᠠᠭ᠎ᠠ ᠶᠢ ᠴᠥᠭᠡᠨ ᠬᠡᠳᠦᠨ ᠳᠦᠷᠰᠦᠨ ᠳᠦ ᠪᠠᠭᠲᠠᠭᠠᠨ ᠤᠳᠬ᠎ᠠ ᠠᠭᠤᠯᠭ᠎ᠠ ᠲᠠᠢ ᠨᠢ ᠵᠣᠬᠢᠴᠠᠭᠤᠯᠳᠠᠭ ᠪᠣᠯ ᠻᠣᠮᠢᠻᠰ ᠵᠣᠬᠢᠶᠠᠯ ᠤᠨ ᠪᠦᠬᠦ ᠦᠢᠯᠡ ᠶᠠᠪᠤᠴᠠ ᠶᠢ ᠨᠢᠭᠡ ᠪᠦᠷᠢᠴᠡᠯᠡᠨ᠂ ᠪᠦᠷ ᠨᠠᠷᠢᠪᠴᠢᠯᠠᠨ ᠵᠢᠷᠤᠭᠯᠠᠨ ᠦᠵᠡᠭᠦᠯᠳᠡᠭ ᠢᠶᠡᠷ ᠢᠶᠡᠨ ᠨᠡᠯᠢᠶᠡᠳ ᠤᠢᠢᠭ᠎ᠠ ᠦᠭᠡᠢ ᠠᠵᠢᠯᠰᠠᠭ᠂ ᠬᠥᠳᠡᠯᠮᠦᠷᠢᠴᠢ ᠴᠢᠨᠠᠷ ᠱᠠᠭᠠᠷᠳᠠᠳᠠᠭ ᠲᠥᠷᠦᠯ ᠶᠤᠮ᠃ ᠬᠦᠮᠦᠨ ᠶᠠᠮᠠᠷ ᠴᠤ ᠵᠦᠢᠯ ᠢ ᠰᠤᠷᠴᠤ ᠪᠣᠯᠤᠨ᠎ᠠ᠂ ᠬᠠᠷᠢᠨ ᠨᠢᠭᠡᠨᠲᠡ ᠰᠣᠨᠢᠷᠬᠠᠵᠤ᠂ ᠰᠤᠳᠤᠯᠵᠤ᠂ ᠴᠠᠭ ᠵᠠᠪ ᠢᠶᠠᠨ ᠦᠷᠡᠭᠰᠡᠨ ᠪᠣᠯ ᠲᠡᠭᠦᠨ ᠳᠡᠭᠡᠷ᠎ᠡ ᠪᠡᠨ ᠨᠢᠭᠡᠨᠲᠡ ᠰᠠᠢᠢᠬᠠᠨ ᠵᠦᠢᠯ ᠢ ᠰᠤᠷᠴᠢᠬᠠᠭᠠᠳ ᠣᠭᠲᠤ ᠶᠠᠭᠤ ᠴᠤ ᠬᠢᠬᠦ ᠦᠭᠡᠢ ᠪᠠᠢᠢᠨ᠎ᠠ ᠭᠡᠳᠡᠭ ᠪᠣᠯ ᠪᠠᠰᠠ ᠬᠠᠷᠠᠮᠰᠠᠯᠲᠠᠢ᠃ ᠪᠢ ᠲᠡᠢᠢᠮᠦ ᠪᠣᠯᠬᠤᠷ ᠪᠠᠭ᠎ᠠ ᠭᠡᠯ ᠦᠭᠡᠢ ᠰᠤᠷᠤᠭᠰᠠᠨ ᠰᠠᠢᠢᠬᠠᠨ ᠵᠦᠢᠯ ᠢᠶᠡᠨ ᠮᠠᠷᠲᠠᠬᠤ ᠦᠭᠡᠢ ᠶᠤᠮ ᠰᠠᠨ ᠭᠡᠵᠦ ᠲᠤᠬᠠᠢ ᠲᠤᠬᠠᠢ ᠶᠢᠨ ᠮᠡᠷᠭᠡᠵᠢᠯ ᠦᠨ ᠲᠠᠯ᠎ᠠ ᠪᠠᠷ ᠬᠢ ᠰᠢᠨ᠎ᠡ ᠮᠡᠳᠡᠭᠡᠯᠡᠯ᠂ ᠰᠢᠨ᠎ᠡ ᠰᠣᠳᠤᠨ ᠪᠠᠭᠠᠵᠢ ᠵᠢᠮᠰᠡᠭ ᠬᠤᠳᠠᠯᠳᠤᠵᠤ ᠠᠪᠬᠤ᠂ ᠲᠤᠷᠰᠢᠬᠤ ᠶᠡᠬᠡ ᠳᠤᠷᠠᠲᠠᠢ⁉

ᠪᠢ ᠥᠪᠡᠷ ᠢᠶᠡᠨ ᠪᠠᠷᠢᠮᠠᠯ ᠤᠨ ᠬᠦᠮᠦᠨ ᠪᠣᠯᠬᠤ ᠪᠠᠷ ᠢᠶᠠᠨ ᠵᠠᠷᠢᠮ ᠳᠠᠭᠠᠨ ᠳᠦᠷᠰᠦ ᠶᠢ ᠸᠠᠭᠠᠷ ᠰᠠᠪᠠ ᠰᠢᠭ᠋ ᠶᠡᠬᠡ ᠪᠥᠭᠡᠷᠡᠩᠬᠡᠢ᠂ ᠪᠣᠨᠳᠤᠭᠤᠷ ᠪᠣᠯᠭᠠᠭᠠᠳ ᠪᠠᠢᠢᠳᠠᠭ ᠯᠠ ᠳᠠ᠂ ᠭᠡᠬᠦ ᠳᠡᠭᠡᠨ ᠶᠠᠮᠠᠷ ᠴᠤ ᠪᠦᠲᠦᠭᠡᠯᠴᠢ ᠥᠪᠡᠷ ᠲᠡᠢᠢᠭᠡᠨ ᠠᠳᠠᠯᠢ ᠬᠦᠮᠦᠨ ᠢ ᠳᠦᠷᠰᠦᠯᠡᠨ ᠵᠢᠷᠤᠭᠰᠠᠨ ᠪᠠᠢᠢᠳᠠᠭ ᠭᠡᠵᠦ ᠶᠠᠷᠢᠳᠠᠭ ᠨᠢ ᠴᠤ ᠪᠠᠰᠠ ᠣᠷᠤᠲᠠᠢ᠃ ᠨᠢᠭᠡᠨᠲᠡ ᠠᠷᠭ᠎ᠠ ᠪᠠᠷᠢᠯ ᠨᠢ ᠲᠣᠭᠲᠠᠭᠰᠠᠨ ᠤᠷᠠᠨ ᠪᠦᠲᠦᠭᠡᠯᠴᠢ ᠶᠢᠨ ᠪᠦᠲᠦᠭᠡᠯ ᠢ ᠰᠢᠭᠦᠨ ᠳ᠋ᠦᠩᠨᠡᠬᠦ ᠳᠦ᠂ ᠲᠡᠷᠡ ᠬᠦᠮᠦᠨ ᠦ ᠠᠷᠭ᠎ᠠ ᠪᠠᠷᠢᠯ ᠢ ᠰᠠᠢᠢᠨ ᠮᠡᠳᠡᠬᠦ ᠡᠴᠡ ᠭᠠᠳᠠᠨ᠎ᠠ ᠠᠮᠢᠳᠤᠷᠠᠯ ᠤᠨ ᠦᠶᠡᠴᠢᠯᠡᠯ ᠢ ᠨᠢ ᠮᠡᠳᠡᠬᠦ ᠦᠭᠡᠢ ᠪᠡᠷ ᠪᠣᠯᠬᠤ ᠦᠭᠡᠢ᠃ ᠤᠴᠢᠷ ᠨᠢ ᠵᠠᠷᠢᠮ ᠪᠦᠲᠦᠭᠡᠯᠴᠢᠳ ᠣᠭᠲᠤ ᠥᠭᠡᠷ᠎ᠡ ᠬᠦᠮᠦᠨ ᠰᠢᠭ᠋ ᠴᠦ ᠠᠷᠭ᠎ᠠ ᠠᠵᠢᠯᠯᠠᠭ᠎ᠠ ᠪᠠᠷ ᠬᠢᠭᠰᠡᠨ ᠪᠠᠢᠢᠬᠤ ᠲᠣᠬᠢᠶᠠᠯᠳᠤᠯ ᠶᠡᠬᠡ ᠨᠡᠢᠢᠲᠡᠯᠢᠭ ᠲᠣᠬᠢᠶᠠᠯᠳᠤᠳᠠᠭ᠃ ᠾᠧᠨᠷᠢ ᠮᠠᠲ᠋ᠢᠰᠰ ᠤᠨ ᠬᠡᠯᠡᠭᠰᠡᠨ᠄ 《ᠬᠠᠮᠤᠭ ᠤᠨ ᠰᠠᠢᠢᠬᠠᠨ ᠬᠡᠦᠬᠡᠨ ᠦ ᠲᠡᠭᠦᠰ ᠭᠠᠯᠪᠢᠷ ᠪᠣᠯ ᠭᠠᠯᠠᠭᠤᠨ ᠬᠦᠵᠦᠭᠦᠦ ᠲᠡᠢ ᠸᠠᠭᠠᠷ ᠶᠤᠮ》 ᠭᠡᠰᠡᠨ ᠦᠭᠡ ᠨᠠᠳᠤᠷ ᠶᠡᠬᠡ ᠣᠨᠤᠵᠤ᠂ ᠮᠡᠳᠡᠷᠡᠵᠦ ᠬᠡᠯᠡᠭᠰᠡᠨ ᠦᠭᠡ ᠰᠢᠭ ᠰᠠᠨᠠᠭᠳᠠᠳᠠᠭ᠃

ᠤᠷᠠᠨ ᠬᠠᠢᠢᠴᠢᠯᠠᠪᠤᠷᠢ (ᠴᠠᠭᠠᠰᠤᠨ ᠬᠠᠢᠢᠴᠢᠯᠠᠪᠤᠷᠢ᠂ ᠴᠠᠭᠠᠰᠤᠨ ᠪᠠᠷ) ᠪᠣᠯ ᠶᠠᠭᠠᠬᠢᠬᠤ ᠠᠷᠭ᠎ᠠ ᠦᠭᠡᠢ ᠮᠣᠩᠭᠤᠯ ᠤᠨ ᠠᠷᠠᠳ ᠲᠦᠮᠡᠨ ᠦ ᠣᠶᠤᠨ ᠰᠠᠨᠠᠭᠠᠨ ᠠᠴᠠ ᠤᠷᠭᠤᠨ ᠭᠠᠷᠤᠭᠰᠠᠨ ᠥᠨᠢ ᠡᠷᠲᠡᠨ ᠦ ᠤᠯᠠᠮᠵᠢᠯᠠᠯᠲᠤ ᠨᠡᠭᠦᠳᠡᠯᠴᠢᠳ ᠦᠨ ᠰᠣᠶᠤᠯ᠂ ᠠᠷᠠᠳ ᠤᠨ ᠭᠠᠷ ᠤᠷᠠᠯᠠᠯ ᠤᠨ ᠦᠨᠳᠦᠰᠦ ᠰᠠᠭᠤᠷᠢ ᠲᠠᠢ᠂ ᠥᠪᠡᠷ ᠦᠨ ᠭᠡᠰᠡᠨ ᠥᠪᠡᠷᠮᠢᠴᠡ ᠬᠡᠯᠡᠯᠭᠡ᠂ ᠥᠪᠡᠷᠮᠢᠴᠡ ᠠᠷᠭ᠎ᠠ ᠪᠠᠷᠢᠯ᠂ ᠪᠡᠯᠭᠡᠳᠡᠯ᠂ ᠤᠷ᠎ᠠ ᠴᠢᠳᠠᠪᠤᠷᠢ ᠶᠢᠨ ᠨᠠᠷᠢᠨ ᠮᠡᠳᠡᠷᠡᠮᠵᠢ ᠳᠡᠭᠡᠷ᠎ᠡ ᠲᠣᠭᠲᠠᠵᠤ ᠪᠠᠢᠢᠳᠠᠭ ᠮᠣᠩᠭᠤᠯ ᠤᠨ ᠳᠦᠷᠰᠦᠯᠡᠬᠦ ᠤᠷᠠᠯᠢᠭ ᠤᠨ ᠨᠢᠭᠡᠨ ᠰᠣᠳᠤᠨ ᠲᠥᠷᠦᠯ ᠶᠤᠮ ᠭᠡᠮᠡᠷ ᠪᠠᠢᠢᠨ᠎ᠠ᠃ ᠵᠠ ᠢᠩᠭᠢᠭᠡᠳ ᠰᠢᠨ᠎ᠡ ᠦᠶ᠎ᠡ ᠶᠢᠨ ᠮᠣᠩᠭᠤᠯ ᠤᠨ ᠳᠦᠷᠰᠦᠯᠡᠬᠦ ᠤᠷᠠᠯᠢᠭ ᠤᠨ ᠠᠯᠳᠠᠷ ᠰᠤᠤᠲᠠᠨ᠂ ᠠᠪᠢᠶᠠᠰ ᠪᠢᠯᠢᠭᠲᠡᠨ ᠨᠣᠭᠦᠳ ᠲᠦᠮᠡ ᠪᠤᠮ ᠪᠣᠯᠤᠨ ᠣᠯᠠᠰᠢᠷᠠᠬᠤ ᠪᠣᠯᠲᠤᠭᠠᠢ⁉ ᠤᠷᠠᠯᠢᠭ ᠤᠨ ᠲᠩᠷᠢ ᠳᠠᠨᠵᠢᠨ ᠪᠤᠷᠬᠠᠨ ᠤ ᠠᠯᠤᠬ᠎ᠠ ᠳᠥᠰᠢᠨ ᠦ ᠳᠠᠭᠤ ᠪᠦᠭᠦᠳᠡ ᠶᠢᠨ ᠴᠢᠬᠢ ᠰᠡᠳᠬᠢᠯ ᠳᠦ ᠰᠣᠨᠤᠰᠲᠠᠵᠤ᠂ ᠣᠩᠭᠤᠳ ᠰᠦᠷ ᠰᠦᠯᠳᠡ ᠶᠢ ᠨᠢ ᠤᠯᠠᠮ ᠪᠠᠳᠠᠷᠠᠭᠠᠬᠤ ᠪᠣᠯᠲᠤᠭᠠᠢ⁉ ᠭᠡᠵᠦ ᠢᠷᠦᠭᠡᠶ᠎ᠡ

ᠰᠠ᠊᠂ ᠲᠥᠷᠦᠪᠤᠷᠠᠮ ᠤᠨ ᠵᠠᠷᠢᠮ ᠪᠦᠲᠦᠭᠡᠯ ᠦᠳ



ᠬᠠᠪᠰᠤᠷᠤᠯᠲᠠ

* ᠠᠨ᠋ᠷᠢ ᠮᠠᠲ᠋ᠢᠰᠰ (Henri Matisse (1869-1954)) http://en.wikipedia.org/wiki/Henri_Matisse
* ᠠᠷᠠᠳ ᠤᠨ ᠠᠮᠠᠨ ᠵᠣᠬᠢᠶᠠᠯ
* ᠠᠷᠠᠰᠤᠨ ᠵᠣᠭᠤᠰ
* BIB (The Biennial of Illustration Bratislavia (BIB)) https://en.wikipedia.org/wiki/Biennial_of_Illustration_Bratislava
* ᠭᠦᠰᠲ᠋ᠠᠸ ᠳ᠋ᠣᠷᠧ https://en.wikipedia.org/wiki/Gustave_Doré
* ᠭᠡᠷ ᠦᠨ ᠨᠣᠮ ᠤᠨ ᠰᠠᠩ
* ᠵᠠᠯᠠᠭᠤᠴᠤᠳ ᠤᠨ ᠰᠣᠶᠤᠯ ᠤᠨ ᠣᠷᠳᠤᠨ
* ᠻᠠᠼᠦᠰᠢᠻᠠ ᠬᠣᠻᠦᠰᠠᠢ www.katsushikahokusai.org http://en.wikipedia.org/wiki/Hokusai‎
* ᠬᠢᠲᠠᠨ
* ᠯᠧᠣᠨᠠᠷᠳᠣ ᠳ᠋ᠠ ᠸᠢᠨ᠋ᠴᠢ
* ᠮᠣᠩᠭᠤᠯ ᠤᠨ ᠨᠢᠭᠤᠴᠠ ᠲᠣᠪᠴᠢᠶᠠᠨ
* ᠮᠣᠩᠭᠤᠯ ᠤᠨ ᠭᠠᠷ ᠤᠷᠠᠯᠠᠯ
* ᠮᠣᠩᠭᠤᠯ ᠤᠨ ᠨᠣᠮ ᠤᠨ ᠰᠣᠶᠤᠯ
* ᠮᠣᠩᠭᠤᠯ ᠤᠨ ᠨᠣᠮ ᠤᠨ ᠤᠷᠠᠯᠢᠭ
* ᠮᠡᠷᠭᠡᠵᠢᠯ ᠦᠨ ᠨᠡᠷ᠎ᠡ ᠲᠣᠮᠢᠶ᠎ᠠ
* ᠮᠢᠻᠧᠯᠠᠨ᠋ᠵᠧᠯᠣ
* ᠮᠣᠩᠭᠤᠯ ᠤᠯᠠᠮᠵᠢᠯᠠᠯ
* ᠮᠤᠤᠲᠤᠤ ᠴᠠᠭᠠᠰᠤ
* ᠨᠣᠶᠠᠨ ᠠᠭᠤᠯᠠ ᠶᠢᠨ ᠪᠤᠯᠠᠰᠢ
* ᠨᠣᠮ ᠴᠢᠮᠡᠭᠯᠡᠯ ᠦᠨ ᠤᠷᠠᠯᠢᠭ
* ᠨᠣᠮ ᠤᠨ ᠤᠷᠠᠯᠢᠭ
* ᠨᠡᠭᠦᠳᠡᠯᠴᠢᠳ ᠦᠨ ᠰᠣᠶᠤᠯ
* ᠨᠢᠮ᠋᠎ᠠ-ᠣᠰᠤᠷ ᠤᠨ ᠴᠦᠯᠲᠢᠮ
* ᠰᠣᠶᠤᠯ ᠤᠷᠠᠯᠢᠭ
* ᠲᠦᠷᠹᠠᠨ https://en.wikipedia.org/wiki/Turpan
* ᠲᠡᠭᠰᠢ ᠬᠡᠮ
* ᠦᠯᠢᠭᠡᠷ ᠳᠣᠮᠤᠭ ᠲᠤᠤᠯᠢᠰ
* ᠤᠷᠠᠨ ᠳᠠᠷᠬᠠᠨ
* ᠤᠷᠠᠨ ᠳᠠᠷᠬᠠᠴᠤᠤᠯ
* ᠾᠢᠦ᠋ᠩᠨᠦ ᠶᠢᠨ ᠰᠢᠷᠢᠮᠠᠯ ᠰᠢᠷᠢᠳᠡᠭ
* ᠬᠡ ᠤᠭᠠᠯᠵᠠ
* ᠬᠡᠲᠡ ᠪᠡᠯ
* ᠡᠷᠮᠢᠲ᠋ᠠᠵᠢ
* ᠡᠷᠲᠡᠨ ᠦ ᠵᠣᠭᠤᠰ
* ᠡᠲ᠋ᠢᠶᠧᠨ ᠰᠢᠯᠦᠧᠲ (Etienne de Silhouette (1709-1767)) https://en.wikipedia.org/wiki/Étienne_de_Silhouette
* ᠡᠬᠡ ᠵᠠᠭᠪᠤᠷ

No comments:

Post a Comment