Монгол бичгээ хэрэглэцгээе! Chrome, Internet Explorer, Safari хөтчөөр үзнэ үү!

Хакүхо “Тайхо аварга тэнгэрийн оронд баярлаж суугаа”

2014-11-24

ᠬᠠᠻᠦᠬᠣ᠋ 《ᠲᠠᠶᠢᠬᠣ᠋ ᠠᠪᠤᠷᠭᠤ ᠲᠩᠷᠢ ᠶᠢᠨ ᠣᠷᠤᠨ ᠳᠤ ᠪᠠᠶᠠᠷᠯᠠᠵᠤ ᠰᠠᠭᠤᠭ᠎ᠠ》



ᠮ᠊᠂ ᠰᠤᠭᠠᠷ-ᠡᠷᠳᠡᠨᠢ | ᠥᠨᠦᠳᠦᠷ ᠰᠣᠨᠢᠨ | 2014 ᠣᠨ ᠤ 11 ᠳᠦᠭᠡᠷ ᠰᠠᠷ᠎ᠠ ᠶᠢᠨ 24



ᠶᠠᠫᠣᠨ ᠤ ᠹᠦᠻᠦᠣᠻᠠ ᠬᠣᠲᠠᠨ᠎ᠠ ᠪᠣᠯᠤᠭᠰᠠᠨ ᠮᠡᠷᠭᠡᠵᠢᠯ ᠦᠨ ᠰᠦᠮᠣ ᠶᠢᠨ ᠻᠢᠶᠦ᠋ᠱᠢᠶᠦ᠋ ᠪᠠᠱᠢᠶᠣ᠋ ᠳᠤ ᠶᠡᠬᠡ ᠠᠪᠤᠷᠭᠤ ᠬᠠᠻᠦᠬᠣ᠋ ᠲᠦᠷᠦᠭᠦᠯᠡᠵᠦ᠂ ᠨᠠᠷᠠᠨ ᠤᠯᠤᠰ ᠤᠨ ᠳᠣᠮᠣᠭᠲᠤ ᠠᠪᠤᠷᠭᠤ ᠲᠠᠶᠢᠬᠣ᠎᠋ ᠶᠢᠨ32 ᠲᠦᠷᠦᠭᠦᠯᠡᠭᠰᠡᠨ ᠠᠮᠵᠢᠯᠲᠠ ᠶᠢ 43 ᠵᠢᠯ ᠦᠨ ᠳᠠᠷᠠᠭ᠎ᠠ ᠳᠠᠪᠲᠠᠨ᠂ ᠲᠡᠦᠬᠡᠨ ᠠᠮᠵᠢᠯᠲᠠ ᠲᠣᠭᠲᠠᠭᠠᠯ᠎ᠠ᠃

ᠬᠡᠨ ᠴᠤ ᠡᠪᠳᠡᠬᠦ ᠦᠭᠡᠢ᠂ ᠮᠥᠩᠬᠡ ᠶᠢᠨ ᠠᠮᠵᠢᠯᠲᠠ ᠬᠡᠮᠡᠨ ᠲᠣᠭᠠᠴᠠᠭᠳᠠᠵᠤ ᠪᠠᠶᠢᠭᠰᠠᠨ ᠡᠨᠡ ᠠᠮᠵᠢᠯᠲᠠ ᠶᠢ ᠲᠠᠯ᠎ᠠ ᠶᠢᠨ ᠮᠣᠩᠭᠣᠯ ᠣᠷᠣᠨ ᠤ ᠵᠠᠯᠠᠭᠤ ᠬᠦᠦ ᠳᠠᠪᠲᠠᠬᠤ ᠬᠤᠪᠢ ᠵᠣᠬᠢᠶᠠᠯ ᠲᠠᠢ ᠪᠠᠶᠢᠵᠠᠢ᠃ ᠣᠳᠤ ᠬᠠᠻᠦᠬᠣ᠋ ᠭᠠᠭᠴᠠᠬᠠᠨ ᠲᠦᠷᠦᠭᠦᠯᠡᠬᠦ ᠳᠦ ᠯᠠ ᠮᠡᠷᠭᠡᠵᠢᠯ ᠦᠨ ᠰᠦᠮᠣ ᠶᠢᠨ ᠤᠷᠲᠤ ᠤᠳᠠᠭᠠᠨ ᠲᠡᠦᠬᠡᠨ ᠳᠦ ᠨᠢᠭᠡ ᠳᠦ ᠪᠢᠴᠢᠭᠳᠡᠬᠦ ᠪᠣᠯᠤᠨ᠎ᠠ᠃ ᠲᠠᠶᠢᠬᠣ᠋ ᠠᠪᠤᠷᠭᠤ 32 ᠲᠦᠷᠦᠭᠦᠯᠡᠬᠦ ᠭᠡᠵᠦ 11 ᠵᠢᠯ ᠵᠠᠷᠤᠴᠠᠭᠤᠯᠤᠭᠰᠠᠨ ᠪᠣᠯ ᠬᠠᠻᠦᠬᠣ᠋ ᠨᠠᠶᠢᠮᠠᠨ ᠵᠢᠯ ᠦᠨ ᠳᠣᠲᠣᠷ᠎ᠠ ᠲᠡᠭᠦᠨ ᠢ ᠭᠦᠢᠴᠡᠭᠰᠡᠨ ᠪᠠᠶᠢᠨ᠎ᠠ᠃ ᠲᠦᠷᠦᠭᠦᠦ ᠪᠥᠬᠡ ᠶᠢᠨ ᠴᠣᠮᠤ ᠠᠪᠬᠤ ᠦᠶ᠎ᠡ ᠳᠡᠭᠡᠨ ᠬᠠᠻᠦᠬᠣ᠋ ᠲᠡᠰᠦᠯ ᠦᠭᠡᠢ ᠨᠢᠯᠪᠤᠰᠤ ᠤᠨᠠᠭᠠᠵᠤ ᠪᠠᠶᠢᠭᠰᠠᠨ ᠨᠢ ᠲᠡᠦᠬᠡᠨ ᠳᠦ ᠨᠡᠷ᠎ᠡ ᠪᠡᠨ ᠮᠥᠩᠬᠡᠯᠡᠭᠰᠡᠨ ᠡᠴᠡ ᠭᠠᠳᠠᠨ᠎ᠠ ᠲᠠᠶᠢᠬᠣ᠋ ᠠᠪᠤᠷᠭᠤ ᠶᠢ ᠳᠤᠷᠠᠰᠤᠨ ᠰᠠᠨᠠᠭᠰᠠᠨ ᠠᠴᠠ ᠪᠣᠯᠤᠭᠰᠠᠨ ᠪᠢᠵᠡ ᠡ᠃

ᠬᠠᠻᠦᠬᠣ᠋ 《ᠨᠠᠳᠤᠷ ᠭᠤᠷᠪᠠᠨ ᠠᠪᠤ ᠪᠤᠢ᠃ ᠲᠦᠷᠦᠭᠰᠡᠨ ᠠᠪᠤ ᠵᠢ᠊∙ ᠮᠥᠩᠬᠡᠪᠠᠲᠤ᠂ ᠥᠰᠬᠡᠨ ᠬᠦᠮᠦᠵᠢᠭᠦᠯᠦᠭᠰᠡᠨ ᠠᠪᠤ ᠮᠢᠶᠠᠭᠢᠨᠣ ᠣᠶᠠᠻᠠᠲ᠋ᠠ᠂ ᠶᠠᠫᠣᠨ ᠠᠪᠤ ᠲᠠᠶᠢᠬᠣ᠋ ᠠᠪᠤᠷᠭᠤ》 ᠭᠡᠵᠦ ᠦᠷᠭᠦᠯᠵᠢ ᠶᠠᠷᠢᠵᠤ᠂ ᠬᠡᠯᠡᠵᠦ ᠢᠷᠡᠭᠰᠡᠨ᠃ ᠲᠠᠶᠢᠬᠣ᠋ ᠠᠪᠤᠷᠭᠤ ᠴᠤ ᠬᠠᠻᠦᠬᠣ᠋ ᠶᠢ ᠬᠦᠦ ᠰᠢᠭ ᠢᠶᠡᠨ ᠦᠵᠡᠨ᠂ ᠬᠦᠨᠳᠦ ᠬᠡᠴᠡᠭᠦᠦ ᠦᠶ᠎ᠡ ᠳᠦ ᠲᠤᠰᠠᠯᠠᠮᠵᠢ ᠵᠥᠪᠯᠡᠭᠡ ᠥᠭᠳᠡᠭ ᠪᠠᠶᠢᠯ᠎ᠠ᠃ ᠮᠠᠭᠠᠳ ᠦᠭᠡᠢ ᠳᠣᠮᠣᠭᠲᠤ ᠠᠪᠤᠷᠭᠤ ᠥᠪᠡᠷ ᠦᠨ ᠲᠡᠦᠬᠡᠨ ᠠᠮᠵᠢᠯᠲᠠ ᠶᠢ ᠡᠨᠡ ᠵᠠᠯᠠᠭᠤ ᠯᠠ ᠡᠪᠳᠡᠨ᠎ᠡ ᠭᠡᠳᠡᠭ ᠢ ᠮᠡᠳᠡᠷᠡᠵᠦ᠂ ᠮᠡᠳᠡᠵᠦ ᠪᠠᠶᠢᠭᠰᠠᠨ ᠪᠢᠵᠡ᠃ ᠲᠠᠶᠢᠬᠣ᠋ ᠠᠪᠤᠷᠭᠤ 2013 ᠣᠨ ᠤ ᠨᠢᠭᠡᠳᠦᠭᠡᠷ ᠰᠠᠷ᠎ᠠ ᠳᠤ 72 ᠨᠠᠰᠤᠲᠠᠢ ᠳᠠᠭᠠᠨ ᠲᠩᠷᠢ ᠶᠢᠨ ᠣᠷᠣᠨ ᠳᠤ ᠣᠳᠤᠭᠰᠠᠨ᠃ ᠲᠡᠭᠦᠨ ᠢ ᠨᠠᠰᠤ ᠪᠠᠷᠬᠤ ᠠᠴᠠ ᠨᠢ ᠬᠣᠶᠠᠷᠬᠠᠨ ᠬᠣᠨᠣᠭ ᠤᠨ ᠡᠮᠦᠨ᠎ᠡ ᠬᠠᠻᠦᠬᠣ᠋ ᠡᠮᠨᠡᠯᠭᠡ ᠳᠦ ᠡᠷᠭᠢᠨ ᠣᠴᠢᠵᠤ᠂ ᠤᠳᠠᠭᠠᠨ ᠭᠡᠭᠴᠢ ᠨᠢ ᠶᠠᠷᠢᠯᠴᠠᠨ ᠰᠠᠭᠤᠭᠰᠠᠨ ᠪᠠᠶᠢᠳᠠᠭ᠃

ᠡᠨᠡ ᠦᠶ᠎ᠡ ᠳᠦ ᠲᠠᠶᠢᠬᠣ᠋ ᠠᠪᠤᠷᠭᠤ ᠬᠠᠻᠦᠬᠣ᠋ ᠳᠤ ᠥᠪᠡᠷ ᠦᠨ ᠲᠡᠦᠬᠡᠨ ᠠᠮᠵᠢᠯᠲᠠ ᠶᠢ ᠵᠠᠪᠠᠯ ᠰᠢᠨᠡᠴᠢᠯᠡᠨ ᠲᠣᠭᠲᠠᠭᠠᠭᠠᠷᠠᠢ ᠬᠡᠮᠡᠨ ᠵᠠᠬᠢᠭᠰᠠᠨ ᠭᠡᠳᠡᠭ᠃ ᠬᠠᠻᠦᠬᠣ᠋᠎ ᠶᠢᠨ ᠳᠡᠪᠵᠢᠶᠡᠨ ᠦ ᠨᠡᠷᠡᠨ ᠦ 《ᠬᠠ》 ᠬᠡᠮᠡᠬᠦ ᠬᠠᠨᠵᠢ ᠶᠢ ᠣᠶᠠᠻᠠᠲ᠋ᠠ ᠨᠢ ᠲᠠᠶᠢᠬᠣ᠋ ᠠᠪᠤᠷᠭᠤ ᠶᠢᠨ ᠨᠡᠷᠡᠨ ᠡᠴᠡ ᠠᠪᠴᠤ ᠲᠡᠭᠦᠨ ᠳᠦ ᠥᠭᠭᠦᠭᠰᠡᠨ ᠨᠢ ᠣᠳᠤ ᠪᠣᠳᠣᠬᠤ ᠳᠤ ᠪᠠᠰᠠ ᠪᠡᠯᠭᠡᠳᠡᠯ ᠲᠡᠢ ᠵᠦᠢᠯ ᠪᠠᠶᠢᠵᠠᠢ᠃

ᠻᠢᠶᠦ᠋ᠱᠢᠶᠦ᠋ ᠪᠠᠱᠢᠶᠣ᠋ ᠶᠢᠨ ᠡᠮᠦᠨ᠎ᠡ ᠬᠠᠻᠦᠬᠣ᠋ ᠰᠡᠳᠬᠦᠯᠴᠢᠳ ᠲᠦ 《ᠡᠨᠡ ᠲᠡᠮᠡᠴᠡᠭᠡᠨ ᠳᠦ ᠪᠢ ᠲᠠᠶᠢᠬᠣ᠋ ᠠᠪᠤᠷᠭᠤ ᠶᠢᠨ 32 ᠲᠦᠷᠦᠭᠦᠯᠡᠭᠰᠡᠨ ᠠᠮᠵᠢᠯᠲᠠ ᠲᠠᠢ ᠵᠡᠷᠭᠡᠴᠡᠬᠦ ᠶᠢᠨ ᠲᠥᠯᠥᠭᠡ ᠪᠠᠷᠢᠯᠳᠤᠨ᠎ᠠ᠃ ᠶᠡᠬᠡ ᠠᠪᠤᠷᠭᠤ ᠲᠠᠶᠢᠬᠣ᠋ ᠴᠤ ᠲᠩᠷᠢ ᠶᠢᠨ ᠣᠷᠣᠨ ᠠᠴᠠ ᠨᠠᠮᠠᠢ ᠬᠠᠷᠠᠨ᠂ 《ᠬᠦᠦ ᠮᠢᠨᠢ᠂ 32 ᠳᠠᠬᠢ ᠤᠳᠤᠭ᠎ᠠ ᠪᠠᠨ ᠲᠦᠷᠦᠭᠦᠯᠡᠨ᠎ᠡ ᠰᠢᠦ》 ᠭᠡᠵᠦ ᠳᠡᠮᠵᠢᠵᠦ ᠪᠠᠶᠢᠭ᠎ᠠ ᠨᠢ ᠭᠠᠷᠴᠠᠭ᠎ᠠ ᠦᠭᠡᠢ》 ᠬᠡᠮᠡᠨ ᠶᠠᠷᠢᠵᠤ ᠪᠠᠶᠢᠭᠰᠠᠨ ᠶᠤᠮ᠃

ᠰᠦᠮᠣ ᠶᠢᠨ ᠶᠢᠷᠲᠢᠨᠴᠦ ᠳᠦ ᠲᠤᠰᠠᠯᠠᠵᠤ ᠳᠡᠮᠵᠢᠵᠦ ᠶᠠᠪᠤᠭᠰᠠᠨ ᠪᠥᠬᠡ ᠪᠡᠨ ᠢᠯᠠᠬᠤ᠂ ᠡᠰᠡ ᠪᠥᠭᠡᠰᠦ ᠠᠮᠵᠢᠯᠲᠠ ᠶᠢ ᠨᠢ ᠳᠠᠪᠠᠨ ᠭᠠᠷᠬᠤ ᠳᠤ ᠠᠴᠢ ᠶᠢ ᠨᠢ ᠬᠠᠷᠢᠭᠤᠯᠵᠤ ᠪᠠᠶᠢᠨ᠎ᠠ ᠭᠡᠵᠦ ᠦᠵᠡᠳᠡᠭ᠃ ᠡᠶᠢᠨᠬᠦ ᠬᠠᠻᠦᠬᠣ᠋ ᠶᠠᠫᠣᠨ ᠠᠪᠤ ᠶᠢᠨ ᠢᠶᠠᠨ ᠠᠴᠢ ᠶᠢ ᠬᠠᠷᠢᠭᠤᠯᠠᠵᠤ᠂ ᠠᠮᠵᠢᠯᠲᠠ ᠶᠢ ᠨᠢ ᠳᠠᠪᠲᠠᠯ᠎ᠠ᠃ NHK ᠲᠧᠯᠧᠸᠢᠽ ᠦᠨ ᠲᠦᠷᠦᠭᠦᠯᠡᠭᠰᠡᠨ ᠪᠥᠬᠡ ᠶᠢᠨ ᠶᠠᠷᠢᠯᠴᠠᠯᠭ᠎ᠠ ᠳᠤ ᠬᠠᠻᠦᠬᠣ᠋ ᠮᠣᠩᠭᠣᠯ ᠢᠶᠠᠷ 《ᠮᠣᠩᠭᠣᠯ ᠳᠤ ᠪᠠᠶᠢᠭ᠎ᠠ ᠠᠪᠤ ᠡᠵᠢ᠂ ᠠᠷᠠᠳ ᠲᠦᠮᠡᠨ ᠳᠡᠭᠡᠨ ᠵᠣᠷᠢᠭᠤᠯᠤᠨ ᠦᠭᠡ ᠬᠡᠯᠡᠶ᠎ᠡ᠃ ᠪᠥᠷᠲᠥ ᠴᠢᠨᠤ᠎ᠠ᠂ ᠭᠣᠤ᠎ᠠ ᠮᠠᠷᠠᠯ ᠤᠨ ᠬᠦᠦ ᠪᠢ ᠬᠦᠨᠳᠦᠯᠡᠵᠦ᠂ ᠬᠠᠶᠢᠷᠠᠯᠠᠵᠤ ᠶᠠᠪᠤᠳᠠᠭ ᠶᠡᠬᠡ ᠠᠪᠤᠷᠭᠤ ᠲᠠᠶᠢᠬᠣ᠋ ᠶᠢᠨ 32 ᠲᠦᠷᠦᠭᠦᠯᠡᠭᠰᠡᠨ ᠠᠮᠵᠢᠯᠲᠠ ᠶᠢ ᠳᠠᠪᠲᠠᠵᠤ᠂ ᠠᠴᠢ ᠲᠤᠰᠠ ᠶᠢ ᠨᠢ ᠬᠠᠷᠢᠭᠤᠯᠤᠭᠰᠠᠨ ᠳᠠᠭᠠᠨ ᠪᠠᠶᠠᠷᠲᠠᠢ ᠪᠠᠶᠢᠨ᠎ᠠ᠃ ᠮᠣᠩᠭᠣᠯ ᠤᠨ ᠠᠷᠠᠳ ᠲᠦᠮᠡᠨ ᠬᠦᠴᠦᠲᠡᠢ ᠰᠢᠦ᠂ ᠡᠪᠲᠡᠢ ᠪᠠᠶᠢᠬᠤ ᠳᠠᠭᠠᠨ ᠶᠠᠭᠤᠨ ᠳᠤ ᠴᠤ ᠳᠡᠶᠢᠯᠦᠭᠳᠡᠬᠦ ᠦᠭᠡᠢ ᠭᠡᠳᠡᠭ ᠢ ᠬᠠᠷᠠᠭᠤᠯᠵᠤ ᠴᠢᠳᠠᠭᠰᠠᠨ ᠳᠠᠭᠠᠨ ᠪᠠᠶᠠᠷᠲᠠᠢ ᠪᠠᠶᠢᠨ᠎ᠠ》 ᠭᠡᠵᠦ ᠮᠡᠨᠳᠦᠴᠢᠯᠡᠭᠰᠡᠨ᠃

ᠬᠠᠻᠦᠬᠣ᠋ ᠴᠠᠭᠠᠰᠢᠳᠠ ᠪᠠᠨ ᠬᠡᠳᠦ ᠲᠦᠷᠦᠭᠦᠯᠡᠬᠦ ᠪᠣᠯ ᠭᠡᠳᠡᠭ ᠲᠠᠯ᠎ᠠ ᠪᠠᠷ ᠰᠦᠮᠣ ᠶᠢᠨ ᠬᠣᠯᠪᠣᠭᠠᠨ ᠤ ᠶᠡᠷᠦᠩᠬᠡᠶᠢᠯᠡᠭᠴᠢ ᠻᠢᠲ᠋ᠠᠨᠣᠦᠮᠢ 《ᠬᠠᠻᠦᠬᠣ᠋ ᠪᠡᠯᠡᠳᠬᠡᠯ ᠰᠠᠶᠢᠨ ᠬᠢᠳᠡᠭ ᠪᠣᠯᠬᠣᠷ ᠭᠡᠮᠲᠦᠳᠡᠭ ᠦᠭᠡᠢ᠃ ᠶᠣᠻᠣᠽᠦᠨᠠ ᠪᠣᠯᠤᠭᠰᠠᠨ ᠠᠴᠠᠭᠠᠨ ᠬᠣᠶᠢᠰᠢ ᠭᠠᠭᠴᠠ ᠴᠤ ᠲᠡᠮᠡᠴᠡᠭᠡᠨ ᠥᠨᠵᠢᠵᠦ ᠪᠠᠶᠢᠭᠠᠳᠤᠶ ᠪᠣᠯᠬᠣᠷ 40 ᠤᠳᠠᠭ᠎ᠠ ᠪᠣᠯ ᠲᠦᠷᠦᠭᠦᠯᠡᠬᠦ ᠪᠠᠶᠢᠬ᠎ᠠ᠃ ᠬᠠᠷᠦ᠋ᠮᠠᠹᠦᠵᠢ᠂ ᠻᠠᠻᠦᠷᠶᠦ᠋ ᠭᠡᠰᠡᠨ ᠬᠣᠶᠠᠷ ᠠᠪᠤᠷᠭᠤ ᠭᠠᠷᠴᠤ ᠢᠷᠡᠭᠰᠡᠨ ᠴᠤ ᠬᠠᠻᠥᠬᠣ᠋ ᠶᠢᠨ ᠦᠶ᠎ᠡ ᠦᠷᠭᠦᠯᠵᠢᠯᠡᠭᠰᠡᠭᠡᠷ ᠯᠠ ᠪᠠᠶᠢᠨ᠎ᠠ》 ᠭᠡᠵᠦ ᠬᠡᠯᠡᠭᠰᠡᠨ ᠪᠣᠯ ᠶᠣᠻᠣᠽᠦᠨᠠ ᠠᠰᠠᠨ ᠻᠢᠲ᠋ᠠᠨᠣᠦᠮᠢ 《ᠳᠣᠭᠣᠳᠤ ᠲᠠᠯ᠎ᠠ ᠨᠢ 40 ᠲᠦᠷᠦᠭᠦᠯᠡᠨ᠎ᠡ᠃ ᠲᠡᠭᠦᠨ ᠢ ᠵᠣᠭᠰᠣᠭᠠᠬᠤ ᠪᠥᠬᠡ ᠠᠪᠤᠷᠭᠤ᠂ ᠠᠷᠰᠯᠠᠨ ᠨᠤᠭᠤᠳ ᠳᠤᠮᠳᠠ ᠠᠯᠠᠭ᠎ᠠ᠃ ᠬᠠᠷᠢᠨ ᠢᠴᠢᠨᠣᠵᠢᠶᠣ᠋᠂ ᠲᠧᠷᠦ᠋ᠨᠣᠹᠦᠵᠢ ᠭᠡᠰᠡᠨ ᠰᠢᠨ᠎ᠡ ᠮᠣᠩᠭᠣᠯ ᠵᠠᠯᠠᠭᠤᠴᠤᠳ ᠮᠠᠭᠠᠳ ᠦᠭᠡᠢ ᠶᠤᠮ》 ᠭᠡᠵᠦ ᠶᠠᠷᠢᠭᠰᠠᠨ ᠪᠠᠶᠢᠨ᠎ᠠ᠃

ᠮᠣᠩᠭᠣᠯ ᠤᠨ ᠪᠤᠰᠤᠳ ᠪᠥᠬᠡᠴᠦᠳ ᠴᠤ ᠡᠨᠡ ᠲᠡᠮᠡᠴᠡᠭᠡᠨ ᠳᠦ ᠰᠠᠶᠢᠨ ᠪᠠᠷᠢᠯᠳᠤᠭᠰᠠᠨ᠃ ᠮᠣᠩᠭᠣᠯ ᠤᠨ ᠰᠦᠮᠣ ᠶᠢᠨ ᠠᠯᠲᠠᠨ ᠬᠠᠷᠢᠶᠠᠴᠠᠢ ᠻᠢᠶᠣᠻᠦᠲᠧᠩᠬᠣ᠋ ᠻᠢᠶᠦ᠋ᠱᠢᠶᠦ᠋ ᠪᠠᠱᠢᠶᠣ᠋ ᠳᠤ 10 ᠢᠯᠠᠵᠤ᠂ ᠳᠡᠭᠡᠳᠦ ᠵᠢᠨᠳᠠ ᠳᠤ 50 ᠬᠤᠪᠢ ᠶᠢᠨ ᠠᠮᠵᠢᠯᠲᠠ ᠦᠵᠡᠭᠦᠯᠦᠭᠰᠡᠨ ᠬᠠᠮᠤᠭ ᠤᠨ 《ᠬᠥᠭᠰᠢᠨ》 ᠪᠥᠬᠡ ᠶᠢᠨ ᠠᠮᠵᠢᠯᠲᠠ ᠶᠢ ᠰᠢᠨᠡᠴᠢᠯᠡᠨ ᠲᠣᠭᠲᠠᠭᠠᠯ᠎ᠠ᠃ 40 ᠨᠠᠰᠤ ᠬᠣᠶᠠᠷ ᠰᠠᠷ᠎ᠠ ᠳᠥᠷᠪᠡ ᠬᠣᠨᠣᠭ ᠲᠠᠢ ᠳᠠᠭᠠᠨ ᠳᠡᠭᠡᠳᠦ ᠵᠢᠨᠳᠠ ᠳᠤ 50 ᠬᠤᠪᠢ ᠶᠢᠨ ᠠᠮᠵᠢᠯᠲᠠ ᠪᠠᠨ ᠬᠢᠭᠰᠡᠨ ᠻᠢᠶᠣᠻᠦᠲᠧᠩᠬᠣ᠋ ᠥᠩᠭᠡᠷᠡᠭᠰᠡᠨ ᠵᠠᠭᠤᠨ ᠳᠤ ᠪᠠᠷᠢᠯᠳᠤᠵᠤ ᠪᠠᠶᠢᠭᠰᠠᠨ ᠨᠣᠱᠢᠷᠣᠭᠠᠲ᠋ᠠ ᠶᠢᠨ 1935 ᠣᠨ ᠤ ᠵᠤᠨ ᠤ ᠲᠡᠮᠡᠴᠡᠭᠡᠨ ᠳᠦ ᠳᠡᠭᠡᠳᠦ ᠵᠢᠨᠳᠠ ᠳᠤ 40 ᠨᠠᠰᠤ ᠨᠢᠭᠡ ᠰᠠᠷ᠎ᠠ 15 ᠬᠣᠨᠣᠭ ᠲᠠᠢ ᠳᠠᠭᠠᠨ 50 ᠬᠤᠪᠢ ᠶᠢᠨ ᠠᠮᠵᠢᠯᠲᠠ ᠭᠠᠷᠭᠠᠭᠰᠠᠨ ᠲᠡᠭᠦᠨ ᠢ ᠡᠪᠳᠡᠭᠰᠡᠨ᠃ ᠮᠥᠨ ᠡᠨᠡ ᠲᠡᠮᠡᠴᠡᠭᠡᠨ ᠦ ᠻᠠᠨ᠋ᠲᠣᠱᠢᠶᠣ᠋ ᠪᠤᠶᠤ ᠳᠠᠶᠢᠴᠢᠨ ᠪᠠᠷᠢᠯᠳᠤᠭᠠᠨ ᠤ ᠱᠠᠩᠨᠠᠯ ᠬᠦᠷᠲᠡᠯ᠎ᠡ᠃

40 ᠨᠠᠰᠤᠲᠠᠢ ᠳᠠᠭᠠᠨ ᠲᠤᠰᠬᠠᠢ ᠱᠠᠩᠨᠠᠯ ᠠᠪᠴᠤ ᠪᠠᠶᠢᠭ᠎ᠠ ᠨᠢ ᠪᠠᠰᠠ ᠨᠢᠭᠡᠨ ᠳᠡᠭᠡᠳᠦ ᠠᠮᠵᠢᠯᠲᠠ ᠶᠤᠮ᠃ ᠰᠢᠨ᠎ᠡ ᠰᠧᠻᠢᠸᠠᠻᠧ ᠢᠴᠢᠨᠣᠵᠢᠶᠣ᠋ 50 ᠬᠤᠪᠢ ᠶᠢᠨ ᠠᠮᠵᠢᠯᠲᠠ ᠪᠠᠨ ᠦᠵᠡᠭᠦᠯᠵᠦ᠂ ᠢᠷᠡᠬᠦ ᠵᠢᠯ ᠡᠴᠡ ᠣᠽᠧᠻᠢ ᠪᠣᠯᠬᠤ ᠰᠢᠨ᠎ᠡ ᠵᠣᠷᠢᠯᠲᠠ ᠲᠠᠢ ᠪᠣᠯᠤᠭᠰᠠᠨ ᠪᠣᠯ ᠵᠢᠶᠦ᠋ᠷᠢᠶᠣ᠋ ᠵᠢᠨᠳᠠ ᠳᠤ ᠲᠣᠻᠢᠲᠧᠩᠻᠦ᠋ 12 ᠢᠯᠠᠵᠤ᠂ ᠲᠦᠷᠦᠭᠦᠯᠡᠯ᠎ᠡ

No comments:

Post a Comment