Монгол бичгээ хэрэглэцгээе! Chrome, Internet Explorer, Safari хөтчөөр үзнэ үү!

"Говь шанхын нутаг" дууны үг

2014-11-30

ᠭᠣᠪᠢ ᠱᠠᠩᠬᠤ ᠶᠢᠨ ᠨᠤᠲᠤᠭ


ᠥᠭᠡ᠄ ᠨ᠊᠂ᠪᠠᠶᠠᠨᠮᠦ᠋ᠩᠭᠡ
ᠠᠶ᠎ᠠ᠄ ᠲ᠊᠂ᠰᠡᠷᠣᠳ
ᠳᠠᠭᠤᠴᠢᠨ᠄ ᠮᠣᠩᠭᠤᠯ ᠤᠯᠤᠰ ᠤᠨ ᠰᠣᠶᠤᠯ ᠤᠨ ᠲᠡᠷᠢᠭᠦᠨ ᠦ ᠠᠵᠢᠯᠲᠠᠨ ᠲ᠊᠂ᠪᠠᠲᠤᠰᠠᠢᠢᠬᠠᠨ




ᠤᠨᠠᠭᠠᠨ ᠬᠦᠯᠦᠭ ᠨᠢ ᠭᠠᠵᠠᠷ ᠢᠶᠠᠨ ᠦᠨᠦᠷᠯᠡᠨ ᠭᠦᠶᠦᠵᠦ ᠯᠠ ᠢᠷᠡᠳᠡᠭ ᠡᠬᠡ ᠨᠤᠲᠤᠭ ᠮᠢᠨᠢ
ᠤᠳᠤᠮᠲᠤ ᠬᠥᠪᠡᠭᠦᠳ ᠨᠢ ᠨᠢᠳᠦ ᠪᠡᠨ ᠴᠤ ᠴᠠᠪᠴᠢᠯ ᠦᠭᠡᠢ ᠮᠠᠨᠠᠭᠰᠠᠨ ᠬᠥᠬᠡ ᠲᠩᠷᠢ ᠮᠢᠨᠢ
ᠡᠴᠢᠭᠡ ᠳᠡᠭᠡᠳᠦᠰ ᠡᠴᠡ ᠬᠦᠢ ᠶᠢᠨ ᠬᠣᠯᠪᠣᠭ᠎ᠠ ᠲᠠᠢ ᠡᠷᠳᠡᠨᠢ ᠶᠢᠨ ᠥᠯᠥᠭᠡᠢ ᠮᠢᠨᠢ
ᠡᠨᠡ ᠯᠠ ᠨᠠᠰᠤᠨ ᠳᠤ ᠭᠠᠭᠴᠠᠬᠠᠨ ᠵᠠᠶᠠᠭᠠᠭᠰᠠᠨ ᠲᠦᠷᠦᠭᠰᠡᠨ ᠨᠤᠲᠤᠭ ᠮᠢᠨᠢ

ᠬᠤᠯᠠᠨ ᠤ ᠤᠨᠠᠭ᠎ᠠ ᠨᠢ ᠪᠣᠰᠤᠭ᠎ᠠ ᠲᠥᠷᠦᠭᠡᠳ ᠵᠡᠷᠭᠡᠯᠭᠡᠨ ᠳᠦ ᠲᠣᠭᠯᠠᠭᠰᠠᠨ ᠡᠬᠡ ᠨᠤᠲᠤᠭ ᠮᠢᠨᠢ
ᠬᠤᠷᠳᠤᠨ ᠬᠦᠯᠦᠭ ᠦᠳ ᠨᠢ ᠳᠣᠮᠣᠭ ᠤᠨ ᠰᠠᠯᠬᠢᠨ ᠠᠴᠠ ᠢᠨᠴᠠᠭᠠᠬᠤ ᠬᠣᠷᠯᠤ ᠲᠣᠭᠤᠨᠤᠲᠤ ᠮᠢᠨᠢ
ᠦᠷ᠎ᠡ ᠠᠴᠢ ᠳᠠᠭᠠᠨ ᠥᠪᠯᠡᠭᠦᠯᠵᠦ ᠦᠯᠡᠳᠡᠭᠡᠬᠦ ᠭᠠᠵᠠᠷ ᠰᠢᠷᠣᠢ ᠮᠢᠨᠢ
ᠦᠷᠭᠦᠯᠵᠢ ᠮᠥᠩᠬᠡ ᠶᠢᠨ ᠰᠡᠳᠬᠢᠯ ᠳᠦ ᠤᠶᠠᠭ᠎ᠠ ᠲᠠᠢ ᠲᠦᠷᠦᠭᠰᠡᠨ ᠨᠤᠲᠤᠭ ᠮᠢᠨᠢ

ᠤᠷᠲᠤ ᠶᠢᠨ ᠳᠠᠭᠤᠨ ᠤ ᠰᠢᠷᠤᠩᠬᠠᠢ ᠮᠣᠷᠢᠨ ᠬᠤᠭᠤᠷ ᠤᠨ ᠡᠭᠡᠰᠢᠭ ᠲᠡᠢ
ᠤᠶᠠᠩᠭᠠᠲᠤ ᠭᠢᠢᠩᠭᠣᠣ ᠡᠭᠡᠰᠢᠭᠯᠡᠵᠦ ᠠᠷᠭᠠᠮᠠᠭ ᠦᠦᠷᠰᠡᠬᠦ ᠬᠡᠶᠢᠮᠣᠷᠢ ᠲᠠᠢ
ᠢᠩᠭᠡᠨ ᠪᠤᠶᠢᠯᠠᠭᠠᠨ ᠨᠢ ᠭᠡᠭᠢᠯᠵᠡᠵᠦ ᠡᠵᠢ ᠳᠡᠭᠡᠨ ᠯᠠ ᠶᠠᠭᠠᠷᠠᠭᠰᠠᠨ ᠰᠡᠳᠬᠢᠯ ᠲᠡᠢ
ᠶᠡᠬᠡ ᠯᠠ ᠴᠢᠨᠠᠳᠤ ᠶᠢᠨ ᠠᠯᠤᠰ ᠠᠴᠠ ᠴᠢᠭᠢ ᠢᠷᠡᠵᠦ ᠯᠠ ᠰᠠᠭᠤᠬᠤ ᠶᠢᠨ ᠬᠦᠰᠡᠯᠡᠩ ᠲᠡᠢ
ᠭᠣᠪᠢ ᠱᠠᠩᠬᠤ ᠶᠢᠨ ᠨᠤᠲᠤᠭ ᠳ᠋ᠠ ᠡᠨᠡ ᠮᠢᠨᠦ ᠯᠠ ᠨᠤᠲᠤᠭ ᠡ

ᠣᠨᠣᠵᠤ ᠲᠦᠷᠦᠭᠰᠡᠨ ᠵᠠᠶᠠᠭᠠᠨ ᠳᠠᠭᠠᠨ ᠪᠠᠬᠠᠷᠬᠠᠨ ᠨᠠᠰᠤ ᠪᠠᠷ ᠢᠶᠠᠨ ᠳᠠᠭᠤᠯᠠᠬᠤ ᠡᠬᠡ ᠣᠷᠣᠨ ᠮᠢᠨᠢ
ᠣᠩᠭᠣᠨ ᠲᠠᠯ᠎ᠠ ᠪᠠᠷ ᠢᠶᠠᠨ ᠰᠠᠯᠬᠢ ᠲᠠᠲᠠᠭᠤᠯᠤᠨ ᠳᠠᠪᠬᠢᠬᠤ ᠭᠡᠭᠡᠨ ᠬᠦᠰᠡᠯ ᠮᠢᠨᠢ
ᠭᠤᠷᠪᠠᠨ ᠴᠠᠭ ᠤᠨ ᠲᠡᠭᠰᠢ ᠵᠢᠷᠭᠠᠯᠠᠩᠲᠠᠢ ᠮᠥᠷᠥᠭᠡᠳᠦᠯ ᠦᠨ ᠳ᠋ᠢᠸᠠᠵᠠᠨ ᠮᠢᠨᠢ
ᠭᠤᠳᠤᠶᠢᠬᠤ ᠦᠭᠡᠢ ᠳᠡᠭᠡᠳᠦᠰ ᠦᠨ ᠴᠠᠳᠢᠭ ᠲᠠᠢ ᠲᠦᠷᠦᠭᠰᠡᠨ ᠨᠤᠲᠤᠭ ᠮᠢᠨᠢ

ᠤᠷᠲᠤ ᠶᠢᠨ ᠳᠠᠭᠤᠨ ᠤ ᠰᠢᠷᠤᠩᠬᠠᠢ ᠮᠣᠷᠢᠨ ᠬᠤᠭᠤᠷ ᠤᠨ ᠡᠭᠡᠰᠢᠭ ᠲᠡᠢ
ᠤᠶᠠᠩᠭᠠᠲᠤ ᠭᠢᠢᠩᠭᠣᠣ ᠡᠭᠡᠰᠢᠭᠯᠡᠵᠦ ᠠᠷᠭᠠᠮᠠᠭ ᠦᠦᠷᠰᠡᠬᠦ ᠬᠡᠶᠢᠮᠣᠷᠢ ᠲᠠᠢ
ᠢᠩᠭᠡᠨ ᠪᠤᠶᠢᠯᠠᠭᠠᠨ ᠨᠢ ᠭᠡᠭᠢᠯᠵᠡᠵᠦ ᠡᠵᠢ ᠳᠡᠭᠡᠨ ᠯᠠ ᠶᠠᠭᠠᠷᠠᠭᠰᠠᠨ ᠰᠡᠳᠬᠢᠯ ᠲᠡᠢ
ᠶᠡᠬᠡ ᠯᠠ ᠴᠢᠨᠠᠳᠤ ᠶᠢᠨ ᠠᠯᠤᠰ ᠠᠴᠠ ᠴᠢᠭᠢ ᠢᠷᠡᠵᠦ ᠯᠠ ᠰᠠᠭᠤᠬᠤ ᠶᠢᠨ ᠬᠦᠰᠡᠯᠡᠩ ᠲᠡᠢ
ᠭᠣᠪᠢ ᠱᠠᠩᠬᠤ ᠶᠢᠨ ᠨᠤᠲᠤᠭ ᠳ᠋ᠠ ᠡᠨᠡ ᠮᠢᠨᠦ ᠯᠠ ᠨᠤᠲᠤᠭ ᠡ

ᠤᠷᠲᠤ ᠶᠢᠨ ᠳᠠᠭᠤᠨ ᠤ ᠰᠢᠷᠤᠩᠬᠠᠢ ᠮᠣᠷᠢᠨ ᠬᠤᠭᠤᠷ ᠤᠨ ᠡᠭᠡᠰᠢᠭ ᠲᠡᠢ
ᠤᠶᠠᠩᠭᠠᠲᠤ ᠭᠢᠢᠩᠭᠣᠣ ᠡᠭᠡᠰᠢᠭᠯᠡᠵᠦ ᠠᠷᠭᠠᠮᠠᠭ ᠦᠦᠷᠰᠡᠬᠦ ᠬᠡᠶᠢᠮᠣᠷᠢ ᠲᠠᠢ
ᠢᠩᠭᠡᠨ ᠪᠤᠶᠢᠯᠠᠭᠠᠨ ᠨᠢ ᠭᠡᠭᠢᠯᠵᠡᠵᠦ ᠡᠵᠢ ᠳᠡᠭᠡᠨ ᠯᠠ ᠶᠠᠭᠠᠷᠠᠭᠰᠠᠨ ᠰᠡᠳᠬᠢᠯ ᠲᠡᠢ
ᠶᠡᠬᠡ ᠯᠠ ᠴᠢᠨᠠᠳᠤ ᠶᠢᠨ ᠠᠯᠤᠰ ᠠᠴᠠ ᠴᠢᠭᠢ ᠢᠷᠡᠵᠦ ᠯᠠ ᠰᠠᠭᠤᠬᠤ ᠶᠢᠨ ᠬᠦᠰᠡᠯᠡᠩ ᠲᠡᠢ
ᠭᠣᠪᠢ ᠱᠠᠩᠬᠤ ᠶᠢᠨ ᠨᠤᠲᠤᠭ ᠳ᠋ᠠ ᠡᠨᠡ ᠮᠢᠨᠦ ᠯᠠ ᠨᠤᠲᠤᠭ ᠡ









No comments:

Post a Comment