Монгол бичгээ хэрэглэцгээе! Chrome, Internet Explorer, Safari хөтчөөр үзнэ үү!

Еврейн нууц

2014-11-04

ᠧᠦᠷᠧᠶ ᠶᠢᠨ ᠨᠢᠭᠤᠴᠠ



ᠥ᠊᠂ ᠭᠠᠩᠵᠣᠷᠢᠭ | ganzorigulziibayar.blogspot.com | 2014 ᠣᠨ ᠤ 5 ᠳᠤᠭᠠᠷ ᠰᠠᠷᠠᠠ ᠶᠢᠨ 10



ᠪᠢ ᠶᠠᠭᠤᠨ ᠤ ᠡᠮᠦᠨᠡᠡ ᠧᠦᠷᠧᠶ ᠰᠤᠳᠤᠯᠤᠭᠠᠴᠢ ᠪᠢᠰᠢ ᠭᠡᠳᠡᠭ ᠢᠶᠡᠨ ᠮᠡᠳᠡᠭᠳᠡᠶᠡᠡ᠃ ᠮᠥᠨ ᠪᠢ ᠶᠠᠮᠠᠷ ᠴᠤ ᠬᠤᠤᠪᠢᠯᠳᠤᠭᠠᠨ ᠤ ᠣᠨᠤᠯ ᠳᠤ ᠢᠲᠡᠭᠡᠳᠡᠭ ᠦᠭᠡᠶ᠃ ᠲᠤᠬᠠᠶᠢᠯᠠᠪᠠᠯ᠂ ᠧᠦᠷᠧᠶ ᠨᠠᠷ ᠨᠢᠭᠤᠴᠠ ᠪᠠᠷ ᠳᠡᠯᠡᠬᠡᠶ ᠶᠢ ᠤᠳᠤᠷᠢᠳᠴᠤ ᠪᠠᠶᠢᠳᠠᠭ ᠭᠡᠳᠡᠭ ᠲᠦ ᠪᠦᠷ ᠴᠦ ᠢᠲᠡᠭᠡᠳᠡᠭ ᠦᠭᠡᠶ᠃ ᠦᠭᠡᠶ ᠭᠡᠳᠡᠭ ᠢ ᠨᠢ ᠨᠣᠲᠠᠯᠠᠵᠤ ᠴᠤ ᠴᠢᠳᠠᠨᠠᠠ᠃

ᠪᠢ ᠧᠦᠷᠧᠶ ᠨᠠᠷ ᠢ ᠦᠵᠡᠨ ᠶᠠᠳᠠᠳᠠᠭ ᠦᠭᠡᠶ᠂ ᠪᠢᠰᠢᠷᠡᠨ ᠰᠢᠲᠤᠳᠡᠭ ᠴᠦ ᠦᠭᠡᠶ᠃ ᠲᠡᠳᠡ ᠪᠣᠯ ᠮᠢᠨᠤ ᠬᠤᠪᠢ ᠳᠤ ᠵᠦᠭᠡᠷ ᠯᠡ ᠰᠣᠨᠢᠷᠬᠠᠯ ᠤᠨ ᠨᠢᠭᠡ ᠣᠪᠢᠶᠧᠻᠲ᠃

ᠥᠨᠦᠳᠦᠷ ᠶᠠᠷᠢᠬᠤ ᠰᠡᠳᠦᠪ ᠪᠣᠯ ᠧᠦᠷᠧᠶ ᠨᠠᠷ ᠤᠨ ᠬᠦᠴᠦ ᠴᠢᠳᠠᠯ ᠤᠨ ᠨᠢᠭᠤᠴᠠ ᠶᠢ ᠠᠨᠧᠻᠳᠣᠲᠠᠯ ᠪᠠᠶᠢᠳᠠᠯ ᠢᠶᠠᠷ ᠰᠢᠨᠵᠢᠯᠡᠬᠦ ᠳᠦ ᠣᠷᠤᠰᠢᠨᠠᠠ᠃ ᠮᠣᠩᠭᠤᠯᠴᠤᠳ ᠪᠢᠳᠡᠨ ᠳᠦ ᠰᠤᠷᠬᠤ ᠶᠠᠭᠤ ᠪᠠᠶᠢᠨᠠᠠ⁈

ᠪᠢ ᠡᠮᠦᠨᠡᠡ ᠨᠢ 《ᠠᠯᠢᠪᠠ ᠠᠭᠤᠤ ᠦᠨᠳᠦᠰᠦᠲᠡᠨ ᠪᠦᠷᠢ ᠶᠢᠨ ᠠᠷᠤ ᠳᠤ ᠹᠢᠯᠣᠰᠣᠹᠢ ᠣᠷᠤᠰᠢᠵᠤ ᠪᠠᠶᠢᠪᠠ》 ᠭᠡᠵᠦ ᠵᠠᠷᠯᠠᠭᠰᠠᠨ᠃

ᠤᠯᠤᠰ ᠣᠷᠤᠨ ᠦᠭᠡᠶ᠂ ᠣᠴᠢᠭᠰᠠᠨ ᠭᠠᠵᠠᠷ ᠪᠦᠷᠢ ᠪᠡᠨ ᠬᠡᠳᠦᠨ ᠮᠢᠩᠭᠠᠨ ᠵᠢᠯ ᠦᠨ ᠲᠤᠷᠰᠢ ᠭᠠᠳᠠᠭᠤᠷᠬᠠᠭᠳᠠᠵᠤ ᠢᠷᠡᠭᠰᠡᠨ ᠡᠨᠡ ᠠᠷᠠᠳ ᠲᠦᠮᠡᠨ ᠶᠡᠷᠦ ᠳᠡᠭᠡᠨ 1948 ᠣᠨ ᠳᠤ ᠯᠠ ᠤᠯᠤᠰ ᠢᠶᠠᠨ ᠪᠠᠶᠢᠭᠤᠯᠤᠭᠰᠠᠨ᠃ ᠬᠡᠯᠡ ᠪᠡᠨ ᠪᠦᠷ ᠳᠠᠬᠢᠭᠠᠳ ᠵᠣᠬᠢᠶᠠᠭᠰᠠᠨ ᠭᠡᠳ ᠪᠣᠳᠤ᠃ ᠣᠳᠤ ᠨᠠᠶᠮᠠᠬᠠᠨ ᠰᠠᠶᠠᠠ ᠬᠦᠮᠦᠨ ᠲᠡᠶ ᠪᠣᠯᠪᠠᠴᠤ ᠣᠶᠢᠷᠠᠬᠢ ᠳᠣᠷᠤᠨᠠᠳᠤ ᠶᠢᠨ ᠬᠠᠮᠤᠭ ᠤᠨ ᠬᠦᠴᠦᠷᠬᠡᠭ ᠤᠯᠤᠰ ᠤᠳ ᠤᠨ ᠨᠢᠭᠡ᠃ ᠲᠡᠷᠡ ᠬᠠᠪᠢ ᠳᠤ ᠢᠰᠷᠠᠶᠢᠯ ᠲᠠᠶ ᠪᠠᠶᠢᠯᠳᠤᠵᠤ ᠵᠢᠷᠦᠬᠡᠯᠡᠬᠦ ᠤᠯᠤᠰ ᠴᠥᠭᠡᠬᠡᠨ ᠪᠣᠯᠪᠠᠤ᠃ ᠨᠥᠭᠦᠭᠡ ᠲᠠᠯᠠᠠ ᠠᠴᠠ ᠣᠳᠤ ᠴᠤ ᠭᠡᠰᠡᠨ ᠳᠡᠯᠡᠬᠡᠶ ᠶᠢᠨ ᠲᠠᠪᠴᠠᠩ ᠳᠤ ᠥᠪᠡᠷᠰᠡᠳ ᠦᠨ ᠨᠥᠯᠦᠭᠡ ᠶᠢ ᠧᠦᠷᠧᠶ ᠨᠠᠷ ᠬᠠᠳᠠᠭᠠᠯᠠᠵᠤ ᠪᠠᠶᠢᠨᠠᠠ᠃ ᠵᠠᠬᠠᠠ ᠶᠢᠨ ᠵᠢᠱᠢᠶᠡᠡ ᠭᠡᠬᠦ ᠳᠦ ᠯᠡ ᠣᠷᠤᠰ ᠤᠨ ᠬᠠᠮᠤᠭ ᠲᠡᠷᠪᠤᠮᠲᠠᠨ ᠨᠤᠭᠤᠳ ᠨᠢ ᠧᠦᠷᠧᠶ ᠭᠡᠳ ᠪᠣᠳᠤᠬᠤ ᠪᠠᠷ ᠣᠶᠢᠯᠠᠭᠠᠭᠳᠠᠬᠤ ᠪᠠᠶᠢᠬᠠᠠ᠃


ᠡᠳᠡ ᠨᠠᠷ ᠤᠨ ᠨᠢᠭᠤᠴᠠ ᠶᠠᠭᠤ ᠪᠤᠶ⁈ ᠭᠡᠨᠡᠨ ᠬᠦᠮᠦᠰ ᠦᠨ ᠶᠠᠷᠢᠳᠠᠭᠴᠢᠯᠠᠨ ᠠᠸᠷᠠᠮ ᠠᠴᠠ (ᠮᠠᠨᠠᠶᠢᠬᠢᠨ ᠤ ᠴᠢᠩᠭᠢᠰ ᠦᠨ ᠭᠧᠨ ᠭᠡᠳᠡᠭ ᠰᠢᠭ) ᠰᠢᠯᠵᠢᠵᠦ ᠢᠷᠡᠭᠰᠡᠨ ᠣᠨᠴᠤᠭᠤᠶ ᠭᠧᠨ ᠦᠦ⁈ ᠲᠤᠰᠬᠠᠶ ᠴᠡᠩᠬᠡᠷ ᠥᠩᠭᠡ ᠲᠡᠶ ᠴᠢᠰᠤ ᠤᠤ⁈ ᠦᠭᠡᠶ ᠯᠡ ᠪᠣᠯᠪᠠᠤ᠃

ᠶᠡᠷᠦᠨᠢ ᠮᠡᠳᠡᠯᠭᠡ ᠦᠭᠡᠶ ᠬᠦᠮᠦᠨ ᠯᠡ ᠢᠳᠢ ᠰᠢᠳᠢ ᠳᠦ ᠢᠲᠡᠭᠡᠳᠡᠭ ᠰᠢᠦ ᠳᠡ᠃ ᠠᠰᠠᠭᠤᠯᠲᠠ ᠶᠢᠨ ᠬᠠᠷᠢᠭᠤᠯᠲᠠ ᠪᠠᠨ ᠮᠡᠳᠡᠯᠭᠡ᠂ ᠣᠶᠤᠨ ᠤᠬᠠᠭᠠᠨ ᠠᠴᠠ ᠬᠠᠶᠢᠬᠤ ᠶᠢᠨ ᠣᠷᠤᠨ ᠳᠤ ᠪᠤᠷᠬᠠᠨ᠂ ᠱᠠᠰᠢᠨ᠂ ᠢᠳᠢ ᠰᠢᠳᠢ᠂ ᠳᠠᠯᠳᠠ ᠶᠢᠨ ᠬᠦᠴᠦᠨ ᠡᠴᠡ ᠬᠠᠶᠢᠳᠠᠭ ᠪᠢᠵᠡ ᠳᠡ᠃

ᠵᠠ᠂ ᠨᠤᠷᠱᠤᠬᠤ ᠪᠠᠨ ᠪᠣᠯᠢᠭᠠᠳ ᠡᠳᠡ ᠨᠠᠷ ᠤᠨ ᠨᠢᠭᠤᠴᠠ ᠶᠢ ᠬᠠᠶᠢᠵᠠᠭᠠᠶᠠᠠ᠃

ᠮᠢᠨᠤ 11 ᠤᠯᠤᠰ ᠳᠠᠮᠵᠢᠵᠤ᠂ ᠲᠡᠷᠪᠦᠮ ᠳ᠋ᠣᠯᠯᠠᠷ ᠤᠳᠤᠷᠢᠳᠳᠠᠭ᠂ ᠬᠥᠷᠦᠩᠭᠡ ᠣᠷᠤᠭᠤᠯᠤᠯᠲᠠ ᠶᠢᠨ ᠰᠠᠩ ᠤᠨ ᠤᠳᠤᠷᠢᠳᠤᠭᠴᠢ ᠨᠠᠶᠢᠵᠠ ᠪᠤᠶ᠃ ᠲᠡᠭᠦᠨ ᠡᠴᠡ ᠪᠢ ᠠᠰᠠᠭᠤᠭᠰᠠᠨ ᠶᠤᠮ᠃ ᠶᠠᠭᠠᠬᠢᠭᠠᠳ ᠲᠠᠶᠢᠯᠠᠨ᠋ᠳ᠂ ᠹᠢᠯᠢᠫᠫᠢᠨ᠂ ᠢᠨ᠋ᠳᠣᠨᠧᠽ ᠵᠡᠷᠭᠡ ᠤᠯᠤᠰ ᠤᠳ ᠲᠤ ᠬᠢᠲᠠᠳ ᠤᠨ ᠡᠳ ᠦᠨ ᠵᠠᠰᠠᠭ ᠢ ᠨᠢ ᠠᠳᠬᠤᠭᠠᠳ ᠪᠠᠶᠢᠨᠠᠠ ᠪᠤᠶ⁈ ᠭᠡᠵᠦ᠃ ᠬᠠᠷᠢᠭᠤ ᠳᠤᠨᠢ 《ᠬᠢᠲᠠᠳ ᠬᠦᠮᠦᠨ ᠬᠡᠵᠢᠶᠡᠡ ᠴᠦ ᠲᠤᠬᠠᠶ ᠶᠢᠨ ᠣᠷᠤᠨ ᠤ ᠤᠯᠤᠰ ᠲᠥᠷᠦ ᠳᠦ ᠭᠠᠷᠬᠤ ᠦᠭᠡᠶ᠃ ᠭᠡᠲᠡᠯᠡᠡ ᠬᠣᠶᠠᠷ ᠰᠥᠷᠭᠦᠯᠳᠦᠭᠴᠢ ᠨᠠᠮ ᠠᠯᠢ ᠨᠢᠭᠡ ᠨᠢ ᠪᠠᠩᠬᠢᠨ ᠤ ᠰᠢᠰᠲᠧᠮ ᠢ ᠠᠳᠬᠤᠭᠠᠰᠠᠶ ᠭᠡᠵᠦ ᠬᠦᠰᠡᠬᠦ ᠦᠦ᠂ ᠡᠰᠡᠪᠡᠯ ᠬᠡᠵᠢᠶᠡᠡ ᠴᠦ ᠤᠯᠤᠰ ᠲᠥᠷᠦ ᠳᠦ ᠣᠷᠤᠬᠤ ᠦᠭᠡᠶ᠂ ᠥᠭᠡᠷᠡᠡ ᠦᠨᠳᠦᠰᠦᠲᠡᠨ ᠳᠦ ᠪᠠᠩᠭᠢᠨ ᠤ ᠰᠢᠰᠲᠧᠮ ᠢᠶᠡᠨ ᠥᠭᠬᠦ ᠦᠦ⁈ ᠲᠤᠩ ᠪᠣᠯᠤᠮᠵᠢ ᠶᠢᠨ ᠯᠣᠭᠢᠭ᠃

ᠧᠦᠷᠧᠶ ᠨᠠᠷ ᠤᠨ ᠬᠦᠴᠦ ᠴᠢᠳᠠᠯ ᠠᠩᠬᠠᠠ ᠯᠣᠮᠪᠠᠷᠳ᠋ ᠠᠴᠠ ᠡᠬᠢᠯᠡᠭᠰᠡᠨ ᠪᠠᠶᠢᠳᠠᠭ᠃ ᠵᠢᠱᠢᠶᠡᠡ ᠨᠢ ᠷᠢᠣ᠋ ᠲᠢᠨ᠋ᠲᠣ ᠶᠢ ᠪᠠᠶᠢᠭᠤᠯᠤᠭᠰᠠᠨ ᠷᠣᠲᠱᠢᠯᠳ᠋ ᠤᠨ ᠭᠡᠷ ᠪᠦᠯᠢ ᠯᠣᠮᠪᠠᠷᠳ᠋ ᠠᠴᠠ ᠡᠬᠢᠯᠡᠭᠡᠳ ᠢᠳᠡ ᠦᠶᠡᠡ ᠳᠡᠭᠡᠨ ᠳᠡᠯᠡᠬᠡᠶ ᠶᠢᠨ ᠰᠠᠩᠬᠦᠦ ᠶᠢᠨ ᠰᠢᠰᠲᠧᠮ ᠢ ᠠᠳᠬᠤᠵᠤ ᠪᠠᠶᠢᠭᠰᠠᠨ᠃ ᠶᠠᠭᠠᠬᠢᠭᠠᠳ ᠴᠤ ᠶᠤᠮ ᠪᠤᠶ᠂ ᠮᠥᠩᠬᠦ ᠬᠦ᠋ᠦ᠋ᠯᠡᠬᠦ ᠠᠵᠢᠯᠯᠠᠭᠠᠠ ᠶᠢ ᠡᠷᠲᠡᠨ ᠦ ᠤᠯᠤᠰ ᠤᠳ ᠵᠢᠭᠰᠢᠵᠦ᠂ ᠡᠷᠬᠢᠮ ᠬᠦᠨᠳᠦ ᠲᠡᠶ ᠬᠦᠮᠦᠨ ᠦ ᠬᠢᠬᠦ ᠪᠢᠽᠨᠧᠰ ᠪᠢᠰᠢ ᠭᠡᠵᠦ ᠦᠵᠡᠳᠡᠭ ᠪᠠᠶᠢᠵᠢ᠃ ᠡᠨᠡ ᠣᠷᠤᠨ ᠵᠠᠶ ᠳᠤ ᠯᠠ ᠧᠦᠷᠧᠶ ᠨᠠᠷ ᠣᠷᠤᠵᠤ ᠢᠷᠡᠵᠢ᠃ ᠭᠡᠲᠡᠯᠡᠡ ᠤᠯᠠᠮ ᠪᠦᠷᠢ ᠴᠢᠯᠦᠭᠡᠲᠦ ᠠᠷᠠᠳᠴᠢᠯᠠᠭᠴᠢ ᠪᠣᠯᠵᠤ ᠪᠠᠶᠢᠭᠰᠠᠨ ᠳᠡᠯᠡᠬᠡᠶ ᠳᠦ ᠰᠡᠯᠡᠮᠡᠡ ᠪᠢᠰᠢ ᠬᠠᠷᠢᠨ ᠮᠥᠩᠬᠦ ᠬᠠᠮᠤᠭ ᠤᠨ ᠲᠣᠮᠤ ᠡᠭᠦᠷᠭᠡ ᠶᠢ ᠭᠦᠶᠢᠴᠡᠳᠬᠡᠵᠦ ᠡᠬᠢᠯᠡᠳᠡᠭ ᠪᠠᠶᠢᠭᠠᠠ᠃

ᠭᠡᠬᠦ ᠳᠡᠭᠡᠨ ᠪᠠᠩᠬᠢᠨ ᠤ ᠪᠢᠽᠨᠧᠰ ᠢ ᠧᠦᠷᠧᠶ ᠨᠠᠷ ᠣᠯᠵᠤ ᠬᠠᠷᠠᠭᠰᠠᠨ ᠤᠴᠢᠷ ᠠᠴᠠ ᠯᠠ ᠬᠦᠴᠦᠷᠬᠡᠭ ᠪᠣᠯᠤᠭᠰᠠᠨ ᠶᠤᠮ ᠭᠡᠵᠦ ᠦᠵᠡᠪᠡᠯ ᠲᠡᠷᠡᠨ ᠰᠢᠭ᠋ ᠲᠣᠮᠤ ᠡᠨᠳᠡᠭᠦᠷᠡᠯ ᠪᠠᠶᠢᠬᠤ ᠦᠭᠡᠶ ᠪᠣᠯᠤᠨᠠᠠ᠃ ᠢᠲ᠋ᠠᠯᠢᠴᠤᠳ᠂ ᠢᠰᠫᠠᠨᠢᠴᠤᠳ᠂ ᠠᠩᠭᠯᠢᠴᠤᠳ ᠧᠦᠷᠧᠶ ᠨᠠᠷ ᠠᠴᠠ ᠣᠭᠲᠤ ᠳᠤᠲᠠᠬᠤ ᠦᠭᠡᠶ ᠬᠤᠳᠠᠯᠳᠤᠭᠠᠴᠢᠨ ᠰᠡᠳᠬᠢᠬᠦᠶ ᠲᠡᠶ ᠬᠦᠮᠦᠰ᠃ ᠥᠭᠡᠷᠡᠡ ᠪᠠᠰᠠ ᠨᠢᠭᠡ ᠶᠠᠭᠤᠮᠠᠠ ᠪᠠᠶᠢᠨᠠᠠ᠃

ᠲᠡᠷᠡ ᠪᠣᠯ ᠢᠲᠡᠭᠡᠯ ᠦᠨᠡᠮᠰᠢᠯ ᠶᠤᠮ᠃ ᠧᠦᠷᠧᠶ ᠠᠶᠢᠯ ᠪᠦᠷᠶ ᠭᠡᠷ ᠪᠦᠯᠢ ᠶᠢᠨ ᠬᠦᠮᠦᠵᠢᠯ᠂ ᠱᠠᠰᠢᠨ ᠤ ᠵᠠᠩ ᠵᠠᠩᠰᠢᠯ ᠢᠶᠠᠷ ᠢᠶᠠᠨ ᠳᠠᠮᠵᠢᠭᠤᠯᠤᠭᠠᠳ ᠢᠲᠡᠭᠡᠯ ᠦᠨᠡᠮᠰᠢᠯ ᠢ ᠪᠠᠭᠠᠠ ᠠᠴᠠ ᠨᠢ 《ᠴᠢ ᠪᠣᠯ ᠡᠨᠡ ᠳᠡᠯᠡᠬᠡᠶ ᠶᠢᠨ ᠯᠢᠳᠧᠷ》 ᠭᠡᠰᠡᠨ ᠬᠦᠮᠦᠵᠢᠯ ᠢᠶᠡᠷ ᠥᠰᠬᠡᠳᠡᠭ ᠪᠠᠶᠢᠬᠤ ᠮᠠᠭᠠᠳᠯᠠᠯ ᠲᠠᠶ (ᠧᠦᠷᠧᠶ ᠬᠦᠮᠦᠨ ᠡᠴᠡ ᠳᠤᠭᠤᠯᠤᠭᠰᠠᠨ ᠢᠶᠠᠨ ᠯᠠ ᠬᠡᠯᠡᠵᠦ ᠪᠠᠶᠢᠨᠠᠠ)᠃ ᠥᠨᠦᠳᠦᠷ ᠮᠠᠨᠠᠶ ᠳᠤ ᠪᠠᠶᠢᠭᠠᠠ ᠰᠡᠳᠬᠢᠯ ᠰᠠᠨᠠᠭᠠᠨ ᠤ ᠰᠣᠨᠢᠨ ᠰᠢᠨ᠋ᠳᠷᠣᠮ ᠪᠠᠶᠢᠨᠠᠠ ᠆ ᠲᠡᠷᠡ ᠨᠢ ᠣᠷᠤᠰ ᠠᠬᠠᠠ ᠭᠡᠰᠡᠨ ᠦᠵᠡᠯ᠂ ᠬᠠᠭᠤᠴᠢᠴᠤᠤᠯ ᠳᠤ᠃ ᠤᠭ ᠠᠴᠠᠭᠠᠨ ᠯᠠ ᠳᠡᠭᠦᠦ ᠨᠠᠷ ᠶᠤᠮ ᠪᠠᠶᠢᠨᠠᠠ ᠯᠠ ᠳᠠ᠂ ᠬᠥᠭᠡᠷᠦᠬᠦᠶᠢᠰ᠃ᠳᠠᠩᠳᠠ ᠠᠬᠠᠠ ᠶᠢᠨ ᠪᠠᠭᠠᠳᠠᠭᠰᠠᠨ ᠬᠤᠪᠴᠠᠰᠤ ᠡᠮᠦᠰᠴᠦ᠂ ᠠᠬᠠᠠ ᠶᠢ ᠪᠢᠰᠢᠷᠡᠭᠰᠡᠨ ᠮᠠᠶᠢᠭᠲᠠᠶ ᠬᠦᠮᠦᠵᠢᠭᠰᠡᠨ ᠬᠦᠮᠦᠰ ᠴᠢᠨᠢ ᠶᠠᠭᠤᠨ ᠮᠣᠩᠭᠤᠯ ᠤᠯᠤᠰ ᠢ ᠬᠦᠭᠵᠢᠭᠦᠯᠬᠦ᠃ ᠬᠠᠷᠢᠨ ᠵᠠᠯᠠᠭᠤᠴᠤᠳ ᠨᠢ ᠪᠤᠰᠤᠳ ᠦᠨᠳᠦᠰᠦᠲᠡᠨ ᠨᠦᠭᠦᠳ ᠲᠡᠶ ᠪᠠᠷᠢᠴᠠᠵᠤ ᠴᠤ ᠮᠡᠳᠡᠬᠦ ᠦᠭᠡᠶ ᠪᠠᠶᠢᠨᠠᠠ᠃ ᠭᠡᠲᠡᠯᠡᠡ ᠧᠦᠷᠧᠶ ᠨᠠᠷ ᠲᠤ ᠡᠯᠢᠲ᠂ ᠯᠢᠳᠧᠷ ᠦᠵᠡᠯ ᠢ ᠪᠠᠭᠠᠠ ᠠᠴᠠ ᠨᠢ ᠲᠥᠯᠦᠪᠰᠢᠭᠦᠯᠳᠡᠭ ᠮᠡᠲᠦ᠃ ᠴᠢ ᠪᠣᠯ ᠬᠦᠮᠦᠨ ᠲᠥᠷᠦᠯᠬᠢᠲᠡᠨ ᠦ ᠰᠣᠷ ᠪᠣᠯᠤᠭᠰᠠᠨ ᠧᠦᠷᠧᠶ ᠬᠦᠮᠦᠨ ᠰᠢᠦ ᠳᠡ ᠭᠡᠵᠦ ᠪᠠᠭᠠᠠ ᠠᠴᠠ ᠨᠢ ᠰᠤᠷᠭᠠᠵᠤ ᠪᠠᠶᠢᠨᠠᠠ᠃

ᠡᠭᠦᠨ ᠡᠴᠡ ᠭᠠᠳᠠᠨᠠᠠ ᠬᠠᠷᠢᠯᠴᠠᠭᠠᠠ᠂ ᠠᠵᠢᠯ ᠬᠡᠷᠡᠭ ᠢᠶᠡᠨ ᠬᠥᠲᠦᠯᠵᠦ ᠶᠠᠪᠤᠭᠤᠯᠬᠤ ᠻᠣᠳ᠋ ᠢ ᠰᠠᠭᠤᠯᠭᠠᠵᠤ ᠥᠭᠳᠡᠭ᠃ ᠬᠣᠶᠠᠷ ᠮᠣᠩᠭᠤᠯ ᠬᠦᠮᠦᠨ ᠬᠠᠷᠢ ᠶᠢᠨ ᠣᠷᠤᠨ ᠳᠤ ᠲᠠᠭᠠᠷᠠᠯᠳᠤᠭᠠᠠᠳ ᠪᠡᠶᠡᠡ ᠪᠡᠶᠡᠡ ᠡᠴᠡᠭᠡᠨ ᠵᠢᠭᠤᠲᠠᠭᠠᠳᠠᠭ ᠪᠣᠯ ᠧᠦᠷᠧᠶ ᠨᠠᠷ ᠢᠨᠢᠶᠡᠵᠦ ᠠᠭᠤᠯᠵᠠᠭᠠᠳ᠂ ᠪᠡᠶᠡᠡ ᠪᠡᠶᠡᠡ ᠪᠡᠨ ᠳᠡᠮᠵᠢᠨᠡᠡ᠃ ᠡᠨᠡ ᠨᠢ ᠧᠦᠷᠧᠶ ᠬᠦᠮᠦᠨ ᠧᠦᠷᠧᠶ ᠬᠦᠮᠦᠨ ᠢᠶᠡᠨ ᠶᠠᠮᠠᠷ ᠻᠣᠳ᠋ ᠲᠠᠶ ᠪᠣᠯᠬᠤ ᠶᠢ ᠨᠢ ᠮᠡᠳᠡᠵᠦ ᠪᠠᠶᠢᠭᠠᠠ ᠶᠢ ᠬᠠᠷᠠᠭᠤᠯᠵᠤ ᠪᠠᠶᠢᠨᠠᠠ᠃ ᠥᠴᠦᠭᠡᠳᠦᠷ ᠰᠠᠯᠤᠭᠰᠠᠨ ᠪᠠᠭᠠᠠ ᠶᠢᠨ ᠨᠠᠶᠢᠵᠠ ᠨᠤᠭᠤᠳ ᠰᠢᠭ ᠠᠭᠤᠯᠵᠠᠵᠤ ᠪᠠᠶᠢᠨᠠᠠ ᠭᠡᠰᠡᠨ ᠦᠭᠡ᠃ ᠮᠣᠩᠭᠤᠯ ᠬᠦᠮᠦᠨ ᠬᠠᠷᠢᠨ ᠶᠠᠭᠠᠬᠢᠵᠤ ᠪᠠᠶᠢᠨᠠᠠ⁈ ᠻᠣᠳ᠋ ᠦᠭᠡᠶ ᠤᠴᠢᠷ ᠶᠠᠭᠠᠬᠢᠵᠤ ᠴᠤ ᠮᠡᠳᠡᠨᠡᠡ ᠭᠡᠵᠦ ᠪᠡᠶᠡᠡ ᠪᠡᠶᠡᠡ ᠡᠴᠡᠭᠡᠨ ᠪᠣᠯᠭᠤᠮᠵᠢᠯᠠᠵᠤ ᠪᠠᠶᠢᠨᠠᠠ ᠭᠡᠰᠡᠨ ᠦᠭᠡ᠃ ᠧᠦᠷᠧᠶ ᠬᠦᠮᠦᠨ ᠨᠥᠭᠦᠭᠡ ᠳᠡᠭᠡᠨ 《ᠵᠠ》 ᠭᠡᠵᠦ ᠬᠡᠯᠡᠭᠰᠡᠨ ᠪᠣᠯ ᠵᠠᠪᠠᠯ ᠪᠡᠶᠡᠯᠡᠭᠳᠡᠬᠦ ᠵᠦᠶᠯ ᠶᠤᠮ ᠪᠠᠶᠢᠨᠠᠠ ᠯᠠ ᠳᠠ᠃ ᠡᠭᠦᠨ ᠢ ᠭᠡᠷ ᠪᠦᠯᠢ ᠶᠢᠨ ᠬᠦᠮᠦᠵᠢᠯ ᠢᠶᠠᠷ ᠯᠡ ᠰᠠᠭᠤᠯᠭᠠᠨᠠᠠ᠃ ᠭᠡᠲᠡᠯᠡᠡ ᠥᠨᠦᠳᠦᠷ ᠮᠣᠩᠭᠤᠯ ᠬᠦᠮᠦᠨ 《ᠵᠠ》 ᠭᠡᠪᠡᠯ 《ᠦᠭᠡᠶ》 ᠭᠡᠵᠦ ᠣᠶᠢᠯᠠᠭᠠᠬᠤ ᠳᠡᠭᠡᠷᠡᠡ ᠪᠡᠨ ᠲᠤᠯᠵᠤ ᠪᠠᠶᠢᠨᠠᠠ᠃

ᠭᠤᠷᠪᠠᠳᠤᠭᠠᠷ ᠬᠦᠴᠦᠨ ᠵᠦᠶᠯ ᠨᠢ ᠢᠯᠡᠭᠦᠦ ᠳᠤᠲᠠᠭᠳᠠᠯ ᠤᠨ ᠱᠣᠻ ᠲᠠᠶ ᠬᠣᠯᠪᠤᠭᠳᠠᠵᠤ ᠭᠠᠷᠴᠤ ᠢᠷᠡᠨᠡᠡ᠃ ᠡᠨᠡ ᠨᠢ 《ᠴᠥᠭᠡᠩᠬᠢ ᠶᠢᠨ ᠰᠢᠨ᠋ᠳᠷᠣᠮ》 ᠶᠤᠮ᠃ ᠳᠡᠯᠡᠬᠡᠶ ᠶᠢᠨ ᠪᠦᠬᠦ ᠬᠦᠮᠦᠨ ᠧᠦᠷᠧᠶ ᠨᠠᠷ ᠤᠨ ᠡᠰᠡᠷᠭᠦ ᠭᠡᠰᠡᠨ ᠪᠣᠳᠤᠯ ᠲᠠᠶ ᠧᠦᠷᠧᠶ ᠨᠥᠭᠦᠭᠡ ᠧᠦᠷᠧᠶ ᠪᠡᠨ ᠠᠯᠢ ᠪᠣᠯᠬᠤ ᠳᠡᠮᠵᠢᠨᠡᠡ᠂ ᠬᠠᠮᠠᠭᠠᠯᠠᠨᠠᠠ᠂ ᠬᠠᠷᠢᠨ ᠪᠤᠰᠤᠳ ᠬᠦᠮᠦᠰ ᠲᠡᠶ ᠮᠠᠰᠢ ᠪᠣᠯᠭᠤᠮᠵᠢᠲᠠᠶ᠂ ᠪᠣᠳᠤᠯ ᠲᠠᠶ ᠬᠠᠷᠢᠯᠴᠠᠨᠠᠠ᠃


ᠮᠣᠩᠭᠤᠯ ᠬᠦᠮᠦᠨ ᠲᠡᠭᠡᠪᠡᠯ ᠶᠠᠭᠠᠬᠢᠭᠠᠳ ᠴᠥᠭᠡᠬᠦᠯᠡ ᠪᠡᠨ ᠶᠤᠮ ᠴᠢᠨᠢ ᠢᠩᠭᠢᠵᠦ ᠴᠢᠳᠠᠬᠤ ᠦᠭᠡᠶ ᠭᠡᠵᠦ⁈ ᠶᠠᠭᠠᠬᠢᠭᠠᠳ ᠬᠡᠪᠡᠯ ᠮᠣᠩᠭᠤᠯ ᠬᠦᠮᠦᠨ ᠦ ᠰᠡᠳᠬᠢᠯ ᠵᠦᠶ ᠳᠦ ᠲᠡᠷᠡ ᠬᠦᠮᠦᠨ ᠶᠠᠳᠠᠭᠤ ᠣᠷᠤᠨ ᠠᠴᠠ ᠪᠠᠶᠠᠨ ᠣᠷᠤᠨ ᠳᠤ ᠭᠣᠶᠤᠯᠭᠠᠴᠢᠨ ᠤ ᠶᠣᠰᠤᠭᠠᠷ ᠣᠴᠢᠵᠤ ᠪᠠᠶᠢᠭᠠᠠ ᠤᠴᠢᠷ ᠠᠴᠠ᠃ ᠬᠣᠨᠤᠴᠠ ᠮᠠᠶᠢᠭ ᠢᠶᠠᠷ ᠪᠡᠶᠡᠡ ᠪᠡᠶᠡᠡ ᠳᠡᠭᠡᠨ ᠬᠠᠨᠳᠤᠵᠤ ᠪᠠᠶᠢᠨᠠᠠ᠃ ᠧᠦᠷᠧᠶ ᠨᠠᠷ ᠬᠠᠷᠢᠨ ᠳᠡᠯᠡᠬᠡᠶ ᠶᠢᠨ ᠰᠠᠩᠬᠦᠦ᠂ ᠪᠢᠽᠨᠧᠰ ᠦᠨ ᠶᠢᠷᠲᠢᠨᠴᠦ ᠳᠦ ᠲᠡᠷᠢᠭᠦᠯᠡᠬᠦ ᠪᠠᠶᠢᠷᠢ ᠰᠠᠭᠤᠷᠢ ᠡᠵᠡᠯᠡᠵᠦ ᠪᠠᠶᠢᠭᠠᠠ ᠤᠴᠢᠷ ᠰᠡᠳᠬᠢᠯᠭᠡᠨ ᠦ ᠬᠠᠨᠳᠤᠯᠭᠠᠠ ᠨᠢ ᠵᠠᠷᠴᠢᠮ ᠤᠨ ᠬᠤᠪᠢ ᠳᠤ ᠥᠭᠡᠷᠡᠡ ᠪᠠᠶᠢᠨᠠᠠ ᠭᠡᠰᠡᠨ ᠦᠭᠡ᠃

ᠮᠣᠩᠭᠤᠯᠴᠤᠳ ᠳᠡᠭᠡᠷᠡᠡ ᠴᠦ ᠡᠨᠡ ᠰᠢᠨ᠋ᠳᠷᠣᠮ ᠬᠠᠷᠠᠭᠳᠠᠳᠠᠭ᠃ ᠲᠤᠬᠠᠶᠢᠯᠠᠪᠠᠯ 《ᠤᠪᠰᠤ ᠬᠦᠮᠦᠨ》 ᠭᠡᠬᠦ ᠮᠡᠲᠦ᠂ ᠡᠰᠡᠪᠡᠯ ᠪᠤᠷᠢᠶᠠᠳ ᠤᠳ  ᠴᠤ ᠭᠡᠳᠡᠭ ᠶᠤᠮ ᠤᠤ᠃

ᠪᠡᠶᠡᠡ ᠪᠡᠶᠡᠡ ᠶᠢᠨ ᠢᠶᠡᠨ ᠲᠠᠯᠠᠠ ᠪᠠᠷ ᠰᠣᠨᠢᠷᠬᠠᠳᠠᠭ ᠴᠤ ᠦᠭᠡᠶ 100 ᠬᠦᠮᠦᠨ ᠳᠣᠲᠤᠷᠠᠠ 2 ᠬᠦᠮᠦᠨ ᠪᠡᠶᠡᠡ ᠪᠡᠶᠡᠡ ᠪᠡᠨ ᠬᠠᠶᠢᠷᠠᠯᠠᠭᠠᠳ ᠳᠡᠮᠵᠢᠭᠡᠳ ᠡᠬᠢᠯᠡᠪᠡᠯ ᠶᠠᠭᠤ ᠪᠣᠯᠬᠤ ᠪᠤᠶ⁈ ᠤᠳᠠᠯᠭᠦᠶ ᠡᠨᠡ 2 ᠬᠦᠮᠦᠨ ᠦᠯᠡᠳᠡᠭᠰᠡᠨ 98 ᠬᠦᠮᠦᠨ ᠢᠶᠡᠨ ᠬᠣᠨᠢ ᠬᠤᠷᠠᠭᠠᠠ ᠰᠢᠭ ᠯᠠ 《ᠬᠠᠷᠢᠭᠤᠯᠵᠤ》 ᠡᠬᠢᠯᠡᠨᠡᠡ᠃

ᠤᠭ ᠨᠢ ᠪᠣᠯ ᠮᠣᠩᠭᠤᠯ ᠭᠡᠵᠦ ᠨᠢᠭᠡ ᠯᠡ ᠦᠨᠳᠦᠰᠦᠲᠡᠨ ᠪᠠᠶᠢᠭᠠᠠ ᠶᠤᠮ᠃ ᠲᠡᠷᠡᠨ ᠳᠣᠲᠤᠷᠠᠠ ᠪᠠᠨ ᠵᠠᠬᠠᠠ ᠶᠢᠨ ᠨᠤᠲᠤᠭ ᠢᠶᠠᠷ ᠪᠠᠶᠢᠳᠠᠭ ᠢ ᠵᠠᠬᠠᠴᠢᠨ᠂ 4 ᠬᠣᠰᠢᠭᠤᠨ ᠠᠴᠠ ᠪᠦᠷᠢᠳᠦᠭᠰᠡᠨ ᠢ ᠳᠥᠷᠪᠡᠳ ᠭᠡᠬᠦ ᠮᠡᠲᠦ ᠪᠡᠷ ᠯᠡ ᠨᠡᠷᠡᠯᠡᠭᠰᠡᠨ ᠪᠣᠯᠬᠤ ᠠᠴᠠ ᠪᠢᠰᠢ᠂ ᠳᠡᠯᠡᠬᠡᠶ ᠳᠦ ᠶᠠᠰᠤᠲᠠᠨ ᠭᠡᠵᠦ ᠣᠶᠢᠯᠠᠭᠠᠯᠲᠠ ᠪᠠᠶᠢᠳᠠᠭ ᠴᠤ ᠶᠤᠮ ᠤᠤ᠂ ᠦᠭᠡᠶ ᠴᠦ ᠶᠤᠮ ᠤᠤ᠃ ᠰᠣᠨᠤᠰᠤᠭᠠᠳᠤᠶ ᠯᠠ ᠶᠤᠮ ᠪᠠᠶᠢᠨᠠᠠ᠃ ᠦᠨᠳᠦᠰᠦᠲᠡᠨ ᠯᠡ ᠭᠡᠵᠦ ᠪᠠᠶᠢᠳᠠᠭ᠂ ᠦᠨᠳᠦᠰᠦᠲᠡᠨ ᠦ ᠡᠪ ᠨᠢᠭᠡᠳᠦᠯ ᠯᠡ ᠭᠡᠵᠦ ᠶᠠᠷᠢᠳᠠᠭ᠃ ᠶᠠᠰᠤᠲᠠᠨ ᠬᠣᠭᠤᠷᠤᠨᠳᠤ ᠶᠢᠨ ᠥᠷᠢᠰᠦᠯᠳᠦᠭᠡᠨ ᠭᠡᠵᠦ ᠶᠠᠭᠤ ᠴᠤ ᠪᠠᠶᠢᠳᠠᠭ ᠶᠤᠮ᠃

ᠨᠤᠲᠤᠭ ᠤᠰᠤ ᠬᠠᠷᠠᠵᠤ ᠠᠵᠢᠯ ᠳᠤ ᠠᠪᠳᠠᠭ᠂ ᠴᠢ ᠠᠯᠢ ᠨᠤᠲᠤᠭ ᠤᠨ ᠬᠢ ᠪᠢᠯᠡ᠂ ᠠ ᠮᠠᠨᠠᠶ ᠨᠤᠲᠤᠭ ᠤᠨ ᠬᠦᠦ ᠪᠠᠶᠢᠨᠠᠠ ᠭᠡᠬᠦ ᠮᠡᠲᠦ᠃ ᠡᠨᠡ ᠪᠢᠳᠡᠨ ᠦ ᠪᠠᠶᠢᠳᠠᠯ ᠨᠢ ᠪᠢᠳᠡᠨ ᠦ ᠶᠠᠮᠠᠷ ᠠᠷᠠᠴᠢᠭᠠᠠ ᠦᠭᠡᠶ᠂ ᠪᠣᠯᠪᠠᠰᠤᠷᠠᠯ ᠮᠡᠳᠡᠯᠭᠡ ᠦᠭᠡᠶ ᠪᠠᠶᠢᠭᠠᠠ ᠶᠢ ᠯᠠ ᠬᠠᠷᠠᠭᠤᠯᠵᠤ ᠪᠠᠶᠢᠨᠠᠠ᠃

ᠤᠭ ᠨᠢ ᠪᠣᠯ ᠣᠯᠠᠨ ᠮᠢᠩᠭᠠᠨ ᠦᠨᠳᠦᠰᠦᠲᠡᠨ ᠳᠦ ᠬᠤᠪᠢᠶᠠᠭᠳᠠᠭᠰᠠᠨ 7 ᠲᠡᠷᠪᠤᠮ ᠬᠦᠮᠦᠨ ᠳᠣᠲᠤᠷᠠᠠ ᠲᠠᠪᠤᠬᠠᠨ ᠰᠠᠶᠠᠠ ᠬᠦᠮᠦᠨ ᠲᠡᠶ ᠮᠣᠩᠭᠤᠯ ᠭᠡᠵᠦ ᠦᠨᠳᠦᠰᠦᠲᠡᠨ ᠭᠠᠭᠴᠠ ᠯᠠ ᠪᠠᠶᠢᠭᠠᠠ ᠶᠤᠮ ᠰᠢᠦ ᠳᠡ᠃ ᠮᠣᠩᠭᠤᠯ ᠦᠨᠳᠦᠰᠦᠲᠡᠨ ᠣᠷᠤᠰᠢᠨ ᠲᠣᠭᠲᠠᠨᠢᠬᠤ ᠤᠤ᠂ ᠦᠭᠡᠶ ᠦᠦ᠃ ᠣᠷᠤᠰᠢᠨ ᠲᠣᠭᠲᠠᠨᠢᠬᠤ ᠶᠤᠮ ᠪᠣᠯ ᠡᠷᠬᠢᠮᠰᠦᠭ ᠢᠶᠡᠷ ᠣᠷᠤᠰᠢᠨ ᠲᠣᠭᠲᠠᠨᠢᠬᠤ ᠶᠤᠮ ᠤᠤ᠂ ᠭᠣᠶᠤᠯᠭᠠᠴᠢᠨ ᠤ ᠶᠣᠰᠤᠭᠠᠷ ᠣᠷᠤᠰᠢᠨ ᠲᠣᠭᠲᠠᠨᠢᠬᠤ ᠶᠤᠮ ᠤᠤ᠃ ᠡᠶᠢᠮᠦ ᠯᠡ ᠠᠰᠠᠭᠤᠳᠠᠯ ᠢ ᠶᠠᠷᠢᠭᠠᠳ ᠪᠠᠶᠢᠭᠠᠠ ᠶᠤᠮ᠃

ᠮᠣᠩᠭᠤᠯ ᠦᠨᠳᠦᠰᠦᠲᠡᠨ ᠧᠦᠷᠧᠶ ᠦᠨᠳᠦᠰᠦᠲᠡᠨ ᠰᠢᠭ᠋ ᠳᠡᠯᠡᠬᠡᠶ ᠳᠦ ᠨᠣᠶᠠᠷᠬᠠᠯ ᠢᠶᠠᠨ ᠶᠠᠭᠠᠬᠢᠵᠤ ᠲᠣᠭᠲᠠᠭᠠᠬᠤ᠂ ᠳᠡᠯᠡᠬᠡᠶ ᠶᠢᠨ ᠲᠠᠪᠴᠠᠩ ᠳᠤ ᠶᠠᠭᠠᠬᠢᠵᠤ ᠪᠡᠶᠡᠡ ᠪᠡᠶᠡᠡ ᠪᠡᠨ ᠳᠡᠮᠵᠢᠬᠦ ᠲᠤᠬᠠᠶ ᠶᠠᠷᠢᠬᠤ ᠪᠠᠶᠢᠲᠠᠯᠠᠠ ᠶᠠᠭᠤᠨ ᠤ ᠴᠢᠨᠢ 《ᠤᠪᠰᠤ ᠬᠦᠮᠦᠨ》

No comments:

Post a Comment