Монгол бичгээ хэрэглэцгээе! Chrome, Internet Explorer, Safari хөтчөөр үзнэ үү!

Э.Цэрэндолгор: Миний мэдээг уйгагүй хуваалцсан та нарт талархаад баршгүй

2014-12-15

ᠡ᠊᠂ ᠴᠡᠷᠢᠩᠳᠣᠯᠭᠠᠷ᠄ ᠮᠢᠨᠤ ᠮᠡᠳᠡᠭᠡ ᠶᠢ ᠤᠶᠢᠭ᠎ᠠ ᠦᠭᠡᠶ ᠬᠤᠪᠢᠶᠠᠯᠴᠠᠭᠰᠠᠨ ᠲᠠ ᠨᠠᠷ ᠲᠤ ᠲᠠᠯᠠᠷᠬᠠᠭᠠᠳ ᠪᠠᠷᠠᠰᠢ ᠦᠭᠡᠶᠤ᠊᠂ ᠪᠠᠳᠮᠠᠴᠡᠴᠡᠭ | Gogo.mn | 2014 ᠣᠨ ᠤ 12 ᠳᠤᠭᠠᠷ ᠰᠠᠷ᠎ᠠ ᠶᠢᠨ 13



《ᠴᠡᠷᠢᠩ ᠲᠦᠷ》 ᠻᠣᠮᠫᠠᠨᠢ ᠶᠢᠨ ᠵᠠᠬᠢᠷᠤᠯ ᠡ᠊∙ ᠴᠡᠷᠢᠩᠳᠣᠯᠭᠠᠷ ᠢᠷᠡᠬᠦ ᠣᠨ ᠤ ᠳᠥᠷᠪᠡᠳᠦᠭᠡᠷ ᠰᠠᠷ᠎ᠠ ᠳᠤ ᠪᠣᠯᠬᠤ ᠣᠯᠠᠨ ᠤᠯᠤᠰ ᠤᠨ ᠨᠣᠬᠠᠢ ᠴᠢᠷᠭᠠᠨ ᠤ ᠠᠶᠠᠯᠠᠯ ᠳᠤ ᠭᠠᠭᠴᠠᠭᠠᠷᠴᠢᠯᠠᠭᠰᠠᠨ ᠲᠥᠷᠥᠯ ᠳᠦ ᠤᠷᠤᠯᠴᠠᠬᠤ ᠡᠷᠬᠡ ᠠᠪᠬᠤ ᠪᠠᠷ ᠥᠷᠢᠰᠦᠯᠳᠦᠭᠰᠡᠨ᠃

ᠰᠠᠨᠠᠯ ᠠᠰᠠᠭᠤᠯᠭ᠎ᠠ ᠶᠢᠨ ᠳ᠋ᠦᠩ ᠥᠴᠥᠭᠡᠳᠦᠷ ᠬᠠᠭᠠᠭᠳᠠᠬᠤ ᠳᠤ ᠮᠣᠩᠭᠣᠯ ᠪᠦᠰᠡᠭᠦᠢ ᠮᠠᠨᠢ ᠰᠠᠨᠠᠭᠰᠠᠨ ᠳᠠᠭᠠᠨ ᠬᠦᠷᠴᠦ ᠫᠠᠻᠢᠰᠲ᠋ᠠᠨ ᠵᠠᠯᠠᠭᠤ ᠶᠢ ᠬᠣᠯᠠ ᠬᠠᠶᠠᠵᠤ ᠲᠦᠷᠦᠭᠦᠯᠡᠵᠦ ᠴᠢᠳᠠᠯ᠎ᠠ᠃

ᠲᠡᠭᠦᠨ ᠢ ᠡᠨᠡᠬᠦ ᠰᠣᠨᠢᠷᠬᠠᠯᠲᠠᠢ ᠠᠶᠠᠯᠠᠯ ᠳᠤ ᠣᠷᠤᠯᠴᠠᠭᠤᠯᠬᠤ ᠶᠢᠨ ᠲᠥᠯᠥᠭᠡ ᠮᠣᠩᠭᠣᠯ ᠤᠯᠤᠰ ᠠᠴᠠ 48,576 ᠬᠦᠮᠦᠨ ᠰᠠᠨᠠᠯ ᠢᠶᠠᠨ ᠥᠭᠭᠦᠭᠰᠡᠨ ᠪᠣᠯ ᠫᠠᠻᠢᠰᠲ᠋ᠠᠨᠴᠤᠳ ᠨᠤᠲᠤᠭ ᠤᠨ ᠢᠶᠠᠨ ᠵᠠᠯᠠᠭᠤ ᠳᠤ 39,290 ᠰᠠᠨᠠᠯ ᠥᠭᠴᠡᠢ᠃

ᠲᠡᠷᠡᠪᠡᠷ ᠥᠨᠥᠳᠥᠷ ᠥᠪᠡᠷ ᠦᠨ ᠹᠧᠶᠢᠰᠪᠦ᠋ᠻ ᠬᠠᠭᠤᠳᠠᠰᠤ ᠪᠠᠷ ᠢᠶᠠᠨ ᠳᠠᠮᠵᠢᠭᠤᠯᠤᠨ 《ᠥᠷᠯᠥᠭᠡᠨ ᠦ ᠮᠡᠨᠳᠦ ᠮᠣᠩᠭᠣᠯᠴᠤᠳ ᠠ᠋᠂ ᠪᠢ ᠪᠠᠶᠠᠷ ᠬᠦᠷᠭᠡᠭᠰᠡᠨ ᠮᠧᠰᠰᠧᠵ ᠲᠦ ᠳᠠᠷᠤᠭᠳᠠᠯ᠎ᠠ᠃ ᠶᠠᠮᠠᠷ ᠴᠤ ᠦᠶ᠎ᠡ ᠳᠦ ᠶᠠᠮᠠᠷ ᠴᠤ ᠬᠦᠮᠦᠨ ᠳᠦ ᠪᠢ ᠬᠠᠷᠢᠭᠤ ᠥᠭᠳᠡᠭ ᠮᠢᠨᠦ ᠤᠯᠠᠮᠵᠢᠯᠠᠯ ᠠᠯᠳᠠᠭᠳᠠᠯ᠎ᠠ᠂ ᠪᠢ ᠠᠮᠵᠢᠬᠤ ᠦᠭᠡᠢ ᠨᠢ ᠡ᠁ ᠪᠠᠶᠠᠷᠯᠠᠯ᠎ᠠ᠁

ᠠᠯᠪᠠᠨ ᠶᠣᠰᠣᠭᠠᠷ ᠤᠷᠤᠯᠳᠤᠭᠠᠨ ᠤ ᠬᠠᠷᠢᠭᠤ ᠭᠠᠷᠴᠤ᠂ ᠮᠢᠨᠦ ᠨᠡᠷ᠎ᠡ ᠪᠤᠰᠤᠳ ᠣᠷᠣᠨ ᠭᠡᠳᠡᠭ ᠡᠴᠡ ᠨᠢᠭᠡᠳᠦᠭᠡᠷ ᠲᠦ ᠰᠢᠯᠭᠠᠷᠠᠭᠰᠠᠨ ᠪᠠᠶᠢᠨ᠎ᠠ᠃ ᠰᠢᠭᠦᠭᠴᠢᠳ ᠤᠯᠤᠰ ᠣᠷᠣᠨ ᠪᠣᠯᠭᠠᠨ ᠠᠴᠠ ᠬᠣᠶᠠᠷ ᠳᠠᠬᠢ ᠬᠦᠮᠦᠨ ᠢ ᠥᠪᠡᠷ ᠦᠨ ᠦᠵᠡᠮᠵᠢ ᠪᠡᠷ ᠰᠢᠯᠭᠠᠷᠠᠭᠤᠯᠬᠤ ᠶᠤᠮ᠃

ᠨᠡᠶᠢᠲᠡ ᠶᠢᠨ ᠰᠦᠯᠵᠢᠶ᠎ᠡ ᠪᠡᠷ ᠠᠩᠬᠠᠨ ᠠᠴᠠᠭᠠᠨ ᠨᠠᠮᠠᠶ᠋ᠢ ᠵᠣᠭᠰᠣᠯᠲᠠ ᠦᠭᠡᠢ ᠳᠡᠮᠵᠢᠵᠦ᠂ ᠨᠠᠮᠠᠶ᠋ᠢ ᠤᠯᠠᠮ ᠪᠦᠷ ᠵᠣᠷᠢᠭᠵᠢᠭᠤᠯᠤᠨ ᠲᠠᠰᠢᠭᠤᠷᠳᠠᠵᠤ᠂ ᠮᠢᠨᠦ ᠡᠮᠦᠨ᠎ᠡ ᠡᠴᠡ ᠵᠢᠷᠤᠭᠲᠤ ᠰᠤᠷᠲᠠᠯᠴᠢᠯᠠᠭ᠎ᠠ ᠬᠢᠵᠦ ᠤᠷᠢᠶ᠎ᠠ ᠦᠭᠡ ᠭᠠᠷᠭᠠᠨ ᠪᠤᠰᠤᠳ ᠮᠣᠩᠭᠣᠯᠴᠤᠳ ᠢᠶᠠᠨ ᠤᠶᠢᠭ᠎ᠠ ᠦᠭᠡᠶ ᠤᠷᠢᠶᠠᠯᠠᠵᠤ᠂ ᠤᠨᠲᠠᠯ ᠦᠭᠡᠢ ᠠᠵᠢᠯᠯᠠᠭᠰᠠᠨ 80 ᠭᠠᠷᠤᠢ ᠮᠣᠩᠭᠣᠯᠴᠤᠳ ᠪᠠᠶᠢᠨ᠎ᠠ᠃

ᠪᠢ ᠲᠡᠳᠡᠨ ᠢ ᠮᠡᠳᠡᠬᠦ ᠦᠭᠡᠢ ᠪᠠ ᠡᠨᠡ ᠤᠷᠤᠯᠳᠤᠭᠠᠨ ᠨᠠᠮᠠᠶ᠋ᠢ ᠣᠯᠠᠨ ᠭᠠᠶᠢᠬᠠᠮᠰᠢᠭᠲᠠᠢ ᠮᠣᠩᠭᠣᠯᠴᠤᠳ ᠲᠠᠢ ᠣᠶᠢᠷᠠᠳᠤᠨ ᠳᠣᠲᠣᠨᠣᠰᠬᠤ᠂ ᠲᠠᠨᠢᠬᠤ ᠪᠣᠯᠤᠮᠵᠢ ᠶᠢ ᠣᠯᠭᠤᠯ᠎ᠠ᠃ ᠮᠡᠳᠡᠭᠡᠵᠢ ᠮᠢᠨᠦ ᠲᠤᠬᠠᠢ ᠮᠡᠳᠡᠭᠡ ᠶᠢ ᠤᠶᠢᠭ᠎ᠠ ᠦᠭᠡᠢ ᠬᠤᠪᠢᠶᠠᠯᠴᠠᠭᠰᠠᠨ ᠬᠦᠮᠦᠰ ᠪᠦᠷ ᠣᠯᠠᠨ᠁ ᠲᠠᠯᠠᠷᠬᠠᠭᠠᠳ ᠪᠠᠷᠠᠰᠢ ᠦᠭᠡᠢ᠁

ᠬᠥᠳᠡᠭᠡ ᠣᠷᠣᠨ ᠨᠤᠲᠤᠭ ᠤᠳ ᠢᠶᠠᠷ ᠰᠠᠭᠤᠭ᠎ᠠ ᠮᠣᠩᠭᠣᠯᠴᠤᠳ ᠲᠠᠭᠠᠨ᠂ ᠴᠠᠬᠢᠮ ᠶᠢᠷᠲᠢᠨᠴᠦ ᠳᠦ ᠨᠢᠭᠡᠳᠦᠭᠡᠳᠦᠶ ᠮᠣᠩᠭᠣᠯᠴᠤᠳ ᠲᠠᠭᠠᠨ ᠡᠨᠡ ᠤᠷᠤᠯᠳᠤᠭᠠᠨ ᠤ ᠵᠣᠷᠢᠯᠭ᠎ᠠ ᠪᠣᠯᠤᠨ ᠴᠡᠷᠢᠩ ᠶᠠᠭᠤᠨ ᠳᠤ ᠲᠡᠮᠡᠦᠯᠦᠭᠰᠡᠨ᠂ ᠬᠠᠮᠤᠭ ᠤᠨ ᠭᠣᠣᠯ ᠨᠢ ᠮᠣᠩᠭᠣᠯᠴᠤᠳ ᠴᠠᠬᠢᠮ ᠶᠢᠷᠲᠢᠨᠴᠦ ᠪᠡᠷ ᠳᠡᠯᠡᠬᠡᠢ ᠶᠢᠨ ᠥᠨᠴᠥᠭ ᠪᠤᠯᠤᠨ ᠪᠦᠷᠢ ᠡᠴᠡ ᠬᠡᠷᠬᠢᠨ ᠨᠢᠭᠡᠳᠴᠦ ᠴᠢᠳᠠᠭᠰᠠᠨ ᠲᠤᠬᠠᠢ ᠣᠶᠢᠯᠠᠭᠠᠭᠤᠯᠬᠤ ᠡᠭᠦᠳᠡᠨ ᠡᠴᠡ ᠪᠢ ᠲᠧᠯᠧᠸᠢᠽ ᠦᠳ ᠦᠨ ᠶᠠᠷᠢᠯᠴᠠᠯᠭ᠎ᠠ ᠶᠢᠨ ᠬᠦᠰᠡᠯᠲᠡ ᠶᠢ ᠬᠦᠯᠢᠶᠡᠨ ᠠᠪᠤᠭᠰᠠᠨ᠃

ᠬᠦᠰᠡᠭᠰᠡᠨ᠂ ᠬᠦᠰᠡᠭᠡᠳᠦᠶ ᠵᠠᠷᠢᠮ ᠨᠢᠭᠡ ᠬᠦᠮᠦᠰ ᠢ ᠵᠠᠯᠬᠠᠲᠠᠯ᠎ᠠ ᠹᠧᠶᠢᠰᠪᠦ᠋ᠻ ᠣᠷᠣᠨ ᠵᠠᠢ ᠶᠢ ᠴᠡᠷᠢᠩ ᠡᠵᠡᠯᠡᠭᠰᠡᠨ ᠳᠡᠭᠡᠨ ᠪᠠᠰᠠ ᠬᠦᠯᠢᠴᠡᠯ ᠥᠴᠢᠶ᠎ᠡ