Монгол бичгээ хэрэглэцгээе! Chrome, Internet Explorer, Safari хөтчөөр үзнэ үү!

Намайг Амараа гэдэг (цагдаа хувилбар)

2014-12-15

ᠨᠠᠮᠠᠶ᠋ᠢ ᠠᠮᠤᠷ᠎ᠠ ᠭᠡᠳᠡᠭ



(ᠴᠠᠭᠳᠠᠭ᠎ᠠ ᠬᠤᠪᠢᠯᠪᠤᠷᠢ)


ᠪᠢ᠂ ᠲᠠ ᠨᠠᠷ ᠤᠨ ᠲᠥᠯᠥᠭᠡ ᠵᠢᠳᠬᠦᠶ᠎ᠡ ᠭᠡᠵᠦ ᠲᠠᠩᠭᠠᠷᠢᠭ ᠡᠷᠭᠦᠭᠰᠡᠨ ᠵᠢᠷ ᠦᠨ ᠨᠢᠭᠡ ᠴᠠᠭᠳᠠᠭ᠎ᠠ᠃ ᠬᠠᠩᠭᠠᠮᠵᠢᠨ ᠳᠤᠨᠢ ᠳᠤᠷᠠᠮᠵᠢᠬᠠᠨ ᠴᠤ ᠮᠡᠷᠭᠡᠵᠢᠯ ᠳᠡᠭᠡᠨ ᠬᠠᠶᠢᠷᠠᠲᠠᠢ᠃ ᠮᠢᠨᠦ ᠠᠷᠠᠳ ᠲᠦᠮᠡᠨ ᠬᠡᠵᠢᠶ᠎ᠡ ᠨᠢᠭᠡᠨ ᠴᠠᠭ ᠲᠤ ᠠᠶᠢᠳᠠᠰ ᠲᠦᠭᠰᠢᠭᠦᠷᠢ ᠦᠭᠡᠢ ᠠᠮᠤᠷ ᠲᠠᠶᠢᠪᠤᠩ ᠠᠮᠢᠳᠤᠷᠠᠨ᠎ᠠ ᠭᠡᠳᠡᠭ ᠲᠦ ᠢᠲᠡᠭᠡᠭᠰᠡᠭᠡᠷ ᠵᠢᠳᠬᠦᠭᠰᠡᠭᠡᠷ ᠶᠠᠪᠤᠵᠤ ᠢᠷᠡᠭᠰᠡᠨ᠃ ᠭᠡᠬᠦ ᠳᠡᠭᠡᠨ ᠢᠷᠭᠡᠳ ᠨᠢ ᠠᠶᠢᠳᠠᠰ ᠲᠠᠢ᠂ ᠰᠥᠨᠢ ᠨᠢ ᠲᠦᠭᠰᠢᠭᠦᠷᠢᠲᠡᠢ᠂ ᠵᠠᠮ ᠨᠢ ᠲᠦᠭᠵᠢᠷᠡᠯᠲᠡᠢ᠂ ᠠᠭᠤᠷ ᠤᠴᠠᠭᠠᠷ ᠢᠶᠠᠷ ᠪᠤᠴᠠᠯᠤᠭᠰᠠᠨ᠂ ᠬᠣᠲᠠ ᠮᠠᠨᠢ ᠬᠣᠭ ᠲᠠᠢ᠂ ᠬᠣᠲᠠ ᠬᠥᠳᠡᠭᠡ᠂ ᠪᠠᠶᠠᠨ ᠶᠠᠳᠠᠭᠤ ᠪᠠᠷ ᠢᠶᠠᠨ ᠲᠠᠯᠠᠴᠠᠭᠰᠠᠨ ᠤᠯᠤᠰ ᠢ ᠲᠠᠶᠢᠪᠤᠩ ᠪᠠᠶᠢᠯᠭᠠᠬᠤ ᠭᠡᠵᠦ ᠪᠢ ᠴᠠᠭᠳᠠᠭ᠎ᠠ ᠪᠣᠯᠤᠭᠰᠠᠨ᠃ ᠪᠢᠳᠡᠨ ᠦ ᠡᠮᠦᠰᠦᠭᠰᠡᠨ ᠬᠤᠪᠴᠠᠰᠤ ᠶᠢ ᠮᠠᠭᠤᠬᠠᠢ ᠰᠠᠶᠢᠬᠠᠨ ᠢᠶᠠᠷ ᠨᠢ ᠳᠠᠭᠤᠳᠠᠨ᠂ ᠪᠢᠳᠡᠨ ᠦ ᠮᠡᠷᠭᠡᠵᠢᠯ ᠢ ᠵᠢᠭᠰᠢᠨ ᠵᠢᠪᠡᠭᠦᠴᠡᠳᠡᠭ ᠬᠦᠮᠦᠰ ᠴᠥᠭᠡᠨ ᠦᠭᠡᠢ ᠪᠠᠶᠢᠳᠠᠭ ᠢ ᠮᠡᠳᠡᠨ᠎ᠡ᠃ ᠭᠡᠬᠦ ᠳᠡᠭᠡᠨ ᠬᠤᠪᠴᠠᠰᠤ ᠨᠢ ᠶᠠᠭᠠᠬᠬᠢᠬᠤᠪ ᠳᠣᠷᠣᠮᠵᠢᠯᠠᠵᠤ ᠯᠠ ᠪᠠᠶᠢᠭ᠂ ᠳᠣᠲᠣᠷ᠎ᠠ ᠨᠢ ᠪᠠᠶᠢᠭ᠎ᠠ ᠮᠣᠩᠭᠣᠯ ᠡᠵᠢ ᠶᠢᠨ ᠮᠣᠩᠭᠣᠯ ᠬᠦᠦ ᠶᠢᠨ ᠰᠡᠳᠬᠢᠯ ᠢ ᠳᠣᠷᠣᠮᠵᠢᠯᠠᠬᠤ ᠵᠢᠷᠦᠬᠡ ᠲᠡᠢ ᠮᠣᠩᠭᠣᠯ ᠬᠦᠮᠦᠨ ᠪᠠᠶᠢᠬᠤ ᠦᠭᠡᠢ ᠳᠦ ᠢᠲᠡᠭᠡᠳᠡᠭ᠃ ᠦᠶ᠎ᠡ ᠶᠢᠨ ᠨᠥᠬᠥᠳ ᠪᠠᠭᠠᠷ ᠲᠤ ᠰᠢᠷ᠎ᠠ ᠠᠶᠢᠷᠠᠭ ᠰᠢᠮᠡᠵᠦ ᠰᠠᠭᠤᠬᠤ ᠳᠤ ᠡᠭᠦᠷᠭᠡ ᠠᠪᠤᠭᠰᠠᠨ ᠪᠢᠳᠡ ᠵᠠᠮ ᠳᠡᠭᠡᠷ᠎ᠡ ᠪᠡᠨ ᠵᠣᠭᠰᠣᠵᠤ᠂ ᠨᠠᠭᠠᠳᠤᠮ ᠢᠶᠠᠷ ᠡᠷᠡᠴᠦᠳ ᠮᠣᠷᠢᠨ ᠳᠡᠯ ᠳᠡᠭᠡᠷ᠎ᠡ ᠳᠠᠪᠬᠢᠯᠳᠤᠵᠤ ᠪᠠᠶᠢᠬᠤ ᠳᠤ ᠨᠠᠭᠠᠨ᠎ᠠ ᠨᠢ ᠬᠠᠷᠢᠨ ᠪᠢᠳᠡ ᠬᠠᠮᠠᠭᠠᠯᠠᠯᠲᠠᠨ ᠳᠤ ᠵᠣᠭᠰᠣᠵᠤ ᠵᠤᠨ ᠢ ᠥᠩᠭᠡᠷᠡᠭᠡᠭᠰᠡᠭᠡᠷ ᠢᠷᠡᠭᠰᠡᠨ᠃ ᠴᠠᠭᠠᠨ ᠰᠠᠷ᠎ᠠ ᠪᠠᠷ ᠲᠠ ᠨᠠᠷ ᠢ᠂ ᠡᠪᠦᠭᠡ ᠡᠮᠡᠭᠡ ᠦᠷᠦᠭᠦᠦ ᠪᠡᠨ ᠵᠣᠯᠭᠠᠬᠤ ᠪᠠᠷ ᠶᠠᠭᠠᠷᠠᠵᠤ ᠪᠠᠶᠢᠬᠤ ᠳᠤ ᠬᠠᠷᠢᠨ ᠪᠢᠳᠡ ᠡᠵᠢ ᠦᠭᠡᠶ᠂ ᠠᠪᠤ ᠦᠭᠡᠢ᠂ ᠡᠬᠡᠨᠡᠷ ᠦᠭᠡᠢ᠂ ᠬᠡᠦᠬᠡᠳ ᠦᠭᠡᠢ ᠶᠤᠮ ᠰᠢᠭ ᠴᠠᠭ ᠲᠠᠢ ᠤᠷᠤᠯᠳᠤᠨ ᠠᠵᠢᠯ ᠤᠷᠤᠭᠤ ᠪᠠᠨ ᠶᠠᠭᠠᠷᠠᠵᠤ ᠭᠦᠶᠦᠳᠡᠭ᠃ ᠶᠠᠭᠠᠬᠢᠭᠠᠳ ᠭᠡᠭᠡᠴᠢ᠂ ᠶᠠᠭᠠᠬᠢᠭᠠᠳ ᠭᠡᠪᠡᠯ ᠴᠢᠮᠠᠶ᠋ᠢ ᠠᠶᠤᠬᠤ ᠠᠶᠤᠯ ᠦᠭᠡᠢ ᠪᠠᠶᠠᠷᠯᠠᠭᠤᠯᠬᠤ ᠭᠡᠵᠦ ᠲᠡᠷᠡ᠃ ᠠᠭᠰᠤᠮ ᠰᠣᠭᠲᠣᠭᠤ ᠨᠥᠬᠥᠷ ᠲᠡᠭᠡᠨ ᠵᠣᠳᠣᠭᠤᠯᠤᠭᠰᠠᠨ ᠪᠦᠰᠡᠭᠦᠢ ᠶᠢᠨ ᠳᠠᠭᠤᠳᠠᠯᠭ᠎ᠠ ᠪᠠᠷ ᠣᠴᠢᠬᠤ ᠳᠤ 《ᠮᠢᠨᠦ ᠨᠥᠬᠥᠷ ᠢ ᠣᠷᠬᠢ》 ᠭᠡᠵᠦ ᠨᠢᠯᠪᠤᠬᠤ ᠬᠦᠮᠦᠨ ᠢ ᠵᠢᠷ ᠦᠨ ᠶᠤᠮ ᠰᠢᠭ ᠲᠡᠪᠴᠢᠵᠦ ᠥᠩᠭᠡᠷᠡᠭᠡᠬᠦ ᠬᠦᠮᠦᠨ ᠴᠠᠭᠳᠠᠭ᠎ᠠ ᠠᠴᠠ ᠥᠭᠡᠷ᠎ᠡ ᠪᠠᠶᠢᠬᠤ ᠦᠭᠡᠢ ᠭᠡᠳᠡᠭ ᠲᠦ ᠢᠲᠡᠭᠡᠳᠡᠭ᠃

ᠪᠠᠭ᠎ᠠ ᠶᠢᠨ ᠨᠠᠶᠢᠵᠠ ᠨᠤᠭᠤᠳ ᠤᠨ ᠶᠡᠬᠡᠩᠬᠢ ᠨᠢ ᠣᠳᠤ ᠪᠣᠯᠢ ᠭᠡᠳᠡᠭ ᠴᠤ 《ᠴᠢᠨᠤ ᠲᠥᠯᠥᠭᠡ ᠮᠥᠩᠬᠡ ᠶᠢᠨ ᠬᠠᠷᠠᠭᠤᠯ ᠳᠤ ᠵᠣᠭᠰᠣᠨ᠎ᠠ》 ᠭᠡᠵᠦ ᠭᠠᠶᠢᠬᠠᠭᠤᠯᠳᠠᠭ ᠵᠠᠩ ᠲᠠᠢ ᠪᠢ ᠴᠠᠭᠳᠠᠭ᠎ᠠ ᠨᠠᠶᠢᠵᠠ᠃ ᠠᠶᠢᠳᠠᠰ ᠲᠠᠢ᠂ ᠲᠦᠭᠰᠢᠭᠦᠷᠢᠲᠡᠢ᠂ ᠤᠲᠤᠭ᠎ᠠ ᠲᠠᠢ᠂ ᠲᠦᠭᠵᠢᠷᠡᠯᠲᠡᠢ ᠬᠣᠲᠠ ᠭᠡᠬᠦ ᠡᠴᠡᠭᠡᠨ ᠢᠯᠡᠭᠦᠦ ᠤᠯᠠᠭᠠᠨᠪᠠᠭᠠᠲᠤᠷ ᠮᠢᠨᠢ ᠠᠶᠢᠳᠠᠰ ᠦᠭᠡᠢ ᠲᠦᠭᠵᠢᠷᠡᠯ ᠦᠭᠡᠶ ᠠᠮᠤᠷ ᠲᠠᠶᠢᠪᠤᠩ ᠬᠣᠲᠠ ᠪᠣᠯᠤᠨ᠎ᠠ ᠭᠡᠳᠡᠭ ᠲᠦ ᠢᠲᠡᠭᠡᠳᠡᠭ ᠵᠠᠯᠠᠭᠤᠰ ᠣᠯᠠᠨ ᠪᠠᠶᠢᠳᠠᠭ᠃

ᠭᠡᠮᠲᠦ ᠦᠢᠯᠡᠳᠦᠯ ᠢᠶᠡᠨ ᠨᠢᠭᠤᠬᠤ ᠭᠡᠵᠦ ᠠᠪᠯᠢᠭ᠎ᠠ ᠰᠠᠷᠪᠠᠶᠢᠭᠰᠠᠨ ᠯᠤᠶᠢᠪᠠᠷᠴᠢᠳ ᠠᠴᠠ ᠰᠣᠬᠣᠷ ᠵᠣᠭᠣᠰ ᠴᠤ ᠭᠣᠷᠢᠳᠠᠬᠤ ᠦᠭᠡᠢ ᠵᠠᠯᠠᠭᠤᠰ ᠰᠠᠶᠢᠬᠠᠨ ᠢᠷᠡᠭᠡᠳᠦᠢ ᠶᠢᠨ ᠲᠥᠯᠥᠭᠡ ᠬᠡᠳᠦᠨ ᠵᠠᠭᠤ ᠪᠠᠷ ᠢᠶᠠᠨ ᠲᠠᠩᠭᠠᠷᠢᠭᠯᠠᠵᠤ᠂ ᠠᠮᠠ ᠵᠥᠷᠢᠪᠡᠯ ᠭᠠᠷ ᠵᠥᠷᠢᠳᠡᠭ ᠢᠶᠡᠨ ᠪᠣᠯᠢᠵᠤ ᠠᠵᠢᠯᠯᠠᠭᠰᠠᠨ ᠰᠢᠭ ᠠᠵᠢᠯᠯᠠᠵᠤ ᠠᠮᠢᠳᠤᠷᠠᠭᠰᠠᠨ ᠰᠢᠭ ᠠᠮᠢᠳᠤᠷᠠᠵᠤ ᠪᠠᠶᠢᠨ᠎ᠠ ᠃ ᠠᠯᠪᠠᠨ ᠲᠤᠰᠢᠶᠠᠯᠲᠠᠨ᠂ ᠠᠭᠠᠷᠬᠠᠤ ᠪᠠᠶᠠᠴᠤᠳ ᠤᠨ ᠤᠷᠳᠤ ᠪᠥᠬᠥᠯᠵᠡᠬᠦ ᠪᠢᠰᠢ᠂ ᠠᠵᠢᠯ ᠢᠶᠠᠨ ᠬᠢᠭᠡᠳ ᠴᠠᠯᠢᠩ ᠢᠶᠠᠨ ᠠᠪᠳᠠᠭ᠂ ᠠᠶᠤᠬᠤ ᠠᠶᠤᠯ ᠦᠭᠡᠢ᠂ ᠬᠦᠮᠦᠨ ᠲᠡᠶᠢᠭᠡᠨ ᠬᠠᠤᠯᠢ ᠲᠠᠶᠢᠭᠠᠨ᠂ ᠬᠥᠨᠳᠡᠰᠢ ᠦᠭᠡᠢ ᠲᠡᠭᠰᠢ ᠡᠷᠬᠡ ᠲᠡᠶᠢᠭᠡᠨ ᠴᠠᠭᠳᠠᠭ᠎ᠠ ᠰᠢᠭ ᠴᠠᠭᠳᠠᠭ᠎ᠠ ᠪᠠᠶᠢᠵᠤ᠂ ᠬᠦᠮᠦᠨ ᠰᠢᠭ ᠠᠮᠢᠳᠤᠷᠠᠵᠤ ᠤᠯᠤᠰ ᠰᠢᠭ ᠬᠥᠭᠵᠢᠬᠦ ᠶᠢ ᠪᠢᠳᠡ ᠬᠦᠰᠡᠵᠦ ᠪᠠᠶᠢᠨ᠎ᠠ᠃

ᠪᠢ᠂ ᠲᠠ ᠨᠠᠷ ᠤᠨ ᠲᠥᠯᠥᠭᠡ ᠵᠢᠳᠬᠦᠶ᠎ᠡ ᠭᠡᠵᠦ ᠲᠠᠩᠭᠠᠷᠢᠭ ᠡᠷᠭᠦᠭᠰᠡᠨ ᠵᠢᠷ ᠦᠨ ᠨᠢᠭᠡ ᠴᠠᠭᠳᠠᠭ᠎ᠠ᠃ ᠡᠷᠬᠡᠲᠦ ᠲᠥᠷᠥ ᠶᠢᠨ ᠰᠣᠶᠣᠩᠪᠣ ᠮᠠᠩᠨᠠᠢ ᠳᠡᠭᠡᠷ᠎ᠡ ᠮᠢᠨᠢ ᠪᠠᠶᠢᠬᠤ ᠳᠤ ᠡᠨᠡ ᠪᠡᠶ᠎ᠡ ᠮᠢᠨᠢ ᠬᠠᠷᠢᠨ ᠲᠠᠶᠢᠪᠤᠩ ᠶᠠᠪᠤᠬᠤ ᠤᠴᠢᠷ ᠦᠭᠡᠢ᠃ ᠲᠠᠩᠭᠠᠷᠢᠭ ᠮᠢᠨᠢ᠂ ᠬᠦᠰᠡᠯ ᠮᠢᠨᠢ᠂ ᠲᠠᠷᠢᠬᠢ ᠮᠢᠨᠢ᠂ ᠵᠢᠷᠦᠬᠡ ᠮᠢᠨᠢ ᠮᠣᠩᠭᠣᠯ ᠤᠨ ᠲᠥᠯᠥᠭᠡ ᠴᠣᠬᠢᠯᠠᠬᠤ ᠪᠢ ᠮᠣᠩᠭᠣᠯ ᠴᠠᠭᠳᠠᠭ᠎ᠠ

No comments:

Post a Comment