᠁ ᠪᠢ ᠠᠵᠢᠯ ᠬᠢᠵᠦ ᠮᠥᠩᠭᠥ ᠣᠯᠳᠠᠭ᠃ ᠭᠡᠬᠦ ᠳᠡᠭᠡᠨ ᠬᠡᠷᠡᠭᠴᠡᠭᠡᠨ ᠳᠦ ᠮᠢᠨᠢ ᠬᠠᠩᠭᠠᠯᠲᠠᠲᠠᠢ ᠬᠦᠷᠳᠡᠭ ᠦᠭᠡᠢ᠃ ᠴᠡᠪᠡᠷ ᠠᠭᠠᠷ ᠲᠠᠢ ᠴᠡᠪᠡᠷᠬᠡᠨ ᠬᠣᠲᠠ ᠳᠤ ᠲᠥᠷᠥ ᠡᠴᠡᠭᠡᠨ ᠬᠠᠮᠢᠶᠠᠷᠤᠯ ᠦᠭᠡᠢ ᠥᠪᠡᠷ ᠢᠶᠡᠷ ᠢᠶᠡᠨ ᠠᠮᠢᠳᠤᠷᠠᠬᠤ ᠰᠢᠳᠤᠷᠭᠤ ᠨᠡᠶᠢᠭᠡᠮ ᠢ ᠪᠠᠶᠢᠭᠤᠯᠤᠨ᠎ᠠ ᠭᠡᠵᠦ ᠬᠦᠮᠦᠰ ᠶᠠᠷᠢᠳᠠᠭ᠃ ᠭᠡᠬᠦ ᠳᠡᠭᠡᠨ ᠠᠭᠠᠷ ᠨᠢ ᠪᠣᠬᠢᠷ᠂ ᠠᠪᠯᠢᠭᠠᠯ ᠢᠶᠠᠷ ᠳᠦᠭᠦᠷᠡᠩ᠂ ᠬᠣᠲᠠ ᠮᠠᠨᠢ ᠬᠣᠭ ᠲᠠᠢ᠂ ᠭᠠᠵᠠᠷ ᠨᠢ ᠭᠠᠳᠠᠭᠠᠳᠤ ᠨᠤᠭᠤᠳ ᠲᠤ ᠵᠠᠷᠤᠭᠳᠠᠭᠰᠠᠨ ᠤᠯᠤᠰ ᠲᠤ ᠪᠢ ᠠᠮᠢᠳᠤᠷᠠᠳᠠᠭ᠃ ᠪᠢᠳᠡᠨ ᠦ ᠡᠮᠦᠰᠳᠡᠭ ᠳᠡᠪᠡᠯ ᠢ ᠬᠢᠲᠠᠳ ᠬᠤᠪᠴᠠᠰᠤ ᠭᠡᠵᠦ ᠴᠠᠭᠠᠰᠤᠨ ᠳᠡᠭᠡᠷ᠎ᠡ ᠪᠦᠷᠢᠳᠬᠡᠭᠰᠡᠨ ᠭᠡᠰᠡᠨ᠃ ᠭᠡᠬᠦ ᠳᠡᠭᠡᠨ ᠳᠡᠪᠡᠯ ᠨᠢ ᠶᠠᠭᠠᠬᠢᠬᠤᠪ᠂ ᠳᠣᠲᠣᠷ᠎ᠠ ᠨᠢ ᠪᠠᠶᠢᠭ᠎ᠠ ᠮᠣᠩᠭᠣᠯ ᠬᠦᠮᠦᠨ ᠢ ᠪᠦᠷᠢᠳᠬᠡᠵᠦ ᠴᠢᠳᠠᠬᠤ ᠦᠭᠡᠢ᠃ ᠭᠦᠨ ᠤᠬᠠᠭᠠᠨ ᠢ ᠰᠤᠳᠤᠯᠤᠭᠠᠳᠤᠶ ᠴᠤ᠂ ᠬᠦᠮᠦᠨ ᠤᠬᠠᠭᠠᠨ ᠢᠶᠠᠨ ᠭᠡᠭᠡᠭᠡᠳᠦᠶ ᠮᠣᠩᠭᠣᠯ ᠬᠦᠮᠦᠨ ᠦ ᠤᠳᠤᠮ ᠪᠢ᠃ ᠤᠷᠲᠤ ᠶᠢᠨ ᠳᠠᠭᠤᠨ ᠳᠤ ᠤᠶᠠᠷᠠᠳᠠᠭ ᠴᠤ ᠷᠣᠻ ᠰᠤᠨᠤᠰᠬᠤ ᠳᠤᠷᠠᠲᠠᠢ᠂ ᠨᠠᠭᠠᠳᠤᠮ ᠤᠨ ᠪᠠᠷᠢᠯᠳᠤᠭᠠᠨ ᠳᠤ ᠬᠥᠭᠡᠷᠳᠡᠭ ᠴᠤ ᠬᠥᠯ ᠪᠥᠮᠪᠥᠭᠡ ᠳᠦ ᠬᠣᠷᠣᠬᠠᠶᠢᠲᠠᠢ᠂ ᠣᠳᠣᠬᠠᠨ ᠳᠠᠭᠠᠨ 《ᠴᠢᠳᠠᠬᠤ ᠦᠭᠡᠢ》 ᠭᠡᠰᠡᠨ ᠠᠶᠢᠳᠠᠰ ᠢ ᠮᠢᠨᠢ ᠳᠠᠷᠤᠵᠤ ᠣᠯᠢᠮᠫ ᠤᠨ ᠠᠪᠤᠷᠭᠤ ᠨᠤᠭᠤᠳ ᠲᠥᠷᠦᠭᠰᠡᠨ ᠳᠦ ᠪᠢ ᠪᠠᠶᠠᠷᠯᠠᠳᠠᠭ᠃
ᠤᠲᠤᠭ᠎ᠠ ᠲᠠᠢ᠂ ᠰᠣᠶᠣᠯ ᠦᠭᠡᠢ ᠬᠣᠲᠠ ᠭᠡᠵᠦ ᠬᠠᠷᠠᠬᠤ ᠠᠴᠠᠭᠠᠨ ᠢᠯᠡᠭᠦᠦ᠂ ᠤᠯᠠᠭᠠᠨᠪᠠᠭᠠᠲᠤᠷ ᠮᠢᠨᠦ ᠨᠤᠲᠤᠭ ᠭᠡᠬᠦ ᠵᠠᠯᠠᠭᠤᠰ ᠣᠯᠠᠨ ᠪᠠᠶᠢᠳᠠᠭ ᠲᠤ ᠪᠢ ᠢᠲᠡᠭᠡᠳᠡᠭ᠃ ᠪᠠᠭ᠎ᠠ ᠶᠢᠨ ᠨᠠᠶᠢᠵᠠ ᠨᠤᠭᠤᠳ ᠤᠨ ᠶᠡᠬᠡᠩᠬᠢ ᠨᠢ ᠭᠠᠳᠠᠭᠰᠢ ᠪᠠᠨ ᠭᠠᠷᠤᠭᠰᠠᠨ ᠴᠤ ᠪᠢ ᠲᠡᠳᠡᠨ ᠢ ᠡᠷᠭᠢᠵᠦ ᠢᠷᠡᠭᠡᠳ ᠶᠡᠬᠡ ᠶᠢ ᠪᠦᠲᠦᠭᠡᠨ᠎ᠡ ᠭᠡᠳᠡᠭ ᠢ ᠮᠡᠳᠡᠵᠦ ᠪᠠᠶᠢᠨ᠎ᠠ᠃ ᠰᠠᠨᠠᠯ ᠬᠤᠳᠠᠯᠳᠤᠵᠤ ᠠᠪᠬᠤ ᠭᠡᠰᠡᠨ ᠯᠤᠶᠢᠪᠠᠷᠴᠢᠳ ᠠᠴᠠ ᠰᠣᠬᠣᠷ ᠵᠣᠭᠣᠰ ᠴᠤ ᠭᠣᠷᠢᠳᠠᠬᠤ ᠦᠭᠡᠢ ᠵᠠᠯᠠᠭᠤᠰ ᠰᠠᠶᠢᠬᠠᠨ ᠢᠷᠡᠭᠡᠳᠦᠢ ᠶᠢᠨ ᠲᠥᠯᠥᠭᠡ ᠬᠡᠳᠦᠨ ᠵᠠᠭᠤ ᠪᠠᠷ ᠢᠶᠠᠨ ᠨᠢᠭᠡᠳᠴᠦ᠂ ᠠᠮᠠ ᠵᠥᠷᠢᠪᠡᠯ ᠭᠠᠷ ᠵᠥᠷᠢᠳᠡᠭ ᠢᠶᠡᠨ ᠪᠣᠯᠢᠵᠤ ᠠᠨᠳᠠ ᠨᠥᠬᠥᠳ ᠠᠬᠠᠨ ᠳᠡᠭᠦᠰ ᠪᠣᠯᠵᠤ ᠪᠠᠶᠢᠨ᠎ᠠ᠃ ᠠᠮᠠᠯᠠᠭᠰᠠᠨ ᠮᠥᠩᠭᠥᠨ ᠦ ᠠᠷᠤ ᠳᠤ ᠠᠯᠠᠭ᠎ᠠ ᠪᠠᠨ ᠲᠣᠰᠴᠤ ᠬᠦᠯᠢᠶᠡᠬᠦ ᠪᠢᠰᠢ᠂ ᠠᠵᠢᠯ ᠢᠶᠠᠨ ᠬᠢᠭᠡᠳ ᠣᠷᠣᠯᠭ᠎ᠠ ᠪᠠᠨ ᠣᠯᠳᠠᠭ᠂ ᠠᠶᠤᠬᠤ ᠠᠶᠤᠯ ᠦᠭᠡᠢ᠂ ᠬᠦᠮᠦᠨ ᠲᠡᠶᠢᠭᠡᠨ ᠭᠠᠵᠠᠷ ᠲᠠᠶᠢᠭᠠᠨ᠂ ᠬᠥᠨᠳᠡᠰᠢ ᠦᠭᠡᠢ ᠲᠡᠭᠰᠢ ᠡᠷᠬᠡ ᠲᠡᠶᠢᠭᠡᠨ ᠬᠦᠮᠦᠨ ᠰᠢᠭ᠋ ᠠᠮᠢᠳᠤᠷᠠᠵᠤ ᠤᠯᠤᠰ ᠰᠢᠭ ᠬᠥᠭᠵᠢᠬᠦ ᠶᠢ ᠪᠢ ᠬᠦᠰᠡᠵᠦ ᠪᠠᠶᠢᠨ᠎ᠠ᠃ ᠡᠨᠡ ᠴᠢᠨᠢ ᠡᠵᠡᠨ ᠲᠡᠢ᠂ ᠡᠵᠡᠨ ᠨᠢ ᠢᠷᠡᠭᠡᠳᠦᠢ ᠲᠡᠢ᠂ ᠢᠷᠡᠭᠡᠳᠦᠢ ᠨᠢ ᠭᠡᠷᠡᠯᠲᠡᠢ ᠣᠷᠣᠨ᠃
ᠨᠠᠮᠠᠶ᠋ᠢ ᠠᠮᠤᠷᠠᠠ ᠭᠡᠳᠡᠭ᠃ ᠨᠡᠷᠡᠡ ᠮᠢᠨᠢ ᠮᠣᠩᠭᠣᠯ᠂ ᠳᠦᠷᠦ ᠮᠢᠨᠢ ᠮᠣᠩᠭᠣᠯ᠂ ᠴᠢᠰᠤ ᠮᠢᠨᠢ ᠮᠣᠩᠭᠣᠯ᠂ ᠰᠥᠰᠥ ᠮᠢᠨᠢ ᠮᠣᠩᠭᠣᠯ᠃ ᠡᠬᠡ ᠣᠷᠣᠨ ᠭᠡᠳᠡᠭ ᠡᠷᠳᠡᠨᠢ ᠶᠢᠨ ᠵᠢᠷᠭᠤᠭᠠᠨ ᠦᠰᠦᠭ ᠡᠯᠡᠭᠳᠡᠵᠦ ᠳᠠᠭᠤᠰᠬᠤ ᠶᠢᠨ ᠴᠠᠭ ᠲᠤ ᠪᠢ ᠳᠠᠭᠤᠰᠤᠨ᠎ᠠ᠃ ᠪᠢ ᠮᠣᠩᠭᠣᠯ ᠬᠦᠮᠦᠨ᠃
ᠨᠢᠭᠡ᠃ ᠵᠦᠵᠦᠭᠡᠴᠢᠨ ᠪᠣᠯᠬᠤ ᠡᠬᠢᠯᠡᠯ
- ᠬᠠᠮᠢᠭ᠎ᠠ ᠲᠥᠷᠦᠵᠦ ᠥᠰᠪᠡ ᠳ᠋ᠡ⁈
- ᠪᠢ ᠲᠡᠮᠦᠷ ᠵᠠᠮ ᠤᠨ ᠬᠡᠦᠬᠡᠳ᠂ ᠲᠡᠨᠳᠡ ᠲᠥᠷᠦᠵᠦ᠂ ᠲᠡᠨᠳᠡ ᠥᠰᠦᠭᠰᠡᠨ᠃ 5 ᠡᠭᠡᠴᠢ ᠲᠡᠢ᠂ 2 ᠠᠬ᠎ᠠ ᠲᠠᠢ ᠠᠶᠢᠯ ᠤᠨ ᠪᠠᠭ᠎ᠠ ᠬᠦᠦ᠃ ᠠᠪᠤ ᠮᠢᠨᠢ ᠨᠠᠰᠤ ᠪᠠᠷ ᠢᠶᠠᠨ ᠲᠡᠭᠡᠭᠡᠪᠦᠷᠢ ᠶᠢᠨ ᠲᠡᠷᠭᠡ ᠪᠠᠷᠢᠭᠰᠠᠨ ᠵᠢᠯᠣᠭᠣᠴᠢ᠂ ᠡᠵᠢ ᠮᠢᠨᠢ ᠡᠮᠴᠢ ᠪᠠᠶᠢᠭᠰᠠᠨ᠃ ᠡᠵᠢ ᠮᠢᠨᠢ ᠣᠳᠤ 85 ᠲᠠᠢ᠂ ᠠᠪᠤ ᠮᠢᠨᠢ ᠨᠠᠮᠠᠶ᠋ᠢ 10 ᠨᠠᠰᠤᠲᠠᠢ ᠪᠠᠶᠢᠬᠤ ᠳᠤ ᠥᠩᠭᠡᠷᠡᠭᠰᠡᠨ᠃
- ᠬᠥᠭᠵᠢᠭᠦᠨ᠂ ᠳᠡᠪᠡᠷᠡᠭᠦᠨ ᠪᠠᠭ᠎ᠠ ᠨᠠᠰᠤᠨ ᠤ ᠪᠠᠨ ᠲᠤᠬᠠᠢ ᠳᠤᠷᠠᠰᠪᠠᠯ⁈
- ᠪᠠᠭ᠎ᠠ ᠨᠠᠰᠤ ᠮᠢᠨᠢ ᠪᠤᠰᠤᠳ ᠲᠠᠢ ᠶᠠᠭ ᠯᠠ ᠠᠳᠠᠯᠢᠬᠠᠨ ᠥᠩᠭᠡᠷᠡᠭᠰᠡᠨ᠃ ᠻᠠᠷᠲ ᠤᠨ ᠪᠠᠷᠠᠭᠠᠨ ᠤ ᠳᠤᠲᠠᠭᠤ ᠳᠤᠯᠢᠮᠠᠭᠬᠠᠨ ᠦᠶ᠎ᠡ᠃ ᠪᠢᠳᠡ ᠴᠢᠨᠢ ᠬᠣᠶᠠᠷ ᠲᠣᠮᠤ ᠲᠥᠷᠥ ᠶᠢᠨ ᠨᠢᠭᠤᠷ ᠦᠵᠡᠯ᠎ᠡ ᠰᠢᠦ ᠳ᠋ᠡ᠃ (ᠢᠨᠢᠶᠡᠪᠡ) ᠲᠠᠯᠬ᠎ᠠ ᠠᠪᠬᠤ ᠭᠡᠵᠦ ᠲᠠᠯᠬᠠᠨ ᠤ ᠮᠠᠰᠢᠨ ᠬᠦᠯᠢᠶᠡᠵᠦ ᠰᠥᠨᠢ ᠳ᠋ᠤᠭᠠᠷᠯᠠᠳᠠᠭ ᠪᠠᠶᠢᠭᠰᠠᠨ ᠭᠡᠳ ᠶᠠᠷᠢᠪᠠᠯ ᠣᠳᠤ ᠶᠢᠨ ᠬᠡᠦᠬᠡᠳ ᠦᠳ ᠢᠲᠡᠭᠡᠬᠦ ᠦᠭᠡᠢ ᠳ᠋ᠡ᠃ ᠵᠥᠷᠢᠵᠦ ᠥᠩᠭᠡᠷᠡᠭᠰᠡᠨ ᠨᠢᠭᠡ ᠥᠬᠢᠨ ᠠᠴᠠ 《ᠳᠡᠯᠭᠡᠭᠦᠷ ᠲᠦ ᠭᠣᠶᠣ ᠶᠠᠭᠤᠮ᠎ᠠ ᠵᠠᠷᠤᠵᠤ ᠪᠠᠶᠢᠨ᠎ᠠ ᠤᠤ⁈》 ᠭᠡᠵᠦ ᠠᠰᠠᠭᠤᠭᠰᠠᠨ ᠴᠢᠨᠢ 《ᠭᠣᠶᠣ ᠶᠠᠭᠤᠮᠠᠠ ᠪᠠᠶᠢᠨᠠᠠ ᠠ᠋᠂ ᠰᠢᠷ᠎ᠠ ᠪᠤᠳᠠᠭ᠎ᠠ ᠮᠤᠳᠠᠭᠠᠠ ᠵᠠᠷᠤᠵᠤ ᠪᠠᠶᠢᠨ᠎ᠠ》 ᠭᠡᠵᠦ ᠬᠠᠷᠢᠭᠤᠯᠵᠤ ᠪᠠᠶᠢᠭᠰᠠᠨ ᠦᠶ᠎ᠡ ᠰᠢᠦ ᠳ᠋ᠡ᠃
- ᠠᠯᠢ ᠰᠤᠷᠭᠠᠭᠤᠯᠢ ᠶᠢ ᠲᠡᠭᠦᠰᠦᠭᠰᠡᠨ ᠶᠤᠮ ᠪᠤᠢ⁈
- 51 ᠍ ᠳᠦᠭᠡᠷ ᠰᠤᠷᠭᠠᠭᠤᠯᠢ ᠶᠢ ᠲᠡᠭᠦᠰᠦᠭᠰᠡᠨ᠃ ᠮᠠᠨ ᠤ ᠤᠳᠤᠮ ᠳᠤ ᠤᠷᠠᠯᠢᠭ ᠤᠨ ᠬᠦᠮᠦᠨ ᠭᠡᠪᠡᠯ 《ᠵᠠᠭᠤᠨ ᠤ ᠮᠠᠩᠯᠠᠢ》 ᠳᠠᠭᠤᠷᠢ ᠶᠢᠨ ᠳᠠᠭᠤᠴᠢᠨ ᠤᠷᠲᠤᠨᠠᠰᠤᠨ᠂ ᠮᠢᠨᠦ ᠦᠶᠡᠯᠢ ᠡᠭᠡᠴᠢ ᠯᠠ ᠳ᠋ᠡ᠃ ᠮᠢᠨᠦ ᠠᠪᠤ ᠡᠵᠢ ᠮᠢᠨᠢ ᠤᠷᠠᠯᠢᠭ ᠲᠤ ᠳᠤᠷᠠᠲᠠᠢ ᠬᠦᠮᠦᠰ᠃ ᠵᠢᠯ ᠪᠣᠯᠭᠠᠨ 《ᠤᠴᠢᠷᠲᠠᠢ ᠭᠤᠷᠪᠠᠨ ᠲᠣᠯᠣᠭᠠᠢ》 ᠳᠠᠭᠤᠷᠢ ᠶᠢᠨ ᠨᠡᠭᠡᠭᠡᠯᠲᠡ ᠶᠢ ᠵᠠᠪᠠᠯ ᠦᠵᠡᠨ᠎ᠡ᠃ 10 ᠳᠤᠭᠠᠷ ᠠᠩᠭᠢ ᠲᠡᠭᠦᠰᠴᠦ ᠪᠠᠶᠢᠬᠤ ᠳᠤ ᠮᠠᠨ ᠤ ᠭᠡᠷ ᠦᠨ ᠬᠢᠨ ᠨᠠᠮᠠᠶ᠋ᠢ ᠡᠳ ᠍ ᠦᠨ ᠵᠠᠰᠠᠭ ᠤᠨ ᠰᠤᠷᠭᠠᠭᠤᠯᠢ ᠳᠤ ᠤᠷᠤᠭᠤᠯᠬᠤ ᠰᠠᠨᠠᠭ᠎ᠠ ᠲᠠᠢ᠃ ᠪᠢ ᠨᠢᠭᠤᠴᠠ ᠪᠠᠷ ᠰᠤᠶᠤᠯ ᠤᠷᠠᠯᠢᠭ ᠤᠨ ᠶᠡᠬᠡ ᠰᠤᠷᠭᠠᠭᠤᠯᠢ ᠳᠦ ᠣᠴᠢᠭᠠᠳ ᠰᠢᠯᠭᠠᠯᠲᠠ ᠥᠭᠴᠢᠬᠡᠪᠡ᠃ ᠰᠤᠷᠭᠠᠭᠤᠯᠢ ᠳᠤ ᠲᠡᠩᠴᠡᠵᠦ ᠪᠣᠯᠬᠤ ᠬᠠᠮᠤᠭ ᠤᠨ ᠳᠣᠭᠣᠳᠤ ᠣᠨᠣᠭ᠎ᠠ ᠶᠢ ᠠᠪᠴᠤ ᠶᠠᠪᠤᠭᠰᠠᠭᠠᠷ ᠪᠠᠶᠢᠭᠠᠳ ᠲᠡᠩᠴᠡᠭᠰᠡᠨ ᠯᠠ ᠳ᠋ᠡ᠃ ᠵᠠᠷᠢᠮ ᠪᠠᠭᠰᠢ ᠨᠠᠷ ᠨᠠᠮᠠᠶ᠋ᠢ ᠰᠥᠭᠡᠩᠭᠢ ᠬᠣᠭᠣᠯᠠᠢ ᠲᠠᠢ ᠪᠣᠯᠬᠣᠷ 《ᠴᠢᠨᠤ ᠬᠣᠭᠣᠯᠠᠢ ᠡᠨᠡ ᠲᠡᠷᠡ ᠴᠢᠨᠢ ᠲᠡᠩᠴᠡᠬᠦ ᠦᠭᠡᠢ ᠪᠣᠯᠬᠣᠷ ᠰᠠᠶᠢᠨ ᠵᠦᠵᠦᠭᠡᠴᠢᠨ ᠪᠣᠯᠵᠤ ᠴᠢᠳᠠᠬᠤ ᠦᠭᠡᠢ᠃ ᠡᠷᠲᠡᠬᠡᠨ ᠵᠠᠮ ᠢᠶᠠᠨ ᠪᠣᠳᠣᠵᠤ ᠪᠠᠶᠢᠭᠰᠠᠨ ᠨᠢ ᠳᠡᠭᠡᠷ᠎ᠡ ᠳ᠋ᠡ》 ᠭᠡᠳᠡᠭ ᠪᠠᠶᠢᠭᠰᠠᠨ ᠯᠠ ᠳ᠋ᠠ᠃ (ᠢᠨᠢᠶᠡᠪᠡ)
- ᠭᠡᠬᠦ ᠳᠡᠭᠡᠨ ᠯᠠ ᠵᠦᠵᠦᠭᠡᠴᠢᠨ ᠪᠣᠯᠵᠤ ᠴᠢᠳᠠᠭᠰᠠᠨ᠃
- ᠲᠡᠭᠡᠭᠡᠳ ᠶᠠᠭᠠᠬᠢᠬᠤᠪ ᠳ᠋ᠡ᠂ ᠭᠦᠷᠡᠶᠢᠭᠰᠡᠭᠡᠷ ᠶᠠᠪᠤᠭᠠᠳ ᠰᠤᠷᠭᠠᠭᠤᠯᠢ ᠪᠠᠨ ᠲᠡᠭᠦᠰᠦᠭᠰᠡᠨ᠃ ᠶᠠᠭ ᠦᠨᠡᠨ ᠳᠡᠭᠡᠨ ᠰᠠᠶᠢᠨ ᠵᠦᠵᠦᠭᠡᠴᠢᠨ ᠪᠣᠯᠬᠤ ᠶᠢ ᠠᠮᠢᠳᠤᠷᠠᠯ ᠳᠡᠭᠡᠷ᠎ᠡ ᠯᠠ ᠰᠤᠷᠳᠠᠭ ᠶᠤᠮ ᠪᠢᠯᠡ᠃ ᠰᠤᠶᠤᠯ ᠤᠷᠠᠯᠢᠭ ᠤᠨ ᠶᠡᠬᠡ ᠰᠤᠷᠭᠠᠭᠤᠯᠢ ᠳᠤ ᠪᠣᠯ ᠠᠵᠠ ᠪᠠᠷ ᠮᠠᠰᠢ ᠰᠠᠶᠢᠨ ᠪᠠᠭᠰᠢ ᠲᠠᠢ ᠪᠠᠶᠢᠭᠰᠠᠨ᠃ ᠣᠳᠤ ᠬᠢᠷᠢ ᠨᠢ 《ᠶᠠᠮᠠᠷ ᠠᠵᠠ ᠪᠠᠷ ᠡᠶᠢᠮᠦ ᠪᠠᠭᠰᠢ ᠲᠠᠢ ᠤᠴᠠᠷᠠᠪᠠ》 ᠭᠡᠵᠦ ᠪᠣᠳᠣᠳᠠᠭ ᠶᠤᠮ ᠰᠢᠦ᠃ ᠠᠩᠭᠢ ᠶᠢᠨ ᠬᠢᠨ ᠳᠤᠮᠳᠠ ᠪᠠᠨ ᠪᠠᠭᠰᠢ ᠪᠠᠨ ᠬᠠᠮᠤᠭ ᠤᠨ ᠶᠡᠬᠡ ᠵᠣᠪᠠᠭᠠᠭᠰᠠᠨ ᠨᠢ ᠪᠢ ᠪᠠᠶᠢᠬᠠᠠ᠃ ᠰᠠᠬᠢᠯᠭ᠎ᠠ ᠦᠭᠡᠢ᠂ ᠵᠥᠷᠢᠭᠦᠳ᠃ ᠰᠤᠶᠤᠯ ᠤᠷᠠᠯᠢᠭ ᠤᠨ ᠶᠡᠬᠡ ᠰᠤᠷᠭᠠᠭᠤᠯᠢ ᠦᠨ ᠪᠠᠭᠰᠢ ᠨᠠᠷ ᠪᠢᠳᠡᠨ ᠳᠦ 《ᠲᠠ ᠨᠠᠷ ᠠᠴᠠ ᠨᠢᠭᠡ ᠨᠢ ᠵᠦᠵᠦᠭᠡᠴᠢᠨ ᠪᠣᠯᠤᠨ᠎ᠠ᠂ ᠪᠤᠰᠤᠳ ᠨᠢ ᠰᠤᠶᠤᠯ ᠲᠠᠢ ᠦᠵᠡᠭᠴᠢᠳ ᠪᠣᠯᠤᠨ᠎ᠠ》 ᠭᠡᠵᠦ ᠬᠡᠯᠡᠳᠡᠭ ᠪᠠᠶᠢᠵᠤ ᠪᠢᠯᠡ᠃ ᠮᠠᠨ ᠤ ᠠᠩᠭᠢ ᠠᠴᠠ ᠪᠣᠯ ᠣᠯᠠᠨ ᠵᠦᠵᠦᠭᠡᠴᠢᠳ ᠭᠠᠷᠤᠭᠰᠠᠨ ᠨᠢ ᠪᠠᠭᠰᠢ ᠶᠢᠨ ᠮᠢᠨᠢ ᠯᠠ ᠠᠴᠢ᠃ ᠡᠪᠢ᠂ ᠪᠣᠯᠤᠳ-ᠡᠷᠳᠡᠨᠢ᠂ ᠢᠯᠠᠯᠲᠠ᠂ ᠨᠠᠪᠴᠢᠶᠠᠠ᠂ 《25 ᠍ ᠳᠤᠭᠠᠷ ᠰᠤᠪᠠᠭ》 ᠲᠧᠯᠧᠸᠢᠽ ᠦᠨ ᠪᠠᠶᠠᠷᠬᠦ᠋ᠦ᠂ ᠭᠠᠨᠲᠢᠭᠮᠠᠠ᠂ 《TV-9》 ᠶᠢᠨ ᠪᠣᠯᠣᠷᠴᠢᠮᠡᠭ᠂ 《ᠳ᠋ᠣᠽ ᠡᠨ᠋ᠲᠧᠷᠲᠧᠶᠢᠮᠧᠨᠲ》 ᠦᠨ ᠵᠤᠯᠠ ᠭᠡᠳ ᠮᠡᠷᠭᠡᠵᠢᠯ ᠢᠶᠡᠷ ᠢᠶᠡᠨ ᠠᠵᠢᠯᠯᠠᠵᠤ ᠪᠠᠶᠢᠭ᠎ᠠ ᠨᠢ ᠣᠯᠠᠨ ᠪᠠᠶᠢᠭ᠎ᠠ᠃
- ᠮᠤᠨᠳᠠᠭ ᠶᠤᠮ ᠠ᠋᠃ ᠤᠷᠠᠨ ᠪᠦᠲᠦᠭᠡᠯ ᠢᠶᠡᠨ ᠬᠡᠵᠢᠶ᠎ᠡ ᠡᠬᠢᠯᠡᠪᠡ ᠳ᠋ᠡ⁈
- ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ 4 ᠍ ᠳᠦᠭᠡᠷ ᠻᠦᠷᠰ ᠲᠦ ᠰᠤᠷᠴᠤ ᠪᠠᠶᠢᠬᠤ ᠳᠠᠭᠠᠨ ᠪᠠᠳᠠᠷᠠᠠ-ᠤᠤᠭᠠᠨ ᠠᠬᠠᠠ ᠶᠢᠨ 《ᠠᠭᠤᠯᠠ ᠶᠢᠨ ᠬᠥᠬᠡ ᠰᠡᠭᠦᠳᠡᠷ》 ᠨᠡᠷᠡᠲᠡᠢ ᠻᠢᠨᠣ ᠳᠤ ᠲᠣᠭᠯᠠᠭᠠᠳ᠂ ᠳ᠋ᠢᠫᠯᠣᠮ ᠤᠨ ᠠᠵᠢᠯ ᠢᠶᠠᠨ ᠻᠠᠮᠧᠷᠲᠣᠨ ᠤ ᠪᠣᠯᠣᠳ ᠤᠨ ᠳᠠᠭᠤᠯᠠᠭᠰᠠᠨ ᠳᠠᠭᠤᠨ ᠤ ᠻᠯᠢᠫ ᠢᠶᠡᠷ ᠬᠢᠵᠦ ᠬᠠᠮᠠᠭᠠᠯᠠᠵᠤ ᠪᠠᠶᠢᠪᠠ᠃ ᠳᠠᠷᠠᠭ᠎ᠠ ᠵᠢᠯ ᠨᠢ 《ᠲᠠᠪᠢᠯᠠᠩ》᠂ 2000 ᠣᠨ ᠳᠤ 《ᠤᠳᠤᠷᠢᠳᠤᠭᠴᠢ》 ᠭᠡᠳᠡᠭ ᠻᠢᠨᠣ ᠳᠤ ᠲᠣᠭᠯᠠᠭᠰᠠᠨ᠃ ᠦᠨᠳᠦᠰᠦᠨ ᠳᠡᠭᠡᠨ 1999 ᠣᠨ ᠳᠤ ᠰᠤᠷᠭᠠᠭᠤᠯᠢ ᠪᠠᠨ ᠲᠡᠭᠦᠰᠦᠭᠡᠳ ᠬᠣᠶᠠᠷ ᠵᠢᠯ ᠠᠷ ᠰᠠᠭᠠᠷᠬᠠᠨ ᠪᠦᠲᠦᠭᠡᠯ ᠬᠢᠵᠦ ᠪᠠᠶᠢᠭᠠᠳ ᠢᠷᠯᠠᠨ᠋ᠳ ᠤᠷᠤᠭᠤ ᠶᠠᠪᠤᠭᠰᠠᠨ ᠳ᠋ᠠ᠃
ᠬᠣᠶᠠᠷ᠃ ᠪᠢ ᠬᠠᠷᠢ ᠳᠤ ᠢᠳᠡᠭᠡᠰᠢᠬᠦ ᠦᠭᠡᠢ ᠶᠤᠮ ᠪᠢᠯᠡ
- ᠢᠷᠯᠠᠨ᠋ᠳ ᠤᠷᠤᠭᠤ ᠠᠵᠢᠯ ᠬᠢᠬᠦ ᠪᠡᠷ ᠶᠠᠪᠤᠭᠰᠠᠨ ᠤᠤ⁈
- ᠬᠦᠮᠦᠨ ᠪᠣᠯᠭᠠᠨ ᠯᠠ ᠠᠵᠢᠯ ᠬᠢᠵᠦ ᠠᠮᠢᠳᠤᠷᠠᠯ ᠢᠶᠠᠨ ᠳᠡᠭᠡᠭᠰᠢᠯᠡᠭᠦᠯᠬᠦ ᠪᠡᠷ ᠭᠠᠳᠠᠭᠰᠢ ᠪᠠᠨ ᠶᠠᠪᠤᠵᠤ ᠪᠠᠶᠢᠭᠰᠠᠨ ᠦᠶ᠎ᠡ᠃ ᠲᠡᠷᠡ ᠦᠶ᠎ᠡ ᠳᠦ ᠮᠢᠨᠦ ᠦᠶ᠎ᠡ ᠶᠢᠨ ᠬᠢᠨ ᠻᠢᠨᠣ ᠵᠦᠵᠦᠭᠡ ᠳᠦ ᠲᠣᠭᠯᠠᠵᠤ 《ᠣᠳᠤ》 ᠪᠣᠯᠵᠠᠭᠠᠵᠤ ᠪᠠᠶᠢᠭᠰᠠᠨ ᠯᠠ ᠳ᠋ᠠ᠃ ᠬᠠᠷᠢᠨ ᠪᠢ ᠢᠷᠯᠠᠨ᠋ᠳ ᠤᠷᠤᠭᠤ ᠶᠠᠪᠤᠵᠤ ᠠᠶᠠᠭ᠎ᠠ ᠲᠠᠪᠠᠭ ᠤᠭᠢᠶᠠᠵᠤ᠂ ᠡᠯᠳᠡᠪ ᠬᠠᠷ᠎ᠠ ᠠᠵᠢᠯ ᠬᠢᠵᠦ ᠪᠠᠶᠢᠰᠤᠨ ᠤ ᠪᠠᠨ ᠬᠦᠴᠦ ᠪᠡᠷ ᠣᠳᠤ ᠠᠩᠭᠯᠢ ᠬᠡᠯᠡ ᠪᠡᠷ ᠻᠢᠨᠣ ᠳᠤ ᠲᠣᠭᠯᠠᠵᠤ ᠪᠠᠶᠢᠨ᠎ᠠ᠃ ᠶᠠᠭ ᠦᠨᠡᠨ ᠳᠡᠭᠡᠨ ᠪᠢ ᠡᠨᠡ ᠠᠮᠢᠳᠤᠷᠠᠯ ᠠᠴᠠᠭᠠᠨ ᠣᠭᠲᠤ ᠢᠴᠢᠳᠡᠭ ᠦᠭᠡᠢ᠃ ᠠᠮᠢᠳᠤᠷᠠᠯ ᠳᠤ ᠪᠠᠶᠢᠳᠠᠭ ᠯᠠ ᠵᠦᠢᠯ ᠰᠢᠦ ᠳ᠋ᠡ᠃
- ᠶᠠᠭᠠᠬᠢᠵᠤ ᠲᠥᠪᠬᠢᠨᠡᠵᠦ᠂ ᠶᠠᠮᠠᠷ ᠠᠵᠢᠯ ᠬᠢᠵᠦ ᠪᠠᠶᠢᠪᠠ ᠳ᠋ᠠ⁈
- 230 ᠳ᠋ᠣᠯᠯᠠᠷ ᠲᠠᠢ ᠢᠷᠯᠠᠨ᠋ᠳ ᠲᠤ ᠣᠴᠢᠭᠠᠳ ᠰᠣᠯᠢᠭᠤᠯᠬᠤ ᠳᠤ 200-᠊ᠭᠠᠳ ᠳ᠋ᠣᠯᠯᠠᠷ ᠤᠨ ᠮᠥᠩᠭᠥ ᠪᠡᠨ ᠪᠠᠶᠢᠷᠢᠨ ᠤ ᠪᠠᠨ ᠬᠥᠯᠦᠰᠦᠨ ᠳᠦ ᠥᠭᠭᠦᠭᠡᠳ ᠦᠯᠡᠳᠡᠭᠰᠡᠨ 24 ᠧᠦᠷᠣ ᠶᠢᠨ ᠢᠶᠠᠨ 10 ᠧᠦᠷᠣ ᠪᠠᠷ ᠨᠢ ᠬᠠᠭᠤᠴᠢᠨ ᠤᠨᠤᠳᠠᠭ ᠳᠤᠭᠤᠢ ᠬᠤᠳᠠᠯᠳᠤᠵᠤ ᠠᠪᠴᠤ᠂ ᠪᠤᠰᠤᠳ ᠢᠶᠠᠷ ᠨᠢ ᠬᠣᠭᠣᠯᠠᠨ ᠤ ᠮᠥᠩᠭᠥ ᠪᠣᠯᠭᠠᠵᠤ ᠠᠮᠢᠳᠤᠷᠠᠯ ᠢᠶᠠᠨ ᠡᠬᠢᠯᠡᠭᠰᠡᠨ ᠳ᠋ᠡ᠃ ᠲᠠᠨᠢᠳᠠᠭ ᠵᠠᠯᠠᠭᠤ ᠮᠠᠨᠢ ᠨᠠᠮᠠᠶ᠋ᠢ ᠨᠢᠭᠡ ᠭᠠᠵᠠᠷ ᠠᠵᠢᠯ ᠳᠤ ᠣᠷᠣᠭᠤᠯᠵᠤ ᠥᠭᠭᠦᠭᠰᠡᠨ᠃ ᠡᠬᠢᠨ ᠳᠡᠭᠡᠨ ᠬᠡᠯᠡ ᠮᠡᠳᠡᠬᠦ ᠦᠭᠡᠢ᠂ ᠤᠴᠢᠷ ᠢᠶᠠᠨ ᠣᠯᠬᠤ ᠦᠭᠡᠢ ᠪᠣᠯᠬᠣᠷ ᠲᠠᠭᠠᠷᠠᠯᠳᠤᠭᠰᠠᠨ ᠠᠵᠢᠯ ᠢᠶᠠᠨ ᠬᠢᠨ᠎ᠡ᠃ ᠶᠠᠭᠤ ᠡᠰ ᠢ ᠬᠢᠬᠦ ᠪᠢᠯᠡ᠃ ᠠᠭᠠᠵᠢᠮ ᠳᠠᠭᠠᠨ ᠬᠡᠯᠡ ᠰᠠᠶᠢᠵᠢᠷᠠᠬᠤ ᠲᠤᠰᠤᠮ ᠠᠵᠢᠯ ᠰᠠᠶᠢᠵᠢᠷᠠᠳᠠᠭ᠃ ᠵᠢᠯ ᠭᠠᠷᠤᠨ ᠤ ᠳᠠᠷᠠᠭ᠎ᠠ ᠮᠠᠨ ᠤ ᠠᠵᠢᠯ ᠤᠨ ᠭᠠᠵᠠᠷ ᠳᠠᠮᠫᠤᠤᠷᠠᠬᠤ ᠳᠤ ᠪᠣᠰᠰ ᠨᠢ ᠨᠠᠮᠠᠶ᠋ᠢ ᠠᠪᠴᠤ ᠦᠯᠡᠳᠡᠪᠡ᠃ ᠲᠡᠭᠡᠭᠡᠳ ᠯᠠ ᠥᠷᠯᠥᠭᠡᠨ ᠦ ᠲᠠᠪᠤᠨ ᠴᠠᠭ ᠠᠴᠠ ᠡᠬᠢᠯᠡᠭᠡᠳ ᠪᠦᠬᠦ ᠠᠵᠢᠯ ᠢ ᠭᠠᠭᠴᠠᠭᠠᠷ ᠢᠶᠠᠨ ᠬᠢᠳᠡᠭ ᠪᠣᠯᠤᠯ᠎ᠠ᠃ ᠲᠣᠭᠣᠭᠠᠴᠢ᠂ ᠵᠥᠭᠡᠭᠡᠭᠴᠢ᠂ ᠴᠡᠪᠡᠷᠯᠡᠭᠴᠢ ᠭᠡᠳ ᠪᠦᠭᠦᠳᠡ ᠶᠢ ᠨᠢ ᠰᠢᠦ ᠳ᠋ᠡ᠃
- ᠭᠠᠳᠠᠭᠠᠳᠤ ᠳᠤ ᠠᠵᠢᠯᠯᠠᠵᠤ ᠠᠮᠢᠳᠤᠷᠠᠵᠤ ᠪᠠᠶᠢᠭ᠎ᠠ ᠮᠣᠩᠭᠣᠯᠴᠤᠳ ᠲᠡᠶᠢᠮᠦ ᠯᠠ ᠵᠠᠮ ᠢ ᠲᠤᠭᠤᠯᠳᠠᠭ᠃ ᠬᠠᠷᠢᠨ ᠶᠠᠭᠠᠬᠢᠭᠠᠳ ᠪᠤᠴᠠᠭᠰᠠᠨ ᠲᠠᠨᠢ ᠰᠣᠨᠢᠨ ᠪᠠᠶᠢᠨ᠎ᠠ⁈
- ᠲᠠᠻᠰ ᠲᠥᠯᠥᠯ ᠦᠭᠡᠢ ᠪᠡᠯᠡᠨ ᠮᠥᠩᠭᠥ ᠪᠡᠷ ᠴᠠᠯᠢᠩ ᠢᠶᠠᠨ ᠠᠪᠴᠤ ᠪᠠᠶᠢᠭᠰᠠᠨ ᠪᠣᠯᠬᠣᠷ ᠨᠡᠯᠢᠶᠡᠳ ᠮᠥᠩᠭᠥ ᠬᠢᠵᠦ ᠴᠢᠳᠠᠭᠰᠠᠨ ᠯᠠ ᠳ᠋ᠠ᠃ ᠳᠠᠷᠠᠭ᠎ᠠ ᠨᠢ ᠥᠭᠡᠷ᠎ᠡ ᠣᠯᠠᠨ ᠭᠠᠵᠠᠷ ᠠᠵᠢᠯᠯᠠᠭᠰᠠᠨ᠃ ᠨᠢᠭᠡ ᠯᠠ ᠡᠳᠦᠷ ᠪᠤᠴᠠᠬᠤ ᠪᠠᠷ ᠰᠢᠢᠳᠦᠭᠰᠡᠨ᠃ ᠲᠡᠷᠡ ᠦᠶ᠎ᠡ ᠳᠦ ᠨᠢᠭᠡ ᠴᠤ ᠮᠣᠩᠭᠣᠯ ᠬᠦᠮᠦᠨ ᠪᠠᠶᠢᠳᠠᠭ ᠦᠭᠡᠢ᠂ ᠲᠣᠮᠤ ᠬᠣᠲᠠ ᠠᠴᠠ ᠵᠠᠶᠢᠳᠠᠭᠤ ᠭᠠᠵᠠᠷ ᠠᠵᠢᠯᠯᠠᠵᠤ ᠠᠮᠢᠳᠤᠷᠠᠵᠤ ᠪᠠᠶᠢᠪᠠ᠃ ᠭᠠᠳᠠᠭᠰᠢ ᠪᠠᠨ ᠭᠠᠷᠤᠭᠠᠳ ᠶᠠᠪᠤᠵᠤ ᠪᠠᠶᠢᠭᠰᠠᠨ ᠴᠢᠨᠢ ᠣᠩᠭᠣᠴᠠᠨ ᠤ ᠪᠢᠯᠧᠲ ᠦᠨ ᠻᠠᠰᠰ ᠲᠠᠭᠠᠷᠠᠯᠳᠤᠬᠤ ᠪᠠᠷ ᠨᠢ ᠣᠷᠣᠭᠠᠳ 《ᠮᠣᠩᠭᠣᠯ ᠶᠠᠪᠤᠬᠤ ᠪᠢᠯᠧᠲ ᠪᠠᠶᠢᠨ᠎ᠠ ᠤᠤ⁈》 ᠭᠡᠰᠡᠨ ᠴᠢᠨᠢ 《ᠪᠠᠶᠢᠨ᠎ᠠ᠂ 700 ᠧᠦᠷᠣ》 ᠭᠡᠬᠦ ᠪᠡᠷ ᠨᠢ ᠰᠢᠭᠤᠳ ᠯᠠ ᠪᠢᠯᠧᠲ ᠪᠢᠴᠢᠭᠦᠯᠦᠭᠡᠳ ᠠᠪᠴᠢᠬᠠᠭᠰᠠᠨ᠃ ᠨᠠᠶᠢᠵᠠ ᠨᠤᠭᠤᠳ ᠮᠢᠨᠢ ᠴᠤ ᠢᠲᠡᠭᠡᠳᠡᠭ ᠦᠭᠡᠶ᠂ ᠬᠣᠶᠠᠷ ᠡᠳᠦᠷ ᠦᠨ ᠳᠣᠲᠤᠷᠠᠠ ᠬᠠᠮᠤᠭ ᠶᠠᠤᠭᠤᠮᠠᠠ ᠪᠠᠨ ᠴᠡᠭᠴᠡᠯᠡᠭᠡᠳ ᠯᠡ ᠨᠢᠰᠦᠭᠰᠡᠨ᠃ ᠭᠡᠷ ᠦᠨ ᠬᠢᠨ ᠮᠠᠨᠢ ᠴᠤ ᠨᠠᠮᠠᠶᠢ ᠢᠷᠡᠨᠡᠡ ᠭᠡᠳᠡᠭ ᠢ ᠮᠡᠳᠡᠭᠡᠳᠦᠶ᠂ ᠰᠦᠷᠫᠷᠢᠽ ᠪᠣᠯᠤᠭᠰᠠᠨ ᠳᠠ᠃
- ᠶᠡᠬᠡ ᠣᠭᠴᠣᠮ ᠰᠢᠢᠳᠪᠦᠷᠢ ᠭᠠᠷᠭᠠᠵᠤ ᠳ᠋ᠡ⁈
- ᠪᠢ ᠤᠭ ᠠᠴᠠᠭᠠᠨ ᠬᠦᠮᠦᠨ ᠦ ᠭᠠᠵᠠᠷ ᠢᠳᠡᠭᠡᠰᠢᠬᠦ ᠦᠭᠡᠢ ᠶᠤᠮ ᠪᠢᠯᠡ᠃ ᠲᠡᠭᠡᠭᠡᠳ ᠴᠤ ᠶᠠᠭᠤᠮ᠎ᠠ ᠶᠢ ᠤᠳᠠᠭᠠᠨ ᠨᠤᠬᠤᠴᠠᠲᠠᠢ ᠪᠣᠳᠣᠵᠤ ᠰᠢᠢᠳᠪᠦᠷᠢ ᠭᠠᠷᠭᠠᠳᠠᠭ ᠦᠭᠡᠢ᠂ ᠭᠡᠨᠡᠳᠲᠡ ᠣᠭᠴᠣᠮ ᠰᠢᠢᠳᠳᠡᠭ ᠠᠷᠠᠨᠰᠢᠨ ᠲᠠᠢ ᠶᠤᠮ ᠰᠢᠭ ᠪᠠᠶᠢᠭ᠎ᠠ ᠶᠤᠮ᠃ ᠲᠡᠭᠡᠵᠦ ᠰᠢᠢᠳᠦᠭᠡᠳ ᠢᠷᠡᠭᠰᠡᠨ ᠨᠢ ᠴᠤ ᠮᠢᠨᠦ ᠬᠤᠪᠢ ᠳᠤ ᠮᠣᠩᠭᠣᠯ ᠳᠠᠭᠠᠨ ᠥᠪᠡᠷ ᠦᠨ ᠣᠷᠣᠨ ᠵᠠᠢ ᠪᠠᠨ ᠣᠯᠬᠤ ᠳᠤ ᠨᠡᠮᠡᠷᠢ ᠪᠣᠯᠤᠭᠰᠠᠨ᠃ ᠮᠣᠩᠭᠣᠯ ᠳᠠᠭᠠᠨ ᠢᠷᠡᠭᠡᠳ ᠦᠨᠳᠦᠰᠦᠨ ᠳᠡᠭᠡᠨ ᠤᠷᠠᠨ ᠪᠦᠲᠦᠭᠡᠯ ᠦᠨ ᠠᠵᠢᠯ ᠳᠠᠭᠠᠨ ᠣᠷᠣᠯ᠎ᠠ᠃ ᠸᠢᠳᠧᠣ᠋ ᠰᠲᠦᠳᠢ ᠠᠵᠢᠯᠯᠠᠭᠤᠯᠵᠤ ᠡᠬᠢᠯᠡᠪᠡ᠃ ᠨᠡᠶᠢᠲᠡ ᠳᠡᠭᠡᠨ ᠳᠣᠯᠣᠭ᠎ᠠ᠂ ᠨᠠᠢᠮᠠᠨ ᠵᠢᠯ ᠡᠨᠡ ᠴᠢᠭᠯᠡᠯ ᠢᠶᠡᠷ ᠢᠶᠡᠨ ᠠᠵᠢᠯᠯᠠᠵᠤ᠂ ᠨᠡᠯᠢᠶᠡᠳ ᠣᠯᠠᠨ ᠷᠧᠻᠯᠠᠮ ᠰᠤᠷᠲᠠᠯᠴᠢᠯᠠᠭ᠎ᠠ ᠬᠢᠯ᠎ᠡ᠃ ᠰᠡᠭᠦᠯ ᠳᠡᠭᠡᠨ ᠵᠣᠷᠢᠭ ᠭᠠᠷᠭᠠᠵᠤ ᠭᠡᠨᠡᠳᠲᠡ ᠰᠢᠢᠳᠦᠭᠡᠳ ᠯᠠ ᠻᠢᠨᠣ ᠤᠷᠤᠭᠤ ᠣᠷᠣᠭᠰᠠᠨ᠃
ᠭᠤᠷᠪᠠ᠃ ᠤᠷᠠᠨ ᠪᠦᠲᠦᠭᠡᠯ᠂ ᠬᠦᠮᠦᠰ ᠲᠦ ᠬᠡᠷᠡᠭᠲᠡᠢ ᠰᠠᠨᠠᠭ᠎ᠠ ᠥᠭᠴᠦ ᠪᠠᠶᠢᠬᠤ ᠶᠣᠰᠣᠲᠠᠢ
- ᠭᠠᠳᠠᠭᠠᠳᠤ ᠠᠴᠠ ᠮᠣᠩᠭᠣᠯ ᠳᠠᠭᠠᠨ ᠢᠷᠡᠭᠡᠳ ᠬᠢᠭᠰᠡᠨ ᠲᠣᠮᠣᠬᠠᠨ ᠤᠷᠠᠨ ᠪᠦᠲᠦᠭᠡᠯ ᠪᠣᠯᠬᠤ 《ᠪᠣᠳᠣᠯ ᠤᠨ ᠬᠤᠯᠠᠭᠠᠶᠢᠴᠢ》 ᠻᠢᠨᠣ ᠶᠢ ᠲᠠᠨᠢ ᠦᠵᠡᠭᠰᠡᠨ᠃ ᠶᠠᠮᠠᠷ ᠲᠠᠢ ᠴᠤ ᠨᠠᠳᠤᠷ 《ᠬᠦᠮᠦᠨ ᠴᠢᠨᠠᠷ》 ᠍ ᠤᠨ ᠲᠤᠬᠠᠢ ᠨᠢᠭᠡ ᠵᠦᠢᠯ ᠪᠣᠳᠣᠭᠳᠠᠭᠤᠯᠵᠤ ᠪᠠᠶᠢᠭᠰᠠᠨ ᠰᠢᠦ᠃
- 《ᠪᠣᠳᠣᠯ ᠤᠨ ᠬᠤᠯᠠᠭᠠᠶᠢᠴᠢ》 ᠻᠢᠨᠣ᠍ ᠪᠠᠨ ᠬᠢᠭᠰᠡᠨ ᠦ ᠳᠠᠷᠠᠭ᠎ᠠ ᠪᠢ ᠨᠢᠭᠡ ᠵᠦᠢᠯ ᠢ ᠯᠠ ᠮᠠᠰᠢ ᠰᠠᠶᠢᠨ ᠤᠬᠠᠮᠰᠠᠷᠯᠠᠵᠤ ᠣᠶᠢᠯᠠᠭᠠᠭᠰᠠᠨ᠃ 《ᠬᠡᠷᠪᠡ ᠤᠷᠠᠨ ᠪᠦᠲᠦᠭᠡᠯ ᠬᠢᠬᠦ ᠶᠤᠮ ᠪᠣᠯ ᠨᠡᠶᠢᠭᠡᠮ ᠤᠨ ᠰᠠᠶᠢᠨ ᠰᠠᠶᠢᠬᠠᠨ ᠤ ᠲᠥᠯᠥᠭᠡ ᠵᠠᠪᠠᠯ ᠳᠤᠤᠭᠠᠷᠴᠤ ᠪᠠᠶᠢᠬᠤ ᠬᠡᠷᠡᠭᠲᠡᠢ ᠶᠤᠮ ᠪᠠᠶᠢᠨ᠎ᠠ》 ᠭᠡᠵᠦ᠃ ᠶᠠᠮᠠᠷ ᠴᠤ ᠰᠡᠳᠦᠪ ᠦᠨ ᠠᠷᠤ ᠳᠤ ᠵᠠᠪᠠᠯ ᠬᠦᠮᠦᠨ ᠳᠦ ᠨᠢᠭᠡ ᠵᠦᠢᠯ ᠪᠣᠳᠣᠭᠳᠠᠭᠤᠯᠵᠤ ᠪᠠᠶᠢᠬᠤ ᠬᠡᠷᠡᠭᠲᠡᠢ᠃ ᠲᠡᠭᠦᠨ ᠡᠴᠡ ᠬᠣᠶᠢᠰᠢ ᠬᠢᠷᠢ ᠶᠢᠨ ᠻᠢᠨᠣ ᠶᠢᠨ ᠰᠠᠨᠠᠯ ᠢ ᠬᠦᠯᠢᠶᠡᠵᠦ ᠠᠪᠤᠭᠠᠳᠤᠶ᠃ ᠰᠠᠨᠠᠯ ᠢ ᠨᠢ ᠰᠤᠳᠤᠯᠬᠤ ᠳᠠᠭᠠᠨ 《ᠡᠭᠦᠨ ᠦ ᠴᠠᠭᠠᠨ᠎ᠠ ᠬᠡᠨ ᠳᠦ ᠶᠠᠭᠤ ᠬᠡᠯᠡᠬᠦ ᠭᠡᠵᠦ ᠪᠠᠶᠢᠨ᠎ᠠ ᠪᠤᠢ⁈》 ᠭᠡᠳᠡᠭ ᠲᠦ ᠯᠠ ᠠᠩᠬᠠᠷᠤᠯ ᠢᠶᠠᠨ ᠬᠠᠨᠳᠤᠭᠤᠯᠬᠤ ᠪᠣᠯᠤᠭᠰᠠᠨ᠃ ᠨᠠᠮᠠᠶ᠋ᠢ ᠮᠠᠰᠢ ᠣᠯᠠᠨ ᠬᠡᠦᠬᠡᠳ ᠵᠠᠯᠠᠭᠤᠰ ᠬᠠᠷᠠᠵᠤ ᠪᠠᠶᠢᠭ᠎ᠠ᠃ ᠲᠡᠭᠡᠬᠦ ᠪᠡᠷ ᠪᠢ ᠲᠡᠳᠡᠨ ᠳᠦ ᠪᠤᠷᠤᠭᠤ ᠦᠯᠢᠭᠡᠷ ᠳᠠᠭᠤᠷᠢᠶᠠᠯᠠᠯ᠂ ᠪᠤᠷᠤᠭᠤ ᠮᠠᠭᠤ ᠮᠧᠰᠰᠧᠵ ᠥᠭᠴᠦ ᠪᠣᠯᠬᠤ ᠦᠭᠡᠢ᠃
- ᠲᠡᠶᠢᠮᠦ ᠰᠢᠦ᠂ ᠵᠠᠷᠢᠮ ᠳᠠᠭᠠᠨ ᠰᠠᠶᠢᠨ ᠵᠦᠵᠦᠭᠡᠴᠢᠳ ᠢ ᠴᠢᠨᠠᠷ ᠮᠠᠭᠤ ᠲᠠᠢ ᠻᠢᠨᠣ ᠳᠤ ᠲᠣᠭᠯᠠᠵᠤ ᠪᠠᠶᠢᠬᠤ ᠶᠢ ᠬᠠᠷᠠᠭᠠᠳ ᠬᠠᠷᠠᠮᠰᠠᠳᠠᠭ ᠰᠢᠦ᠃
- 《ᠬᠦᠮᠦᠨ ᠶᠠᠭᠤ ᠲᠠᠷᠢᠨ᠎ᠠ᠂ ᠲᠡᠭᠦᠨ ᠢ ᠪᠡᠨ ᠬᠤᠷᠢᠶᠠᠵᠤ ᠠᠪᠤᠨ᠎ᠠ》 ᠭᠡᠳᠡᠭ ᠦᠭᠡ ᠪᠤᠢ᠃ ᠵᠦᠭᠡᠷ ᠯᠠ ᠨᠢᠭᠡ 《ᠤᠰᠤᠨ ᠬᠠᠶᠢᠷ᠎ᠠ》᠂ ᠡᠯᠳᠡᠪ ᠦᠨ ᠵᠣᠳᠣᠭᠠᠨ ᠴᠣᠬᠢᠭᠠᠨ ᠲᠠᠢ᠂ ᠬᠦᠮᠦᠰ ᠲᠦ ᠶᠠᠭᠤ ᠬᠡᠯᠡᠵᠦ ᠣᠶᠢᠯᠠᠭᠠᠭᠤᠯᠬᠤ ᠭᠡᠳ ᠪᠠᠶᠢᠭ᠎ᠠ ᠨᠢ ᠲᠣᠳᠣᠷᠬᠠᠢ ᠦᠭᠡᠢ ᠻᠢᠨᠣ ᠳᠤ ᠲᠣᠭᠯᠠᠵᠤ ᠶᠠᠭᠠᠬᠢᠬᠤ ᠶᠤᠮ ᠪᠤᠢ⁈ ᠵᠦᠵᠦᠭᠡᠴᠢᠨ ᠬᠦᠮᠦᠨ ᠳᠦ ᠴᠤ ᠥᠪᠡᠷ ᠦᠨ ᠢᠲᠡᠭᠡᠯ ᠦᠨᠡᠮᠰᠢᠯ᠂ ᠦᠨ᠎ᠡ ᠴᠡᠨ᠎ᠡ ᠭᠡᠵᠦ ᠪᠠᠶᠢᠬᠤ ᠶᠣᠰᠣᠲᠠᠢ ᠰᠢᠦ᠃
- ᠮᠡᠳᠡᠭᠡᠵᠢ ᠵᠦᠵᠦᠭᠡᠴᠢᠨ ᠬᠦᠮᠦᠨ ᠦᠨ᠎ᠡ ᠴᠡᠨ᠎ᠡ ᠲᠡᠢ ᠪᠠᠶᠢᠬᠤ ᠶᠢᠨ ᠲᠤᠯᠠᠳᠠ ᠶᠡᠬᠡ ᠰᠤᠷᠤᠯᠴᠠᠵᠤ᠂ ᠬᠥᠭᠵᠢᠬᠦ ᠬᠡᠷᠡᠭᠲᠡᠢ ᠪᠣᠯᠳᠠᠭ ᠪᠠᠶᠢᠬᠠᠠ᠃
- ᠶᠠᠫᠣᠨ᠋ᠴᠤᠳ 《ᠴᠢᠩᠭᠢᠰ ᠬᠠᠭᠠᠨ》 ᠻᠢᠨᠣ ᠪᠦᠲᠦᠭᠡᠬᠦ ᠳᠡᠭᠡᠨ ᠨᠠᠳᠤᠷ ᠵᠡᠯᠮᠡᠡ ᠪᠠᠭᠠᠲᠤᠷ ᠤᠨ ᠳᠦᠷᠢ ᠶᠢ ᠰᠠᠨᠠᠯ ᠪᠣᠯᠭᠠᠪᠠ᠃ 《ᠮᠥᠩᠬᠡ ᠲᠩᠷᠢ ᠶᠢᠨ ᠬᠦᠴᠦᠨ ᠳᠣᠣᠷ᠎ᠠ》 ᠻᠢᠨᠣ ᠳᠤ ᠵᠡᠯᠮᠡᠡ ᠪᠠᠭᠠᠲᠤᠷ ᠤᠨ ᠳᠦᠷᠢ ᠶᠢ ᠪᠦᠲᠦᠭᠡᠭᠰᠡᠨ ᠰᠦᠬᠡ ᠡ ᠠᠬ᠎ᠠ ᠳᠡᠭᠡᠷ᠎ᠡ ᠣᠴᠢᠵᠤ ᠤᠴᠢᠷ ᠢᠶᠠᠨ ᠬᠡᠯᠡᠵᠦ ᠲᠤᠰᠯᠠᠬᠤ ᠶᠢ ᠭᠤᠶᠤᠯ᠎ᠠ᠃ ᠲᠡᠭᠡᠭᠰᠡᠨ ᠰᠦᠬᠡ ᠡ ᠠᠬ᠎ᠠ ᠨᠠᠳᠤᠷ ᠰᠢᠭᠤᠳ ᠯᠠ 《ᠬᠣᠶᠠᠭᠤᠯᠠ ᠪᠠᠨ ᠳᠠᠮᠴᠤᠶ ᠭᠤᠸᠠᠢ ᠳᠡᠭᠡᠷ᠎ᠡ ᠣᠴᠢᠶ᠎ᠠ》 ᠭᠡᠳᠡᠭ ᠶᠤᠮ ᠪᠠᠶᠢᠨ᠎ᠠ᠃ ᠳᠠᠮᠴᠤᠶ ᠭᠤᠸᠠᠢ ᠴᠢᠨᠢ ᠤᠷᠢᠶᠠᠩᠬᠠᠢ ᠬᠦᠮᠦᠨ᠂ ᠵᠡᠯᠮᠡᠡ ᠪᠠᠭᠠᠲᠤᠷ ᠪᠣᠯ ᠪᠠᠰᠠ ᠤᠷᠢᠶᠠᠩᠬᠠᠢ ᠬᠦᠮᠦᠨ᠃ ᠳᠠᠮᠴᠤᠶ ᠭᠤᠸᠠᠢ ᠶᠢᠨ ᠬᠢ ᠪᠢᠣᠻᠣᠮᠪᠢᠨᠠᠲ᠋ ᠲᠤ ᠪᠠᠶᠢᠭᠰᠠᠨ ᠶᠤᠮ᠃ ᠪᠢ ᠪᠣᠯᠬᠣᠷ ᠦᠵᠦᠭ ᠴᠠᠭᠠᠰᠤ ᠪᠡᠯᠡᠳᠴᠢᠬᠡᠭᠰᠡᠨ᠂ ᠠᠮᠢᠨ ᠳᠠᠭᠠᠨ ᠶᠠᠷᠢᠭᠰᠠᠨ ᠪᠣᠯᠭᠠᠨ ᠢ ᠨᠢ ᠲᠡᠮᠳᠡᠭᠯᠡᠵᠦ ᠠᠪᠬᠤ ᠰᠠᠨᠠᠭ᠎ᠠ ᠲᠠᠢ᠃ ᠳᠠᠮᠴᠤᠶ ᠭᠤᠸᠠᠢ ᠭᠠᠷᠴᠤ ᠢᠷᠡᠭᠡᠳ ᠮᠢᠨᠦ ᠮᠠᠰᠢᠨ ᠳᠤ ᠰᠠᠭᠤᠵᠤ᠂ ᠲᠡᠷᠡ ᠬᠣᠶᠠᠷ ᠨᠢᠭᠡ ᠰᠢᠯ ᠶᠠᠭᠤᠮ᠎ᠠ ᠤᠤᠭᠤᠵᠠᠭᠠᠪᠠ᠃ 《ᠡᠨᠡ ᠬᠡᠦᠬᠡᠳ ᠶᠠᠫᠣᠨ᠋ᠴᠤᠳ ᠤᠨ 《ᠴᠢᠩᠭᠢᠰ ᠬᠠᠭᠠᠨ》 ᠻᠢᠨᠣ ᠳᠤ ᠵᠡᠯᠮ᠎ᠡ ᠳᠦ ᠲᠣᠭᠯᠠᠬᠤ ᠭᠡᠵᠦ ᠪᠠᠶᠢᠭ᠎ᠠ ᠶᠤᠮ ᠪᠠᠶᠢᠨ᠎ᠠ᠃ ᠲᠠᠨ ᠠᠴᠠ ᠦᠭᠡ ᠰᠤᠨᠤᠰᠬᠤ ᠭᠡᠵᠦ ᠢᠷᠡᠯ᠎ᠡ》 ᠭᠡᠰᠡᠨ ᠴᠢᠨᠢ᠂ ᠨᠠᠳᠠ ᠤᠷᠤᠭᠤ ᠲᠣᠭᠣᠮᠵᠢᠷᠭᠦᠶᠢᠬᠡᠨ ᠬᠠᠷᠠᠭᠰᠠᠨ ᠢᠶᠠᠨ 《ᠴᠢ ᠲᠣᠭᠯᠠᠬᠤ ᠭᠡᠵᠦ ᠪᠠᠶᠢᠭ᠎ᠠ ᠶᠤᠮ ᠤᠤ⁈》 ᠭᠡᠵᠦ ᠭᠣᠯᠣᠩᠭᠤᠶᠢᠬᠠᠨ ᠠᠰᠠᠭᠤᠯ᠎ᠠ᠃ 《ᠲᠡᠶᠢᠮᠦ ᠡ》 ᠭᠡᠰᠡᠨ ᠴᠢᠨᠢ 《ᠨᠠᠭᠠᠳᠤ ᠪᠢᠴᠢᠭ ᠴᠠᠭᠠᠰᠤ ᠪᠠᠷ ᠢᠶᠠᠨ ᠶᠠᠭᠠᠬᠬᠢᠤ ᠪᠤᠢ⁈ ᠴᠢ ᠵᠦᠭᠡᠷ ᠯᠠ ᠮᠣᠩᠭᠣᠯ ᠬᠦᠮᠦᠨ ᠶᠠᠭᠠᠬᠢᠵᠤ ᠪᠠᠶᠠᠷᠯᠠᠵᠤ᠂ ᠶᠠᠭᠠᠬᠢᠵᠤ ᠠᠭᠤᠷᠯᠠᠵᠤ᠂ ᠶᠠᠭᠠᠬᠢᠵᠤ ᠮᠣᠷᠢᠨ ᠳᠠᠭᠠᠨ ᠮᠣᠷᠳᠠᠳᠠᠭ ᠢ᠂ ᠶᠠᠭᠠᠬᠢᠵᠤ ᠣᠮᠣᠭᠰᠢᠳᠠᠭ ᠢ ᠬᠠᠷᠠᠭᠤᠯᠵᠤ ᠮᠣᠩᠭᠣᠯ ᠢᠶᠠᠷ ᠢᠶᠠᠨ ᠯᠠ ᠲᠣᠭᠯᠠ᠃ ᠤᠭ ᠠᠴᠠᠭᠠᠨ ᠶᠠᠫᠣᠨ᠋ᠴᠤᠳ ᠴᠢᠮᠠᠶ᠋ᠢ ᠡᠬᠢᠨ ᠦ ᠫᠯᠠᠨ ᠳᠡᠭᠡᠷ᠎ᠡ ᠵᠣᠭᠰᠣᠭᠠᠬᠤ ᠦᠭᠡᠢ᠂ ᠴᠢ ᠰᠠᠶᠢᠨ ᠤᠩᠰᠢ᠃ ᠴᠢ ᠲᠡᠷᠡ 《ᠨᠢᠭᠤᠴᠠ ᠲᠣᠪᠴᠢᠶ᠎ᠠ》 ᠶᠢ ᠤᠩᠰᠢ᠂ 《ᠴᠢᠩᠭᠢᠰ ᠬᠠᠭᠠᠨ ᠤ ᠴᠠᠳᠢᠭ》᠍ ᠢ ᠤᠩᠰᠢ᠂ 《ᠴᠢᠩᠭᠢᠰ ᠬᠠᠭᠠᠨ ᠤ ᠨᠢᠭᠤᠴᠠ ᠲᠡᠦᠬᠡ》 ᠶᠢ ᠤᠩᠰᠢ᠂ 《ᠠᠯᠲᠠᠨ ᠲᠣᠪᠴᠢ》 ᠶᠢ ᠤᠩᠰᠢ》 ᠭᠡᠵᠦ ᠬᠡᠯᠡᠵᠦ ᠪᠢᠯᠡ᠃
- ᠮᠤᠨᠳᠠᠭ ᠵᠥᠪᠯᠡᠭᠡ ᠪᠠᠶᠢᠨ᠎ᠠ ᠰᠢᠦ ᠳ᠋ᠡ⁈
- ᠲᠡᠭᠡᠭᠡᠳ ᠶᠡᠬᠡ ᠴᠤ ᠤᠩᠰᠢᠭᠰᠠᠨ ᠳ᠋ᠠ᠃ ᠲᠡᠭᠡᠵᠦ ᠯᠠ ᠪᠢ ᠲᠡᠦᠬᠡᠨ ᠳᠦ ᠳᠤᠷᠠᠲᠠᠢ ᠪᠣᠯᠤᠭᠰᠠᠨ᠂ ᠣᠳᠤ ᠬᠢᠷᠢ ᠨᠢ ᠲᠡᠦᠬᠡ ᠶᠢ ᠪᠣᠯ ᠳᠤᠮᠳᠠᠳᠤ ᠰᠤᠷᠭᠠᠭᠤᠯᠢ ᠶᠢᠨ ᠲᠡᠦᠬᠡ ᠶᠢᠨ ᠪᠠᠭᠰᠢ ᠠᠴᠠ ᠪᠠᠷᠤᠭ ᠴᠤ ᠳᠡᠭᠡᠷ᠎ᠡ ᠶᠠᠷᠢᠨ᠎ᠠ ᠰᠢᠦ᠃ (ᠢᠨᠢᠶᠡᠪᠡ) ᠲᠡᠷᠡ ᠻᠢᠨᠣ ᠳᠤ ᠳᠠᠮᠴᠤᠶ ᠭᠤᠸᠠᠢ ᠶᠢᠨ ᠬᠡᠯᠡᠭᠰᠡᠨ ᠢᠶᠡᠷ ᠲᠣᠭᠯᠠᠭᠰᠠᠨ᠂ ᠶᠠᠭ ᠯᠠ ᠮᠣᠩᠭᠣᠯ ᠢᠶᠠᠷ ᠢᠶᠠᠨ᠃ ᠮᠣᠩᠭᠣᠯ ᠬᠦᠮᠦᠨ ᠦ ᠬᠠᠷᠠᠻᠲᠧᠷ᠂ ᠶᠠᠫᠣᠨ ᠬᠦᠮᠦᠨ ᠦ ᠬᠠᠷᠠᠻᠲᠧᠷ᠂ ᠮᠣᠩᠭᠣᠯ ᠵᠦᠵᠦᠭᠡᠴᠢᠨ ᠦ ᠱᠻᠣᠯ᠂ ᠶᠠᠫᠣᠨ ᠵᠦᠵᠦᠭᠡᠴᠢᠨ ᠦ ᠱᠻᠣᠯ ᠭᠠᠵᠠᠷ ᠲᠩᠷᠢ ᠰᠢᠭ ᠯᠠ ᠢᠯᠭᠠᠭ᠎ᠠ ᠲᠠᠢ ᠪᠠᠶᠢᠭᠰᠠᠨ᠃ ᠻᠢᠨᠣ ᠳᠤ ᠲᠣᠭᠯᠠᠵᠤ ᠪᠠᠶᠢᠬᠤ ᠳᠠᠭᠠᠨ ᠯᠠ ᠲᠡᠦᠬᠡ ᠶᠢᠨ ᠨᠣᠮ ᠤᠳ ᠢᠶᠠᠨ ᠤᠩᠰᠢᠵᠤ ᠪᠠᠶᠢᠪᠠ᠃ ᠲᠡᠭᠡᠵᠦ ᠯᠠ ᠪᠢ ᠮᠣᠩᠭᠣᠯ ᠤᠨ ᠲᠡᠦᠬᠡ ᠶᠢᠨ ᠲᠠᠯ᠎ᠠ ᠪᠠᠷ ᠥᠪᠡᠷ ᠦᠨ ᠭᠡᠰᠡᠨ ᠣᠶᠢᠯᠠᠭᠠᠯᠲᠠ᠂ ᠥᠪᠡᠷ ᠦᠨ ᠭᠡᠰᠡᠨ ᠢᠲᠡᠭᠡᠯ ᠦᠨᠡᠮᠰᠢᠯ ᠲᠡᠢ ᠪᠣᠯᠵᠤ ᠪᠠᠶᠢᠭ᠎ᠠ ᠶᠤᠮ᠃
- ᠪᠢᠳᠡᠨ ᠦ 《ᠠᠯᠲᠠᠨ ᠦᠶ᠎ᠡ ᠶᠢᠨ ᠬᠢᠨ》 ᠭᠡᠵᠦ ᠨᠡᠷᠡᠯᠡᠵᠦ᠂ ᠬᠦᠨᠳᠦᠯᠡᠳᠡᠭ ᠣᠯᠠᠨ ᠠᠤᠭ᠎ᠠ ᠵᠦᠵᠦᠭᠡᠴᠢᠳ ᠥᠨᠥ ᠬᠢᠷᠢ ᠴᠤ ᠪᠤᠰᠤᠳ ᠲᠤ ᠭᠠᠶᠢᠬᠠᠯᠲᠠᠢ ᠦᠯᠢᠭᠡᠷ ᠳᠠᠭᠤᠷᠢᠶᠠᠯᠠᠯ ᠪᠣᠯᠵᠤ ᠶᠠᠪᠤᠬᠤ ᠶᠤᠮ᠃
- ᠪᠢ ᠶᠡᠬᠡ ᠠᠵᠠᠲᠠᠢ᠂ ᠳᠠᠮᠴᠤᠶ ᠭᠤᠸᠠᠢ ᠲᠠᠢ ᠲᠡᠭᠡᠵᠦ ᠠᠭᠤᠯᠵᠠᠵᠤ ᠰᠤᠷᠭᠠᠯ ᠢ ᠨᠢ ᠰᠣᠨᠣᠰᠴᠤ᠂ ᠳᠠᠷᠠᠭ᠎ᠠ ᠨᠢ 《ᠪᠣᠭᠣᠯ ᠤᠨ ᠭᠡᠷ᠎ᠡ》 ᠻᠢᠨᠣ ᠳᠤ ᠬᠠᠮᠲᠤ ᠲᠣᠭᠯᠠᠭᠰᠠᠨ᠃ ᠬᠣᠵᠢᠮ ᠨᠢ ᠨᠢᠭᠡ ᠠᠷᠭ᠎ᠠ ᠬᠡᠮᠵᠢᠶᠡᠨ ᠳᠡᠭᠡᠷ᠎ᠡ ᠳᠠᠮᠴᠤᠶ ᠭᠤᠸᠠᠢ ᠲᠠᠢ ᠲᠠᠭᠠᠷᠠᠯᠳᠤᠭᠠᠳ ᠡᠮᠦᠨ᠎ᠡ ᠨᠢ ᠰᠥᠭᠥᠳᠴᠦ ᠰᠠᠭᠤᠵᠤ ᠪᠠᠶᠢᠭᠠᠳ ᠶᠠᠫᠣᠨ ᠤ ᠻᠢᠨᠣ ᠳᠤ ᠲᠣᠭᠯᠠᠭᠰᠠᠨ ᠱᠠᠩᠨᠠᠯ ᠤᠨ ᠳᠡᠭᠡᠵᠢ ᠮᠥᠩᠭᠥᠨ ᠡᠴᠡᠭᠡᠨ ᠥᠭᠴᠦ ᠪᠠᠶᠢᠪᠠ᠃ ᠪᠣᠳᠣᠭᠠᠳ ᠪᠠᠶᠢᠬᠤ ᠳᠤ ᠣᠯᠠᠨ ᠰᠠᠶᠢᠨ ᠬᠦᠮᠦᠰ ᠢ ᠪᠠᠶᠠᠷᠯᠠᠭᠤᠯᠵᠤ ᠴᠢᠳᠠᠬᠤ ᠦᠭᠡᠢ ᠪᠠᠶᠢᠨᠠᠠ ᠠ᠋᠃ ᠨᠠᠮᠠᠶ᠋ᠢ ᠠᠩᠬ᠎ᠠ ᠻᠢᠨᠣ ᠳᠤ ᠬᠥᠲᠥᠯᠵᠦ ᠣᠷᠣᠭᠤᠯᠤᠭᠰᠠᠨ ᠬᠦᠮᠦᠨ ᠪᠣᠯ ᠲᠠᠯᠢᠢᠭᠴᠢ ᠪᠠᠳᠠᠷᠠᠠ-ᠤᠤᠭᠠᠨ ᠪᠠᠭᠰᠢ ᠶᠤᠮ ᠰᠢᠦ ᠳ᠋ᠡ᠃ ᠰᠠᠶ᠋ᠢᠬᠠᠨ ᠮᠢᠨᠦ ᠰᠤᠭᠠᠷ ᠪᠠᠭᠰᠢ ᠮᠠᠨᠢ ᠥᠩᠭᠡᠷᠡᠯ᠎ᠡ᠃
ᠮᠠᠨᠠᠶ ᠪᠠᠭᠰᠢ ᠶᠢᠨ ᠱᠠᠪᠢ ᠨᠠᠷ ᠢ ᠲᠣᠭᠠᠯᠠᠬᠤ ᠶᠤᠮ ᠪᠣᠯ ᠪᠠᠷᠠᠬᠤ ᠦᠭᠡᠶ᠃ ᠦᠨᠡᠬᠡᠷ ᠠᠤᠭ᠎ᠠ ᠬᠦᠮᠦᠨ᠃ ᠪᠠᠭᠰᠢ ᠪᠠᠨ ᠬᠣᠶᠠᠷ ᠤᠳᠠᠭ᠎ᠠ ᠯᠠ ᠪᠠᠶᠠᠷᠯᠠᠭᠤᠯᠵᠤ ᠠᠮᠵᠢᠭᠰᠠᠨ ᠭᠡᠵᠦ ᠪᠣᠳᠣᠳᠠᠭ ᠳ᠋ᠠ᠃ 《ᠦᠷᠭᠦᠭᠡᠯᠭᠡ》 ᠻᠢᠨᠣ ᠶᠢ ᠪᠢᠳᠡ ᠠᠩᠭᠢ ᠪᠠᠷ ᠢᠶᠠᠨ ᠬᠢᠭᠰᠡᠨ ᠶᠤᠮ᠃ ᠲᠡᠭᠦᠨ ᠳᠦ ᠪᠠᠭᠰᠢ ᠮᠢᠨᠢ ᠶᠡᠬᠡ ᠪᠠᠶᠠᠷᠯᠠᠭᠰᠠᠨ᠃ 《ᠮᠠᠷᠻᠣ ᠫᠣᠯᠣ》 ᠳᠤ ᠲᠣᠭᠯᠠᠴᠢᠬᠠᠭᠠᠳ ᠪᠠᠭᠰᠢ ᠲᠠᠶᠢᠭᠠᠨ ᠠᠭᠤᠯᠵᠠᠬᠤ ᠭᠡᠵᠦ ᠴᠡᠴᠡᠭ ᠪᠠᠷᠢᠴᠢᠬᠠᠬᠤᠭᠠᠳ ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ ᠻᠣᠷᠢᠳᠣᠷ ᠢᠶᠠᠷ ᠠᠯᠬᠤᠵᠤ ᠶᠠᠪᠤᠬᠤ ᠳᠤ ᠶᠠᠮᠠᠷ ᠰᠠᠶᠢᠬᠠᠨ᠂ ᠪᠠᠬᠠᠳᠤᠯᠲᠠᠢ ᠪᠠᠶᠢᠭᠰᠠᠨ ᠭᠡᠭᠡᠴᠢ᠃ ᠲᠡᠭᠡᠬᠦ ᠳᠦ ᠪᠠᠭᠰᠢ ᠲᠠᠶᠢᠭᠠᠨ ᠬᠠᠮᠲᠤ ᠬᠣᠭᠣᠯᠠ ᠢᠳᠡᠭᠰᠡᠨ ᠮᠢᠨᠢ ᠪᠢᠳᠡ ᠬᠣᠶᠠᠷ ᠤᠨ ᠬᠠᠮᠤᠭ ᠤᠨ ᠰᠡᠭᠦᠯᠴᠢ ᠶᠢᠨ ᠠᠭᠤᠯᠵᠠᠯᠲᠠ ᠪᠠᠶᠢᠭᠰᠠᠨ ᠶᠤᠮ᠃
- ᠬᠢᠷᠢ ᠣᠯᠠᠨ ᠻᠢᠨᠣ ᠳᠤ ᠳᠦᠷᠢ ᠪᠦᠲᠦᠭᠡᠭᠰᠡᠨ ᠪᠤᠢ⁈
- ᠮᠢᠨᠦ ᠪᠦᠲᠦᠭᠡᠭᠰᠡᠨ ᠻᠢᠨᠣ ᠪᠣᠯ ᠲᠡᠶᠢᠮᠦ ᠴᠤ ᠣᠯᠠᠨ ᠪᠢᠰᠢ᠂ ᠭᠡᠬᠦ ᠳᠡᠭᠡᠨ ᠴᠢᠨᠠᠷᠲᠠᠢ᠃ 《ᠪᠣᠳᠣᠯ ᠤᠨ ᠬᠤᠯᠠᠭᠠᠶᠢᠴᠢ》᠂ 《ᠪᠣᠭᠣᠯ ᠤᠨ ᠭᠡᠷ᠎ᠡ》᠂ 《ᠠᠷᠪᠠᠲᠤ》᠂ 《ᠦᠷᠭᠦᠭᠡᠯᠭᠡ》᠂ ᠶᠠᠫᠣᠨ᠋ᠴᠤᠳ ᠤᠨ ᠪᠦᠲᠦᠭᠡᠭᠰᠡᠨ 《ᠴᠢᠩᠭᠢᠰ ᠬᠠᠭᠠᠨ》᠂ ᠰᠠᠶᠢ ᠶᠢᠨ ᠲᠣᠭᠯᠠᠭᠰᠠᠨ 《ᠮᠠᠷᠻᠣ ᠫᠣᠯᠣ》 ᠭᠡᠬᠦ ᠮᠡᠲᠦ᠃
- ᠵᠠᠷᠢᠮ ᠬᠦᠮᠦᠰ 《ᠣᠳᠤ ᠶᠢᠨ ᠻᠢᠨᠣ ᠶᠡᠬᠡ ᠮᠠᠭᠤ ᠪᠣᠯᠵᠠᠢ᠃ ᠰᠣᠼᠢᠶᠠᠯᠢᠰᠮ ᠤᠨ ᠦᠶ᠎ᠡ ᠳᠦ ᠶᠡᠬᠡ ᠰᠠᠶᠢᠨ ᠻᠢᠨᠣ ᠬᠢᠵᠦ ᠪᠠᠶᠢᠵᠠᠢ》 ᠭᠡᠵᠦ ᠬᠠᠷᠢᠴᠠᠭᠤᠯᠵᠤ ᠬᠠᠷᠠᠮᠰᠠᠬᠤ ᠨᠢ ᠪᠤᠢ᠃
- ᠮᠣᠩᠭᠣᠯ ᠤᠯᠤᠰ 1932 ᠣᠨ ᠳᠤ 《ᠨᠣᠷᠵᠢᠮ᠎ᠠ ᠶᠢᠨ ᠵᠠᠮ》 ᠨᠡᠷᠡᠲᠡᠢ ᠠᠩᠬᠠᠨ ᠤ ᠻᠢᠨᠣ ᠬᠢᠭᠰᠡᠨ ᠡᠴᠡ ᠬᠣᠶᠢᠰᠢ 1990 ᠣᠨ ᠤ ᠡᠬᠢ ᠬᠦᠷᠲᠡᠯ᠎ᠡ ᠨᠡᠶᠢᠲᠡ ᠳᠡᠭᠡᠨ 260 - ᠊ᠭᠠᠳ ᠻᠢᠨᠣ ᠬᠢᠭᠰᠡᠨ ᠪᠠᠶᠢᠳᠠᠭ ᠶᠤᠮ᠃ ᠡᠳᠡᠭᠡᠷ ᠡᠴᠡ ᠪᠢᠳᠡ ᠤᠶᠢᠳᠤᠯ ᠦᠭᠡᠢ ᠪᠠᠶᠢᠩᠭᠤ ᠦᠵᠡᠳᠡᠭ ᠨᠢ 100 ᠬᠦᠷᠬᠦ ᠦᠭᠡᠢ᠃ 《ᠲᠤᠩᠭᠠᠯᠠᠭ ᠲᠠᠮᠢᠷ》᠂ 《ᠡᠨᠡ ᠬᠡᠦᠬᠡᠨ ᠨᠦᠭᠦᠳ ᠦᠦ⁈》᠂ 《ᠬᠦᠷᠭᠡᠨ ᠬᠦᠦ》᠂ 《ᠴᠣᠭᠲᠤ ᠲᠠᠶᠢᠵᠢ》᠂ 《ᠰᠡᠷᠢᠯᠲᠡ》᠂ 《ᠮᠠᠨᠳᠤᠬᠠᠢ ᠰᠡᠴᠡᠨ ᠬᠠᠲᠤᠨ》 ᠭᠡᠳᠡᠭ ᠴᠤ ᠶᠤᠮ ᠤᠤ᠃ ᠲᠡᠷᠡ ᠦᠶ᠎ᠡ ᠳᠦ ᠴᠢᠨᠢ ᠻᠢᠨᠣ ᠶᠢ ᠤᠯᠤᠰ ᠫᠷᠣᠳᠢᠶᠦ᠋ᠰᠧᠷᠯᠡᠵᠦ᠂ ᠮᠡᠷᠭᠡᠵᠢᠯᠲᠡᠨ ᠪᠣᠯᠤᠭᠠᠳ ᠵᠦᠵᠦᠭᠡᠴᠢᠳ ᠢ ᠨᠢ ᠦᠨ᠎ᠡ ᠲᠥᠯᠦᠪᠦᠷᠢ ᠦᠭᠡᠢ ᠰᠤᠷᠭᠠᠵᠤ᠂ ᠵᠦᠵᠦᠭᠡᠴᠢᠳ᠂ ᠻᠢᠨᠣ ᠶᠢᠨ ᠪᠠᠭ ᠢ ᠤᠯᠤᠰ ᠴᠠᠯᠢᠩᠵᠢᠭᠤᠯᠵᠤ᠂ ᠻᠢᠨᠣ ᠶᠢ ᠻᠢᠨᠣ ᠲᠢᠶᠠᠲ᠋ᠷ ᠲᠤ ᠭᠠᠷᠭᠠᠭᠠᠳ ᠤᠯᠬᠤ ᠠᠰᠢᠭ ᠢ ᠬᠦᠷᠲᠡᠯ᠎ᠡ ᠤᠯᠤᠰ ᠲᠥᠯᠥᠪᠯᠡᠳᠡᠭ ᠪᠠᠶᠢᠵᠢ᠃ ᠭᠡᠲᠡᠯ᠎ᠡ ᠵᠠᠬ᠎ᠠ ᠵᠡᠭᠡᠯᠢ ᠳᠦ ᠣᠷᠣᠭᠰᠠᠨ ᠠᠴᠠ ᠬᠣᠶᠢᠰᠢ ᠻᠢᠨᠣ ᠬᠢᠵᠦ ᠪᠠᠶᠢᠭ᠎ᠠ ᠬᠦᠮᠦᠰ ᠪᠠᠶᠢᠷᠢ ᠪᠠᠨ ᠪᠠᠷᠢᠴᠠᠭᠠᠨ ᠳᠤ ᠲᠠᠯᠪᠢᠭᠠᠳ᠂ ᠪᠤᠰᠤᠳ ᠠᠴᠠ ᠬᠠᠨᠳᠢᠪ ᠭᠤᠶᠤᠭᠠᠳ ᠪᠦᠬᠦ ᠵᠠᠷᠤᠳᠠᠯ ᠢᠶᠠᠨ ᠥᠪᠡᠷᠰᠡᠳ ᠢᠶᠡᠨ ᠪᠣᠰᠬᠠᠵᠤ ᠪᠠᠶᠢᠨ᠎ᠠ᠃ ᠷᠧᠻᠯᠠᠮ ᠵᠠᠷ ᠰᠤᠷᠲᠠᠯᠴᠢᠯᠠᠭ᠎ᠠ᠂ ᠻᠢᠨᠣ ᠲᠢᠶᠠᠲ᠋ᠷ᠂ ᠪᠢᠯᠧᠲ ᠢᠶᠡᠨ ᠵᠠᠷᠤᠬᠤ ᠭᠡᠳ ᠪᠦᠭᠦᠳᠡ ᠶᠢ ᠥᠪᠡᠷᠰᠡᠳ ᠢᠶᠡᠨ ᠬᠢᠳᠡᠭ᠃ ᠲᠡᠷᠡ ᠬᠢᠷᠢ ᠪᠡᠷ ᠢᠶᠡᠨ ᠡᠷᠦᠰᠳᠡᠯ ᠢᠶᠡᠨ ᠴᠤ ᠪᠢᠳᠡ ᠥᠪᠡᠷᠰᠡᠳ ᠢᠶᠡᠨ ᠡᠭᠦᠷᠴᠦ ᠪᠠᠶᠢᠭ᠎ᠠ᠃ ᠬᠡᠳᠦᠢ ᠪᠡᠷ ᠴᠢᠨᠠᠷᠲᠠᠢ᠂ ᠴᠢᠨᠠᠷ ᠦᠭᠡᠢ᠂ ᠰᠠᠶᠢᠨ᠂ ᠮᠠᠭᠤ ᠻᠢᠨᠣ ᠬᠢᠵᠦ ᠪᠠᠶᠢᠭ᠎ᠠ ᠴᠤ ᠥᠨᠥ ᠶᠢᠨ ᠡᠨᠡ ᠵᠠᠯᠠᠭᠤᠰ ᠮᠣᠩᠭᠣᠯ ᠤᠨ ᠻᠢᠨᠣ ᠤᠷᠠᠯᠢᠭ ᠢ ᠥᠪᠡᠷᠰᠡᠳ ᠦᠨ ᠨᠢᠷᠤᠭᠤᠨ ᠳᠡᠭᠡᠷ᠎ᠡ ᠪᠡᠨ ᠡᠭᠦᠷᠴᠦ ᠶᠠᠪᠤᠭ᠎ᠠ᠃
- ᠲᠡᠶᠢᠮᠦ ᠰᠢᠦ᠂ ᠡᠨᠡ ᠶᠠᠷᠢᠶᠠᠠ ᠲᠠᠢ ᠲᠠᠨᠢ ᠰᠠᠨᠠᠯ ᠨᠡᠶᠢᠯᠡᠵᠦ ᠪᠠᠶᠢᠨ᠎ᠠ᠃
- ᠪᠢᠳᠡ ᠬᠡᠴᠢᠨᠡᠨ ᠥᠪᠡᠷ ᠬᠣᠭᠣᠷᠣᠨᠳᠤ ᠪᠠᠨ ᠥᠷᠢᠰᠦᠯᠳᠦᠵᠦ ᠪᠠᠶᠢᠭ᠎ᠠ ᠮᠡᠲᠦ ᠪᠣᠯᠪᠠᠴᠤ ᠬᠠᠮᠲᠤ ᠳᠠᠭᠠᠨ ᠮᠣᠩᠭᠣᠯ ᠤᠨ ᠻᠢᠨᠣ ᠤᠷᠠᠯᠢᠭ ᠢ ᠳᠡᠯᠡᠬᠡᠢ ᠳᠦ ᠭᠠᠷᠭᠠᠵᠤ ᠢᠷᠡᠵᠦ ᠴᠢᠳᠠᠵᠤ ᠪᠠᠶᠢᠨ᠎ᠠ ᠰᠢᠦ ᠳ᠋ᠡ᠃ ᠲᠥᠷᠥ ᠵᠠᠰᠠᠭ ᠠᠴᠠ ᠨᠢᠭᠡ ᠴᠤ ᠲᠥᠭᠥᠷᠢᠭ ᠠᠪᠤᠭᠠᠳᠤᠶ ᠬᠢᠷᠢ ᠨᠢ ᠪᠡᠨ ᠡᠨᠡ ᠵᠠᠯᠠᠭᠤᠰ 《ᠭᠠᠪᠢᠶ᠎ᠠ》 ᠪᠠᠶᠢᠭᠤᠯᠵᠤ ᠪᠠᠶᠢᠭ᠎ᠠ᠃ ᠻᠢᠨᠣ ᠪᠦᠲᠦᠭᠡᠭᠡᠳ ᠻᠢᠨᠣ ᠲᠢᠶᠠᠲ᠋ᠷ ᠲᠤ ᠭᠠᠷᠭᠠᠬᠤ ᠳᠠᠭᠠᠨ ᠪᠢᠯᠧᠲ ᠦᠨ 1000 ᠲᠥᠭᠦᠷᠢᠭ ᠦᠨ 500 ᠲᠥᠭᠥᠷᠢᠭ ᠢ ᠨᠢ ᠻᠢᠨᠣ ᠲᠢᠶᠠᠲ᠋ᠷ ᠲᠤ ᠲᠥᠯᠥᠭᠡᠳ ᠦᠯᠡᠳᠡᠭᠰᠡᠨ 500 ᠲᠥᠭᠥᠷᠢᠭ ᠢᠶᠡᠷ ᠨᠢ ᠵᠠᠷᠤᠳᠠᠯ ᠢᠶᠠᠨ ᠳᠠᠷᠤᠵᠤ᠂ ᠳᠠᠬᠢᠭᠠᠳ ᠻᠢᠨᠣ ᠬᠢᠬᠦ ᠭᠡᠳ ᠯᠠ ᠵᠢᠳᠬᠦᠵᠦ ᠪᠠᠶᠢᠨ᠎ᠠ᠃ ᠡᠨᠡ ᠠᠮᠠᠷᠬᠠᠨ ᠭᠡᠵᠦ ᠦᠦ⁈ ᠮᠣᠩᠭᠣᠯ ᠤᠨ ᠻᠢᠨᠣ ᠶᠢᠨ ᠵᠠᠬ᠎ᠠ ᠵᠡᠭᠡᠯᠢ ᠳᠦ ᠬᠣᠶᠠᠷᠬᠠᠨ ᠻᠢᠨᠣ ᠲᠢᠶᠠᠲ᠋ᠷ ᠲᠠᠢ᠃ ᠬᠦᠮᠦᠰ ᠻᠢᠨᠣ ᠦᠵᠡᠳᠡᠭ ᠦᠭᠡᠢ᠂ ᠪᠤᠰᠤᠳ ᠤᠨ ᠤᠷᠠᠨ ᠪᠦᠲᠦᠭᠡᠯ ᠢ ᠬᠤᠯᠠᠭᠠᠶᠢᠯᠠᠵᠤ ᠪᠠᠶᠢᠨ᠎ᠠ ᠭᠡᠳ ᠵᠣᠪᠠᠯᠠᠩ ᠲᠣᠭᠣᠴᠢᠪᠠᠯ ᠵᠥᠩᠳᠡᠭᠡᠨ ᠯᠠ ᠵᠦᠢᠯ ᠪᠤᠢ᠃ ᠡᠶᠢᠮᠦ ᠬᠦᠨᠳᠦ ᠨᠥᠬᠥᠴᠡᠯ ᠳᠦ ᠻᠢᠨᠣ ᠤᠷᠠᠯᠢᠭ ᠮᠣᠩᠭᠣᠯ ᠳᠤ ᠬᠥᠭᠵᠢᠵᠦ ᠪᠠᠶᠢᠭ᠎ᠠ᠃ ᠨᠢᠭᠡ ᠻᠢᠨᠣ ᠠᠴᠠ ᠨᠥᠭᠥᠭᠡ ᠻᠢᠨᠣ ᠬᠢᠬᠦ ᠳᠡᠭᠡᠨ ᠪᠢᠳᠡ ᠠᠬᠢᠵᠤ ᠪᠠᠶᠢᠭ᠎ᠠ᠃ ᠤᠷᠠᠨ ᠪᠦᠲᠦᠭᠡᠯ ᠬᠢᠵᠦ ᠪᠠᠶᠢᠭ᠎ᠠ ᠬᠦᠮᠦᠰ ᠠᠯᠳᠠᠵᠤ ᠪᠠᠶᠢᠵᠤ ᠣᠨᠣᠳᠠᠭ᠂ ᠠᠯᠳᠠᠭ᠎ᠠ ᠪᠠᠨ ᠳᠠᠪᠲᠠᠬᠤ ᠦᠭᠡᠢ ᠭᠡᠵᠦ ᠥᠪᠡᠷ ᠢᠶᠡᠨ ᠬᠥᠭᠵᠢᠵᠦ ᠪᠠᠶᠢᠳᠠᠭ ᠶᠤᠮ᠃
ᠳᠥᠷᠪᠡ᠃ ᠾᠣᠯᠯᠢᠸᠦ᠋ᠳ ᠪᠠ 《ᠮᠠᠷᠻᠣ ᠫᠣᠯᠣ》
᠁ᠢᠨᠲ᠋ᠧᠷᠨᠡᠲ Media Netflix Inc ᠻᠣᠮᠫᠠᠨᠢ ᠶᠢᠨ 90 ᠰᠠᠶᠠᠠ ᠠᠮ᠊᠂ ᠳᠣᠯᠯᠠᠷ ᠢᠶᠠᠷ ᠪᠦᠲᠦᠭᠡᠭᠰᠡᠨ 《ᠮᠠᠷᠻᠣ ᠫᠣᠯᠣ》 ᠲᠧᠯᠧᠸᠢᠽ ᠦᠨ ᠴᠤᠪᠤᠷᠠᠯ 10 ᠠᠩᠭᠢᠳᠤ ᠻᠢᠨᠣ ᠡᠨᠡ ᠰᠠᠷ᠎ᠠ ᠶᠢᠨ 12 ᠍ ᠤ ᠡᠳᠦᠷ ᠡᠴᠡ ᠨᠡᠶᠢᠲᠡ ᠶᠢᠨ ᠬᠦᠷᠲᠡᠭᠡᠯ ᠪᠣᠯᠵᠤ ᠡᠬᠢᠯᠡᠨ᠎ᠡ᠃ ᠠᠷᠪᠠᠨ ᠬᠣᠶᠠᠳᠤᠭᠠᠷ ᠰᠠᠷ᠎ᠠ ᠶᠢᠨ 2 ᠍ ᠤ ᠡᠳᠦᠷ ᠨᠢᠶᠦ᠋ - ᠶᠣᠷᠻ ᠬᠣᠲᠠ ᠶᠢᠨ Central Park West ᠊ West 67 th street ᠍ ᠲᠦ 《ᠮᠠᠷᠻᠣ ᠫᠣᠯᠣ》 ᠻᠢᠨᠣ ᠶᠢᠨ ᠨᠡᠭᠡᠭᠡᠯᠲᠡ᠂ 《ᠤᠯᠠᠭᠠᠨ ᠬᠡᠪᠢᠰ ᠦᠨ ᠶᠣᠰᠣᠯᠠᠯ》 ᠪᠣᠯᠵᠤ ᠮᠣᠩᠭᠣᠯ ᠤᠨ ᠵᠦᠵᠦᠭᠡᠴᠢᠨ ᠪ᠊∙ ᠠᠮᠤᠷᠰᠠᠶᠢᠬᠠᠨ᠂ ᠡᠬᠡᠨᠡᠷ ᠤᠷᠠᠨ ᠤ ᠬᠠᠮᠲᠤ ᠤᠷᠢᠭᠳᠠᠵᠤ ᠣᠷᠣᠯᠴᠠᠯ᠎ᠠ᠃ ᠣᠯᠠᠨ ᠣᠷᠣᠨ ᠤ ᠠᠯᠳᠠᠷᠲᠠᠢ ᠵᠦᠵᠦᠭᠡᠴᠢᠳ ᠠᠯᠬᠤᠭᠰᠠᠨ ᠤᠯᠠᠭᠠᠨ ᠬᠡᠪᠢᠰ ᠳᠡᠭᠡᠷ᠎ᠡ᠂ 《ᠭᠣᠪᠢ》 ᠻᠣᠮᠫᠠᠨᠢ ᠶᠢᠨ ᠤᠷᠠᠯᠠᠭᠰᠠᠨ ᠴᠠᠭᠠᠨ ᠰᠢᠷᠭᠠᠯ ᠥᠩᠭᠡ ᠶᠢᠨ ᠮᠣᠩᠭᠣᠯ ᠦᠨᠳᠦᠰᠦᠨ ᠦ ᠨᠣᠯᠤᠤᠷᠤᠨ ᠳᠡᠪᠡᠯ᠂ ᠨᠡᠭᠦᠳᠡᠯᠴᠢᠨ ᠮᠣᠩᠭᠣᠯᠴᠤᠳ ᠤᠨ ᠭᠣᠶᠣᠯ ᠴᠢᠮᠡᠭᠯᠡᠯ ᠢᠶᠡᠷ ᠬᠣᠣᠰᠯᠠᠨ ᠭᠠᠩᠭᠠᠷᠠᠭᠰᠠᠨ ᠪ᠊∙ ᠠᠮᠤᠷᠰᠠᠶᠢᠬᠠᠨ ᠡᠬᠡᠨᠡᠷ ᠦᠨ ᠬᠠᠮᠲᠤ ᠬᠠᠮᠤᠭ ᠤᠨ ᠰᠣᠳᠣᠨ ᠬᠠᠷᠠᠭᠳᠠᠵᠤ ᠪᠠᠶᠢᠪᠠ᠃ ᠮᠣᠩᠭᠣᠯ ᠵᠦᠵᠦᠭᠡᠴᠢᠨ᠂ ᠠᠮᠧᠷᠢᠻᠠᠴᠤᠳ ᠤᠨ ᠭᠠᠶᠢᠬᠠᠭᠤᠯᠤᠨ ᠪᠠᠬᠠᠷᠬᠠᠳᠠᠭ 《ᠤᠯᠠᠭᠠᠨ ᠬᠡᠪᠢᠰ ᠦᠨ ᠶᠣᠰᠣᠯᠠᠯ》 ᠳᠡᠭᠡᠷ᠎ᠡ ᠮᠣᠩᠭᠣᠯ ᠢᠶᠠᠷ ᠢᠶᠠᠨ ᠪᠠᠬᠠᠷᠬᠠᠭᠤᠯᠤᠨ ᠭᠠᠶᠢᠬᠠᠭᠤᠯᠵᠤ ᠪᠠᠶᠢᠭ᠎ᠠ ᠨᠢ ᠪᠢᠳᠡᠨ ᠳᠦ ᠦᠨᠡᠬᠡᠷ ᠰᠠᠶᠢᠬᠠᠨ ᠰᠠᠨᠠᠭᠳᠠᠭᠰᠠᠨ᠃ ᠻᠢᠨᠣ ᠶᠢᠨ ᠨᠠᠶᠢᠷᠠᠭᠤᠯᠤᠭᠴᠢ ᠨᠢ ᠠᠮᠤᠷᠠᠠ ᠶᠢᠨ ᠲᠤᠬᠠᠢ 《ᠠᠮᠤᠷᠠᠠ ᠮᠣᠩᠭᠣᠯ ᠵᠦᠵᠦᠭᠡᠴᠢᠨ᠂ ᠲᠡᠷᠡ ᠪᠡᠷ ᠡᠨᠡ ᠻᠢᠨᠣ ᠳᠤ ᠶᠠᠭ ᠯᠠ ᠮᠣᠩᠭᠣᠯ ᠢᠶᠠᠷ ᠢᠶᠠᠨ ᠲᠣᠭᠯᠠᠭᠰᠠᠨ ᠨᠢ ᠬᠠᠮᠤᠭ ᠤᠨ ᠭᠠᠶᠢᠬᠠᠯᠲᠠᠢ ᠪᠠᠶᠢᠭᠰᠠᠨ ᠰᠢᠦ》 ᠭᠡᠵᠦ ᠮᠠᠭᠲᠠᠭᠰᠠᠨ᠃ ᠮᠣᠩᠭᠣᠯ ᠤᠨ ᠲᠡᠦᠬᠡ᠂ ᠮᠣᠩᠭᠣᠯ ᠤᠨ ᠵᠦᠵᠦᠭᠡᠴᠢᠳ ᠠᠮᠧᠷᠢᠻᠠ ᠶᠢᠨ ᠲᠡᠳᠦᠢ ᠦᠭᠡᠢ᠂ ᠳᠡᠯᠡᠬᠡᠢ ᠶᠢᠨ ᠻᠢᠨᠣ ᠤᠷᠠᠯᠢᠭ ᠤᠨ ᠲᠠᠪᠴᠠᠩ ᠳᠤ ᠣᠮᠤᠭ ᠪᠠᠷᠳᠠᠮ ᠭᠠᠷᠴᠤ ᠢᠷᠡᠬᠦ ᠡᠬᠢᠯᠡᠯ ᠢ ᠠᠮᠤᠷᠠᠠ ᠲᠠᠯᠪᠢᠯ᠎ᠠ᠃ ᠡᠨᠡ ᠪᠣᠯ ᠲᠡᠭᠦᠨ ᠦ ᠮᠣᠩᠭᠣᠯ ᠤᠯᠤᠰ᠂ ᠮᠣᠩᠭᠣᠯᠴᠤᠳ ᠤᠨ ᠢᠶᠠᠨ ᠡᠮᠦᠨ᠎ᠡ ᠪᠠᠶᠢᠭᠤᠯᠤᠭᠰᠠᠨ ᠲᠣᠮᠤ ᠭᠠᠪᠢᠶ᠎ᠠ᠂ ᠲᠣᠮᠤ ᠪᠠᠬᠠᠷᠬᠠᠯ᠃
- 《ᠮᠠᠷᠻᠣ ᠫᠣᠯᠣ》 ᠻᠢᠨᠣ ᠳᠤ ᠲᠣᠭᠯᠠᠬᠤ ᠪᠣᠯᠤᠮᠵᠢ ᠶᠠᠭᠠᠬᠢᠵᠤ ᠣᠯᠳᠠᠭᠰᠠᠨ ᠶᠤᠮ ᠪᠤᠢ⁈
- ᠯᠣᠰ-ᠠᠨ᠋ᠵᠧᠯᠧᠰ ᠲᠤ 《United East West》 ᠨᠡᠷᠡᠲᠡᠢ ᠠᠭᠧᠨᠲᠯᠢᠭ᠋ ᠪᠠᠶᠢᠳᠠᠭ ᠶᠤᠮ᠃ ᠲᠡᠷᠡ ᠠᠭᠧᠨᠲᠯᠢᠭ᠋ ᠲᠠᠢ ᠭᠡᠷ᠎ᠡ ᠬᠢᠵᠦ ᠲᠡᠳᠡ ᠨᠠᠮᠠᠶ᠋ᠢ ᠵᠠᠭᠤᠴᠢᠯᠠᠭᠰᠠᠨ ᠶᠤᠮ᠃ ᠡᠶᠢᠮᠦ ᠵᠠᠭᠤᠴᠢᠯᠠᠯ ᠢᠶᠠᠷ ᠯᠠ ᠳᠠᠮᠵᠢᠭᠤᠯᠵᠤ ᠪᠢᠳᠡ ᠥᠪᠡᠷᠰᠡᠳ ᠢ ᠪᠡᠨ ᠭᠠᠷᠭᠠᠵᠤ ᠢᠷᠡᠨ᠎ᠡ ᠦᠦ ᠭᠡᠬᠦ ᠡᠴᠡ ᠥᠪᠡᠷ ᠢᠶᠡᠨ ᠵᠢᠳᠬᠦᠭᠡᠳ ᠭᠠᠷᠴᠤ ᠢᠷᠡᠨ᠎ᠡ ᠭᠡᠳᠡᠭ ᠪᠠᠷᠤᠭ ᠯᠠ ᠪᠣᠯᠤᠮᠵᠢ ᠦᠭᠡᠢ᠃ ᠾᠣᠯᠯᠢᠸᠦ᠋ᠳ ᠲᠤ ᠪᠠᠶᠢᠳᠠᠭ ᠡᠶᠢᠮᠦ ᠠᠭᠧᠨᠲᠯᠢᠭ᠋ ᠤᠳ ᠨᠢ ᠬᠣᠶᠠᠷ ᠶᠠᠩᠵᠤ᠃ ᠨᠢᠭᠡ ᠨᠢ ᠪᠣᠯ ᠵᠦᠵᠦᠭᠡᠴᠢᠳ ᠢ ᠲᠤᠬᠠᠢ ᠶᠢᠨ ᠻᠢᠨᠣ ᠳᠤ ᠵᠠᠭᠤᠴᠢᠯᠠᠵᠤ ᠥᠭᠭᠦᠭᠡᠳ ᠠᠪᠬᠤ ᠶᠠᠭᠤᠮ᠎ᠠ ᠪᠠᠨ ᠠᠪᠤᠭᠠᠳ ᠯᠠ ᠶᠠᠪᠤᠴᠢᠬᠠᠨ᠎ᠠ᠃ ᠲᠣᠮᠤ ᠲᠣᠮᠤ ᠨᠡᠷᠡᠲᠡᠢ ᠵᠦᠵᠦᠭᠡᠴᠢᠳ ᠲᠡᠢ ᠠᠵᠢᠯᠯᠠᠳᠠᠭ ᠭᠡᠰᠡᠨ ᠦᠭᠡ᠃ ᠨᠥᠭᠥᠭᠡᠬᠢ ᠨᠢ ᠪᠣᠯ ᠵᠠᠭᠤᠴᠢᠯᠠᠬᠤ ᠶᠢᠨ ᠬᠠᠵᠠᠭᠤ ᠪᠠᠷ ᠥᠪᠡᠷ ᠦᠨ ᠪᠠᠶᠢᠭᠤᠯᠤᠯᠭ᠎ᠠ ᠳᠠᠭᠠᠨ ᠪᠠᠶᠢᠯᠭᠠᠨ ᠰᠤᠷᠭᠠᠵᠤ᠂ ᠰᠤᠷᠲᠠᠯᠴᠢᠯᠠᠬᠤ ᠵᠢᠱᠢᠶ᠎ᠡ ᠲᠡᠢ᠃ ᠲᠡᠭᠡᠬᠦ ᠪᠡᠷ ᠢᠷᠡᠭᠡᠳᠦᠢ ᠳᠦ ᠾᠣᠯᠯᠢᠸᠦ᠋ᠳ ᠤᠨ ᠻᠢᠨᠣ ᠳᠤ ᠲᠣᠭᠯᠠᠬᠤ ᠶᠢᠨ ᠲᠤᠯᠠᠳᠠ ᠲᠡᠳᠡ ᠨᠠᠷ ᠲᠤ ᠲᠠᠭᠠᠯᠠᠭᠳᠠᠬᠤ ᠤᠴᠢᠷᠲᠠᠢ᠃ ᠲᠡᠳᠡ ᠨᠠᠷ ᠤᠷᠤᠭᠤ ᠬᠡᠳᠦᠨ ᠰᠠᠶᠠᠠ ᠬᠦᠰᠡᠯᠲᠡ ᠢᠷᠡᠵᠦ ᠪᠠᠶᠢᠭ᠎ᠠ ᠰᠢᠦ ᠳ᠋ᠡ᠃
- ᠬᠦᠮᠦᠰ ᠨᠧᠲᠹᠯᠧᠻᠰ ᠦᠨ ᠪᠦᠲᠦᠭᠡᠭᠰᠡᠨ 《ᠮᠠᠷᠻᠣ ᠫᠣᠯᠣ》 ᠻᠢᠨᠣ ᠶᠢ ᠾᠣᠯᠯᠢᠸᠦ᠋ᠳ ᠤᠨ ᠻᠢᠨᠣ ᠮᠥᠨ᠂ ᠪᠢᠰᠢ ᠭᠡᠵᠦ ᠮᠠᠷᠭᠤᠭᠠᠳ ᠪᠠᠶᠢᠬᠤ ᠰᠢᠭ ᠪᠠᠶᠢᠭ᠎ᠠ ᠶᠤᠮ᠃
- ᠾᠣᠯᠯᠢᠸᠦ᠋ᠳ ᠭᠡᠵᠦ ᠴᠤᠬᠤᠮ ᠶᠠᠭᠤ ᠶᠤᠮ ᠪᠤᠢ⁈ ᠭᠡᠳᠡᠭ ᠢ ᠡᠬᠢᠯᠡᠭᠡᠳ ᠤᠶᠢᠯᠠᠭᠠᠬᠤ ᠬᠡᠷᠡᠭᠲᠡᠢ ᠶᠤᠮ᠃ ᠮᠢᠨᠦ ᠮᠡᠳᠡᠵᠦ᠂ ᠣᠶᠢᠯᠠᠭᠠᠵᠤ ᠪᠠᠶᠢᠭ᠎ᠠ ᠪᠠᠷ 《ᠾᠣᠯᠯᠢᠸᠦ᠋ᠳ ᠭᠡᠳᠡᠭ ᠪᠣᠯ ᠠᠮᠧᠷᠢᠻᠠ ᠶᠢᠨ ᠠᠯᠳᠠᠷᠲᠠᠢ ᠲᠣᠮᠤ ᠻᠢᠨᠣ ᠰᠲᠦᠳᠢ ᠪᠦᠭᠦᠳᠡ ᠶᠢ ᠨᠢ ᠨᠢᠭᠡᠳᠬᠡᠭᠰᠡᠨ ᠭᠤᠳᠤᠮᠵᠢᠨ ᠤ ᠨᠡᠷ᠎ᠡ᠂ ᠲᠡᠳᠡᠨ ᠦ ᠣᠷᠣᠰᠢᠨ ᠰᠠᠭᠤᠭ᠎ᠠ ᠭᠠᠵᠠᠷ ᠤᠨ ᠨᠡᠷ᠎ᠡ》 ᠭᠡᠵᠦ ᠲᠠᠶᠢᠯᠪᠤᠷᠢᠯᠠᠭᠰᠠᠨ ᠪᠠᠶᠢᠳᠠᠭ᠃ ᠨᠧᠲᠹᠯᠧᠻᠰ ᠦᠨ ᠪᠦᠲᠦᠭᠡᠭᠰᠡᠨ ᠻᠢᠨᠣ ᠾᠣᠯᠯᠢᠸᠦ᠋ᠳ ᠦᠨ ᠬᠢ ᠮᠥᠨ ᠦᠦ⁈ ᠪᠢᠰᠢ ᠦᠦ⁈ ᠭᠡᠳᠡᠭ ᠨᠢᠭᠡ ᠶᠡᠬᠡ ᠰᠣᠨᠢᠨ ᠠᠰᠠᠭᠤᠳᠠᠯ ᠪᠢᠰᠢ᠃ ᠨᠧᠲᠹᠯᠧᠻᠰ ᠪᠣᠯ ᠠᠭᠠᠵᠢᠮ ᠳᠠᠭᠠᠨ ᠠᠮᠧᠷᠢᠻᠠ ᠶᠢᠨ ᠻᠢᠨᠣ ᠶᠢᠨ ᠵᠠᠬ᠎ᠠ ᠵᠡᠭᠡᠯᠢ ᠳᠦ ᠮᠠᠰᠢ ᠨᠥᠯᠥᠭᠡ ᠲᠡᠢ ᠪᠣᠯᠵᠤ ᠪᠠᠶᠢᠨ᠎ᠠ᠃ ᠣᠳᠤ ᠸᠢᠳᠧᠣ᠋ ᠫᠷᠣᠻᠠᠲ ᠭᠡᠵᠦ ᠪᠠᠶᠢᠬᠤ ᠦᠭᠡᠢ ᠪᠣᠯᠴᠢᠬᠠᠯ᠎ᠠ᠃ ᠲᠣᠮᠤ ᠲᠣᠮᠤ ᠱᠣᠤ ᠨᠤᠭᠤᠳ᠂ ᠪᠦᠬᠦ ᠪᠠᠷᠢᠮᠲᠠᠲᠤ ᠪᠣᠯᠤᠨ ᠤᠷᠠᠨ ᠰᠠᠶᠢᠬᠠᠨ ᠤ ᠻᠢᠨᠣ ᠨᠤᠭᠤᠳ᠂ ᠪᠦᠬᠦ TV ᠍ ᠨᠦᠭᠦᠳ ᠢ ᠪᠦᠭᠦᠳᠡ ᠶᠢ ᠨᠢ ᠨᠧᠲᠹᠯᠧᠻᠰ ᠨᠢᠭᠡᠳᠬᠡᠨ ᠦᠵᠡᠭᠦᠯᠵᠦ ᠪᠠᠶᠢᠨ᠎ᠠ᠃ ᠾᠣᠯᠯᠢᠸᠦ᠋ᠳ ᠭᠡᠵᠦ ᠨᠡᠷᠡᠯᠡᠭᠳᠡᠭᠡᠳ ᠪᠠᠶᠢᠭ᠎ᠠ ᠪᠦᠬᠦ ᠰᠲᠦᠳᠢ ᠥᠪᠡᠷᠰᠡᠳ ᠦᠨ ᠻᠢᠨᠣ ᠍ ᠪᠠᠨ ᠨᠧᠲᠹᠯᠧᠻᠰ ᠢᠶᠡᠷ ᠭᠠᠷᠭᠠᠬᠤ ᠶᠢ ᠬᠦᠰᠡᠵᠦ ᠪᠠᠶᠢᠨ᠎ᠠ ᠰᠢᠦ ᠳ᠋ᠡ᠃ ᠢᠩᠭᠢᠭᠡᠳ ᠬᠠᠷᠠᠬᠤ ᠪᠠᠷ ᠨᠧᠲᠹᠯᠧᠻᠰ ᠦᠨ ᠨᠡᠷ᠎ᠡ ᠬᠦᠨᠳᠦ᠂ ᠨᠥᠯᠥᠭᠡ ᠾᠣᠯᠯᠢᠸᠦ᠋ᠳ ᠠᠴᠠ ᠳᠠᠪᠠᠵᠤ ᠭᠠᠷᠴᠤ ᠪᠠᠶᠢᠭ᠎ᠠ ᠶᠤᠮ ᠪᠢᠰᠢ ᠦᠦ᠃ ᠵᠢᠱᠢᠶ᠎ᠡ ᠨᠢ ᠰᠢᠨ᠎ᠡ ᠪᠡᠷ ᠭᠠᠷᠤᠭᠰᠠᠨ ᠻᠢᠨᠣ ᠍ ᠪᠠᠨ DVD ᠪᠣᠯᠭᠠᠭᠠᠳ 10 ᠳ᠋ᠣᠯᠯᠠᠷ ᠢᠶᠠᠷ ᠵᠠᠷᠤᠬᠤ ᠤᠤ⁈ ᠨᠧᠲᠹᠯᠧᠻᠰ ᠢᠶᠡᠷ ᠳᠠᠮᠵᠢᠭᠤᠯᠤᠭᠠᠳ ᠬᠦᠮᠦᠰ ᠲᠦ ᠭᠡᠷ ᠲᠡᠭᠡᠨ ᠰᠠᠭᠤᠵᠤ ᠪᠠᠶᠢᠬᠤ ᠳᠤᠨᠢ 10 ᠳ᠋ᠣᠯᠯᠠᠷ ᠢᠶᠠᠷ ᠦᠵᠡᠭᠦᠯᠬᠦ ᠦᠦ⁈ ᠭᠡᠳᠡᠭ ᠰᠣᠩᠭᠣᠯᠲᠠ ᠶᠢ ᠻᠢᠨᠣ ᠪᠦᠲᠦᠭᠡᠭᠴᠢᠳ ᠲᠦ ᠣᠯᠭᠤᠵᠤ ᠪᠠᠶᠢᠨ᠎ᠠ ᠭᠡᠰᠡᠨ ᠦᠭᠡ᠃
- ᠡᠨᠡ ᠻᠢᠨᠣ ᠳᠤ ᠠᠷᠢᠭᠪᠥ᠋ᠬᠡ ᠶᠢᠨ ᠳᠦᠷᠢ ᠶᠢ ᠬᠡᠷᠬᠢᠨ ᠪᠦᠲᠦᠭᠡᠪᠡ ᠳ᠋ᠡ⁈
- ᠠᠷᠢᠭᠪᠥ᠋ᠬᠡ ᠪᠣᠯ ᠬᠤᠪᠢᠯᠠᠢ ᠬᠠᠭᠠᠨ ᠤ ᠡᠰᠡᠷᠬᠦ ᠲᠠᠯ᠎ᠠ ᠶᠢᠨ ᠳᠦᠷᠢ᠃ ᠵᠣᠬᠢᠶᠠᠯ ᠳᠡᠭᠡᠷ᠎ᠡ ᠪᠡᠨ ᠴᠤ ᠢᠩᠭᠢᠵᠦ ᠭᠠᠷᠭᠠᠭᠰᠠᠨ ᠪᠠᠶᠢᠭᠰᠠᠨ᠃ ᠠᠷᠢᠭᠪᠥ᠋ᠬᠡ ᠬᠤᠪᠢᠯᠠᠢ ᠬᠠᠭᠠᠨ ᠲᠠᠢ ᠬᠠᠮᠲᠤ ᠳᠠᠶᠢᠲᠤᠬᠤ ᠭᠡᠵᠦ ᠪᠠᠶᠢᠭᠰᠠᠨ ᠢᠶᠠᠨ《 ᠮᠤᠷᠢᠭᠠᠳ》 ᠯᠠ ᠂ ᠬᠦᠦ ᠶᠢ ᠨᠢ ᠶᠠᠪᠤᠭᠤᠯᠵᠤ ᠠᠯᠠᠭᠤᠯᠬᠤ ᠮᠠᠭᠤ ᠵᠦᠢᠯ ᠬᠢᠭᠡᠳ ᠯᠠ᠂ ᠠᠪᠤ ᠬᠦᠦ ᠬᠣᠶᠠᠷ ᠤᠨ ᠳᠤᠮᠳᠠ ᠬᠠᠳᠬᠤᠭᠠᠰᠤ ᠬᠢᠬᠦ ᠭᠡᠬᠦ ᠮᠡᠲᠦᠴᠢᠯᠠᠨ᠃ ᠻᠢᠨᠣ ᠶᠢᠨ ᠳᠠᠷᠠᠭ᠎ᠠ ᠨᠠᠳᠤᠷ ᠿᠣᠨ ᠹᠦᠰᠻᠣ ᠬᠡᠯᠡᠭᠰᠡᠨ ᠯᠠ ᠳ᠋ᠡ᠂ 《ᠪᠢ ᠡᠨᠡ ᠳᠦᠷᠢ ᠶᠢ ᠡᠰᠡᠷᠬᠦ ᠲᠠᠯ᠎ᠠ ᠶᠢᠨ ᠳᠦᠷᠢ ᠪᠣᠯᠭᠠᠵᠤ ᠪᠢᠴᠢᠭᠰᠡᠨ ᠪᠣᠯᠪᠠᠴᠤ ᠴᠢ ᠲᠣᠭᠯᠠᠯᠲᠠ ᠪᠠᠷ ᠢᠶᠠᠨ ᠡᠶᠡᠷᠭᠦ ᠳᠦᠷᠢ ᠪᠣᠯᠭᠠᠵᠤ ᠴᠢᠳᠠᠯ᠎ᠠ》 ᠭᠡᠵᠦ᠃ ᠪᠢ ᠪᠣᠯᠬᠣᠷ ᠡᠨᠡ ᠳᠦᠷᠢ ᠳᠦ ᠮᠣᠩᠭᠣᠯ ᠢᠶᠠᠨ ᠠᠪᠴᠤ ᠦᠯᠡᠳᠡᠬᠦ ᠭᠡᠰᠡᠨ ᠮᠣᠩᠭᠣᠯ ᠬᠠᠭᠠᠨ ᠤ ᠲᠠᠯ᠎ᠠ ᠠᠴᠠ ᠨᠢ ᠲᠣᠭᠯᠠᠭᠰᠠᠨ᠃ ᠵᠣᠬᠢᠶᠠᠯ ᠨᠢ ᠮᠠᠰᠢ ᠰᠠᠶᠢᠨ ᠪᠢᠴᠢᠭᠳᠡᠭᠰᠡᠨ ᠪᠠᠶᠢᠭᠰᠠᠨ᠃ ᠬᠤᠪᠢᠯᠠᠢ ᠬᠠᠭᠠᠨ ᠢ ᠬᠢᠲᠠᠳ ᠤᠳ 《ᠮᠠᠨᠠᠶᠢᠬᠢ》 ᠭᠡᠵᠦ ᠮᠡᠲᠡᠬᠡᠳᠡᠭ ᠪᠣᠯ ᠡᠨᠡ ᠻᠢᠨᠣ ᠳᠤ ᠬᠤᠪᠢᠯᠠᠢ ᠬᠠᠭᠠᠨ ᠢ ᠶᠤᠸᠠᠨ ᠭᠦᠷᠦᠨ ᠢ ᠪᠠᠶᠢᠭᠤᠯᠤᠭᠰᠠᠨ ᠮᠣᠩᠭᠣᠯ ᠬᠦᠮᠦᠨ ᠭᠡᠳᠡᠭ ᠲᠠᠯ᠎ᠠ ᠠᠴᠠ ᠨᠢ ᠭᠠᠷᠭᠠᠭᠰᠠᠨ ᠶᠤᠮ᠃
- ᠲᠡᠭᠡᠪᠡᠯ ᠡᠨᠡ ᠻᠢᠨᠣ ᠮᠣᠩᠭᠣᠯᠴᠤᠳ ᠤᠨ ᠲᠡᠦᠬᠡ ᠶᠢ ᠳᠡᠯᠡᠬᠡᠢ ᠳᠦ ᠡᠶᠡᠷᠭᠦ ᠲᠠᠯ᠎ᠠ ᠠᠴᠠ ᠨᠢ ᠰᠤᠷᠲᠠᠯᠴᠢᠯᠠᠭᠰᠠᠨ ᠪᠠᠶᠢᠬᠤ ᠨᠢ ᠡ᠃ ᠪᠠᠰᠠ ᠪᠢᠳᠡᠨ ᠢ ᠴᠤ ᠥᠪᠡᠷᠰᠡᠳ ᠦᠨ ᠲᠡᠦᠬᠡ ᠪᠡᠨ ᠵᠥᠪ ᠢᠶᠡᠷ ᠣᠯᠵᠤ ᠣᠶᠢᠯᠠᠭᠠᠬᠤ ᠳᠤ ᠲᠤᠰᠠᠯᠠᠬᠤ ᠪᠠᠶᠢᠬᠠᠠ᠃
- ᠲᠡᠶᠢᠮᠦ ᠡ᠃ ᠠᠷᠢᠭᠪᠥ᠋ᠬᠡ ᠬᠤᠪᠢᠯᠠᠢ ᠬᠠᠭᠠᠨ ᠳᠤ ᠬᠠᠨᠳᠤᠵᠤ 《ᠪᠢ ᠲᠠᠨ ᠰᠢᠭ ᠬᠢᠲᠠᠳ ᠤᠨ ᠢᠮᠫᠧᠷ ᠪᠣᠯᠬᠤ ᠶᠢ ᠬᠦᠰᠡᠬᠦ ᠦᠭᠡᠢ ᠪᠠᠶᠢᠨ᠎ᠠ᠂ ᠡᠰᠡᠪᠡᠯ ᠳᠡᠯᠡᠬᠡᠢ ᠶᠢ ᠡᠵᠡᠯᠡᠭᠰᠡᠨ ᠬᠠᠭᠠᠨ ᠪᠣᠯᠬᠤ ᠶᠢ ᠬᠦᠰᠡᠬᠦ ᠦᠭᠡᠢ᠂ ᠵᠥᠪᠬᠡᠨ ᠮᠣᠩᠭᠣᠯ ᠤᠨ ᠬᠠᠭᠠᠨ ᠪᠠᠶᠢᠬᠤ ᠶᠢ ᠬᠦᠰᠡᠵᠦ ᠪᠠᠶᠢᠨ᠎ᠠ》 ᠭᠡᠵᠦ ᠬᠡᠯᠡᠳᠡᠭ᠃ ᠲᠡᠭᠡᠭᠰᠡᠨ ᠬᠤᠪᠢᠯᠠᠢ ᠬᠠᠭᠠᠨ 《ᠡᠴᠦᠰ ᠦᠨ ᠡᠴᠦᠰ ᠲᠦ ᠨᠠᠭᠠᠳᠤᠬᠢ ᠴᠢᠨᠢ ᠠᠳᠠᠯᠢᠬᠠᠨ᠂ ᠮᠣᠩᠭᠣᠯ ᠤᠨ ᠬᠠᠭᠠᠨ ᠭᠡᠳᠡᠭ ᠴᠢᠨᠢ ᠳᠡᠯᠡᠬᠡᠢ ᠶᠢᠨ ᠬᠠᠭᠠᠨ》 ᠭᠡᠵᠦ ᠬᠠᠷᠢᠭᠤᠯᠤᠭᠰᠠᠨ᠃ ᠮᠤᠨᠳᠠᠭ ᠦᠭᠡ ᠪᠠᠶᠢᠭ᠎ᠠ ᠪᠢᠵᠡ ᠳ᠋ᠡ⁈ ᠲᠡᠷᠡ ᠤᠳᠬ᠎ᠠ ᠪᠠᠷ ᠨᠢ ᠠᠪᠤᠭᠠᠳ ᠦᠵᠡᠬᠦ ᠳᠦ ᠯᠠ ᠡᠨᠡ ᠻᠢᠨᠣ ᠶᠠᠭᠤᠨ ᠤ ᠲᠤᠬᠠᠢ ᠦᠭᠦᠯᠡᠭᠰᠡᠨ ᠨᠢ ᠣᠶᠢᠯᠠᠭᠠᠮᠵᠢᠲᠠᠢ ᠪᠠᠶᠢᠭ᠎ᠠ᠃ ᠳᠡᠯᠡᠬᠡᠢ ᠳᠦ ᠭᠠᠭᠴᠠᠬᠠᠨ ᠬᠠᠭᠠᠨ ᠲᠠᠢ ᠪᠠᠶᠢᠬᠤ ᠶᠣᠰᠣᠲᠠᠢ ᠭᠡᠰᠡᠨ ᠰᠠᠨᠠᠭ᠎ᠠ ᠮᠠᠨ ᠤ ᠠᠤᠭ᠎ᠠ ᠳᠡᠭᠡᠳᠦᠰ ᠦᠳ ᠲᠦ ᠪᠠᠶᠢᠵᠢ᠃ ᠴᠢᠩᠭᠢᠰ ᠬᠠᠭᠠᠨ ᠴᠤ ᠪᠠᠰᠠ ᠡᠶᠢᠮᠦ ᠬᠠᠨᠳᠤᠯᠭ᠎ᠠ ᠲᠠᠢ᠃ ᠰᠣ∙ ᠵᠢᠷᠭᠠᠯᠰᠠᠶᠢᠬᠠᠨ ᠤ 《ᠴᠢᠩᠭᠢᠰ ᠬᠠᠭᠠᠨ ᠤ ᠨᠢᠭᠤᠴᠠ ᠲᠡᠦᠬᠡ》 ᠵᠣᠬᠢᠶᠠᠯ ᠳᠤ ᠴᠤ ᠪᠠᠰᠠ ᠡᠶᠢᠮᠦ ᠰᠠᠨᠠᠭ᠎ᠠ ᠪᠤᠢ᠃ ᠲᠡᠷᠡ ᠵᠣᠬᠢᠶᠠᠯ ᠳᠤ ᠴᠢᠩᠭᠢᠰ ᠬᠠᠭᠠᠨ ᠬᠣᠶᠠᠷ ᠲᠣᠬᠢᠶᠠᠯᠳᠤᠯ ᠳᠤ ᠬᠠᠮᠤᠭ ᠤᠨ ᠣᠶᠢᠷ᠎ᠠ ᠶᠢᠨ ᠬᠦᠮᠦᠨ ᠢᠶᠡᠨ ᠠᠯᠠᠳᠠᠭ᠃ ᠬᠠᠰᠠᠷ ᠢ᠂ ᠪᠠᠰᠠ ᠵᠦᠴᠢ ᠶᠢ᠃ ᠡᠨᠡ ᠪᠣᠯ ᠬᠠᠷᠭᠢᠰᠯᠠᠯ᠂ ᠮᠤᠩᠬᠠᠭᠯᠠᠯ ᠪᠢᠰᠢ᠃ ᠲᠤᠰᠠᠭᠠᠷ ᠲᠣᠭᠲᠠᠨᠢᠭᠰᠠᠨ ᠨᠢᠭᠡᠳᠦᠮᠡᠯ ᠤᠯᠤᠰ ᠢ ᠬᠠᠳᠠᠭᠠᠯᠠᠵᠤ ᠦᠯᠡᠳᠡᠬᠦ ᠶᠢᠨ ᠲᠤᠯᠠᠳᠠ ᠬᠢᠭᠰᠡᠨ ᠦᠢᠯᠡᠳᠦᠯ᠃
- ᠻᠢᠨᠣ ᠶᠢ ᠪᠦᠲᠦᠭᠡᠬᠦ ᠳᠦ ᠶᠡᠬᠡ ᠲᠣᠮᠤ ᠪᠠᠭ ᠠᠵᠢᠯᠯᠠᠵᠠᠢ⁈
- 《ᠮᠠᠷᠻᠣ ᠫᠣᠯᠣ》 ᠶᠢ ᠨᠠᠶᠢᠷᠠᠭᠤᠯᠤᠭᠰᠠᠨ ᠨᠠᠶᠢᠷᠠᠭᠤᠯᠤᠭᠴᠢ ᠨᠢ 《ᠻᠠᠷᠢᠪ ᠤᠨ ᠲᠡᠩᠭᠢᠰ ᠦᠨ ᠳᠡᠭᠡᠷᠡᠮᠴᠢᠳ-5》 ᠻᠢᠨᠣ ᠶᠢ ᠨᠠᠶᠢᠷᠠᠭᠤᠯᠤᠭᠰᠠᠨ ᠨᠠᠶᠢᠷᠠᠭᠤᠯᠤᠭᠴᠢ᠃ ᠡᠨᠡ ᠻᠢᠨᠣ ᠳᠤ34 ᠣᠷᠣᠨ ᠤ ᠵᠦᠵᠦᠭᠡᠴᠢᠳ ᠲᠣᠭᠯᠠᠵᠤ᠂ 700 ᠭᠠᠷᠤᠢ ᠬᠦᠮᠦᠨ ᠲᠡᠢ ᠪᠠᠭ ᠠᠵᠢᠯᠯᠠᠭᠰᠠᠨ᠃ 10 ᠭᠣᠣᠯ ᠳᠦᠷᠢ ᠶᠢᠨ ᠵᠦᠵᠦᠭᠡᠴᠢᠨ ᠦ ᠨᠢᠭᠡ ᠨᠢ ᠪᠢ᠃ ᠲᠡᠳᠡ ᠭᠣᠣᠯ ᠳᠦᠷᠢ ᠶᠢᠨ ᠵᠦᠵᠦᠭᠡᠴᠢᠳ ᠲᠡᠭᠡᠨ ᠶᠡᠬᠡ ᠠᠩᠬᠠᠷᠤᠯ ᠲᠠᠯᠪᠢᠳᠠᠭ᠃ ᠠᠷᠢᠭᠪᠥ᠋ᠬᠡ ᠶᠢᠨ ᠳᠦᠷᠢ ᠳᠦ ᠲᠣᠭᠯᠠᠬᠤ ᠳᠠᠭᠠᠨ ᠬᠡᠷᠡᠭᠯᠡᠬᠦ ᠪᠠᠶᠢᠭᠰᠠᠨ ᠬᠢᠮᠡᠯ ᠦᠰᠦᠨ ᠦ ᠮᠠᠻᠸᠲ ᠢ ᠬᠢᠬᠦ ᠳᠡᠭᠡᠨ ᠮᠢᠨᠦ ᠦᠰᠦᠨ ᠦ ᠰᠣᠷᠢᠴᠠ ᠶᠢ ᠰᠢᠨᠵᠢᠯᠡᠬᠦ ᠶᠢᠨ ᠲᠤᠯᠠᠳᠠ ᠨᠠᠮᠠᠶ᠋ᠢ ᠯᠣᠨᠳᠣᠨ ᠤᠷᠤᠭᠤ ᠨᠢᠭᠡᠳᠦᠭᠡᠷ ᠵᠡᠷᠭᠡᠯᠡᠯ ᠦᠨ ᠨᠢᠰᠦᠯᠭᠡ ᠪᠡᠷ ᠶᠠᠪᠤᠭᠤᠯᠵᠤ ᠪᠠᠶᠢᠭ᠎ᠠ ᠶᠤᠮ᠃ ᠡᠨᠡ ᠴᠢᠨᠢ ᠪᠠᠰᠠ ᠶᠡᠬᠡ ᠬᠦᠨᠳᠦᠯᠡᠯ᠃
- ᠡᠨᠡ ᠻᠢᠨᠣ ᠳᠤ ᠲᠣᠭᠯᠠᠭᠠᠳ ᠠᠮᠤᠷᠠᠠ ᠨᠡᠯᠢᠶᠡᠳ ᠵᠦᠢᠯ ᠳᠦ ᠰᠤᠷᠤᠯᠴᠠᠭᠰᠠᠨ ᠪᠠᠶᠢᠬᠠᠠ⁈
- ᠵᠢᠷᠤᠭ ᠠᠪᠤᠯᠲᠠ ᠶᠢᠨ ᠵᠠᠪ ᠴᠢᠯᠦᠭᠡ ᠪᠡᠷ ᠢᠶᠡᠨ ᠪᠤᠰᠤᠳ ᠵᠦᠵᠦᠭᠡᠴᠢᠳ ᠲᠡᠶᠢᠭᠡᠨ ᠨᠠᠶᠢᠵᠠᠯᠠᠵᠤ ᠨᠥᠬᠥᠷᠯᠡᠨ᠂ ᠵᠥᠩᠳᠡᠭᠡᠨ 《ᠪᠤᠤ ᠬᠠᠯᠠᠵᠤ》᠂ ᠬᠠᠭᠤᠴᠢ ᠬᠥᠭᠡᠷᠦᠨᠡᠡ ᠡ᠃ ᠲᠡᠳᠡ ᠴᠢᠨᠢ ᠶᠡᠬᠡ ᠠᠯᠳᠠᠷᠲᠠᠢ ᠵᠦᠵᠦᠭᠡᠴᠢᠳ᠃ 《ᠰᠠᠶᠢᠨ ᠵᠦᠵᠦᠭᠡᠴᠢᠨ ᠪᠣᠯᠬᠤ ᠶᠢᠨ ᠲᠤᠯᠠᠳᠠ ᠡᠬᠢᠯᠡᠭᠡᠳ 》ᠬᠦᠮᠦᠨ《《ᠪᠣᠯᠬᠤ ᠶᠣᠰᠣᠲᠠᠢ》 ᠭᠡᠵᠦ ᠲᠡᠳᠡ ᠶᠠᠷᠢᠳᠠᠭ᠃ ᠶᠡᠷᠦ ᠡᠴᠡᠭᠡᠨ ᠯᠠ ᠲᠣᠪᠴᠢ ᠳᠠᠭᠠᠨ ᠪᠣᠯ ᠡᠨᠡ᠃ ᠬᠦᠮᠦᠨ ᠲᠣᠭᠯᠠᠵᠤ ᠪᠠᠶᠢᠭ᠎ᠠ ᠳᠦᠷᠢ ᠨᠦᠭᠦᠳ ᠡᠴᠡᠭᠡᠨ ᠴᠤ ᠠᠩᠵᠠᠭᠠᠷᠠᠭᠳᠠᠳᠠᠭ᠃ ᠵᠢᠱᠢᠶ᠎ᠡ ᠨᠢ᠂ ᠳᠠᠮᠳᠢᠨᠪᠠᠵᠠᠷ ᠭᠤᠸᠠᠢ ᠥᠪᠡᠷ ᠢᠶᠡᠨ ᠠᠮᠢᠳᠤᠷᠠᠯ ᠳᠡᠭᠡᠷ᠎ᠡ ᠶᠠᠮᠠᠷ ᠭᠣᠶᠣ ᠬᠦᠮᠦᠨ ᠪᠢᠯᠡ᠃ ᠲᠡᠭᠡᠬᠦ ᠳᠦ ᠲᠡᠷᠡ ᠬᠦᠮᠦᠨ ᠦ ᠪᠦᠲᠦᠭᠡᠭᠰᠡᠨ ᠳᠦᠷᠢ ᠪᠣᠯᠭᠠᠨ ᠠᠴᠠ ᠨᠢ ᠥᠪᠡᠷ ᠦᠨ ᠬᠢᠨᠢ ᠮᠥᠨ ᠴᠢᠨᠠᠷ ᠮᠡᠳᠡᠷᠡᠭᠳᠡᠳᠡᠭ᠃ ᠳᠠᠮᠴᠤᠶ ᠭᠤᠸᠠᠢ ᠭᠡᠬᠦ ᠳᠦ ᠬᠡᠴᠢᠨᠡᠨ ᠡᠰᠡᠷᠭᠦ ᠳᠦᠷᠢ ᠪᠦᠲᠦᠭᠡᠵᠦ ᠪᠠᠶᠢᠯ᠎ᠠ ᠴᠤ ᠲᠡᠷᠡ ᠬᠦᠮᠦᠨ ᠦ ᠮᠤᠨᠳᠠᠭ ᠮᠥᠨ ᠴᠢᠨᠠᠷ ᠨᠢ ᠢᠯᠡᠷᠡᠵᠦ ᠪᠠᠶᠢᠳᠠᠭ᠃
- ᠡᠨᠡ ᠻᠢᠨᠣ ᠳᠤ ᠴᠢᠮᠠᠶ᠋ᠢ ᠣᠷᠣᠯᠠᠨ ᠲᠣᠭᠯᠠᠭᠴᠢ ᠦᠭᠡᠢ ᠪᠡᠷ ᠲᠣᠭᠯᠠᠭᠰᠠᠨ ᠭᠡᠵᠦ ᠰᠣᠨᠣᠰᠤᠭᠰᠠᠨ ᠶᠤᠮ ᠪᠠᠶᠢᠨ᠎ᠠ⁈
- ᠶᠡᠷᠦᠨᠢ ᠡᠶᠢᠮᠦ ᠻᠢᠨᠣ ᠨᠤᠭᠤᠳ ᠲᠤ ᠲᠣᠭᠯᠠᠵᠤ ᠪᠠᠶᠢᠭ᠎ᠠ ᠵᠦᠵᠦᠭᠡᠴᠢᠳ ᠲᠦ ᠵᠠᠪᠠᠯ ᠣᠷᠣᠯᠠᠨ ᠲᠣᠭᠯᠠᠭᠴᠢ ᠪᠠᠶᠢᠬᠤ ᠶᠣᠰᠣᠲᠠᠢ᠃ ᠲᠡᠷᠡ ᠲᠤᠰᠤᠮ ᠢᠶᠠᠨ ᠲᠤᠯᠤᠭᠠᠨ ᠲᠠᠢ ᠬᠡᠰᠡᠭ ᠦᠳ ᠮᠣᠷᠢ ᠪᠠᠷ ᠳᠠᠪᠬᠢᠵᠤ ᠪᠠᠶᠢᠭ᠎ᠠ ᠬᠡᠰᠡᠭ ᠦᠳ ᠭᠡᠬᠦ ᠮᠡᠲᠦ ᠵᠦᠵᠦᠭᠡᠴᠢᠳ ᠪᠡᠷᠲᠡᠬᠦ ᠮᠠᠭᠠᠳᠯᠠᠯ ᠲᠠᠢ ᠬᠡᠰᠡᠭ ᠦᠳ ᠲᠦ ᠣᠷᠣᠯᠠᠨ ᠲᠣᠭᠯᠠᠭᠴᠢᠳ ᠲᠣᠭᠯᠠᠳᠠᠭ᠃ ᠮᠣᠷᠢ ᠪᠠᠷ ᠳᠠᠪᠬᠢᠵᠤ ᠶᠠᠪᠤᠬᠤ ᠳᠤ ᠣᠶᠢᠷᠠᠬᠠᠨ ᠵᠠᠢ ᠳᠤ ᠡᠮᠨᠡᠯᠭᠡ ᠶᠢᠨ ᠮᠠᠰᠢᠨ ᠳᠠᠭᠠᠵᠤ ᠶᠠᠪᠤᠳᠠᠭ᠃ ᠬᠡᠷᠪᠡ ᠭᠣᠣᠯ ᠳᠦᠷᠢ ᠶᠢᠨ ᠵᠦᠵᠦᠭᠡᠴᠢᠳ ᠶᠠᠮᠠᠷ ᠨᠢᠭᠡᠨ ᠲᠣᠬᠢᠶᠠᠯᠳᠤᠯ ᠢᠶᠠᠷ ᠭᠡᠮᠲᠦᠬᠦ ᠳᠦ᠂ ᠵᠢᠷᠤᠭ ᠠᠪᠤᠯᠲᠠ ᠵᠣᠭᠰᠣᠵᠤ ᠻᠢᠨᠣ ᠴᠠᠭᠠᠰᠢ ᠪᠠᠨ ᠦᠷᠭᠦᠯᠵᠢᠯᠡᠬᠦ ᠬᠡᠴᠡᠭᠦᠦ ᠪᠣᠯᠳᠠᠭ᠃ ᠵᠢᠱᠢᠶ᠎ᠡ ᠨᠢ ᠲᠤᠯᠤᠭᠠᠨ ᠲᠠᠢ ᠬᠡᠰᠡᠭ ᠦᠳ ᠲᠦ ᠨᠢᠭᠡ ᠰᠡᠯᠡᠮ᠎ᠡ ᠶᠢ ᠯᠠ ᠭᠡᠬᠦ ᠳᠦ ᠲᠡᠮᠦᠷ᠂ ᠮᠣᠳᠤ᠂ ᠬᠠᠶᠢᠮᠠᠷ ᠢᠶᠠᠷ ᠭᠡᠳ ᠭᠤᠷᠪᠠᠨ ᠶᠠᠩᠵᠤ ᠪᠠᠷ ᠬᠢᠭᠰᠡᠨ ᠪᠠᠶᠢᠳᠠᠭ᠃ ᠮᠢᠨᠦ ᠣᠷᠣᠯᠠᠨ ᠲᠣᠭᠯᠠᠭᠴᠢᠳ ᠨᠢ ᠶᠡᠬᠡᠪᠴᠢᠯᠡᠨ ᠬᠢᠲᠠᠳ ᠵᠦᠵᠦᠭᠡᠴᠢᠳ᠂ ᠨᠠᠳᠠ ᠲᠠᠢ ᠶᠠᠭ ᠠᠳᠠᠯᠢᠬᠠᠨ ᠬᠤᠪᠴᠠᠰᠤ ᠡᠮᠦᠰᠦᠭᠡᠳ ᠮᠢᠨᠦ ᠬᠠᠵᠠᠭᠤ ᠳᠤ ᠣᠶᠢᠷᠠᠬᠠᠨ ᠳᠠᠭᠠᠵᠤ ᠶᠠᠪᠤᠬᠤ ᠶᠣᠰᠣᠲᠠᠢ᠃
ᠵᠢᠷᠤᠭ ᠠᠪᠤᠯᠲᠠ ᠶᠢᠨ ᠡᠮᠦᠨ᠎ᠡ ᠪᠢ ᠨᠠᠶᠢᠷᠠᠭᠤᠯᠤᠭᠴᠢ ᠳᠠᠭᠠᠨ ᠬᠠᠨᠳᠤᠵᠤ 《ᠣᠷᠣᠯᠠᠨ ᠲᠣᠭᠯᠠᠭᠴᠢ ᠦᠭᠡᠢ ᠪᠡᠷ ᠥᠪᠡᠷ ᠢᠶᠡᠨ ᠲᠣᠭᠯᠠᠬᠤ ᠶᠢ ᠬᠦᠰᠡᠵᠦ ᠪᠠᠶᠢᠭ᠎ᠠ》 ᠪᠠᠨ ᠬᠡᠯᠡᠭᠰᠡᠨ᠃ ᠳᠣᠲᠣᠷ᠎ᠠ ᠪᠠᠨ ᠪᠣᠯ 《ᠡᠨᠡ ᠳᠡᠯᠡᠬᠡᠢ ᠶᠢᠨ ᠰᠡᠭᠦᠯᠴᠢ ᠶᠢᠨ ᠨᠡᠭᠦᠳᠡᠯᠴᠢᠨ ᠣᠪᠤᠭ ᠤᠨ ᠤᠳᠤᠮ ᠤᠨ ᠮᠣᠩᠭᠣᠯ ᠬᠦᠮᠦᠨ ᠪᠢ᠂ ᠶᠠᠳᠠᠵᠤ ᠮᠣᠷᠢ ᠪᠠᠨ ᠤᠨᠤᠭᠠᠳ ᠲᠤᠯᠤᠭᠠᠨ ᠢᠶᠠᠨ ᠥᠪᠡᠷ ᠢᠶᠡᠨ ᠬᠢᠴᠢᠬᠡᠶ᠎ᠡ ᠳ᠋ᠡ》 ᠭᠡᠵᠦ ᠪᠣᠳᠣᠭᠰᠠᠨ ᠬᠡᠷᠡᠭ᠃ ᠨᠠᠶᠢᠷᠠᠭᠤᠯᠤᠭᠴᠢᠳ ᠮᠠᠨᠢ ᠮᠢᠨᠦ ᠰᠠᠨᠠᠯ ᠢ ᠰᠣᠨᠣᠰᠤᠭᠠᠳ 《ᠲᠡᠭᠡᠪᠡᠯ ᠪᠢᠳᠡᠨ ᠳᠦ ᠢᠯᠡᠭᠦᠦ ᠰᠠᠶᠢᠨ ᠪᠠᠶᠢᠨ᠎ᠠ》 ᠭᠡᠵᠦ ᠵᠦᠪᠰᠢᠶᠡᠷᠡᠪᠡ᠃ ᠡᠭᠦᠨ ᠦ ᠲᠥᠯᠥᠭᠡ ᠨᠠᠶᠢᠷᠠᠭᠤᠯᠤᠭᠴᠢᠳ ᠮᠠᠨᠢ ᠪᠠᠬᠠᠷᠬᠠᠭᠰᠠᠨ ᠯᠠ ᠳ᠋ᠠ᠃ ᠻᠢᠨᠣ ᠶᠢᠨ ᠲᠡᠭᠦᠰᠬᠡᠯ ᠳᠦ 《ᠨᠠᠶᠢᠷᠠᠭᠤᠯᠤᠭᠴᠢ ᠶᠢᠨ ᠵᠣᠬᠢᠶᠠᠯ》 ᠳᠡᠭᠡᠷ᠎ᠡ ᠪᠡᠨ ᠮᠢᠨᠦ ᠭᠠᠷ ᠤᠨ ᠦᠰᠦᠭ ᠢ ᠵᠢᠷᠤᠭᠤᠯᠵᠤ ᠠᠪᠤᠭᠰᠠᠨ᠃ ᠨᠢᠭᠡ ᠲᠠᠯ᠎ᠠ ᠠᠴᠠᠭᠠᠨ ᠾᠣᠯᠯᠢᠸᠦ᠋ᠳ ᠤᠨ ᠻᠢᠨᠣ ᠳᠤ ᠲᠣᠭᠯᠠᠵᠤ ᠪᠠᠶᠢᠭ᠎ᠠ ᠠᠩᠬᠠᠨ ᠤ ᠮᠣᠩᠭᠣᠯ ᠬᠦᠮᠦᠨ᠂ ᠨᠥᠭᠥᠭᠡ ᠲᠠᠯ᠎ᠠ ᠠᠴᠠᠭᠠᠨ ᠤᠭ ᠠᠴᠠᠭᠠᠨ ᠡᠨᠡ ᠻᠢᠨᠣ ᠳᠤ ᠮᠣᠩᠭᠣᠯ ᠪᠠᠭᠠᠲᠤᠷ ᠤᠳ ᠤᠨ ᠠᠷᠠᠨᠰᠢᠨ ᠭᠠᠷᠬᠤ ᠶᠣᠰᠣᠲᠠᠢ᠃
ᠲᠠᠪᠤ᠃ ᠳᠡᠯᠡᠬᠡᠢ ᠶᠢᠨ ᠻᠢᠨᠣ ᠤᠷᠠᠯᠢᠭ ᠪᠠ ᠮᠣᠩᠭᠣᠯ ᠤᠨ ᠲᠡᠦᠬᠡ
- ᠶᠡᠷᠦᠨᠢ ᠳᠡᠯᠡᠬᠡᠢ ᠶᠢᠨ ᠻᠢᠨᠣ ᠤᠷᠠᠯᠢᠭ ᠲᠤ ᠰᠡᠭᠦᠯ ᠦᠨ ᠦᠶ᠎ᠡ ᠳᠦ ᠮᠣᠩᠭᠣᠯ ᠤᠨ ᠲᠡᠦᠬᠡ ᠪᠡᠷ ᠻᠢᠨᠣ ᠬᠢᠬᠦ ᠰᠣᠨᠢᠷᠬᠠᠯ ᠪᠤᠢ ᠪᠣᠯᠵᠠᠢ᠃ ᠡᠨᠡ ᠲᠠᠯ᠎ᠠ ᠪᠠᠷ ᠮᠣᠩᠭᠣᠯᠴᠤᠳ ᠪᠢᠳᠡ ᠥᠪᠡᠷᠰᠡᠳ ᠢᠶᠡᠨ ᠠᠩᠬᠠᠷᠴᠤ ᠪᠣᠳᠣᠬᠤ ᠶᠣᠰᠣᠲᠠᠢ ᠶᠤᠮ ᠰᠢᠭ ᠰᠠᠨᠠᠭᠳᠠᠵᠤ ᠪᠠᠶᠢᠨ᠎ᠠ⁈
- ᠳᠡᠯᠡᠬᠡᠢ ᠶᠢᠨ ᠻᠢᠨᠣ ᠤᠷᠠᠯᠢᠭ ᠲᠤ ᠬᠢᠲᠠᠳ ᠤᠳ 《ᠨᠢᠰᠦᠭᠰᠡᠭᠡᠷ》 ᠪᠠᠶᠢᠭᠠᠳ ᠯᠠ ᠭᠠᠷᠤᠭᠠᠳ ᠢᠷᠡᠯ᠎ᠡ᠂ ᠰᠣᠯᠣᠩᠭᠣᠰ ᠤᠳ ᠨᠢᠭᠡ ᠴᠤ ᠳᠠᠶᠢᠨ ᠳᠤ ᠢᠯᠠᠵᠤ ᠦᠵᠡᠭᠡᠳᠦᠶ ᠮᠥᠷᠲᠡᠯ᠎ᠡ ᠪᠠᠶᠢᠯᠳᠤᠭᠠᠨ ᠲᠠᠢ ᠲᠡᠦᠬᠡᠨ ᠻᠢᠨᠣ ᠬᠢᠭᠰᠡᠭᠡᠷ ᠪᠠᠶᠢᠭᠠᠳ ᠭᠠᠷᠤᠭᠠᠳ ᠢᠷᠡᠯ᠎ᠡ᠂ ᠬᠠᠰᠠᠭᠰᠲ᠋ᠠᠨ ᠨᠤᠭᠤᠳ ᠲᠡᠦᠬᠡᠨ ᠳᠡᠭᠡᠨ ᠮᠣᠩᠭᠣᠯᠴᠤᠳ ᠢ ᠨᠢᠭᠡᠬᠡᠨ ᠤᠳᠠᠭ᠎ᠠ ᠢᠯᠠᠭᠰᠠᠨ ᠲᠡᠦᠬᠡ ᠪᠡᠷ ᠢᠶᠡᠨ ᠣᠶᠢᠷᠠᠳ ᠤᠳ ᠤᠨ ᠲᠤᠬᠠᠢ ᠻᠢᠨᠣ ᠬᠢᠭᠡᠳ ᠯᠠ ᠭᠠᠷᠤᠭᠠᠳ ᠢᠷᠡᠯ᠎ᠡ᠃ ᠲᠡᠭᠡᠬᠦ ᠪᠡᠷ ᠪᠢᠳᠡ ᠨᠠᠷ ᠶᠠᠭᠠᠬᠢᠬᠤ ᠶᠣᠰᠣᠲᠠᠢ ᠶᠤᠮ ᠪᠤᠢ⁈ ᠪᠢᠳᠡ ᠨᠠᠷ ᠲᠡᠦᠬᠡ ᠪᠡᠨ ᠯᠠ ᠪᠠᠷᠢᠬᠤ ᠶᠣᠰᠣᠲᠠᠢ᠃ ᠮᠣᠩᠭᠣᠯᠴᠤᠳ ᠪᠢᠳᠡ ᠥᠨᠥ ᠦᠶ᠎ᠡ ᠳᠦ ᠱᠸᠠᠷᠼᠧᠨᠧᠭᠭᠧᠷ ᠤᠨ ᠲᠣᠭᠯᠠᠭᠰᠠᠨ 《ᠲᠧᠷᠮᠢᠨᠠᠲ᠋ᠣᠷ》 ᠰᠢᠭ ᠻᠢᠨᠣ ᠬᠢᠭᠡᠳ ᠪᠥᠲᠥᠬᠦ ᠦᠭᠡᠢ᠃ ᠪᠢᠳᠡ ᠲᠡᠦᠬᠡ ᠰᠤᠶᠤᠯ᠂ ᠵᠠᠩ ᠵᠠᠩᠰᠢᠯ ᠢᠶᠠᠷ ᠢᠶᠠᠨ ᠣᠭᠲᠤ ᠥᠭᠡᠷ᠎ᠡ ᠬᠦᠮᠦᠰ᠂ ᠲᠡᠶᠢᠮᠦ ᠻᠢᠨᠣ ᠬᠢᠬᠦ ᠬᠦᠮᠦᠰ ᠪᠢᠰᠢ᠃ ᠬᠠᠷᠢᠨ ᠳᠡᠯᠡᠬᠡᠢ ᠳᠠᠬᠢᠨ ᠢᠶᠠᠷ ᠢᠶᠠᠨ ᠮᠡᠳᠡᠳᠡᠭ ᠮᠣᠩᠭᠣᠯᠴᠤᠳ ᠤᠨ ᠢᠶᠠᠨ ᠭᠠᠶᠢᠬᠠᠮᠰᠢᠭᠲᠤ ᠲᠡᠦᠬᠡ ᠪᠡᠨ ᠪᠠᠷᠢᠵᠤ ᠻᠢᠨᠣ ᠪᠦᠲᠦᠭᠡᠪᠡᠯ ᠪᠢᠳᠡ ᠳᠡᠯᠡᠬᠡᠢ ᠳᠦ ᠭᠠᠷᠴᠤ ᠢᠷᠡᠵᠦ ᠴᠢᠳᠠᠨ᠎ᠠ᠃ ᠳᠡᠯᠡᠬᠡᠢ ᠳᠠᠬᠢᠨ ᠮᠣᠩᠭᠣᠯ ᠤᠨ ᠲᠡᠦᠬᠡ ᠪᠡᠷ ᠻᠢᠨᠣ ᠬᠢᠵᠦ ᠪᠠᠶᠢᠨ᠎ᠠ᠃ ᠰ∙ ᠪᠣᠳ᠋ᠷᠣᠸ ᠴᠢᠩᠭᠢᠰ ᠬᠠᠭᠠᠨ ᠤ ᠲᠡᠦᠬᠡ ᠪᠡᠷ ᠻᠢᠨᠣ ᠪᠦᠲᠦᠭᠡᠯᠡᠡ᠂ ᠰᠠᠶᠢ ᠪᠦᠲᠦᠭᠰᠡᠨ 《ᠮᠠᠷᠻᠣ ᠫᠣᠯᠣ》 ᠻᠢᠨᠣ ᠮᠥᠨ ᠯᠠ ᠮᠣᠩᠭᠣᠯᠴᠤᠳ ᠤᠨ ᠲᠡᠦᠬᠡ ᠪᠡᠷ ᠬᠢᠭᠳᠡᠭᠰᠡᠨ ᠻᠢᠨᠣ᠂ ᠤᠳᠤᠬᠤ ᠦᠭᠡᠢ ᠵᠠᠻ ᠤᠶᠢᠲ᠋ᠧᠷᠹᠣᠷᠳ᠋ ᠍ ᠤᠨ 《ᠴᠢᠩᠭᠢᠰ ᠬᠠᠭᠠᠨ》᠍ ᠤ ᠲᠤᠬᠠᠢ ᠵᠣᠬᠢᠶᠠᠯ ᠢᠶᠠᠷ ᠾᠣᠯᠯᠢᠸᠦ᠋ᠳ ᠻᠢᠨᠣ ᠬᠢᠬᠦ ᠭᠡᠵᠦ ᠪᠠᠶᠢᠨ᠎ᠠ᠃
- ᠲᠡᠶᠢᠮᠦ ᠡ᠂ ᠪᠢ ᠡᠨᠡ ᠶᠠᠷᠢᠶᠠᠠ ᠲᠠᠢ ᠲᠠᠨᠢ ᠰᠠᠨᠠᠯ ᠨᠡᠶᠢᠯᠡᠵᠦ ᠪᠠᠶᠢᠨ᠎ᠠ᠃ ᠲᠡᠭᠡᠬᠦ ᠪᠡᠷ ᠪᠢᠳᠡ ᠳᠡᠯᠡᠬᠡᠢ ᠳᠦ ᠵᠥᠪᠰᠢᠶᠡᠷᠡᠭᠳᠡᠭᠰᠡᠨ ᠻᠢᠨᠣ ᠬᠢᠬᠦ ᠶᠢᠨ ᠲᠤᠯᠠᠳᠠ ᠶᠠᠭ ᠣᠳᠤ ᠶᠠᠭᠤ ᠬᠢᠵᠦ ᠡᠬᠢᠯᠡᠬᠦ ᠬᠡᠷᠡᠭᠲᠡᠢ ᠪᠤᠢ⁈
- 《ᠰᠠᠭᠠᠯᠢ ᠪᠠᠨ ᠪᠡᠯᠡᠳᠬᠡᠬᠦ ᠪᠡᠷ ᠰᠠᠪᠠ ᠪᠠᠨ ᠪᠡᠯᠡᠳᠬᠡ》 ᠭᠡᠳᠡᠭ ᠦᠭᠡ ᠪᠤᠢ᠃ ᠪᠢᠳᠡ ᠡᠨᠡ ᠬᠦᠮᠦᠰ ᠢ ᠮᠣᠩᠭᠣᠯ ᠳᠤ ᠢᠷᠡᠵᠦ ᠮᠣᠩᠭᠣᠯ ᠤᠨ ᠲᠡᠦᠬᠡ᠂ ᠰᠤᠶᠤᠯ ᠵᠠᠩᠰᠢᠯ ᠢ ᠬᠠᠷᠠᠭᠤᠯᠤᠭᠰᠠᠨ ᠻᠢᠨᠣ ᠬᠢᠵᠦ ᠳᠡᠯᠡᠬᠡᠢ ᠳᠦ ᠭᠠᠷᠭᠠᠬᠤ ᠨᠥᠬᠥᠴᠡᠯ ᠢ ᠨᠢ ᠪᠦᠷᠢᠳᠦᠭᠦᠯᠬᠦ ᠬᠡᠷᠡᠭᠲᠡᠢ ᠪᠠᠶᠢᠨ᠎ᠠ᠃ ᠻᠢᠨᠣ ᠲᠢᠶᠠᠲ᠋ᠷ᠂ ᠵᠢᠷᠤᠭ ᠠᠪᠬᠤ ᠪᠠᠶᠢᠷᠢ ᠲᠠᠯᠠᠪᠠᠢ ᠭᠡᠳ ᠶᠠᠭᠤᠮ᠎ᠠ ᠪᠣᠯᠭᠠᠨ ᠬᠡᠷᠡᠭᠲᠡᠢ᠃ ᠪᠢ ᠨᠧᠲᠹᠯᠧᠻᠰ ᠦᠨ ᠵᠠᠬᠢᠶᠠᠯᠠᠭ᠎ᠠ ᠪᠠᠷ ᠮᠠᠯᠠᠶᠢᠽ ᠳᠤ ᠪᠦᠲᠦᠭᠡᠭᠰᠡᠨ ᠲᠡᠶᠢᠮᠦ ᠪᠠᠶᠢᠭᠤᠯᠤᠮᠵᠢ ᠶᠢ ᠦᠵᠡᠭᠰᠡᠨ᠂ ᠦᠨᠡᠬᠡᠷ ᠭᠠᠶᠢᠬᠠᠮᠰᠢᠭᠲᠠᠢ ᠰᠲᠦᠳᠢ᠃ ᠰᠠᠶᠢ 《ᠮᠠᠷᠻᠣ ᠫᠣᠯᠣ》 ᠻᠢᠨᠣ ᠳᠤ ᠬᠠᠷᠠᠬᠣᠷᠣᠮ ᠢ ᠬᠠᠰᠠᠭᠰᠲ᠋ᠠᠨ ᠳᠤ ᠪᠦᠲᠦᠭᠡᠭᠡᠳ ᠲᠡᠨᠳᠡ ᠵᠢᠷᠤᠭ ᠢ ᠨᠢ ᠠᠪᠤᠯ᠎ᠠ᠃ ᠲᠡᠷᠡ ᠦᠶ᠎ᠡ ᠳᠦ ᠪᠢ ᠲᠡᠳᠡᠨ ᠡᠴᠡ 《ᠲᠠ ᠨᠠᠷ ᠮᠣᠩᠭᠣᠯ ᠤᠨ ᠲᠡᠦᠬᠡᠨ ᠻᠢᠨᠣ ᠶᠢ ᠮᠣᠩᠭᠣᠯ ᠳᠤ ᠢᠷᠡᠵᠦ ᠬᠢᠬᠦ ᠦᠭᠡᠢ ᠪᠠᠶᠢᠭ᠎ᠠ ᠶᠤᠮ ᠪᠤᠢ⁈》 ᠭᠡᠵᠦ ᠠᠰᠠᠭᠤᠭᠰᠠᠨ ᠯᠠ ᠳ᠋ᠠ᠃ ᠲᠡᠭᠡᠬᠦ ᠳᠦ ᠲᠡᠳᠡ 《ᠠᠮᠤᠷᠠᠠ᠂ ᠲᠠᠨᠠᠶ ᠮᠣᠩᠭᠣᠯ ᠳᠤ ᠥᠨᠳᠡᠭᠡ 30 ᠼᠧᠨᠲ᠂ ᠡᠨᠳᠡ 4 ᠼᠧᠨᠲ᠂ ᠮᠣᠩᠭᠣᠯ ᠳᠤ ᠵᠢᠷᠤᠭ ᠠᠪᠬᠤ ᠠᠰᠢᠭᠲᠠᠢ ᠬᠤᠭᠤᠴᠠᠭ᠎ᠠ ᠬᠣᠶᠠᠷ ᠰᠠᠷ᠎ᠠ᠂ ᠭᠡᠲᠡᠯ᠎ᠡ ᠡᠨᠳᠡ ᠵᠢᠯ ᠦᠨ 365 ᠬᠣᠨᠣᠭ ᠵᠢᠷᠤᠭ ᠠᠪᠴᠤ ᠪᠣᠯᠤᠨ᠎ᠠ᠂ ᠲᠠᠨᠠᠶ ᠳᠤ ᠲᠣᠮᠤ ᠰᠲᠦᠳᠢ ᠪᠠᠶᠢᠬᠤ ᠦᠭᠡᠢ》 ᠭᠡᠵᠦ ᠬᠠᠷᠢᠭᠤᠯᠵᠤ ᠪᠠᠶᠢᠭ᠎ᠠ ᠶᠤᠮ᠃ ᠭᠡᠲᠡᠯ᠎ᠡ ᠬᠠᠰᠠᠭᠰᠲ᠋ᠠᠨ ᠳᠤ 《ᠮᠣᠰᠹᠢᠯᠮ》 ᠪᠠᠶᠢᠭ᠎ᠠ᠃
- ᠲᠡᠭᠡᠬᠦ ᠪᠡᠷ ᠪᠢᠳᠡ ᠮᠣᠩᠭᠣᠯ ᠳᠠᠭᠠᠨ ᠻᠢᠨᠣ ᠶᠢᠨ ᠪᠦᠲᠦᠭᠡᠯ ᠬᠢᠬᠦ ᠲᠣᠮᠤ ᠰᠲᠦᠳᠢ ᠪᠠᠶᠢᠭᠤᠯᠬᠤ ᠱᠠᠭᠠᠷᠳᠠᠯᠭ᠎ᠠ ᠲᠠᠢ ᠪᠣᠯᠵᠤ ᠪᠠᠶᠢᠨ᠎ᠠ ᠭᠡᠰᠡᠨ ᠦᠭᠡ ᠦᠦ⁈
- ᠮᠣᠩᠭᠣᠯ ᠳᠤ ᠮᠠᠨᠢ ᠮᠣᠩᠭᠤᠯ ᠤᠨ ᠦᠨᠳᠦᠰᠦᠨ ᠦ ᠣᠯᠠᠨ ᠨᠡᠶᠢᠲᠡ ᠶᠢᠨ ᠲᠧᠯᠧᠸᠢᠽ ᠦᠨ《600 ᠰᠲᠦᠳᠢ》 ᠶᠢ ᠡᠰᠡ ᠲᠣᠭᠠᠴᠠᠪᠠᠯ ᠲᠣᠮᠤ ᠰᠲᠦᠳᠢ ᠠᠯᠠᠭ᠎ᠠ᠃ ᠰᠣᠼᠢᠶᠠᠯᠢᠰᠮ ᠤᠨ ᠦᠶ᠎ᠡ ᠳᠦ ᠪᠣᠰᠬᠠᠭᠰᠠᠨ 《ᠻᠢᠨᠣ ᠦᠢᠯᠡᠳᠪᠦᠷᠢ》 ᠪᠡᠨ ᠲᠠᠷᠠᠭᠠᠭᠠᠳ ᠬᠠᠶᠠᠴᠢᠬᠠᠭᠰᠠᠨ᠃ ᠢᠩᠭᠢᠬᠦ ᠪᠡᠷ ᠪᠢᠳᠡ ᠶᠠᠭᠠᠬᠢᠵᠤ ᠳᠡᠯᠡᠬᠡᠢ ᠶᠢᠨ ᠬᠡᠮᠵᠢᠶᠡᠨ ᠦ ᠲᠣᠮᠤ ᠻᠢᠨᠣ ᠬᠢᠬᠦ ᠲᠤᠬᠠᠢ ᠶᠠᠷᠢᠵᠤ᠂ ᠮᠥᠷᠥᠭᠡᠳᠴᠦ ᠴᠢᠳᠠᠬᠤ ᠶᠤᠮ ᠪᠤᠢ⁈ ᠳᠡᠯᠡᠬᠡᠢ ᠶᠢᠨ ᠻᠢᠨᠣ ᠬᠥᠭᠵᠢᠭᠡᠳ᠂ ᠾᠣᠯᠯᠢᠸᠦ᠋ᠳ ᠳᠤᠷᠠᠲᠠᠢ ᠭᠠᠵᠠᠷ ᠢᠶᠠᠨ ᠣᠴᠢᠵᠤ ᠵᠢᠷᠤᠭ ᠢᠶᠠᠨ ᠠᠪᠳᠠᠭ ᠪᠣᠯᠴᠢᠬᠠᠭᠰᠠᠨ ᠪᠠᠶᠢᠨ᠎ᠠ᠃ ᠪᠢᠳᠡ ᠻᠢᠨᠣ ᠤᠷᠠᠯᠢᠭ ᠢᠶᠠᠨ ᠬᠥᠭᠵᠢᠭᠦᠯᠳᠡᠭ ᠦᠭᠡᠢ ᠶᠤᠮ ᠠ᠋ ᠭᠡᠬᠦ ᠳᠦ ᠶᠠᠳᠠᠵᠤ ᠳᠡᠯᠡᠬᠡᠢ ᠶᠢᠨ ᠬᠡᠮᠵᠢᠶᠡᠨ ᠦ ᠻᠢᠨᠣ ᠵᠢᠷᠤᠭ ᠠᠪᠬᠤ ᠨᠥᠬᠥᠴᠡᠯ ᠢᠶᠡᠨ ᠪᠦᠷᠢᠳᠦᠭᠦᠯᠦᠶᠡ ᠯᠠ ᠳ᠋ᠡ᠃ ᠢᠩᠭᠢᠵᠦ ᠴᠢᠳᠠᠪᠠᠯ ᠮᠣᠩᠭᠣᠯ ᠤᠨ ᠰᠲᠦᠳᠢ ᠨᠦᠭᠦᠳ ᠰᠤᠷᠤᠯᠴᠠᠭᠠᠳ᠂ ᠮᠣᠩᠭᠣᠯ ᠵᠦᠵᠦᠭᠡᠴᠢᠳ ᠣᠷᠣᠯᠴᠠᠭᠠᠳ᠂ ᠬᠤᠪᠴᠠᠰᠤ ᠬᠤᠨᠠᠷ᠂ ᠬᠣᠭᠣᠯᠠ ᠬᠦᠨᠡᠰᠦ ᠭᠡᠳ ᠬᠦᠮᠦᠨ ᠪᠣᠯᠭᠠᠨ ᠠᠵᠢᠯᠯᠠᠵᠤ ᠡᠬᠢᠯᠡᠨ᠎ᠡ ᠰᠢᠦ ᠳ᠋ᠡ᠃ ᠰᠠᠶᠢ 《ᠮᠠᠷᠻᠣ ᠫᠣᠯᠣ》 ᠻᠢᠨᠣ ᠶᠢᠨ ᠬᠠᠰᠠᠭᠰᠲ᠋ᠠᠨ ᠳᠤ ᠬᠢᠭᠰᠡᠨ ᠨᠢᠭᠡ ᠰᠠᠷ᠎ᠠ ᠶᠢᠨ ᠵᠢᠷᠤᠭ ᠠᠪᠤᠯᠲᠠ ᠳᠡᠭᠡᠷ᠎ᠡ ᠨᠧᠲᠹᠯᠧᠻᠰ 26 ᠰᠠᠶᠢ ᠠᠮ᠊᠂ ᠳᠣᠯᠯᠠᠷ ᠵᠠᠷᠤᠴᠠᠭᠤᠯᠤᠭᠰᠠᠨ ᠭᠡᠳᠡᠭ᠃ ᠡᠨᠡ ᠮᠥᠩᠭᠥ ᠶᠢ ᠮᠣᠩᠭᠣᠯ ᠳᠠᠭᠠᠨ ᠠᠪᠴᠤ ᠪᠣᠯᠬᠤ ᠯᠠ ᠪᠠᠶᠢᠭᠰᠠᠨ᠃ ᠬᠡᠷᠪᠡ ᠲᠡᠭᠡᠪᠡᠯ ᠮᠣᠩᠭᠣᠯ ᠤᠨ ᠮᠠᠨᠢ ᠪᠦᠬᠦ ᠰᠲᠦᠳᠢ ᠬᠥᠯ ᠳᠡᠭᠡᠷ᠎ᠡ ᠪᠡᠨ ᠪᠣᠰᠴᠤ ᠴᠢᠳᠠᠬᠤ ᠪᠠᠶᠢᠭᠰᠠᠨ ᠳ᠋ᠠ ᠭᠡᠵᠦ ᠪᠣᠳᠣᠭᠳᠠᠵᠤ ᠪᠠᠶᠢᠪᠠ᠃
- ᠪᠢᠳᠡ ᠮᠣᠩᠭᠣᠯ ᠤᠨ ᠲᠡᠦᠬᠡ ᠪᠡᠷ ᠪᠤᠰᠤᠳ ᠣᠷᠣᠨ ᠨᠤᠭᠤᠳ ᠲᠤ ᠬᠢᠭᠳᠡᠭᠰᠡᠨ ᠻᠢᠨᠣ ᠨᠤᠭᠤᠳ ᠢ ᠰᠢᠭᠦᠮᠵᠢᠯᠡᠬᠦ ᠳᠤᠷᠠᠲᠠᠢ᠃
- 《ᠮᠥᠩᠭᠥ ᠪᠡᠨ ᠲᠥᠯᠦᠭᠰᠡᠨ ᠬᠦᠮᠦᠨ ᠯᠠ ᠬᠥᠭᠵᠢᠮ ᠢᠶᠡᠨ ᠵᠠᠬᠢᠶᠠᠯᠠᠳᠠᠭ》 ᠭᠡᠳᠡᠭ ᠦᠭᠡ ᠪᠤᠢ᠃ ᠨᠢᠭᠡᠨᠲᠡ ᠰᠠᠩᠬᠦᠵᠢᠯᠲᠡ ᠪᠡᠨ ᠪᠣᠰᠬᠠᠵᠤ ᠻᠢᠨᠣ ᠬᠢᠵᠦ ᠪᠠᠶᠢᠭ᠎ᠠ ᠪᠣᠯ ᠲᠡᠳᠡ ᠥᠪᠡᠷᠰᠡᠳ ᠦᠨ ᠬᠦᠰᠡᠭᠰᠡᠨ ᠢᠶᠡᠷ ᠢᠶᠡᠨ ᠯᠠ ᠦᠵᠡᠭᠦᠯᠵᠦ ᠬᠠᠷᠠᠭᠤᠯᠳᠠᠭ᠃ ᠳᠠᠷᠠᠭ᠎ᠠ ᠨᠢ ᠪᠢᠳᠡ 《ᠴᠢᠩᠭᠢᠰ ᠬᠠᠭᠠᠨ ᠢ ᠮᠢᠨᠢ ᠢᠩᠭᠢᠵᠦ ᠦᠵᠡᠭᠦᠯᠬᠦ ᠪᠠᠶᠢᠭᠰᠠᠨ ᠶᠤᠮ᠂ ᠢᠩᠭᠢᠵᠦ ᠬᠠᠷᠠᠭᠤᠯᠤᠭᠰᠠᠨ ᠦᠭᠡᠢ᠂ ᠪᠢᠳᠡᠨ ᠦ ᠲᠡᠦᠬᠡ ᠶᠢ ᠲᠡᠭᠡᠵᠦ ᠭᠤᠶᠢᠪᠢᠭᠤᠯᠤᠯᠠ》 ᠭᠡᠵᠦ ᠬᠡᠴᠢᠨᠡᠨ ᠭᠣᠩᠰᠢᠭᠠᠨᠠᠭᠠᠳ ᠴᠤ ᠨᠡᠮᠡᠷᠢ ᠦᠭᠡᠢ᠃ ᠮᠣᠩᠭᠣᠯ ᠬᠦᠮᠦᠨ ᠪᠣᠯᠭᠠᠨ ᠤ ᠵᠢᠷᠦᠬᠡᠨ ᠳᠦ ᠥᠪᠡᠷ ᠥᠪᠡᠷ ᠦᠨ 《ᠴᠢᠩᠭᠢᠰ ᠬᠠᠭᠠᠨ》 ᠪᠠᠶᠢᠭ᠎ᠠ᠃ ᠬᠦᠮᠦᠨ ᠪᠣᠯᠭᠠᠨ ᠥᠪᠡᠷ ᠦᠨ ᠵᠢᠷᠦᠬᠡᠨ ᠳᠡᠭᠡᠨ ᠪᠠᠶᠢᠭ᠎ᠠ ᠴᠢᠩᠭᠢᠰ ᠬᠠᠭᠠᠨ ᠢᠶᠠᠨ ᠣᠳᠤ ᠪᠦᠲᠦᠭᠡᠵᠦ ᠪᠠᠶᠢᠭ᠎ᠠ ᠴᠢᠩᠭᠢᠰ ᠬᠠᠭᠠᠨ ᠤ ᠲᠦᠷᠢ ᠨᠦᠭᠦᠳ ᠲᠡᠶ ᠬᠠᠷᠢᠴᠠᠭᠤᠯᠤᠭᠠᠳ 《ᠭᠣᠯᠣᠭᠠᠳ》 ᠪᠠᠶᠢᠭ᠎ᠠ ᠪᠠᠶᠢᠬᠤ ᠦᠭᠡᠢ ᠤᠤ⁈ 《ᠲᠡᠶᠢᠮᠦ ᠪᠠᠶᠢᠬᠤ ᠶᠣᠰᠣᠲᠠᠢ》 ᠭᠡᠳ ᠠᠭᠤᠷᠯᠠᠭᠠᠳ ᠪᠠᠶᠢᠭ᠎ᠠ ᠴᠢᠨᠢ ᠠᠷᠭ᠎ᠠ ᠦᠭᠡᠢ ᠰᠢᠦ ᠳ᠋ᠡ᠃ ᠶᠠᠭ ᠲᠡᠷᠡᠨ ᠰᠢᠭ ᠮᠣᠩᠭᠣᠯᠴᠤᠳ ᠪᠢᠳᠡ ᠲᠡᠦᠬᠡ ᠶᠢᠨ ᠥᠪᠡᠷ ᠥᠪᠡᠷ ᠦᠨ ᠣᠶᠢᠯᠠᠭᠠᠯᠲᠠ ᠪᠠᠨ ᠨᠢᠭᠡᠳᠬᠡᠭᠡᠳ ᠮᠣᠩᠭᠣᠯ ᠪᠠᠬᠠᠷᠬᠠᠯ ᠣᠮᠣᠭᠰᠢᠯ ᠢᠶᠠᠨ ᠪᠤᠢ ᠪᠣᠯᠭᠠᠬᠤ ᠬᠡᠷᠡᠭᠲᠡᠢ ᠶᠤᠮ᠃ ᠲᠡᠭᠡᠬᠦ ᠪᠡᠷ ᠪᠢᠳᠡ ᠥᠪᠡᠷᠰᠡᠳ ᠢᠶᠡᠨ ᠡᠨᠡ ᠪᠦᠬᠦᠨ ᠢ ᠪᠤᠢ ᠪᠣᠯᠭᠠᠵᠤ᠂ ᠥᠪᠡᠷᠰᠡᠳ ᠦᠨ ᠮᠥᠩᠭᠥ ᠪᠡᠷ ᠢᠶᠡᠨ ᠲᠡᠦᠬᠡᠨ ᠻᠢᠨᠣ ᠍ ᠪᠠᠨ ᠬᠢᠬᠦ ᠳᠡᠭᠡᠨ ᠥᠪᠡᠷᠰᠡᠳ ᠦᠨ ᠰᠠᠨᠠᠭ᠎ᠠ ᠪᠠᠨ ᠪᠦᠷᠢᠨ ᠭᠠᠷᠭᠠᠵᠤ ᠴᠢᠳᠠᠨ᠎ᠠ ᠰᠢᠦ ᠳ᠋ᠡ᠃ ᠡᠰᠡ ᠲᠡᠭᠡᠪᠡᠯ ᠪᠢᠳᠡᠨ ᠦ ᠲᠡᠦᠬᠡ ᠪᠡᠷ ᠻᠢᠨᠣ ᠬᠢᠵᠦ ᠪᠠᠶᠢᠭ᠎ᠠ ᠬᠦᠮᠦᠰ 《ᠶᠠᠭᠠᠬᠢᠵᠤ ᠬᠠᠷᠠᠭᠤᠯᠪᠠᠯ ᠶᠡᠬᠡ ᠮᠥᠩᠭᠥ ᠣᠯᠵᠤ ᠴᠢᠳᠠᠬᠤ ᠪᠤᠢ⁈》 ᠭᠡᠵᠦ ᠠᠷᠠᠯᠵᠢᠶᠠᠨ ᠤ ᠲᠠᠯ᠎ᠠ ᠠᠴᠠ ᠨᠢ ᠪᠣᠳᠣᠬᠤ ᠪᠣᠯᠤᠨ᠎ᠠ᠃ ᠳᠡᠯᠡᠬᠡᠢ ᠳᠦ ᠡᠨᠡ ᠡᠨ᠋ᠲᠧᠷᠲᠠᠶᠢᠮᠧᠨᠲ ᠪᠢᠽᠨᠧᠰ ᠠᠰᠢᠭᠲᠠᠢ ᠭᠡᠳᠡᠭ ᠢᠶᠡᠷ ᠢᠶᠡᠨ ᠠᠯᠢ ᠬᠡᠳᠦᠶᠢᠨ ᠬᠦᠯᠢᠶᠡᠨ ᠵᠥᠪᠰᠢᠶᠡᠷᠡᠭᠳᠡᠭᠰᠡᠨ᠃
- ᠮᠣᠩᠭᠣᠯᠴᠤᠳ ᠪᠢᠳᠡ ᠵᠠᠪᠠᠯ ᠠᠭᠤᠯᠠ ᠠᠭᠤᠷᠬᠠᠢ ᠭᠡᠵᠦ ᠬᠣᠱᠢᠭᠤᠷᠠᠬᠤ ᠦᠭᠡᠢ ᠪᠡᠷ ᠲᠡᠦᠬᠡ᠂ ᠨᠡᠭᠦᠳᠡᠯᠴᠢᠨ ᠰᠤᠶᠤᠯ᠂ ᠵᠠᠩ ᠵᠠᠩᠰᠢᠯ ᠢᠶᠠᠨ ᠰᠤᠷᠲᠠᠯᠴᠢᠯᠠᠭᠠᠳ ᠶᠡᠬᠡ ᠮᠥᠩᠭᠥ ᠤᠯᠬᠤ ᠪᠣᠯᠤᠮᠵᠢ ᠪᠤᠢ ᠭᠡᠵᠦ ᠪᠣᠳᠣᠭᠳᠠᠭᠠᠳ ᠪᠠᠶᠢᠳᠠᠭ ᠶᠤᠮ᠃ ᠳᠠᠩᠴᠢ ᠪᠢᠳᠡ ᠲᠡᠭᠡᠵᠦ ᠠᠩᠵᠠᠭᠠᠷᠠᠬᠤ ᠦᠭᠡᠢ ᠶᠤᠮ ᠳ᠋ᠠ᠂ ᠬᠠᠷᠠᠮᠰᠠᠯᠲᠠᠢ ᠨᠢ᠃
- ᠲᠡᠭᠡᠭᠡᠳ ᠯᠠ 《ᠼᠧᠨᠽᠦᠷ ᠦᠭᠡᠢ ᠶᠠᠷᠢᠶ᠎ᠠ》 ᠨᠡᠪᠲᠡᠷᠡᠭᠦᠯᠭᠡ ᠳᠦ ᠣᠷᠣᠯᠴᠠᠬᠤ ᠳᠠᠭᠠᠨ 《ᠨᠠᠭᠠᠳᠤ ᠰᠢᠨᠤᠭᠠᠳ ᠪᠠᠶᠢᠭ᠎ᠠ ᠠᠭᠤᠯᠠ ᠠᠭᠤᠷᠬᠠᠢ ᠠᠴᠠ ᠴᠢᠨᠢ ᠢᠯᠡᠭᠦᠦ ᠶᠡᠬᠡ ᠮᠥᠩᠭᠥ ᠶᠢ ᠪᠢᠳᠡ ᠮᠣᠩᠭᠣᠯ ᠤᠨ ᠲᠡᠦᠬᠡ᠂ ᠮᠣᠩᠭᠣᠯ ᠤᠨ ᠤᠷᠠᠯᠢᠭ ᠢᠶᠠᠷ ᠣᠯᠵᠤ ᠪᠣᠯᠤᠨᠠᠠ ᠠ᠋》 ᠭᠡᠳᠡᠭ ᠰᠠᠨᠠᠭ᠎ᠠ ᠪᠠᠨ ᠶᠠᠷᠢᠭᠰᠠᠨ ᠯᠠ ᠳ᠋ᠠ᠃ ᠵᠢᠱᠢᠶ᠎ᠡ ᠨᠢ ᠪᠢᠳᠡ 《ᠳᠥᠷᠥᠭᠡ》 ᠭᠡᠳᠡᠭ ᠻᠢᠨᠣ ᠬᠢᠬᠦ ᠳᠦ ᠯᠠ ᠳᠡᠯᠡᠬᠡᠢ ᠳᠦ ᠭᠠᠶᠢᠬᠠᠭᠤᠯᠵᠤ ᠴᠢᠳᠠᠨ᠎ᠠ᠃ ᠮᠣᠷᠢ ᠪᠠᠨ ᠵᠠᠶᠢᠳᠠᠩ ᠤᠨᠤᠳᠠᠭ ᠪᠠᠶᠢᠭᠰᠠᠨ ᠮᠣᠩᠭᠣᠯᠴᠤᠳ ᠡᠮᠡᠭᠡᠯ ᠦᠨ ᠳᠥᠷᠥᠭᠡ ᠲᠡᠢ ᠪᠣᠯᠤᠭᠰᠠᠨ ᠢᠶᠠᠷ ᠲᠤᠬᠠᠢ ᠶᠢᠨ ᠦᠶ᠎ᠡ ᠳᠦ ᠣᠳᠤ ᠶᠢᠨ 《ᠢᠨ᠋ᠲᠧᠷᠨᠧᠲ》 ᠍ ᠲᠡᠢ ᠪᠣᠯᠤᠭᠰᠠᠨ ᠰᠢᠭ ᠯᠠ ᠥᠭᠡᠷᠡᠴᠢᠯᠡᠯᠲᠡ ᠬᠢᠵᠡᠶ᠃ ᠮᠣᠷᠢᠨ ᠤ ᠳᠠᠪᠬᠢᠯ ᠳᠤᠮᠳᠠ ᠳᠥᠷᠦᠭᠡᠨ ᠳᠡᠭᠡᠷ᠎ᠡ ᠪᠡᠨ ᠪᠣᠰᠴᠤ ᠵᠣᠭᠰᠣᠳᠠᠭ ᠪᠣᠯᠵᠢ᠂ ᠳᠥᠷᠦᠭᠡᠨ ᠳᠡᠭᠡᠷ᠎ᠡ ᠡᠴᠡᠭᠡᠨ ᠡᠷᠭᠢᠵᠦ ᠬᠠᠷᠠᠵᠤ ᠬᠠᠷᠪᠤᠳᠠᠭ ᠪᠣᠯᠵᠢ᠂ ᠮᠣᠷᠢᠨ ᠳᠡᠭᠡᠷ᠎ᠡ ᠪᠡᠨ ᠳᠤᠷ᠎ᠠ ᠶᠢᠨ ᠬᠥᠳᠡᠯᠭᠡᠭᠡᠨ ᠬᠢᠵᠦ ᠴᠢᠳᠠᠳᠠᠭ ᠪᠣᠯᠵᠢ᠃ ᠡᠭᠦᠨ ᠦ ᠠᠴᠢ ᠪᠠᠷ ᠰᠢᠤᠳᠠᠨ ᠬᠠᠷᠢᠯᠴᠠᠭ᠎ᠠ ᠶᠡᠬᠡ ᠬᠤᠷᠳᠤᠴᠠ ᠲᠠᠢ ᠬᠥᠭᠵᠢᠭᠰᠡᠨ ᠭᠡᠵᠦ ᠦᠵᠡᠳᠡᠭ᠃ ᠪᠢᠳᠡ ᠡᠭᠦᠨ ᠢ ᠪᠡᠨ ᠪᠠᠷᠢᠭᠠᠳ ᠯᠠ ᠻᠢᠨᠣ ᠬᠢᠬᠦ ᠳᠦ ᠶᠡᠬᠡ ᠴᠤ ᠠᠮᠵᠢᠯᠲᠠ ᠣᠯᠤᠨ᠎ᠠ ᠳ᠋ᠠ᠃ ᠶᠠᠭ ᠡᠭᠦᠨ ᠰᠢᠭ᠋ ᠮᠠᠰᠢ ᠣᠯᠠᠨ ᠪᠠᠶᠠᠯᠢᠭ ᠰᠡᠳᠦᠪ ᠦᠳ ᠪᠢᠳᠡᠨ ᠦ ᠨᠡᠭᠦᠳᠡᠯᠴᠢᠨ ᠠᠮᠢᠳᠤᠷᠠᠯ ᠳᠤᠮᠳᠠ ᠪᠠᠶᠢᠭ᠎ᠠ᠃ ᠵᠠᠬ᠎ᠠ ᠠᠴᠠ ᠠᠪᠤᠭᠠᠳ ᠬᠠᠷ᠎ᠠ ᠯᠠ ᠳ᠋ᠠ᠂ ᠪᠢᠮᠪᠠᠰᠦ᠋ᠷᠦᠩ ᠦᠨ 《ᠢᠩᠭᠡᠨ ᠨᠢᠯᠪᠤᠰᠤ》 ᠪᠠᠷᠢᠮᠲᠠᠲᠤ ᠻᠢᠨᠣ ᠣᠰᠻᠠᠷ ᠲᠤ ᠨᠡᠷ᠎ᠡ ᠳᠡᠪᠰᠢᠵᠦ ᠪᠠᠶᠢᠪᠠ᠃
ᠵᠢᠷᠭᠤᠭ᠎ᠠ᠃ ᠰᠠᠨᠠᠭ᠎ᠠ ᠵᠣᠪᠠᠭᠠᠵᠤ ᠪᠤᠢ ᠬᠣᠶᠠᠷ ᠠᠰᠠᠭᠤᠳᠠᠯ
- ᠲᠡᠭᠡᠬᠦ ᠪᠡᠷ ᠯᠠ ᠮᠣᠩᠭᠣᠯᠴᠤᠳ ᠪᠢᠳᠡ ᠥᠪᠡᠷᠰᠡᠳ ᠦᠨ ᠲᠡᠦᠬᠡ ᠰᠤᠶᠤᠯ᠂ ᠵᠠᠩ ᠵᠠᠩᠰᠢᠯ ᠢᠶᠠᠨ ᠮᠠᠰᠢ ᠰᠠᠶᠢᠨ ᠰᠤᠳᠤᠯᠵᠤ ᠮᠡᠳᠡᠵᠦ᠂ ᠰᠤᠷᠲᠠᠯᠴᠢᠯᠠᠵᠤ ᠪᠠᠶᠢᠬᠤ ᠬᠡᠷᠡᠭᠲᠡᠢ ᠶᠤᠮ᠃
- ᠣᠳᠤ ᠮᠣᠩᠭᠣᠯ ᠤᠨ ᠭᠠᠵᠠᠷ ᠨᠤᠲᠤᠭ ᠳᠡᠭᠡᠷ᠎ᠡ ᠠᠮᠢᠳᠤᠷᠠᠵᠤ ᠪᠠᠶᠢᠭ᠎ᠠ ᠮᠣᠩᠭᠣᠯᠴᠤᠳ ᠪᠢᠳᠡ ᠴᠢᠨᠢ ᠲᠤᠯᠤᠢ ᠬᠠᠭᠠᠨ ᠤ ᠤᠳᠤᠮ ᠶᠤᠮ ᠰᠢᠦ ᠳ᠋ᠡ᠃ ᠪᠢᠳᠡ ᠥᠪᠡᠷᠰᠡᠳ ᠦᠨ ᠲᠡᠦᠬᠡ ᠪᠡᠨ ᠮᠡᠳᠡᠵᠦ ᠪᠠᠶᠢᠬᠤ ᠬᠡᠷᠡᠭᠲᠡᠢ ᠪᠠᠶᠢᠨᠠᠠ ᠠ᠋᠃ ᠰᠠᠶ᠋ᠢ ᠨᠢᠶᠦ᠋ - ᠶᠣᠷᠻ ᠲᠤ ᠠᠷᠢᠭᠤᠨ᠎ᠠ ᠭᠡᠳᠡᠭ ᠮᠣᠩᠭᠣᠯ ᠡᠭᠡᠴᠢ ᠠᠵᠢᠯᠯᠠᠵᠤ ᠪᠠᠶᠢᠭ᠎ᠠ ᠣᠷᠣᠨ ᠣᠷᠣᠨ ᠨᠤᠭᠤᠳ ᠤᠨ ᠲᠡᠦᠬᠡ ᠶᠢᠨ ᠮᠦᠽᠧᠢ ᠦᠵᠡᠯ᠎ᠡ᠃ ᠲᠡᠭᠦᠨ ᠢ ᠦᠵᠡᠵᠦ ᠶᠠᠪᠤᠬᠤ ᠳᠠᠭᠠᠨ ᠮᠢᠨᠦ ᠰᠡᠳᠬᠢᠯ ᠳᠦ 《ᠶᠠᠭᠠᠬᠢᠨᠠᠠ ᠠ᠋》 ᠭᠡᠰᠡᠨ ᠬᠠᠷᠠᠭᠤᠰᠤᠯ ᠲᠥᠷᠦᠵᠦ ᠪᠠᠶᠢᠪᠠ᠃ ᠥᠨᠥᠳᠥᠷ ᠪᠢᠳᠡᠨ ᠦ ᠬᠣᠶᠢᠴᠢ ᠦᠶ᠎ᠡ ᠪᠣᠯᠤᠭᠰᠠᠨ ᠬᠡᠦᠬᠡᠳ ᠵᠠᠯᠠᠭᠤᠰ Ipad᠂ IPhone ᠍ ᠶᠢᠨ ᠠᠷᠤ ᠳᠤ ᠰᠠᠭᠤᠭᠠᠳ ᠡᠯᠳᠡᠪ ᠢ ᠭᠥᠯᠢᠷᠡᠭᠡᠳ ᠪᠠᠶᠢᠳᠠᠭ᠃ ᠪᠢᠳᠡ ᠥᠪᠡᠷᠰᠡᠳ ᠦᠨ ᠲᠡᠦᠬᠡ ᠪᠠᠬᠠᠷᠬᠠᠯ ᠢᠶᠠᠨ ᠮᠡᠳᠡᠬᠦ ᠦᠭᠡᠢ᠂ ᠮᠡᠳᠡᠬᠦ ᠶᠢ ᠴᠤ ᠬᠦᠰᠡᠬᠦ ᠦᠭᠡᠢ ᠪᠠᠶᠢᠨ᠎ᠠ ᠰᠢᠦ ᠳ᠋ᠡ᠃ ᠵᠥᠪᠬᠡᠨ ᠤᠯᠠᠭᠠᠨᠪᠠᠭᠠᠲᠤᠷ ᠬᠣᠲᠠ ᠭᠡᠬᠦ ᠳᠦ ᠯᠠ 375 ᠵᠢᠯ ᠦᠨ ᠲᠡᠦᠬᠡ ᠲᠡᠢ ᠭᠡᠬᠦ ᠪᠡᠷ ᠠᠮᠧᠷᠢᠻᠠ ᠶᠢᠨ ᠨᠢᠭᠡᠳᠦᠭᠰᠡᠨ ᠤᠯᠤᠰ ᠠᠴᠠ ᠴᠤ ᠢᠯᠡᠭᠦᠦ ᠲᠡᠦᠬᠡ ᠲᠡᠢ᠃ ᠬᠡᠴᠢᠨᠡᠨ ᠤᠲᠤᠭ᠎ᠠ ᠲᠠᠢ᠂ ᠰᠢᠷᠣᠢ ᠲᠠᠢ᠂ ᠪᠥᠭᠯᠡᠷᠡᠯ ᠲᠡᠢ ᠪᠠᠶᠢᠯ᠎ᠠ ᠴᠤ ᠲᠡᠦᠬᠡ ᠲᠡᠢ ᠪᠠᠶᠢᠨ᠎ᠠ ᠰᠢᠦ ᠳ᠋ᠡ᠃ ᠡᠨᠡ ᠪᠣᠯ ᠪᠢᠳᠡᠨ ᠦ ᠬᠠᠮᠤᠭ ᠤᠨ ᠴᠢᠬᠤᠯᠠ ᠦᠨᠡᠲᠦ ᠵᠦᠢᠯ ᠶᠤᠮ᠃
- ᠲᠡᠶᠢᠮᠦ ᠰᠢᠦ᠂ ᠰᠠᠨᠠᠯ ᠠᠳᠠᠯᠢ ᠪᠠᠶᠢᠨ᠎ᠠ᠃
- ᠮᠣᠩᠭᠣᠯ ᠤᠯᠤᠰ ᠤᠨ ᠢᠷᠭᠡᠨ ᠦ ᠬᠤᠪᠢ ᠳᠤ ᠪᠢ ᠬᠣᠶᠠᠷ ᠵᠦᠢᠯ ᠳᠡᠭᠡᠷ᠎ᠡ ᠶᠡᠬᠡ ᠰᠠᠨᠠᠭ᠎ᠠ ᠵᠣᠪᠠᠳᠠᠭ᠃ ᠨᠢᠭᠡ ᠨᠢ ᠮᠣᠩᠭᠣᠯ ᠤᠨ ᠢᠶᠠᠨ ᠲᠡᠦᠬᠡ ᠰᠤᠶᠤᠯ ᠢᠶᠠᠨ ᠠᠪᠴᠤ ᠦᠯᠡᠳᠡᠬᠦ᠃ ᠮᠠᠨᠵᠤ ᠭᠡᠳᠡᠭ ᠦᠨᠳᠦᠰᠦᠲᠡᠨ ᠪᠠᠶᠢᠬᠤ ᠦᠭᠡᠢ ᠪᠣᠯᠴᠢᠬᠠᠭᠰᠠᠨ᠂ ᠮᠠᠨᠵᠤ ᠬᠦᠮᠦᠨ ᠪᠣᠯ ᠪᠠᠶᠢᠭ᠎ᠠ᠃
ᠠᠯᠢᠪᠠ ᠦᠨᠳᠦᠰᠦᠲᠡᠨ ᠢ ᠤᠰᠠᠳᠬᠠᠬᠤ ᠶᠢᠨ ᠲᠤᠯᠠᠳᠠ ᠬᠡᠯᠡ ᠶᠢ ᠨᠢ᠂ ᠪᠢᠴᠢᠭ ᠢ ᠨᠢ ᠪᠠᠶᠢᠬᠤ ᠦᠭᠡᠢ ᠪᠣᠯᠭᠠᠳᠠᠭ᠃ ᠡᠭᠦᠨ ᠢ ᠳᠠᠭᠠᠭᠠᠳ ᠪᠦᠬᠦ ᠰᠤᠶᠤᠯ ᠨᠢ ᠤᠰᠠᠳᠴᠤ ᠠᠷᠢᠯᠤᠨ᠎ᠠ᠃ ᠳᠠᠭᠤᠤ᠂ ᠤᠷᠠᠨ ᠵᠣᠬᠢᠶᠠᠯ᠂ ᠪᠤᠰᠤᠳ ᠶᠠᠭᠤ ᠴᠤ ᠪᠠᠶᠢᠳᠠᠭ ᠶᠤᠮ ᠪᠦᠬᠦ ᠰᠤᠶᠤᠯ ᠤᠳ ᠨᠢ ᠪᠠᠶᠢᠬᠤ ᠦᠭᠡᠢ ᠪᠣᠯᠤᠨ᠎ᠠ ᠭᠡᠰᠡᠨ ᠦᠭᠡ᠃ ᠰᠤᠶᠤᠯ ᠪᠠᠶᠢᠬᠤ ᠦᠭᠡᠢ ᠪᠣᠯ ᠦᠨᠳᠦᠰᠦᠲᠡᠨ ᠠᠯᠠᠭ᠎ᠠ ᠪᠣᠯᠵᠤ ᠤᠰᠠᠳᠤᠨ᠎ᠠ᠃ ᠬᠣᠶᠠᠳᠤᠭᠠᠷ ᠲᠤ ᠤᠰᠤᠨ ᠤ ᠠᠰᠠᠭᠤᠳᠠᠯ᠃ ᠮᠣᠩᠭᠣᠯᠴᠤᠳ ᠰᠢᠭ ᠭᠠᠵᠠᠷ ᠤᠨ ᠭᠦᠨ ᠦ ᠤᠰᠤ ᠪᠠᠷ ᠮᠠᠰᠢᠨ ᠢᠶᠠᠨ ᠤᠭᠢᠶᠠᠳᠠᠭ ᠲᠡᠨᠡᠭ ᠬᠦᠮᠦᠰ ᠳᠡᠯᠡᠬᠡᠢ ᠳᠡᠭᠡᠷ᠎ᠡ ᠪᠠᠶᠢᠬᠤ ᠦᠭᠡᠢ ᠳ᠋ᠡ᠃ ᠮᠣᠩᠭᠣᠯ ᠳᠤ ᠭᠠᠵᠠᠷ ᠳᠣᠣᠷᠠᠬᠢ ᠤᠰᠤᠨ ᠤ ᠨᠥᠭᠡᠴᠡ ᠨᠢ 20 ᠬᠤᠪᠢ᠂ ᠭᠠᠵᠠᠷ ᠤᠨ ᠭᠠᠳᠠᠷᠭᠤ ᠶᠢᠨ ᠬᠥᠷᠦᠰᠦᠨ ᠳᠡᠭᠡᠷᠡᠬᠢ ᠤᠰᠤᠨ ᠤ ᠨᠥᠭᠡᠴᠡ ᠨᠢ 80 ᠬᠤᠪᠢ ᠪᠠᠶᠢᠳᠠᠭ ᠶᠤᠮ ᠪᠠᠶᠢᠨ᠎ᠠ᠃ ᠪᠢᠳᠡ ᠭᠠᠵᠠᠷ ᠤᠨ ᠬᠥᠷᠦᠰᠦᠨ ᠳᠡᠭᠡᠷᠡᠬᠢ ᠤᠰᠤ ᠶᠢ ᠠᠰᠢᠭᠯᠠᠵᠤ ᠪᠠᠶᠢᠭ᠎ᠠ᠂ ᠭᠡᠲᠡᠯ᠎ᠡ ᠭᠠᠵᠠᠷ ᠤᠨ ᠬᠥᠷᠦᠰᠦᠨ ᠳᠣᠣᠷᠠᠬᠢ ᠤᠰᠤ ᠨᠢ 100 ᠵᠢᠯ ᠦᠨ ᠬᠤᠭᠤᠴᠠᠭᠠᠨ ᠳᠤ ᠲᠥᠯᠵᠢᠳᠡᠭ ᠭᠡᠨ᠎ᠡ᠃ 200 ᠭᠷᠠᠮᠮ ᠠᠯᠲᠠ ᠠᠪᠬᠤ ᠶᠢᠨ ᠲᠤᠯᠠᠳᠠ 930,000 ᠲᠣᠨ ᠤᠰᠤ ᠶᠢ ᠳᠠᠷᠤᠯᠲᠠ ᠪᠠᠷ ᠰᠢᠬᠠᠵᠤ ᠪᠠᠶᠢᠨ᠎ᠠ᠃ ᠠᠯᠲᠠ ᠣᠯᠪᠤᠷᠢᠯᠠᠵᠤ ᠠᠰᠢᠭ ᠣᠯᠵᠤ ᠪᠠᠶᠢᠭ᠎ᠠ ᠻᠣᠮᠫᠠᠨᠢ ᠨᠤᠭᠤᠳ ᠤᠨ ᠦᠢᠯᠡ ᠠᠵᠢᠯᠯᠠᠭᠠᠨ ᠠᠴᠠ ᠪᠣᠯᠵᠤ ᠪᠢᠳᠡ ᠢᠷᠡᠭᠡᠳᠦᠢ ᠳᠦ ᠮᠣᠩᠭᠣᠯ ᠳᠤ ᠠᠮᠢᠳᠤᠷᠠᠬᠤ ᠬᠡᠦᠬᠡᠳ ᠦᠳ ᠦᠨ ᠢᠶᠡᠨ ᠬᠡᠷᠡᠭᠯᠡᠭᠡᠨ ᠦ ᠤᠰᠤ ᠶᠢ ᠬᠣᠷᠢᠶᠠᠵᠤ ᠪᠠᠶᠢᠨ᠎ᠠ᠃ ᠢᠩᠭᠢᠵᠦ ᠪᠣᠯᠬᠤ ᠤᠤ⁈
- ᠢᠩᠭᠢᠵᠦ ᠪᠣᠳᠣᠵᠤ᠂ ᠢᠩᠭᠢᠵᠦ ᠳᠤᠤᠭᠠᠷᠴᠤ ᠪᠠᠶᠢᠭ᠎ᠠ ᠬᠦᠮᠦᠰ ᠴᠥᠭᠡᠬᠡᠨ ᠪᠠᠶᠢᠨᠠᠠ ᠠ᠋᠃
- ᠪᠢ ᠡᠨᠡ ᠠᠰᠠᠭᠤᠳᠠᠯ ᠳᠡᠭᠡᠷ᠎ᠡ ᠰᠠᠨᠠᠭ᠎ᠠ ᠲᠠᠯᠪᠢᠵᠤ ᠲᠥᠰᠥᠯ ᠪᠢᠴᠢᠵᠦ ᠪᠠᠶᠢᠭ᠎ᠠ᠃ ᠬᠦᠮᠦᠰ ᠲᠦ ᠴᠡᠪᠡᠷ ᠤᠰᠤᠨ ᠤ ᠵᠥᠪ ᠬᠡᠷᠡᠭᠯᠡᠭᠡᠨ ᠦ ᠲᠠᠯ᠎ᠠ ᠪᠠᠷ ᠣᠶᠢᠯᠠᠭᠠᠭᠤᠯᠵᠤ᠂ ᠤᠷᠢᠯᠠᠬᠤ ᠬᠡᠷᠡᠭᠲᠡᠢ ᠪᠠᠶᠢᠨ᠎ᠠ᠃ ᠬᠦᠮᠦᠰ ᠰᠢᠳᠦ ᠪᠡᠨ ᠤᠬᠢᠶᠠᠬᠤ ᠤᠰᠤ ᠪᠠᠨ᠂ ᠮᠠᠭᠠᠳ ᠦᠭᠡᠢ ᠤᠰᠤᠨ ᠳᠤ ᠣᠷᠣᠬᠤ ᠳᠠᠭᠠᠨ ᠬᠡᠷᠡᠭᠯᠡᠬᠦ ᠤᠰᠤ ᠪᠠᠨ ᠬᠡᠮᠨᠡᠬᠦ ᠭᠡᠵᠦ ᠬᠢᠴᠢᠶᠡᠵᠦ ᠪᠠᠶᠢᠬᠤ ᠳᠤ᠂ ᠠᠯᠲᠠ ᠣᠯᠪᠤᠷᠢᠯᠠᠬᠤ ᠶᠢᠨ ᠲᠥᠯᠥᠭᠡ ᠡᠶᠢᠮᠦ ᠶᠡᠬᠡ ᠤᠰᠤ ᠶᠢ ᠢᠩᠭᠢᠵᠦ ᠬᠡᠷᠡᠭᠯᠡᠵᠦ᠂ ᠭᠣᠣᠯ ᠤᠰᠤ ᠶᠢ ᠪᠣᠬᠢᠷᠳᠠᠭᠤᠯᠵᠤ ᠪᠠᠶᠢᠭ᠎ᠠ ᠨᠢ ᠳᠡᠩᠳᠡᠭᠦᠦ ᠬᠠᠷᠢᠴᠠᠩᠭᠤᠶ ᠦᠢᠯᠡᠳᠦᠯ ᠪᠠᠶᠢᠭ᠎ᠠ ᠪᠢᠵᠡ ᠳ᠋ᠡ⁈ ᠮᠣᠩᠭᠣᠯ ᠤᠷᠤᠭᠤ ᠤᠷᠤᠰᠤ ᠣᠷᠣᠵᠤ ᠢᠷᠡᠳᠡᠭ ᠬᠣᠶᠠᠷᠬᠠᠨ ᠭᠣᠣᠯ ᠪᠠᠶᠢᠳᠠᠭ᠃ ᠤᠯᠵᠠ ᠶᠢᠨ ᠭᠣᠣᠯ᠂ ᠲᠡᠰ ᠦᠨ ᠭᠣᠣᠯ᠃ ᠮᠣᠩᠭᠣᠯ ᠣᠷᠣᠨ ᠠᠽᠢ ᠶᠢᠨ ᠥᠨᠳᠥᠷᠯᠢᠭ ᠭᠠᠵᠠᠷ ᠲᠤ ᠣᠷᠣᠰᠢᠳᠠᠭ ᠪᠣᠯᠬᠣᠷ ᠪᠦᠬᠦ ᠭᠣᠣᠯ ᠤᠳ ᠨᠢ ᠭᠠᠳᠠᠭᠰᠢ ᠪᠠᠨ ᠤᠷᠤᠰᠴᠤ ᠪᠤᠰᠤᠳ ᠭᠣᠣᠯ ᠮᠥᠷᠡᠨ ᠦᠷᠦᠭᠦᠦ ᠴᠢᠳᠬᠤᠨ᠎ᠠ᠃ ᠳᠡᠯᠡᠬᠡᠢ ᠶᠢᠨ ᠪᠦᠬᠦ ᠰᠠᠭᠤᠷᠢᠨ ᠢᠷᠭᠡᠨᠰᠢᠯ ᠵᠥᠪᠬᠡᠨ ᠤᠰᠤ ᠪᠠᠨ ᠳᠠᠭᠠᠵᠤ ᠣᠷᠣᠰᠢᠳᠠᠭ᠃ ᠬᠡᠷᠪᠡ ᠪᠢᠳᠡ ᠤᠰᠤ ᠦᠭᠡᠢ ᠪᠣᠯᠴᠢᠬᠠᠬᠤ ᠶᠤᠮ ᠪᠣᠯ᠂ ᠬᠡᠴᠢᠨᠡᠨ ᠲᠣᠨ ᠠᠯᠲᠠ ᠲᠠᠢ ᠪᠠᠶᠢᠭᠠᠳ ᠴᠤ ᠶᠠᠭᠠᠬᠢᠬᠤ ᠶᠤᠮ ᠪᠤᠢ⁈ ᠵᠢᠱᠢᠶ᠎ᠡ ᠨᠢ ᠬᠡᠴᠢᠨᠡᠨ ᠭᠣᠶᠣ ᠲᠠᠩᠰᠤᠭ ᠬᠠᠦᠰ ᠪᠠᠷᠢᠭᠠᠳ᠂ ᠪᠡᠶ᠎ᠡ ᠵᠠᠰᠠᠬᠤ ᠭᠠᠵᠠᠷ ᠢᠶᠠᠨ ᠤᠰᠤ ᠦᠭᠡᠢ ᠪᠣᠯᠴᠢᠬᠠᠬᠤ ᠶᠤᠮ ᠪᠣᠯ ᠲᠡᠷᠡ ᠬᠠᠦᠰ ᠤᠨ ᠬᠡᠷᠡᠭ ᠶᠠᠭᠤ ᠪᠠᠶᠢᠬᠤ ᠶᠤᠮ᠃ ᠪᠢ 《ᠨᠠᠨᠳᠢᠶᠠᠠ ᠶᠢᠨ ᠲᠣᠻ ᠱᠣᠤ ᠳᠤ ᠣᠷᠣᠯᠴᠠᠬᠤ ᠳᠠᠭᠠᠨ᠂ 《ᠡᠨᠡ ᠻᠷᠠᠨ᠋ᠲ ᠤᠨ ᠴᠣᠷᠭᠣ ᠠᠴᠠ ᠬᠠᠮᠤᠭ ᠤᠨ ᠰᠡᠭᠦᠯᠴᠢ ᠶᠢᠨ ᠳᠤᠰᠤᠯ ᠤᠰᠤ ᠬᠡᠵᠢᠶ᠎ᠡ ᠭᠣᠭᠣᠵᠢᠬᠤ ᠪᠣᠯ ᠭᠡᠵᠦ ᠠᠶᠤᠳᠠᠭ》 ᠭᠡᠵᠦ ᠶᠠᠷᠢᠭᠰᠠᠨ᠃ ᠡᠨᠡ ᠯᠠ ᠬᠠᠮᠤᠭ ᠤᠨ ᠲᠣᠮᠤ ᠡᠮᠭᠡᠨᠢᠯ᠂ ᠪᠠᠰᠠ ᠠᠶᠤᠮᠰᠢᠭ᠃
ᠳᠣᠯᠣᠭ᠎ᠠ᠃ ᠠᠩ ᠪᠣᠯ ᠮᠢᠨᠦ ᠬᠣᠪᠪᠢ
- ᠴᠢᠮᠠᠶ᠋ᠢ ᠠᠩ ᠳᠤ ᠶᠡᠬᠡ ᠬᠣᠷᠣᠬᠠᠶᠢᠲᠠᠢ ᠭᠡᠵᠦ ᠰᠣᠨᠣᠰᠤᠭᠰᠠᠨ᠃ ᠪᠠᠰᠠ ᠴᠢᠨᠤ ᠠᠩ ᠬᠢᠭᠰᠡᠨ ᠦ ᠳᠠᠷᠠᠭᠠᠬᠢ ᠵᠢᠷᠤᠭ ᠤᠳ ᠢ ᠴᠢᠨᠢ ᠴᠠᠬᠢᠮ ᠬᠠᠭᠤᠳᠠᠰᠤᠨ ᠳᠡᠭᠡᠷ᠎ᠡ ᠡᠴᠡ ᠬᠠᠷᠠᠵᠤ ᠪᠠᠶᠢᠭᠰᠠᠨ ᠶᠤᠮ ᠪᠠᠶᠢᠨ᠎ᠠ᠃
- ᠠᠩ ᠴᠢᠨᠢ ᠠᠶᠠᠭᠦᠶ ᠭᠣᠶᠣ ᠰᠫᠣᠷᠲ ᠪᠣᠯᠳᠠᠭ ᠶᠤᠮ ᠰᠢᠦ ᠳ᠋ᠡ᠃ ᠣᠯᠠᠨ ᠬᠦᠮᠦᠰ ᠲᠡᠢ ᠠᠭᠤᠯᠵᠠᠵᠤ ᠲᠠᠨᠢᠯᠴᠠᠨ᠂ ᠣᠯᠠᠨ ᠭᠠᠵᠠᠷ ᠨᠤᠲᠤᠭ᠂ ᠠᠭᠤᠯᠠ ᠤᠰᠤ ᠶᠢ ᠦᠵᠡᠵᠦ ᠪᠠᠶᠢᠭᠠᠯᠢ ᠣᠷᠴᠢᠨ ᠢ ᠰᠤᠳᠤᠯᠳᠠᠭ᠃ ᠮᠣᠷᠢ ᠤᠨᠤᠭᠠᠳ ᠠᠩ ᠳᠤ ᠶᠠᠪᠤᠨ᠎ᠠ ᠭᠡᠳᠡᠭ ᠴᠢᠨᠢ ᠪᠠᠶᠢᠭᠠᠯᠢ ᠣᠷᠴᠢᠨ ᠠᠩ ᠠᠮᠢᠲᠠᠳ ᠪᠣᠯᠤᠭᠠᠳ ᠬᠦᠮᠦᠰ ᠲᠡᠢ ᠶᠠᠭ ᠯᠠ 《ᠠᠮᠢᠳᠤ》 ᠬᠠᠷᠢᠴᠠᠭ᠎ᠠ ᠶᠢ ᠡᠭᠦᠰᠬᠡᠨ᠎ᠡ᠃ ᠮᠣᠷᠢᠨ ᠳᠠᠭᠠᠨ ᠲᠣᠭᠣᠭ᠎ᠠ ᠰᠢᠨᠠᠭ᠎ᠠ ᠪᠠᠨ ᠭᠠᠨᠵᠤᠭᠠᠯᠠᠭᠠᠳ ᠨᠤᠲᠤᠭ ᠤᠨ ᠠᠩᠴᠢᠳ ᠲᠠᠢ ᠨᠡᠶᠢᠯᠡᠭᠡᠳ ᠮᠣᠩᠭᠣᠯ ᠤᠨ ᠤᠯᠠᠮᠵᠢᠯᠠᠯᠲᠤ ᠵᠠᠩᠰᠢᠯ ᠪᠣᠯᠤᠭᠠᠳ ᠠᠷᠭ᠎ᠠ ᠪᠠᠷ ᠠᠩ ᠬᠢᠨ᠎ᠡ ᠭᠡᠳᠡᠭ ᠱᠠᠯ ᠥᠭᠡᠷ᠎ᠡ ᠮᠡᠳᠡᠷᠡᠮᠵᠢ ᠥᠭᠳᠡᠭ ᠶᠤᠮ᠃ ᠮᠣᠷᠢᠲᠠᠢ ᠶᠠᠪᠤᠵᠤ ᠠᠩ ᠬᠢᠨ᠎ᠡ ᠭᠡᠳᠡᠭ ᠳᠠᠭᠠᠷᠠᠵᠤ ᠬᠥᠷᠦᠵᠦ᠂ ᠥᠯᠥᠰᠴᠦ ᠴᠠᠩᠭᠠᠵᠤ᠂ ᠶᠡᠬᠡ ᠴᠤ ᠲᠡᠪᠴᠢᠶᠡᠷᠢ ᠤᠬᠠᠭᠠᠨ ᠱᠠᠭᠠᠷᠳᠠᠳᠠᠭ᠃ ᠠᠩ ᠢᠶᠠᠨ ᠰᠤᠳᠤᠯᠵᠤ ᠮᠥᠷᠳᠡᠨ᠎ᠡ ᠭᠡᠳᠡᠭ ᠪᠣᠯ ᠪᠥᠭᠡᠮ ᠤᠷᠠᠯᠢᠭ ᠶᠤᠮ ᠰᠢᠦ ᠳ᠋ᠡ᠃ ᠠᠨᠳᠤᠭᠠ ᠣᠶᠢᠷᠠᠳᠴᠤ ᠲᠠᠨᠢᠭᠠᠳ ᠨᠠᠰᠤ ᠬᠦᠢᠰᠦ ᠶᠢ ᠨᠢ ᠢᠯᠭᠠᠵᠤ᠂ ᠲᠡᠨᠳᠡ ᠡᠴᠡᠭᠡᠨ ᠠᠪᠠᠯᠠᠬᠤ ᠠᠩ ᠢᠶᠠᠨ ᠰᠣᠩᠭᠣᠵᠤ ᠠᠪᠠᠯᠠᠳᠠᠭ᠃ ᠠᠩᠨᠠᠭᠰᠠᠨ ᠠᠩ ᠢᠶᠠᠨ ᠪᠦᠷᠢᠨ ᠬᠡᠷᠡᠭᠯᠡᠨ᠎ᠡ᠃ ᠡᠳ ᠡᠷᠬᠡᠲᠡᠨ ᠡᠴᠡ ᠨᠢ ᠡᠪᠡᠳᠴᠢᠨ ᠵᠣᠪᠠᠯᠠᠩ ᠲᠠᠢ ᠬᠦᠮᠦᠰ ᠲᠦ ᠬᠡᠷᠡᠭᠲᠡᠢ ᠵᠦᠢᠯ ᠪᠠᠶᠢᠪᠠᠯ ᠲᠠᠷᠠᠭᠠᠵᠤ ᠥᠭᠭᠦᠨ᠎ᠡ᠃ ᠲᠡᠭᠦᠨ ᠢ ᠬᠦᠷᠲᠡᠯ᠎ᠡ ᠡᠷᠲᠡᠨ ᠦ ᠨᠣᠮ ᠵᠠᠩᠰᠢᠯ ᠢᠶᠠᠷ ᠨᠢ ᠬᠠᠲᠠᠭᠠᠵᠤ ᠬᠠᠳᠠᠭᠠᠯᠠᠬᠤ ᠵᠢᠱᠢᠶ᠎ᠡ ᠲᠡᠢ᠃
- ᠥᠨᠥ ᠦᠶ᠎ᠡ ᠳᠦ ᠢᠩᠭᠢᠵᠦ ᠠᠩ ᠬᠢᠬᠦ ᠨᠢ ᠬᠣᠪᠣᠷᠳᠠᠭᠰᠠᠨ ᠪᠠᠶᠢᠬᠠᠠ ᠠ᠋᠃
- ᠣᠳᠤ ᠴᠠᠭ ᠲᠤ ᠮᠠᠰᠢᠨ ᠢᠶᠠᠷ ᠬᠥᠭᠡᠭᠡᠵᠦ ᠬᠤᠷᠳᠤᠨ ᠪᠤᠤ ᠪᠠᠷ ᠠᠩᠨᠠᠨ᠎ᠠ ᠭᠡᠳᠡᠭ ᠴᠢᠨᠢ ᠳᠡᠩᠳᠡᠭᠦᠦ ᠬᠠᠷᠭᠢᠰ᠂ ᠰᠢᠳᠤᠷᠭᠤ ᠪᠤᠰᠤ ᠦᠢᠯᠡᠳᠦᠯ ᠶᠤᠮ ᠰᠢᠦ ᠳ᠋ᠡ᠃ ᠬᠡᠳᠦᠨ ᠵᠠᠭᠤᠨ ᠮᠣᠷᠢᠨ ᠤ ᠬᠦᠴᠦᠲᠡᠢ ᠮᠠᠰᠢᠨ ᠢᠶᠠᠷ ᠲᠠᠯ᠎ᠠ ᠳᠡᠭᠡᠷ᠎ᠡ ᠳᠠᠪᠬᠢᠵᠤ ᠶᠠᠪᠤᠭ᠎ᠠ ᠴᠢᠨᠤᠠᠠ ᠶᠢ ᠬᠥᠭᠡᠭᠡᠵᠦ ᠪᠤᠤᠳᠠᠨᠠ ᠭᠡᠳᠡᠭ ᠴᠢᠨᠢ ᠬᠡᠲᠦᠷᠬᠡᠢ ᠲᠡᠩᠴᠡᠪᠦᠷᠢ ᠦᠭᠡᠢ᠂ ᠪᠢᠳᠡᠨ ᠦ ᠬᠡᠯᠡᠳᠡᠭ ᠢᠶᠡᠷ 《ᠬᠣᠭ ᠤᠨ》 ᠪᠠᠶᠢᠭ᠎ᠠ ᠪᠢᠵᠡ ᠳ᠋ᠡ᠃ ᠠᠮᠢᠲᠠᠨ ᠠᠯᠬᠤ ᠶᠢᠨ ᠳᠣᠩ ᠲᠤᠰᠤᠭᠰᠠᠨ ᠶᠤᠮ ᠰᠢᠭ ᠲᠡᠭᠡᠵᠦ ᠠᠪᠤᠷᠢᠯᠠᠬᠤ ᠨᠢ ᠮᠠᠭᠤᠬᠠᠢ ᠵᠦᠢᠯ᠂ ᠪᠠᠰᠠ ᠬᠠᠶᠢᠷᠠᠨ ᠴᠠᠭ ᠬᠤᠭᠤᠴᠠᠭ᠎ᠠ᠃ ᠪᠢ ᠪᠣᠯ ᠲᠡᠭᠡᠵᠦ ᠠᠩ ᠬᠢᠬᠦ ᠦᠭᠡᠢ ᠭᠡᠵᠦ ᠥᠪᠡᠷᠲᠡᠭᠡᠨ ᠠᠨᠳᠠᠭᠠᠢ ᠲᠠᠯᠪᠢᠭᠰᠠᠨ ᠶᠤᠮ᠃
- ᠲᠠᠷᠪᠠᠭ᠎ᠠ ᠠᠩᠨᠠᠳᠠᠭ ᠤᠤ⁈
- ᠪᠢ ᠠᠮᠢᠳᠤᠷᠠᠯ ᠳᠠᠭᠠᠨ ᠨᠢᠭᠡ ᠯᠠ ᠤᠳᠠᠭ᠎ᠠ ᠲᠠᠷᠪᠠᠭ᠎ᠠ ᠠᠩᠨᠠᠭᠰᠠᠨ᠃ ᠲᠠᠷᠪᠠᠭ᠎ᠠ ᠪᠣᠯ ᠬᠥᠳᠡᠯᠭᠡᠭᠡᠨ ᠦᠭᠡᠢ ᠪᠠᠢ ᠰᠢᠭ᠂ ᠣᠶᠢᠷᠠᠳᠴᠤ ᠣᠴᠢᠭᠠᠳ ᠰᠠᠬᠢᠭᠠᠳ ᠬᠡᠪᠲᠡᠴᠢᠬᠡᠳᠡᠭ᠃ ᠪᠠᠰᠠ ᠵᠢᠭᠠᠰᠤ ᠪᠠᠷᠢᠬᠤ ᠳᠤᠷ᠎ᠠ ᠦᠭᠡᠢ ᠭᠡᠳ ᠪᠣᠳᠣᠬᠤ ᠪᠠᠷ ᠪᠢ ᠬᠥᠳᠡᠯᠭᠡᠭᠡᠨ ᠦᠭᠡᠢ ᠬᠢᠷᠢ ᠨᠢ ᠪᠡᠨ ᠲᠡᠪᠴᠢᠶᠡᠷᠢ ᠰᠢᠯᠭᠠᠭᠰᠠᠨ ᠠᠩ ᠬᠢᠬᠦ ᠠᠷᠠᠨᠰᠢᠨ ᠲᠠᠢ ᠬᠦᠮᠦᠨ ᠪᠢᠰᠢ ᠶᠤᠮ ᠰᠢᠭ ᠪᠠᠶᠢᠭ᠎ᠠ ᠶᠤᠮ᠃ ᠭᠦᠶᠦᠵᠦ ᠬᠠᠷᠠᠶᠢᠵᠤ᠂ ᠬᠤᠷᠳᠤᠨ ᠬᠥᠳᠡᠯᠭᠡᠭᠡᠨ ᠣᠪᠰᠣᠭ᠎ᠠ ᠱᠠᠭᠠᠷᠳᠠᠭᠰᠠᠨ ᠠᠩ ᠬᠢᠬᠦ ᠳᠤᠷᠠᠲᠠᠢ᠃ ᠶᠡᠷᠦᠨᠢ ᠪᠣᠯ ᠲᠣᠮᠤ ᠠᠩ ᠬᠢᠬᠦ ᠰᠣᠨᠢᠷᠬᠠᠯᠲᠠᠢ ᠲᠠᠯ᠎ᠠᠠ ᠳᠠᠭᠠᠨ ᠰᠢᠦ᠃
- ᠲᠡᠭᠡᠬᠦ ᠪᠡᠷ ᠠᠩᠴᠢᠨ ᠤ ᠬᠤᠪᠢ ᠳᠤ ᠭᠠᠶᠢᠭᠤᠶ ᠰᠠᠶᠢᠨ ᠳᠠᠭᠠᠨ ᠲᠣᠭᠠᠴᠠᠭᠳᠠᠳᠠᠭ ᠪᠠᠶᠢᠬᠠᠠ ᠨᠢ ᠡ⁈
- ᠵᠠᠯᠠᠭᠤᠴᠤᠳ ᠳᠤᠮᠳᠠ ᠪᠠᠨ ᠪᠣᠯ ᠭᠠᠶᠢᠭᠤᠶ ᠠᠩᠴᠢᠨ ᠳᠤ ᠲᠣᠭᠣᠭᠳᠠᠳᠠᠭ᠃ ᠴᠠᠬᠢᠮ ᠶᠢᠷᠲᠢᠨᠴᠦ ᠶᠢᠨ ᠣᠷᠣᠨ ᠵᠠᠢ ᠳᠣᠲᠣᠷ᠎ᠠ 《ᠠᠳᠠᠯ ᠶᠠᠪᠤᠳᠠᠯᠳᠤ ᠠᠩᠴᠢᠳ ᠤᠨ ᠪᠦᠯᠬᠦᠮ》 ᠭᠡᠵᠦ ᠪᠤᠢ᠃ ᠲᠡᠷᠡ ᠭᠷᠦᠫ ᠮᠠᠨᠢ ᠰᠢᠨ᠎ᠡ ᠵᠢᠯ ᠢᠶᠡᠨ ᠬᠢᠵᠦ᠂ ᠣᠨ ᠤ 《ᠰᠢᠯᠢᠳᠡᠭ》 ᠢᠶᠡᠨ ᠰᠢᠯᠭᠠᠷᠠᠭᠤᠯᠵᠤ ᠱᠠᠩᠨᠠᠨ᠎ᠠ᠃ ᠨᠢᠭᠡ ᠶᠣᠰᠣᠨ ᠳᠠᠭᠠᠨ ᠰᠣᠨᠢᠷᠬᠠᠯ ᠢᠶᠠᠷ ᠢᠶᠠᠨ ᠨᠢᠭᠡᠳᠦᠭᠰᠡᠨ ᠵᠠᠯᠠᠭᠤᠰ ᠤᠨ ᠨᠢᠭᠡᠳᠦᠯ ᠶᠤᠮ ᠳ᠋ᠠ᠃ ᠵᠠᠯᠠᠭᠤᠴᠤᠳ ᠮᠠᠨᠢ ᠠᠳᠠᠯᠢ ᠰᠣᠨᠢᠷᠬᠠᠯ ᠢᠶᠠᠷ ᠢᠶᠠᠨ ᠨᠢᠭᠡᠳᠴᠦ ᠴᠢᠯᠦᠭᠡᠲᠦ ᠴᠠᠭ ᠢᠶᠠᠨ ᠵᠥᠪ ᠠᠶᠠᠲᠠᠶᠢᠬᠠᠨ ᠥᠩᠭᠡᠷᠡᠭᠡᠳᠡᠭ ᠪᠣᠯᠤᠭᠰᠠᠨ ᠨᠢ ᠪᠠᠰᠠ ᠰᠠᠶᠢᠨ ᠦᠵᠡᠭᠳᠡᠯ ᠰᠢᠦ᠃ ᠶᠠᠭᠤᠮ᠎ᠠ ᠯᠠ ᠪᠣᠯ ᠪᠠᠭᠠᠷ ᠰᠠᠪᠠᠨ ᠳᠤ ᠣᠷᠣᠭᠠᠳ᠂ ᠠᠷᠢᠬᠢ ᠫᠢᠸᠣ ᠭᠦᠵᠡᠭᠡᠯᠡᠭᠡᠳ ᠰᠠᠭᠤᠭᠠᠳ ᠪᠠᠶᠢᠪᠠᠯ ᠶᠠᠭᠠᠬᠢᠵᠤ ᠴᠤ ᠥᠭᠡᠳᠡᠯᠡᠬᠦ ᠪᠢᠯᠡ᠃
ᠨᠠᠶᠮᠠ᠃ ᠬᠢᠵᠦ ᠴᠢᠳᠠᠬᠤ ᠵᠦᠢᠯ ᠢᠶᠡᠨ ᠯᠠ ᠰᠠᠶᠢᠨ ᠬᠢᠨ᠎ᠡ
- ᠴᠢᠨᠤ ᠬᠠᠮᠤᠭ ᠠᠴᠠ ᠡᠷᠬᠢᠮᠯᠡᠳᠡᠭ ᠴᠢᠨᠠᠷ ᠲᠠᠨᠢ⁈
- ᠬᠦᠮᠦᠨ ᠳᠦ ᠪᠠᠶᠢᠬᠤ ᠬᠠᠮᠤᠭ ᠤᠨ ᠡᠷᠬᠢᠮ ᠴᠢᠨᠠᠷ ᠪᠣᠯ ᠬᠠᠮᠢᠭ᠎ᠠ ᠴᠤ ᠬᠡᠵᠢᠶ᠎ᠡ ᠴᠤ 《ᠬᠦᠮᠦᠨ ᠢᠶᠡᠷ ᠢᠶᠡᠨ ᠪᠠᠶᠢᠬᠤ》 ᠶᠠᠪᠤᠳᠠᠯ᠃ ᠪᠢ ᠮᠤᠨᠳᠠᠭ ᠵᠦᠵᠦᠭᠡᠴᠢᠨ ᠪᠣᠯᠴᠢᠬᠠᠭᠰᠠᠨ ᠭᠡᠳ ᠡᠨᠳᠡ ᠲᠡᠨᠳᠡ ᠣᠷᠣᠭᠠᠳ ᠢᠷᠪᠠᠭᠠᠨᠠᠭᠠᠳ ᠪᠠᠶᠢᠨ᠎ᠠ ᠭᠡᠳᠡᠭ ᠤᠳᠬ᠎ᠠ ᠦᠭᠡᠢ ᠪᠢᠵᠡ ᠳ᠋ᠡ⁈ ᠬᠡᠵᠢᠶ᠎ᠡ ᠴᠤ ᠬᠠᠮᠢᠭ᠎ᠠ ᠴᠤ ᠪᠢᠳᠡ ᠥᠪᠡᠷᠰᠡᠳ ᠦᠨ ᠮᠥᠨ ᠴᠢᠨᠠᠷ ᠢᠶᠠᠷ ᠢᠶᠠᠨ ᠯᠠ ᠪᠠᠶᠢᠬᠤ ᠶᠣᠰᠣᠲᠠᠢ᠃
- ᠢᠷᠡᠭᠡᠳᠦᠢ ᠪᠡᠨ ᠶᠠᠭᠠᠬᠢᠵᠤ ᠬᠠᠷᠠᠵᠤ ᠪᠠᠶᠢᠨ᠎ᠠ ᠪᠤᠢ⁈
- ᠬᠦᠮᠦᠨ ᠶᠡᠷᠦᠨᠢ ᠥᠪᠡᠷ ᠦᠨ ᠰᠠᠶᠢᠨ ᠬᠢᠵᠦ ᠴᠢᠳᠠᠬᠤ ᠵᠦᠢᠯ ᠢᠶᠡᠨ ᠯᠠ ᠬᠢᠳᠡᠭ᠃ ᠪᠢ ᠪᠣᠯ ᠪᠢᠽᠨ᠋ᠧᠰ ᠬᠢᠵᠦ ᠴᠢᠳᠠᠬᠤ ᠬᠦᠮᠦᠨ ᠪᠢᠰᠢ᠃ ᠮᠡᠳᠡᠭᠡᠵᠢ ᠵᠦᠵᠦᠭᠡᠴᠢᠨ ᠦ ᠻᠠᠷᠧᠷ ᠢᠶᠠᠨ ᠬᠥᠭᠡᠭᠡᠨ᠎ᠡ᠃ ᠮᠣᠩᠭᠣᠯ ᠤᠨ ᠻᠢᠨᠣ ᠤᠷᠠᠯᠢᠭ ᠢ ᠳᠡᠯᠡᠬᠡᠢ ᠶᠢᠨ ᠲᠠᠪᠴᠠᠩ ᠳᠤ ᠭᠠᠷᠭᠠᠵᠤ ᠢᠷᠡᠬᠦ ᠲᠡᠶᠢᠮᠦ ᠴᠤ ᠬᠡᠴᠡᠭᠦᠦ ᠪᠢᠰᠢ᠃ ᠪᠢᠳᠡᠨ ᠳᠦ ᠬᠥᠷᠥᠩᠭᠡ ᠮᠥᠩᠭᠥ ᠪᠣᠯᠤᠭᠠᠳ ᠲᠧᠭᠨᠢᠭ ᠦᠨ ᠠᠰᠠᠭᠤᠳᠠᠯ ᠪᠠᠶᠢᠭ᠎ᠠ᠃ ᠮᠥᠩᠭᠥᠨ ᠡᠴᠡ ᠢᠯᠡᠭᠦᠦᠲᠡᠢ ᠳᠡᠯᠡᠬᠡᠢ ᠶᠢᠨ ᠵᠠᠬ᠎ᠠ ᠵᠡᠭᠡᠯᠢ ᠳᠦ ᠭᠠᠷᠬᠤ ᠮᠧᠨᠧᠵᠮᠧᠨᠲ ᠦᠨ ᠠᠰᠠᠭᠤᠳᠠᠯ ᠬᠠᠮᠤᠭ ᠤᠨ ᠴᠢᠬᠤᠯᠠ ᠨᠢ᠃ ᠲᠡᠭᠦᠨ ᠡᠴᠡ ᠪᠢᠳᠡᠨ ᠳᠦ ᠲᠡᠦᠬᠡ ᠰᠤᠶᠤᠯ᠂ ᠵᠠᠩ ᠵᠠᠩᠰᠢᠯ ᠪᠠᠶᠢᠨ᠎ᠠ᠂ ᠠᠪᠢᠶᠠᠰ ᠤᠷ᠎ᠠ ᠴᠢᠳᠠᠪᠤᠷᠢ ᠪᠠᠶᠢᠨ᠎ᠠ᠃ ᠮᠣᠩᠭᠣᠯ ᠤᠨ ᠵᠦᠵᠦᠭᠡᠴᠢᠳ ᠮᠠᠨᠢ ᠬᠠᠮᠢᠭ᠎ᠠ ᠴᠤ ᠬᠡᠨ ᠳᠦ ᠴᠤ ᠭᠣᠯᠣᠭᠳᠠᠬᠤ ᠦᠭᠡᠢ᠃ ᠮᠢᠨᠦ ᠥᠨᠥᠳᠥᠷ ᠡᠨᠡ ᠲᠦᠪᠰᠢᠨ ᠳᠦ ᠬᠦᠷᠦᠭᠡᠳ᠂ ᠳᠠᠷᠠᠭ᠎ᠠ ᠶᠢᠨ ᠵᠣᠷᠢᠵᠤ ᠶᠠᠪᠤᠭ᠎ᠠ ᠠᠯᠬᠤᠮ ᠪᠣᠯ ᠶᠡᠷᠦᠩᠬᠡᠶ ᠳᠡᠭᠡᠨ ᠡᠨᠡ᠃ ᠶᠠᠪᠤᠭᠠᠨ ᠳᠠᠭᠠᠨ ᠰᠡᠳᠬᠢᠯ ᠳᠡᠭᠡᠨ ᠲᠡᠭᠡᠭᠡᠵᠦ ᠶᠠᠪᠤᠭ᠎ᠠ ᠪᠠᠰᠠ ᠨᠢᠭᠡ ᠵᠦᠢᠯ ᠮᠠᠨᠢ ᠰᠤᠷᠭᠠᠭᠤᠯᠢ᠃ ᠳᠡᠯᠡᠬᠡᠢ ᠶᠢᠨ ᠰᠲᠠᠨ᠋ᠳᠠᠷᠲ ᠲᠤ ᠲᠡᠩᠴᠡᠬᠦ ᠵᠦᠵᠦᠭᠡᠴᠢᠳ ᠢᠶᠡᠨ ᠪᠢᠳᠡ ᠪᠡᠯᠡᠳᠬᠡᠬᠦ ᠬᠡᠷᠡᠭᠲᠡᠢ ᠪᠠᠶᠢᠨ᠎ᠠ᠃ ᠣᠯᠠᠨ ᠬᠡᠯᠡ ᠪᠡᠷ ᠶᠠᠷᠢᠵᠤ ᠴᠢᠳᠠᠳᠠᠭ᠂ ᠥᠪ ᠲᠡᠭᠰᠢ ᠰᠤᠶᠤᠯ ᠲᠠᠢ᠂ ᠤᠬᠠᠮᠰᠠᠷ ᠲᠠᠢ᠂ ᠰᠠᠬᠢᠯᠭ᠎ᠠ ᠪᠠᠲᠤ ᠲᠠᠢ ᠵᠦᠵᠦᠭᠡᠴᠢᠳ ᠬᠡᠷᠡᠭᠲᠡᠢ᠃ ᠪᠢ ᠡᠳᠡᠨ ᠦ ᠻᠢᠨᠣ ᠳᠤ ᠲᠣᠭᠯᠠᠬᠤ ᠳᠠᠭᠠᠨ ᠮᠣᠩᠭᠣᠯ ᠵᠦᠵᠦᠭᠡᠴᠢᠨ ᠶᠠᠮᠠᠷ ᠪᠣᠯᠬᠤ ᠶᠢ ᠯᠠ ᠭᠠᠷᠭᠠᠵᠤ ᠦᠵᠡᠭᠦᠯᠵᠦ᠂ ᠣᠶᠢᠯᠠᠭᠠᠭᠤᠯᠬᠤ ᠶᠢ ᠬᠢᠴᠢᠶᠡᠭᠰᠡᠨ᠃ ᠡᠨᠡ ᠪᠣᠯ ᠪᠤᠰᠤᠳ ᠲᠤ ᠨᠡᠭᠡᠭᠡᠵᠦ ᠥᠭᠬᠦ ᠵᠠᠮ᠃
- ᠲᠡᠶᠢᠮᠦ ᠰᠢᠦ᠂ ᠰᠠᠶᠢᠬᠠᠨ ᠰᠠᠨᠠᠭ᠎ᠠ ᠪᠠᠶᠢᠨ᠎ᠠ᠃
- ᠪᠢᠳᠡ ᠡᠨᠡ ᠥᠨᠳᠥᠷ ᠬᠥᠭᠵᠢᠯᠲᠡᠢ ᠣᠷᠣᠨ ᠨᠤᠭᠤᠳ ᠤᠨ ᠵᠦᠵᠦᠭᠡᠴᠢᠳ ᠦᠨ ᠬᠡᠮᠵᠢᠶᠡᠨ ᠳᠦ ᠬᠦᠷᠬᠦ ᠶᠣᠰᠣᠲᠠᠢ᠃ ᠲᠤᠬᠠᠢ ᠶᠢᠨ ᠣᠷᠣᠨ ᠤ ᠪᠠᠨ ᠬᠠᠤᠯᠢ᠂ ᠳᠦᠷᠢᠮ ᠵᠢᠷᠤᠮ ᠢ ᠰᠠᠬᠢᠳᠠᠭ᠃ ᠪᠡᠶ᠎ᠡ ᠪᠡᠶᠡᠡ ᠪᠡᠨ ᠬᠦᠨᠳᠦᠯᠡᠳᠡᠭ᠂ ᠬᠠᠲᠠᠭᠤ ᠰᠠᠬᠢᠯᠭ᠎ᠠ ᠪᠠᠲᠤ᠂ ᠥᠨᠳᠥᠷ ᠤᠬᠠᠮᠰᠠᠷ ᠲᠠᠢ ᠪᠠᠶᠢᠵᠤ ᠪᠢᠳᠡ ᠡᠳᠡᠨ ᠲᠡᠢ ᠠᠳᠠᠯᠢ ᠲᠦᠪᠰᠢᠨ ᠳᠦ ᠬᠠᠷᠢᠯᠴᠠᠬᠤ ᠪᠣᠯᠤᠨ᠎ᠠ᠃ ᠪᠢᠳᠡ ᠲᠡᠭᠡᠬᠦ ᠳᠡᠭᠡᠨ ᠥᠪ ᠤᠯᠠᠮᠵᠢᠯᠠᠯ ᠢᠶᠠᠨ ᠮᠠᠷᠲᠠᠵᠤ ᠪᠣᠯᠬᠤ ᠦᠭᠡᠢ᠃ ᠶᠠᠭ ᠯᠠ ᠶᠠᠫᠣᠨ᠋ᠴᠤᠳ ᠰᠢᠭ ᠪᠠᠶᠢᠬᠤ ᠦᠭᠡᠢ ᠤᠤ᠃ ᠬᠡᠴᠢᠨᠡᠨ ᠬᠥᠭᠵᠢᠯᠡ ᠴᠤ ᠲᠡᠳᠡ ᠥᠪᠡᠷᠰᠡᠳ ᠦᠨ ᠰᠤᠶᠤᠯ᠂ ᠵᠠᠩ ᠵᠠᠩᠰᠢᠯ᠂ ᠤᠯᠠᠮᠵᠢᠯᠠᠯ ᠢᠶᠠᠨ ᠶᠠᠮᠠᠷ ᠮᠤᠨᠳᠠᠭ ᠠᠪᠴᠤ ᠦᠯᠡᠳᠡᠵᠦ᠂ ᠰᠠᠬᠢᠵᠤ ᠴᠢᠳᠠᠵᠤ ᠪᠠᠶᠢᠨᠠᠠ ᠠ᠋᠃
- ᠠᠭᠤᠯᠵᠠᠵᠤ ᠶᠠᠷᠢᠯᠴᠠᠬᠤ ᠳᠤ ᠰᠠᠶᠢᠬᠠᠨ ᠪᠠᠶᠢᠯ᠎ᠠ᠃ ᠮᠡᠳᠡᠭᠡᠵᠢ ᠴᠢᠨᠤ ᠡᠨᠡ ᠠᠮᠵᠢᠯᠲᠠ ᠪᠣᠯ ᠡᠬᠢᠯᠡᠯ ᠭᠡᠵᠦ ᠪᠢ ᠬᠠᠷᠠᠵᠤ ᠪᠠᠶᠢᠨ᠎ᠠ᠃ ᠪᠦᠬᠦ ᠵᠦᠢᠯ ᠤᠷᠳᠤ ᠲᠠᠨᠢ ᠪᠠᠶᠢᠭ᠎ᠠ ᠪᠣᠯᠬᠣᠷ ᠠᠮᠵᠢᠯᠲᠠ ᠬᠦᠰᠡᠶ᠎ᠡ᠃
- ᠠᠯᠢᠪᠠ ᠵᠦᠢᠯ ᠢ ᠶᠠᠭᠠᠬᠢᠵᠤ ᠬᠡᠯᠡᠬᠦ ᠳᠡᠭᠡᠨ ᠪᠢᠰᠢ᠂ ᠶᠠᠭᠠᠬᠢᠵᠤ ᠢᠯᠡᠷᠬᠡᠶᠢᠯᠡᠵᠦ ᠣᠶᠢᠯᠠᠭᠠᠭᠤᠯᠬᠤ ᠨᠢ ᠬᠠᠮᠤᠭ ᠤᠨ ᠴᠢᠬᠤᠯᠠ᠃ ᠮᠡᠳᠡᠭᠡᠵᠢ ᠵᠠᠯᠠᠭᠤᠰ ᠶᠡᠬᠡ ᠥᠭᠡᠷᠡᠴᠢᠯᠡᠭᠳᠡᠵᠦ ᠬᠥᠭᠵᠢᠵᠦ ᠪᠠᠶᠢᠭ᠎ᠠ᠃ ᠪᠢᠳᠡ ᠬᠡᠳᠦᠶᠢᠴᠢᠨᠡᠭᠡᠨ ᠲᠣᠮᠤ ᠪᠠᠷ ᠬᠠᠷᠠᠵᠤ᠂ ᠲᠣᠮᠤ ᠪᠠᠷ ᠰᠡᠳᠬᠢᠨ᠎ᠡ᠂ ᠲᠡᠷᠡ ᠬᠡᠮᠵᠢᠶᠡᠨ ᠳᠡᠭᠡᠨ ᠯᠠ ᠬᠦᠷᠳᠡᠭ᠃ ᠲᠡᠭᠡᠬᠦ ᠪᠡᠷ ᠪᠢᠳᠡᠨ ᠳᠦ ᠶᠡᠬᠡ ᠢᠷᠡᠭᠡᠳᠦᠢ ᠪᠠᠶᠢᠭ᠎ᠠ᠃ ᠠᠭᠤᠯᠵᠠᠵᠤ ᠶᠠᠷᠢᠯᠴᠠᠭᠰᠠᠨ ᠲᠠᠨ ᠳᠤ ᠴᠤ ᠪᠠᠰᠠ ᠶᠡᠬᠡ ᠪᠠᠶᠠᠷᠯᠠᠯ᠎ᠠ᠃ ᠪᠦᠬᠦ ᠮᠣᠩᠭᠣᠯᠴᠤᠳ ᠲᠠᠭᠠᠨ ᠰᠠᠶᠢᠨ ᠰᠠᠶᠢᠬᠠᠨ ᠢ ᠬᠦᠰᠡᠶ᠎ᠡ᠃
᠁ᠠᠮᠤᠷ᠎ᠠ ᠪᠢᠳᠡ ᠬᠣᠶᠠᠷ ᠪᠠᠭ᠎ᠠ ᠦᠭᠡᠢ ᠬᠤᠭᠤᠴᠠᠭᠠᠨ ᠳᠤ ᠨᠡᠯᠢᠶᠡᠳ ᠶᠠᠷᠢᠯᠴᠠᠭᠰᠠᠨ᠃ ᠶᠠᠷᠢᠯᠴᠠᠯᠭ᠎ᠠ ᠶᠢᠨ ᠡᠬᠢᠨ ᠳᠦ ᠦᠭᠦᠯᠡᠭᠰᠡᠨ ᠰᠤᠷᠲᠠᠯᠴᠢᠯᠠᠭᠠᠨ ᠤ ᠻᠯᠢᠫ ᠡᠴᠡ ᠥᠨᠥᠳᠥᠷ ᠦᠨ 《ᠮᠠᠷᠻᠣ ᠫᠣᠯᠣ》 ᠶᠢᠨ ᠠᠷᠢᠭᠪᠥ᠋ᠬᠡ ᠬᠦᠷᠲᠡᠯᠡᠬᠢ ᠲᠡᠭᠦᠨ ᠦ ᠤᠷᠠᠨ ᠪᠦᠲᠦᠭᠡᠯ ᠳᠠᠩᠳᠠ ᠠᠮᠤᠷ ᠰᠠᠶᠢᠬᠠᠨ ᠪᠠᠶᠢᠭᠠᠳᠤᠶ᠃ ᠲᠡᠭᠦᠨ ᠡᠴᠡ ᠥᠭᠡᠳᠡᠷᠡᠭ ᠲᠡᠮᠡᠦᠯᠦᠯ᠂ ᠡᠷᠡᠰᠢᠭᠦᠳ ᠠᠷᠠᠨᠰᠢᠨ᠂ ᠢᠷᠡᠭᠡᠳᠦᠢ ᠳᠡᠭᠡᠨ ᠢᠲᠡᠭᠡᠬᠦ ᠢᠲᠡᠭᠡᠯ ᠮᠡᠳᠡᠷᠡᠭᠳᠡᠵᠦ ᠪᠠᠶᠢᠪᠠ᠃ ᠮᠣᠩᠭᠣᠯ ᠤᠨ ᠲᠡᠦᠬᠡ ᠶᠢᠨ ᠲᠤᠬᠠᠢ ᠮᠡᠳᠡᠯᠭᠡ ᠦᠵᠡᠯ ᠪᠣᠳᠣᠯ᠂ ᠮᠣᠩᠭᠣᠯ ᠤᠨ ᠻᠢᠨᠣ ᠤᠷᠠᠯᠢᠭ ᠤᠨ ᠬᠥᠭᠵᠢᠯ ᠦᠨ ᠲᠠᠯ᠎ᠠᠠ ᠪᠡᠷ ᠬᠢ ᠵᠣᠪᠠᠨᠢᠯ᠂ ᠰᠠᠶᠢᠨ ᠵᠦᠵᠦᠭᠡᠴᠢᠨ ᠪᠣᠯᠬᠤ ᠶᠢᠨ ᠲᠤᠯᠠᠳᠠ ᠡᠬᠢᠯᠡᠭᠡᠳ 《ᠬᠦᠮᠦᠨ》 ᠪᠣᠯᠵᠤ ᠲᠥᠯᠥᠪᠰᠢᠬᠦ ᠲᠤᠬᠠᠢ ᠰᠠᠨᠠᠭ᠎ᠠ᠂ ᠬᠡᠵᠢᠶ᠎ᠡ ᠢᠮᠠᠭᠲᠠ ᠬᠠᠮᠢᠭ᠎ᠠ ᠴᠤ 《ᠬᠦᠮᠦᠨ ᠢᠶᠡᠷ ᠢᠶᠡᠨ》 ᠪᠠᠶᠢᠬᠤ ᠲᠤᠬᠠᠢ ᠵᠡᠷᠭᠡ ᠣᠯᠠᠨ ᠠᠰᠠᠭᠤᠳᠠᠯ ᠤᠳ ᠨᠠᠳᠤᠷ ᠴᠤ ᠵᠥᠩᠳᠡᠭᠡᠨ ᠵᠦᠢᠯ ᠢ ᠪᠣᠳᠣᠭᠳᠠᠭᠤᠯᠤᠭᠰᠠᠨ᠃
ᠲᠡᠷᠡᠪᠡᠷ ᠥᠨᠥᠳᠥᠷ ᠳᠡᠯᠡᠬᠡᠢ ᠶᠢᠨ ᠻᠢᠨᠣ ᠤᠷᠠᠯᠢᠭ ᠤᠨ ᠲᠠᠪᠴᠠᠩ ᠳᠡᠭᠡᠷ᠎ᠡ 《ᠮᠣᠩᠭᠣᠯ ᠢᠶᠠᠷ ᠢᠶᠠᠨ》 ᠳᠠᠭᠤᠳᠠᠭᠳᠠᠨ ᠭᠠᠷᠴᠤ ᠢᠷᠡᠯ᠎ᠡ᠃ ᠶᠠᠭ ᠯᠠ ᠲᠡᠷᠡ ᠵᠢᠯ ᠣᠯᠢᠮᠫ ᠤᠨ ᠠᠪᠤᠷᠭᠤ ᠲᠥᠷᠥᠬᠦ ᠳᠦ ᠣᠯᠠᠨ ᠮᠣᠩᠭᠣᠯᠴᠤᠳ ᠪᠠᠶᠠᠷᠯᠠᠨ ᠪᠠᠬᠠᠳᠤᠵᠤ᠂ ᠣᠯᠠᠨ ᠵᠠᠯᠠᠭᠤᠰ ᠲᠤ 《ᠪᠣᠯᠬᠤ ᠶᠤᠮ ᠪᠠᠶᠢᠨ᠎ᠠ》 ᠭᠡᠳᠡᠭ ᠢᠲᠡᠭᠡᠯ ᠨᠠᠶᠢᠳᠠᠪᠤᠷᠢ ᠲᠥᠷᠦᠭᠦᠯᠦᠭᠰᠡᠨ ᠰᠢᠭ᠋᠂ ᠣᠯᠠᠨ ᠣᠯᠠᠨ ᠵᠠᠯᠠᠭᠤᠰ ᠲᠤ ᠪᠠᠶᠠᠷ ᠪᠠᠬᠠᠳᠤᠯ᠂ ᠰᠢᠨ᠎ᠡ ᠪᠣᠯᠤᠮᠵᠢ ᠶᠢ ᠮᠡᠳᠡᠷᠡᠭᠦᠯᠵᠦ ᠪᠠᠶᠢᠨ᠎ᠠ᠃ ᠡᠭᠦᠨ ᠦ ᠲᠥᠯᠥᠭᠡ ᠲᠡᠭᠦᠨ ᠳᠦ ᠴᠢᠩ ᠰᠡᠳᠬᠢᠯ ᠡᠴᠡᠭᠡᠨ ᠲᠠᠯᠠᠷᠬᠠᠬᠤ ᠤᠴᠢᠷᠲᠠᠢ᠃ ᠰᠡᠳᠬᠢᠯ ᠳᠡᠭᠡᠨ ᠬᠠᠳᠠᠭᠠᠯᠠᠵᠤ᠂ ᠢᠲᠡᠭᠡᠯ ᠳᠡᠭᠡᠨ ᠲᠡᠭᠡᠭᠡᠵᠦ ᠶᠠᠪᠤᠭ᠎ᠠ ᠣᠯᠠᠨ ᠰᠠᠶᠢᠬᠠᠨ ᠬᠦᠰᠡᠯ ᠮᠥᠷᠥᠭᠡᠳᠦᠯ ᠲᠠᠨᠢ ᠵᠠᠪᠠᠯ ᠪᠡᠶᠡᠯᠡᠬᠦ ᠪᠣᠯᠤᠨᠠᠠ ᠠ᠋᠃ ᠠᠮᠤᠷ᠎ᠠ ᠴᠢᠮ᠎ᠠ ᠳᠤ ᠪᠠᠶᠠᠷᠯᠠᠯ᠎ᠠ
᠅
No comments:
Post a Comment