Монгол бичгээ хэрэглэцгээе! Chrome, Internet Explorer, Safari хөтчөөр үзнэ үү!

Бямбын Ринчен. Монгол хэл

2014-12-20

ᠮᠣᠩᠭᠤᠯ ᠬᠡᠯᠡ



ᠪᠢᠮᠪᠠ ᠶᠢᠨ ᠷᠢᠨᠴᠢᠨ



ᠴᠢᠬᠢᠨ ᠤ ᠴᠢᠮᠡᠭ ᠪᠤᠯᠤᠭᠰᠠᠨ ᠠᠶᠠᠯᠭᠤ ᠰᠠᠢᠢᠬᠠᠨ ᠮᠣᠩᠭᠤᠯ ᠬᠡᠯᠡ
ᠴᠢᠩ ᠵᠣᠷᠢᠭᠲᠤ ᠡᠪᠦᠭᠡᠳ ᠳᠡᠭᠡᠳᠦᠰ ᠦᠨ ᠮᠢᠨᠢ ᠦᠪ ᠶᠡᠬᠡ ᠡᠷᠳᠡᠨᠢ
ᠰᠣᠨᠣᠰᠬᠣ ᠪᠦᠷᠢ ᠢᠷᠠᠭᠤ ᠪᠠᠶᠠᠯᠠᠭ ᠢ ᠭᠠᠢᠢᠬᠠᠨ ᠪᠠᠶᠠᠰᠴᠤ
ᠰᠣᠳᠤ ᠶᠡᠬᠡ ᠪᠢᠯᠢᠭ᠌ ᠲᠦ ᠲᠦᠮᠡᠨ ᠶᠣᠭᠡᠨ ᠪᠢᠰᠢᠷᠡᠨ ᠮᠠᠭᠲᠠᠮᠦ᠂ ᠪᠢ᠃

ᠤᠷᠢᠳᠤ ᠢᠨ ᠪᠡᠷᠬᠡ ᠴᠠᠭ ᠲᠣᠷ ᠤᠯᠤᠰ ᠮᠣᠩᠭᠤᠯ ᠤᠨ ᠬᠡᠲᠦ ᠵᠠᠶᠠᠭ᠎ᠠ ᠢᠢ
ᠤᠢᠢᠳᠬᠠᠷᠯᠠᠨ ᠪᠣᠳᠣᠬᠣ ᠳᠣᠷ ᠤᠷᠮ᠎ᠠ ᠵᠣᠷᠢᠭ ᠢ ᠮᠢᠨᠢ ᠰᠡᠷᠭᠦᠭᠡᠭ᠍ᠰᠡᠨ
ᠦᠭᠡᠳᠡᠯᠡᠨ ᠲᠡᠭᠵᠢᠬᠦ ᠢᠨ ᠲᠡᠭᠦᠰ ᠬᠤᠪᠢ ᠲᠠᠢ  ᠳᠣᠷ ᠠᠨᠤ ᠢᠳᠡᠭᠡᠭᠦᠯᠦᠭᠰᠡᠨ
ᠦᠷᠨᠢᠨ ᠮᠠᠨᠳᠤᠬᠤ ᠢᠨ ᠰᠢᠨᠵᠢ ᠪᠦᠷᠢᠳᠦᠭᠰᠡᠨ ᠡᠪᠦᠭᠡᠳ ᠤᠨ ᠮᠢᠨᠢ ᠬᠡᠯᠡ᠃

ᠮᠦᠷᠡᠨ ᠭᠣᠣᠯ ᠴᠢᠳᠬᠣᠯᠠᠩᠲᠤ ᠰᠢᠷᠬᠢᠰᠢ ᠦᠭᠡᠢ ᠶᠡᠬᠡ ᠳᠠᠯᠠᠢ ᠮᠡᠲᠦ
ᠮᠦᠩᠭᠡᠳᠡ ᠦᠷ᠎ᠡ ᠠᠴᠢ ᠨᠠᠷ ᠤᠨ ᠵᠠᠯᠭᠠᠮᠵᠢ ᠪᠠᠷ ᠪᠠᠳᠠᠷᠠᠩᠬᠠᠨ ᠳᠡᠯᠭᠡᠷᠡᠵᠦ
ᠬᠦᠨᠳᠡᠢ ᠴᠡᠭᠡᠵᠢᠨ ᠳᠦᠷ ᠣᠷᠣᠭᠴᠢ ᠪᠦᠭᠦᠳᠡ ᠢᠢ ᠨᠡᠪᠲᠡᠷᠡᠭᠦᠯᠬᠦ ᠴᠢᠳᠠᠯᠲᠤ
ᠬᠦᠭ᠍ᠵᠢᠮ ᠮᠡᠲᠦ ᠢᠷᠠᠭᠤ ᠪᠠᠶᠠᠰᠬᠤᠯᠠᠩᠲᠤ ᠮᠣᠩᠭᠤᠯ ᠬᠡᠯᠡ᠃

ᠦᠰᠬᠦ ᠨᠠᠰᠦᠨ ᠡᠴᠡ ᠦᠲᠡᠯᠬᠦ ᠨᠠᠰᠤᠨ ᠬᠦᠷᠲᠡᠯ᠎ᠡ ᠴᠢᠮ᠎ᠠ ᠶᠤᠭᠠᠨ ᠰᠤᠳᠤᠯᠳ
ᠡᠳᠦᠷ ᠪᠦᠷᠢ ᠦᠭᠡᠰ ᠦᠨ ᠡᠷᠳᠡᠨᠢ ᠢᠢ ᠴᠢᠨᠢ ᠪᠠᠶᠠᠷᠯᠠᠨ ᠳᠡᠭᠦᠨᠡᠮ
ᠲᠦᠮᠡᠨ ᠲᠦᠮᠡᠨ ᠦᠶ᠎ᠡ ᠢᠨ ᠣᠶᠣᠨ ᠪᠢᠯᠢᠭ᠌ ᠦᠨ ᠦᠯᠡᠮᠵᠢ ᠰᠠᠩ ᠦᠨ ᠡᠭᠦᠳᠡ ᠢᠢ ᠴᠢᠨᠢ
ᠲᠦᠯᠬᠢᠬᠦ ᠪᠦᠷᠢ ᠰᠡᠳᠭᠢᠯ ᠰᠡᠷᠭᠦᠨ ᠮᠠᠩᠨᠠᠢ ᠢᠨ ᠦᠷᠴᠢᠯᠡᠭᠡ ᠲᠡᠨᠢᠶᠨᠡᠮ᠃

ᠲᠦᠭᠰᠢᠭᠦᠷᠢ ᠲᠦ ᠪᠡᠷᠬᠡ ᠢᠢ ᠳᠠᠪᠠᠨ ᠲᠤᠭᠤᠯᠤᠭᠰᠠᠨ ᠪᠠᠭᠠᠲᠤᠷ ᠲᠦᠮᠡᠨ ᠤ ᠮᠢᠨᠢ
ᠲᠦᠪᠰᠢᠨ᠎ᠠ ᠰᠣᠶᠣᠯ ᠡᠷᠳᠡᠨᠢ ᠶᠤᠭᠡᠨ ᠮᠠᠨᠳᠤᠭᠤᠯᠬᠤ ᠶᠢᠨ ᠭᠡᠭᠡᠨ ᠤᠯᠠᠷᠢᠯ ᠨᠡᠭᠡᠭᠡᠭ᠍ᠳᠡᠭᠰᠡᠨ ᠢᠶᠡᠷ
ᠰᠡᠯᠪᠢᠯ ᠦᠭᠡᠢ ᠰᠡᠴᠡᠨ ᠣᠶᠣᠲᠠᠨ ᠬᠡᠯᠡ ᠶᠣᠭᠡᠨ ᠡ᠊ᠩᠬᠦᠷᠡᠢᠢᠯᠡᠨ ᠬᠦᠭ᠍ᠴᠢᠭᠦᠯᠦᠶᠦ ᠬᠡᠮᠡᠨ
ᠰᠡᠳᠬᠢᠯ ᠤᠷᠮᠠᠰ ᠪᠠᠳᠠᠷᠠᠨ ᠪᠠᠬᠠᠳᠤᠮᠤ ᠦᠰᠦᠨ ᠪᠤᠭᠤᠷᠠᠯ ᠦᠳᠡᠭᠦᠰ ᠪᠢ᠃

ᠬᠤᠳᠤᠭ ᠦᠯᠵᠡᠢ ᠪᠦᠷᠢᠳᠦᠭᠰᠡᠨ ᠬᠤᠪᠢ ᠵᠠᠶᠠᠭᠠᠲᠤ ᠲᠦᠮᠡᠨ ᠦ ᠮᠢᠨᠢ
ᠬᠤᠷᠴᠦ ᠠᠪᠢᠶᠠᠰ ᠲᠤ ᠬᠦᠪᠡᠭᠦᠳ ᠳᠡᠭᠦᠦ ᠨᠠᠷ ᠬᠠᠯᠠᠭᠤᠨ ᠡᠯᠢᠭᠡᠲᠡᠨ ᠬᠤᠲᠠᠯᠠ ᠪᠠᠷ
ᠡᠭᠡᠰᠢᠭ᠌᠌ ᠰᠠᠢᠢᠬᠠᠨ ᠮᠣᠩᠭᠤᠯ ᠬᠡᠯᠡ ᠶᠣᠭᠡᠨ ᠨᠡᠩ ᠬᠠᠢᠢᠷᠠᠯᠠᠨ ᠳᠡᠭᠡᠳᠦᠯᠡᠵᠦ
ᠡ᠊ᠩᠬᠦᠷᠡᠢᠢᠯᠡᠨ ᠪᠠᠳᠠᠷᠠᠭᠤᠯᠬᠤ ᠢᠨ ᠪᠠᠲᠦ ᠵᠣᠷᠢᠭ ᠶᠠᠭᠤᠲᠠᠢ ᠰᠠᠢᠢᠬᠠᠨ᠃

ᠴᠢᠬᠢᠨ ᠤ ᠴᠢᠮᠡᠭ ᠪᠤᠯᠤᠭᠰᠠᠨ ᠠᠶᠠᠯᠭᠤ ᠰᠠᠢᠢᠬᠠᠨ ᠮᠣᠩᠭᠤᠯ ᠬᠡᠯᠡ
ᠴᠢᠩ ᠵᠣᠷᠢᠭᠲᠤ ᠡᠪᠦᠭᠡᠳ ᠳᠡᠭᠡᠳᠦᠰ ᠦᠨ ᠮᠢᠨᠢ ᠦᠪ ᠶᠡᠬᠡ ᠡᠷᠳᠡᠨᠢ
ᠰᠣᠨᠣᠰᠬᠣ ᠪᠦᠷᠢ ᠢᠷᠠᠭᠤ ᠪᠠᠶᠠᠯᠠᠭ ᠢ ᠭᠠᠢᠢᠬᠠᠨ ᠪᠠᠶᠠᠰᠴᠤ
ᠰᠣᠳᠤ ᠶᠡᠬᠡ ᠪᠢᠯᠢᠭ᠌ ᠲᠦ ᠲᠦᠮᠡᠨ ᠶᠣᠭᠡᠨ ᠪᠢᠰᠢᠷᠡᠨ ᠮᠠᠭᠲᠠᠮᠦ᠂ ᠪᠢ

No comments:

Post a Comment