Монгол бичгээ хэрэглэцгээе! Chrome, Internet Explorer, Safari хөтчөөр үзнэ үү!

Дэндэвийн Пүрэвдорж. Тусгаар тогтнол

2014-12-21

ᠲᠤᠰᠠᠭᠠᠷ ᠲᠣᠭᠲᠠᠨᠢᠯ



ᠳᠡ᠊ᠨᠳᠦᠪ ᠦᠨ ᠫᠦᠷᠪᠦᠳᠣᠷᠵᠢ



ᠬᠠᠨᠠᠲᠦ ᠴᠠᠭᠠᠨ ᠭᠡᠷ ᠦᠨ ᠤᠳᠦ ᠬᠡᠢᠢᠮᠤᠷᠢ ᠶᠢᠨ ᠲᠤᠭᠤᠨᠤᠨ ᠳᠡᠭᠡᠷ᠎ᠡ
ᠬᠠᠰᠠᠭ ᠬᠠᠯᠠᠭᠤᠨ ᠲᠤᠯᠭᠠᠨ ᠦ ᠤᠮᠤᠭ ᠳᠦᠷᠪᠡᠨ ᠲᠤᠲᠦᠭᠠᠨ ᠳᠡᠭᠡᠷ᠎ᠡ
ᠬᠠᠨ ᠠᠯᠲᠠᠢ ᠠᠪᠤ ᠢᠨ ᠤᠩᠭᠤᠨ ᠲᠡᠷᠢᠭᠦᠨ ᠤᠷᠬᠢᠯ ᠳᠡᠭᠡᠷ᠎ᠡ
ᠬᠠᠲᠤᠨ ᠰᠡᠯᠡᠩᠭᠡ ᠡᠵᠢ ᠢᠨ ᠤᠳᠤᠳ ᠤᠷᠴᠢᠬᠤ ᠮᠠᠠᠳᠦᠯ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠭᠠᠩᠭᠠᠨ ᠤᠯᠠᠭᠠᠨ ᠲᠡᠮᠡᠭᠡᠨ ᠦ ᠵᠤᠭᠳᠤᠷ ᠳᠡᠪᠢᠰᠬᠦ ᠲᠡᠰᠢᠯ ᠳᠡᠭᠡᠷ᠎ᠡ
ᠭᠠᠩ ᠲᠠᠢ ᠮᠦᠩᠭᠦᠨ ᠬᠡᠲᠡ ᠢᠨ ᠵᠣ ᠳᠡᠯᠡᠳᠬᠦ ᠲᠡᠭᠡᠭ ᠳᠡᠭᠡᠷ᠎ᠡ
ᠭᠠᠯᠪᠠ ᠢᠨ ᠬᠠᠯᠠᠭᠤᠨ ᠭᠤᠪᠢ ᠢᠨ ᠬᠤᠯᠠᠨ ᠠᠩᠭᠠᠬᠤ ᠡᠭᠡᠷᠮ᠎᠎ᠡ ᠳᠡᠭᠡᠷ᠎ᠡ
ᠭᠠᠨᠲᠢᠭ ᠴᠢᠯᠠᠭᠤᠨ ᠬᠢᠰᠠᠭᠠᠨ  ᠦ ᠶᠠᠩᠭᠢᠷ ᠬᠠᠯᠢᠬᠤ ᠡᠯᠢᠭᠡᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠬᠦᠵᠢ ᠳᠤᠷᠳᠤᠩ ᠪᠦᠰᠡᠨ ᠦ ᠲᠠᠰᠢᠶ᠎ᠠ ᠳᠠᠷᠤᠬᠤ ᠨᠤᠭᠤᠯᠤᠭᠠᠨ ᠳᠡᠭᠡᠷ᠎ᠡ
ᠬᠦᠷᠡᠯ ᠮᠠᠨᠤᠨ ᠬᠥᠬᠦᠦᠷ ᠦᠨ ᠳᠠᠯᠢᠩ ᠳᠠᠷᠤᠬᠤ ᠨᠠᠷᠭᠢᠶᠠᠨ ᠳᠡᠭᠡᠷ᠎ᠡ
ᠬᠦᠢᠰ ᠦᠨ ᠰᠢᠭᠦᠳᠡᠷᠢ ᠪᠠᠭᠤᠭᠰᠠᠨ ᠠᠭᠤᠯᠠ ᠢᠨ ᠭᠠᠴᠠᠭ᠎ᠠ ᠪᠠᠭᠤᠴᠠᠨ ᠳᠡᠭᠡᠷ᠎ᠡ
ᠾᠦᠩᠨᠦ ᠳᠡᠭᠡᠳᠦᠰ ᠦᠨ ᠲᠠᠮᠠᠭᠠᠯᠠᠭᠰᠠᠨ ᠤᠯᠪᠠᠭ᠎ᠠ ᠭᠠᠷᠠᠬᠠᠨ ᠪᠠᠭᠤᠷᠢᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠰᠢᠷᠡᠮᠤᠨ ᠲᠡᠮᠦᠷ ᠳᠦᠷᠦᠭᠡᠨ ᠦ ᠰᠢᠪᠡᠭᠡ ᠵᠢᠷᠤᠬᠤ ᠲᠠᠪᠠᠭ ᠳᠡᠭᠡᠷ᠎ᠡ
ᠰᠢᠵᠢᠷ ᠠᠯᠲᠠᠨ ᠡᠭᠡᠮᠦᠭ ᠦᠨ ᠰᠢᠭᠢᠳᠬᠡᠭᠡ ᠴᠢᠮᠡᠬᠦ ᠭᠠᠷᠠᠬᠠᠨ ᠳᠡᠭᠡᠷ᠎ᠡ
ᠰᠢᠨ᠎ᠡ ᠢᠨ ᠬᠤᠶᠠᠷ ᠤᠨ ᠰᠠᠷᠠᠨ ᠬᠠᠶᠠᠭᠠᠷᠠᠵᠦ ᠰᠢᠩᠭᠡᠬᠦ ᠲᠩᠷᠢ ᠳᠡᠭᠡᠷ᠎ᠡ
ᠰᠢᠨ᠎ᠡ ᠨᠢᠯᠬ᠎ᠠ ᠨᠤᠭᠤᠭ᠎ᠠ ᠬᠠᠩᠰᠢᠵᠦ ᠵᠠᠳᠠᠷᠠᠬᠤ ᠭᠠᠵᠠᠷ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠠᠪᠦ ᠢᠨ ᠮᠦᠩᠭᠦᠨ ᠬᠠᠵᠠᠭᠠᠷ ᠦᠨ ᠨᠠᠢᠮᠠᠨ ᠴᠢᠨ ᠦ ᠲᠤᠪᠤᠷᠤᠤ ᠳᠡᠭᠡᠷ᠎ᠡ
ᠠᠵᠠ ᠢᠨ ᠠᠯᠠᠭ ᠮᠡᠨᠡᠬᠡᠢ ᠢᠨ ᠨᠠᠶᠠᠨ ᠨᠢᠭᠡᠨ ᠱᠠᠭ᠎ᠠ ᠳᠡᠭᠡᠷ᠎ᠡ
ᠠᠯᠢᠶᠠᠬᠠᠨ ᠰᠠᠷᠠᠯ ᠦᠨ ᠤᠨᠠᠭ᠎ᠠ ᠬᠦᠯᠯᠡᠨ ᠲᠡᠩᠴᠡᠬᠦ ᠨᠤᠭᠤ ᠳᠡᠭᠡᠷ᠎ᠡ
ᠠᠩᠭᠢᠷ ᠦᠨ ᠬᠤᠶᠠᠷ ᠳᠡᠭᠳᠡᠭᠡᠬᠡᠢ ᠬᠦᠪᠪᠦᠨ ᠴᠡᠩᠭᠡᠬᠦ ᠨᠠᠭᠤᠷ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠶᠡᠨᠳᠡᠷ ᠤᠯᠠᠭᠠᠨ ᠭᠠᠯ ᠦᠨ ᠴᠠᠴᠠ ᠪᠠᠳᠮᠠᠨ ᠳᠦᠯᠤ ᠳᠡᠭᠡᠷ᠎ᠡ
ᠢᠵᠢᠯ ᠬᠤᠶᠠᠷ ᠵᠠᠭᠠᠯ ᠦᠨ ᠴᠠᠴᠤᠭ ᠱᠠᠩᠬᠤᠨ ᠳᠡᠯ ᠳᠡᠭᠡᠷ᠎ᠡ
ᠢᠳᠡᠷ ᠭᠤᠷᠪᠠᠨ ᠶᠢᠰᠦ ᠢᠨ ᠴᠠᠰᠦ ᠴᠢᠬᠠᠷᠠᠬᠤ ᠴᠠᠢᠢᠳᠠᠮ ᠳᠡᠭᠡᠷ᠎ᠡ
ᠶᠢᠰᠦᠨ ᠭᠤᠤᠯ ᠦᠨ ᠴᠠᠩ ᠬᠦᠭᠡᠷᠬᠦ ᠴᠠᠷᠠᠮ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠪᠡᠯᠡᠭ ᠦᠨ ᠴᠡᠩᠬᠡᠷ ᠬᠠᠳᠠᠭ ᠦᠨ ᠬᠤᠶᠠᠷ ᠭᠠᠷᠳᠠᠬᠤ ᠳᠡᠯᠭᠡᠭᠡᠰᠦ ᠳᠡᠭᠡᠷ᠎ᠡ
ᠪᠡᠬᠡᠨ ᠬᠠᠷ᠎ᠠ ᠭᠡᠵᠢᠭᠡᠨ ᠦ ᠬᠤᠤᠰ ᠢᠶᠠᠷ ᠳᠠᠷᠤᠬᠤ ᠰᠦᠯᠵᠢᠶᠡᠰᠦ ᠳᠡᠭᠡᠷ᠎ᠡ
ᠪᠡᠷᠢ ᠢᠨ ᠳᠤᠮᠤᠭᠲᠦ ᠴᠡᠴᠡᠭ ᠦᠨ ᠬᠤᠷᠸᠠ ᠤᠶᠠᠷᠠᠬᠤ ᠳᠡᠯᠪᠢ ᠳᠡᠭᠡᠷ᠎ᠡ
ᠪᠢᠳᠡᠷᠲᠦ ᠮᠦᠩᠭᠦᠨ ᠰᠠᠷᠠᠨ ᠦ ᠬᠤᠢᠢᠮᠤᠷ ᠤᠨᠠᠬᠤ ᠲᠤᠶᠠᠭᠠᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠤᠷᠤᠰᠬᠠᠯ ᠲᠠᠲᠠᠮᠠᠯ ᠤᠰᠤᠨ ᠦ ᠬᠦᠯ ᠠᠯᠳᠠᠬᠤ ᠢᠷᠤᠭᠠᠷ ᠳᠡᠭᠡᠷ᠎ᠡ
ᠤᠷᠭᠤᠮᠠᠯ ᠲᠠᠷᠢᠮᠠᠯ ᠮᠤᠳᠤᠨ ᠦ ᠬᠦᠷᠦᠰᠦᠨ ᠳᠦ ᠬᠠᠪᠠᠬᠤ ᠶᠤᠵᠤᠭᠤᠷ ᠳᠡᠭᠡᠷ᠎ᠡ
ᠤᠶᠠᠷᠠᠨ ᠮᠡᠯᠮᠡᠷᠡᠬᠦ ᠢᠨᠠᠭ ᠦᠨ ᠳᠤᠷᠠᠯᠠᠯ ᠠᠮᠢᠯᠠᠬᠤ ᠬᠠᠷᠠᠴᠠᠨ ᠳᠡᠭᠡᠷ᠎ᠡ
ᠤᠬᠢᠯᠠᠨ ᠮᠡᠨᠳᠦᠯᠡᠬᠦ ᠦᠷ᠎ᠡ ᠢᠨ ᠳᠠᠭᠤᠯᠠᠨ ᠤᠷᠬᠢᠬᠤ ᠮᠠᠨᠴᠤᠢ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠠᠵᠢᠨᠠᠢ ᠰᠠᠢᠢᠨ ᠬᠦᠯᠦᠭ ᠦᠨ ᠭᠠᠯ ᠴᠠᠬᠢᠯᠠᠬᠤ ᠲᠤᠭᠤᠷᠠᠢ ᠳᠡᠭᠡᠷ᠎ᠡ
ᠠᠭᠠᠭᠢᠭᠰᠠᠨ ᠤᠯᠠᠭᠠᠨ ᠬᠦᠳᠡᠷ ᠦᠨ ᠭᠠᠩ ᠴᠠᠷᠴᠬᠤ ᠬᠠᠢᠢᠯᠤᠰᠢ ᠳᠡᠭᠡᠷ᠎ᠡ
ᠠᠮᠦᠷ ᠲᠦᠪᠰᠢᠨ ᠵᠢᠷᠭᠠᠯᠲᠠᠢ ᠠᠮᠠ ᠪᠦᠯᠢ ᠢᠨ ᠳᠠᠩᠰᠠᠨ ᠳᠡᠭᠡᠷ᠎ᠡ
ᠠᠯᠲᠠᠨ ᠪᠤᠱᠤᠭ᠎ᠠ ᠦᠯᠵᠡᠢ ᠲᠡᠢ ᠠᠢᠢᠯ ᠪᠦᠬᠦᠨ ᠦ ᠡᠭᠦᠳᠡᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠪᠠᠶᠠᠷ ᠨᠠᠢᠢᠷ ᠦᠨ ᠰᠢᠷᠡᠭᠡᠨ ᠦ ᠠᠮᠲᠠᠲᠦ ᠲᠠᠩᠰᠤᠭ ᠢᠳᠡᠭᠡᠨ ᠳᠡᠭᠡᠷ᠎ᠡ
ᠪᠠᠶᠠᠨ ᠬᠠᠩᠭᠠᠢ ᠳ᠋ᠦ ᠮᠦᠩᠬᠡᠷᠡᠭᠰᠡᠨ ᠠᠷᠴᠠ ᠬᠤᠰᠢ ᠵᠡᠭᠡᠭ ᠳᠡᠭᠡᠷ᠎ᠡ
ᠪᠠᠯᠲᠠ ᠪᠠᠷ ᠳᠠᠪᠲᠠᠨ ᠬᠢᠭ᠌ᠰᠡᠨ ᠠᠨᠵᠢᠰᠤ ᠢᠨ ᠲᠤᠷᠭᠠᠨ ᠢᠷ ᠳᠡᠭᠡᠷ᠎ᠡ
ᠪᠠᠭᠴᠠ ᠳᠦᠭᠦᠷᠡᠩ ᠤᠷᠭᠤᠭᠰᠠᠨ ᠠᠲᠠᠷ ᠦᠨ ᠲᠠᠷᠢᠶᠠᠨ ᠦ ᠮᠦᠷᠦᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠡᠷᠲᠡ ᠠᠢᠢᠯ ᠦᠨ ᠬᠠᠶᠠᠭ᠎ᠠ ᠳᠠᠷᠬᠠᠨ ᠬᠢᠯᠢ ᠢᠨ ᠳᠡᠭᠡᠰᠦᠨ ᠳᠡᠭᠡᠷ᠎ᠡ
ᠡ᠊ᠩᠬᠡ ᠲᠠᠢᠢᠪᠤᠩ ᠤᠨ ᠬᠠᠷᠠᠭᠤᠯ ᠳᠠᠢᠢᠴᠢᠨ ᠡᠷᠡᠰ ᠦᠨ ᠲᠠᠩᠭᠠᠷᠢᠭ ᠳᠡᠭᠡᠷ᠎ᠡ
ᠡᠷᠳᠡᠨᠢ ᠵᠤᠤ ᠢᠨ ᠬᠡᠷᠡᠮ ᠦᠨ ᠵᠠᠭᠤᠨ ᠨᠠᠢᠮᠠᠨ ᠰᠤᠪᠤᠷᠭ᠎ᠠ ᠳᠡᠭᠡᠷ᠎ᠡ
ᠡᠨᠡ ᠵᠠᠭᠤᠨ ᠦ ᠦᠷᠭᠦᠭᠡᠨ ᠦ ᠵᠠᠭᠤᠨ ᠲᠦᠮᠡᠨ ᠴᠤᠩᠬᠤᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠡᠷᠬᠡ ᠴᠢᠯᠦᠭᠡᠨ ᠦ ᠵᠠᠷᠯᠢᠭ ᠠᠷᠠᠳ ᠦᠨ ᠦᠨᠳᠦᠰᠦᠨ ᠬᠠᠤᠯᠢ ᠳᠡᠭᠡᠷ᠎ᠡ
ᠡᠬᠡ ᠬᠡᠯᠡ ᠰᠤᠶᠤᠯ ᠦᠨ ᠢᠶᠠᠨ ᠠᠳᠠᠪᠢᠰᠢ ᠪᠠᠶᠠᠨ ᠰᠠᠩ ᠳᠡᠭᠡᠷ᠎ᠡ
ᠡᠷᠳᠡᠨᠢᠲᠦ ᠠᠷᠭ᠎ᠠ ᠪᠢᠯᠢᠭ᠌ ᠠᠯᠲᠠᠨ ᠰᠤᠶᠤᠩᠪᠤ ᠢᠨ ᠭᠠᠴᠢᠯ ᠳᠡᠭᠡᠷ᠎ᠡ
ᠡᠬᠡ ᠨᠤᠲᠤᠭ ᠦᠨ ᠰᠢᠷᠦᠢ ᠢᠨ ᠠᠮᠢ ᠪᠠᠷ ᠰᠤᠯᠢᠬᠤ ᠰᠢᠷᠬᠡᠭ᠌ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠠᠪᠤ ᠡᠵᠢ ᠢᠨ ᠪᠤᠶᠠᠨ ᠲᠠᠢ ᠦᠯᠵᠡᠢᠢᠲᠦ ᠴᠠᠭᠠᠨ ᠬᠤᠢᠢᠮᠤᠷ ᠳᠡᠭᠡᠷ᠎ᠡ
ᠠᠮᠢᠨ ᠭᠠᠷᠪᠠᠯ ᠦᠨ ᠲᠤᠯᠪᠤ ᠲᠠᠢ ᠦᠯᠦᠭᠡᠢᠢᠲᠦ ᠨᠢᠯᠬᠠᠰ ᠦᠨ ᠦᠭᠡᠵᠢᠩ ᠳᠡᠭᠡᠷ᠎ᠡ
ᠠᠷᠠᠳ ᠦᠨ ᠵᠢᠷᠤᠮᠲᠦ ᠴᠡᠷᠢᠭ᠌ ᠦᠨ ᠡᠷᠭᠦᠵᠦ ᠢᠯᠠᠭᠰᠠᠨ ᠲᠤᠭ ᠳᠡᠭᠡᠷ᠎ᠡ
ᠠᠮᠢᠰᠬᠤᠯ ᠢᠶᠠᠨ ᠪᠢᠳᠡᠨ ᠳᠦ ᠦᠭᠭᠦᠭᠰᠡᠨ ᠦᠷᠯᠦᠭ ᠳᠡᠭᠡᠳᠦᠰ ᠦᠨ ᠳᠤᠷᠠᠰᠬᠠᠯ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠬᠠᠨ ᠲᠩᠷᠢ ᠳ᠋ᠦ ᠰᠦᠮᠪᠦᠷᠯᠡᠭᠰᠡᠨ ᠦᠢᠯᠡᠳᠪᠦᠷᠢ ᠠᠭᠤᠷᠬᠠᠢ ᠢᠨ ᠶᠠᠩᠳᠦᠩ ᠳᠡᠭᠡᠷ᠎ᠡ
ᠬᠠᠶᠠᠭ᠎ᠠ ᠨᠡᠢᠢᠯᠡᠵᠦ ᠰᠦᠨᠳᠡᠷᠯᠡᠭᠰᠡᠨ ᠦᠯᠢᠭᠡᠷ ᠦᠨ ᠬᠠᠷᠰᠢ ᠶᠢᠨ ᠲᠤᠭᠤᠷᠭᠠᠨ ᠳᠡᠭᠡᠷ᠎ᠡ
ᠬᠠᠩᠭᠠᠢ ᠭᠤᠪᠢ ᠲᠠᠯ᠎ᠠ ᠢᠨ ᠦᠯᠡᠮᠵᠢ ᠦᠪ ᠪᠠᠶᠠᠯᠢᠭ ᠳᠡᠭᠡᠷ᠎ᠡ
ᠬᠠᠯᠠᠭᠤᠨ ᠡᠬᠡ ᠤᠷᠤᠨᠴᠢ ᠪᠦᠬᠦᠨ ᠦ ᠦᠨᠳᠦᠰᠦᠨ ᠦ ᠶᠡᠬᠡ ᠪᠠᠬᠠᠷᠬᠠᠯ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠰᠠᠪᠠ ᠰᠠᠪᠠ ᠪᠠᠷ ᠰᠠᠭᠠᠯᠢ ᠶᠢᠨ ᠬᠠᠷᠪᠤᠵᠦ ᠬᠦᠷᠬᠦ ᠦᠭᠡᠢ ᠵᠡᠯ᠎ᠡ ᠳᠡᠭᠡᠷ᠎ᠡ
ᠰᠠᠢ᠎ᠠ ᠰᠠᠢ᠎᠎᠎ᠠ ᠪᠠᠷ ᠰᠦᠷᠦᠭ ᠦᠨ ᠬᠠᠲᠠᠷᠢᠵᠦ ᠬᠦᠷᠬᠦ ᠦᠭᠡᠢ ᠪᠡᠯᠴᠢᠭᠡᠷ ᠳᠡᠭᠡᠷ᠎ᠡ
ᠰᠠᠷᠠᠨ ᠨᠠᠷᠠᠨ ᠦ ᠦᠷᠲᠡᠭᠡᠨ ᠳ᠋ᠦ ᠬᠠᠭᠠᠴᠠᠵᠦ ᠪᠤᠯᠤᠰᠢ ᠦᠭᠡᠢ ᠤᠴᠠᠷᠠᠯ ᠳᠡᠭᠡᠷ᠎ᠡ
ᠰᠠᠢᠢᠬᠠᠨ ᠮᠤᠩᠭᠤᠯ ᠤᠷᠤᠨ ᠢᠶᠠᠨ ᠬᠠᠢᠢᠷᠠᠯᠠᠵᠦ ᠬᠠᠨᠤᠰᠢ ᠦᠭᠡᠢ ᠢᠷᠦᠭᠡᠯ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠦᠷᠯᠦᠭᠡ ᠪᠦᠷᠢ ᠢᠨ ᠨᠠᠷᠠᠨ ᠦ ᠠᠰᠬᠠᠷᠠᠨ ᠪᠠᠭᠤᠬᠤ ᠰᠠᠴᠤᠷᠠᠯ ᠳᠡᠭᠡᠷ᠎ᠡ
ᠡᠪᠦᠭᠡ ᠢᠨ ᠮᠤᠷᠢᠨ ᠬᠤᠭᠤᠷ ᠦᠨ ᠠᠶᠠᠯᠭᠤ ᠬᠤᠤᠰᠯᠠᠬᠤ ᠤᠲᠠᠰᠤᠨ ᠳᠡᠭᠡᠷ᠎ᠡ
ᠦᠷᠭᠡᠨ ᠴᠡᠭᠡᠵᠢ ᠴᠢᠯᠦᠭᠡᠲᠡᠢ ᠠᠮᠢᠰᠬᠤᠯᠠᠵᠦ ᠶᠠᠪᠤᠭ᠎ᠠ ᠭᠠᠵᠠᠷ ᠳᠡᠭᠡᠷ᠎ᠡ
ᠦᠪᠡᠷ ᠦᠨ ᠲᠤᠯᠤᠭᠠᠢ ᠮᠡᠳᠡᠯᠲᠡᠢ ᠠᠮᠢᠳᠤᠷᠠᠵᠦ ᠶᠠᠪᠤᠭ᠎ᠠ ᠵᠠᠶᠠᠭᠠᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠬᠤᠧᠠ ᠬᠤᠩᠭᠤᠷ ᠦᠨ ᠵᠢᠯᠤᠭᠤ ᠢᠢ ᠵᠠᠬᠠᠯᠠᠨ ᠲᠠᠲᠠᠭᠰᠠᠨ ᠲᠠᠯᠠᠪᠠᠢ ᠳᠡᠭᠡᠷ᠎ᠡ
ᠤᠬᠠᠭᠠᠨᠲᠦ ᠵᠠᠩᠵᠤᠨ ᠰᠦᠬᠡᠪᠠᠭᠠᠲᠤᠷ ᠦᠨ ᠵᠠᠷᠯᠠᠨ ᠳᠠᠭᠤᠳᠠᠭᠰᠠᠨ ᠲᠤᠩᠬᠠᠭ ᠳᠡᠭᠡᠷ᠎ᠡ
ᠤᠯᠠᠭᠠᠨᠪᠠᠭᠠᠲᠤᠷ ᠨᠡᠢᠢᠰᠯᠡᠯ ᠦᠨ ᠵᠠᠶᠠᠭ᠎ᠠ ᠲᠡᠳᠬᠦᠬᠦ ᠳᠡᠭᠡᠪᠦᠷ ᠳᠡᠭᠡᠷ᠎ᠡ
ᠤᠯᠤᠰ ᠢᠶᠠᠨ ᠠᠴᠢᠯᠠᠨ ᠵᠠᠬᠢᠷᠤᠭᠰᠠᠨ ᠵᠠᠰᠠᠭ ᠲᠦᠷᠦ ᠢᠨ ᠢᠶᠡᠨ ᠤᠷᠳᠤᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠨᠢᠭᠤᠷ ᠲᠤᠨᠢ ᠭᠠᠯ ᠪᠠᠳᠠᠷᠠᠭᠰᠠᠨ ᠮᠤᠩᠭᠤᠯ ᠡᠴᠢᠭᠡ ᠢᠨ ᠬᠡᠢᠢᠮᠤᠷᠢ ᠳᠡᠭᠡᠷ᠎ᠡ
ᠨᠦᠮᠵᠦᠭ ᠲᠤᠨᠢ ᠨᠠᠷᠠ ᠭᠡᠷᠡᠯᠲᠦᠭᠰᠡᠨ ᠮᠤᠩᠭᠤᠯ ᠡᠬᠡ ᠢᠨ ᠰᠡᠳᠬᠢᠯ ᠳᠡᠭᠡᠷ᠎ᠡ
ᠨᠡᠭᠦᠳᠡᠯ ᠦᠨ ᠦᠷᠭᠦᠭᠡᠨ ᠳᠦ ᠨᠢᠭᠡᠳᠦᠭᠰᠡᠨ ᠮᠤᠩᠭᠤᠯ ᠠᠢᠢᠮᠠᠭ ᠦᠨ ᠬᠤᠯᠪᠤᠭᠠᠨ ᠳᠡᠭᠡᠷ᠎ᠡ
ᠨᠢ᠊᠂ ᠦ᠊᠂ ᠪᠠ᠊᠂ ᠶᠢᠨ ᠰᠢᠯᠲᠦᠭᠡᠨ ᠳ᠋ᠦ ᠵᠠᠯᠠᠷᠠᠭᠰᠠᠨ ᠮᠤᠩᠭᠤᠯ ᠤᠯᠤᠰ ᠦᠨ ᠳᠠᠯᠪᠠᠭᠠᠨ ᠳᠡᠭᠡᠷ᠎ᠡ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ᠃
ᠡᠵᠡᠨ ᠰᠠᠭᠤᠵᠦ ᠵᠢᠷᠭᠠᠭᠰᠠᠨ ᠶᠡᠬᠡ ᠵᠠᠶᠠᠭ᠎ᠠ ᠪᠠᠨ ᠰᠦᠰᠦᠭᠯᠡᠵᠦ
ᠡᠬᠡ ᠤᠷᠤᠨ ᠲᠠᠨ ᠦ ᠪᠠᠨ ᠢᠷᠡᠭᠡᠳᠦᠢ ᠢᠨ ᠲᠠᠭᠠᠯᠠᠯ ᠳᠦ ᠨᠡᠢᠢᠴᠡᠭᠦᠯᠵᠦ
ᠡᠷᠳᠡᠨᠢᠰ ᠦᠨ ᠳᠠᠯᠠᠢ ᠡᠴᠡ ᠰᠢᠭᠦᠷᠳᠡᠭᠰᠡᠨ ᠢᠳᠡᠭᠡᠯ ᠦᠨ ᠰᠤᠪᠤᠳ ᠦᠭᠡᠰ ᠢᠶᠡᠷ
ᠡᠷᠬᠡ ᠵᠢᠷᠭᠠᠯ ᠢᠶᠠᠨ ᠪᠠᠲᠤᠯᠠᠭᠰᠠᠨ ᠢᠷᠭᠡᠨ ᠪᠦᠬᠦᠨ ᠦ ᠭᠠᠷ ᠢᠢᠠᠷ
ᠲᠤᠰᠠᠭᠠᠷ ᠲᠤᠭᠲᠠᠨᠢᠯ ᠴᠢᠮᠠᠢᠢ
ᠲᠤᠩᠬᠠᠭᠯᠠᠨ ᠪᠢᠴᠢᠨ᠎ᠡ ᠪᠢ

2 comments: