Монгол бичгээ хэрэглэцгээе! Chrome, Internet Explorer, Safari хөтчөөр үзнэ үү!

Н. Төгсцогт мэргэжлийн боксчин боллоо

2015-01-05

ᠨᠢ᠊᠂ ᠲᠡᠭᠦᠰᠴᠣᠭᠲᠤ ᠮᠡᠷᠭᠡᠵᠢᠯ ᠦᠨ ᠪᠣᠻᠰᠴᠢᠨ ᠪᠣᠯᠤᠯ᠎ᠠ



mnb.mn | 2015 ᠣᠨ ᠤ 1 ᠳᠦᠭᠡᠷ ᠰᠠᠷ᠎ᠠ ᠶᠢᠨ 5



ᠮᠣᠩᠭᠤᠯ ᠤᠯᠤᠰ ᠤᠨ ᠭᠠᠪᠢᠶᠠᠲᠤ ᠲᠠᠮᠢᠷᠴᠢᠨ᠂ ᠣᠯᠢᠮᠫ ᠤᠨ ᠮᠥᠩᠭᠦᠨ ᠮᠧᠳᠠᠯᠲᠤ ᠨᠢᠮᠠᠪᠠᠶᠠᠷ ᠤᠨ ᠲᠡᠭᠦᠰᠴᠣᠭᠲᠤ ᠮᠡᠷᠭᠡᠵᠢᠯ ᠦᠨ ᠪᠣᠻᠰ ᠲᠤ ᠬᠦᠴᠦ ᠦᠵᠡᠬᠦ ᠪᠡᠷ ᠠᠮᠧᠷᠢᠻᠠ ᠶᠢᠨ ᠨᠢᠭᠡᠳᠦᠭᠰᠡᠨ ᠤᠯᠤᠰ ᠢ ᠵᠣᠷᠢᠭᠰᠠᠨ᠃ ᠡᠨᠡ ᠲᠠᠯ᠎ᠠ ᠪᠠᠷ ᠮᠣᠩᠭᠤᠯ ᠤᠨ ᠪᠣᠻᠰ ᠤᠨ ᠬᠣᠯᠪᠤᠭᠠᠨ ᠤ ᠬᠡᠪᠯᠡᠯ ᠮᠡᠳᠡᠭᠡᠯᠡᠯ ᠦᠨ ᠠᠵᠢᠯᠲᠠᠨ ᠴ᠊᠂ ᠪᠠᠲᠤᠨᠠᠰᠤᠨ 《ᠲᠡᠭᠦᠨ ᠦ ᠬᠤᠪᠢ ᠳᠤ ᠠᠽᠢ ᠶᠢᠨ ᠨᠠᠭᠠᠳᠤᠮ ᠳᠤ ᠯᠤᠶᠢᠪᠠᠷᠳᠠᠭᠤᠯᠤᠭᠰᠠᠨ ᠨᠢ ᠠᠮᠧᠷᠢᠻᠠ ᠶᠢᠨ ᠨᠢᠭᠡᠳᠦᠭᠰᠡᠨ ᠤᠯᠤᠰ ᠲᠤ ᠮᠡᠷᠭᠡᠵᠢᠯ ᠦᠨ ᠪᠣᠻᠰ ᠲᠤ ᠬᠦᠴᠦ ᠰᠣᠷᠢᠬᠤ ᠨᠢᠭᠡᠨ ᠰᠢᠯᠲᠠᠭᠠᠨ ᠪᠣᠯᠤᠭᠰᠠᠨ ᠪᠠᠶᠢᠬ᠎ᠠ᠃ ᠬᠣᠯᠪᠤᠭᠠᠨ ᠤ ᠵᠦᠭ ᠡᠴᠡ ᠲᠡᠭᠦᠨ ᠦ ᠵᠢᠩ ᠳᠦ ᠰᠢᠨ᠎ᠡ ᠵᠠᠯᠠᠭᠤ ᠲᠠᠮᠢᠷᠴᠢᠨ ᠨ᠊᠂ ᠠᠷᠢᠭᠤᠨᠪᠣᠯᠤᠳ ᠢ ᠨᠥᠭᠡᠵᠦ᠂ ᠰᠢᠭᠰᠢᠭᠡ ᠪᠠᠭ ᠲᠤ ᠤᠷᠢᠭᠰᠠᠨ》 ᠬᠡᠮᠡᠨ ᠶᠠᠷᠢᠭᠰᠠᠨ᠃

ᠲᠡᠭᠡᠪᠡᠯ ᠨᠢ᠊᠂ ᠲᠡᠭᠦᠰᠴᠣᠭᠲᠤ ᠰᠠᠶ᠋ᠢᠬᠠᠨ ᠥᠪᠡᠷ ᠦᠨ ᠲᠸᠢᠲᠲᠧᠷ ᠬᠠᠭᠤᠳᠠᠰᠤᠨ ᠳᠠᠭᠠᠨ 《ᠢᠩᠭᠢᠭᠡᠳ ᠮᠡᠷᠭᠡᠵᠢᠯ ᠦᠨ ᠪᠣᠻᠰᠴᠢᠨ ᠪᠣᠯᠤᠯ᠎ᠠ》 ᠬᠡᠮᠡᠨ ᠨᠡᠶᠢᠲᠡᠯᠡᠵᠦ᠂ ᠮᠡᠷᠭᠡᠵᠢᠯ ᠦᠨ ᠪᠣᠻᠰᠴᠢᠨ ᠤ ᠦᠨᠡᠮᠯᠡᠬᠦ ᠶᠢᠨ ᠢᠶᠡᠨ ᠵᠢᠷᠤᠭ ᠢ ᠲᠠᠯᠪᠢᠭᠰᠠᠨ ᠶᠤᠮ᠃ ᠮᠥᠨ ᠲᠡᠭᠦᠨ ᠦ ᠮᠡᠷᠭᠡᠵᠢᠯ ᠦᠨ ᠪᠣᠻᠰ ᠤᠨ ᠠᠯᠳᠠᠷᠲᠤ ᠳᠠᠰᠬᠠᠯᠵᠢᠭᠤᠯᠤᠭᠴᠢ ᠵᠣ ᠭᠦᠰᠰᠧᠨ ᠦ ᠤᠳᠤᠷᠢᠳᠤᠯᠭ᠎ᠠ ᠳᠤ ᠪᠡᠯᠡᠳᠬᠡᠯ ᠬᠢᠵᠦ ᠪᠤᠶ ᠪᠢᠴᠢᠯᠭᠡ ᠶᠦᠲ᠋ᠦᠪ ᠲᠤ ᠲᠠᠯᠪᠢᠭᠳᠠᠵᠡᠶ


No comments:

Post a Comment