Монгол бичгээ хэрэглэцгээе! Chrome, Internet Explorer, Safari хөтчөөр үзнэ үү!

"Шинэ зууны Монгол Улс" номын нээлтийн ажиллагаа боллоо

2015-01-19

《ᠰᠢᠨ᠎ᠡ ᠵᠠᠭᠤᠨ ᠤ ᠮᠣᠩᠭᠤᠯ ᠤᠯᠤᠰ》 ᠨᠣᠮ ᠤᠨ ᠨᠡᠭᠡᠭᠡᠯᠲᠡ ᠶᠢᠨ ᠠᠵᠢᠯᠯᠠᠭ᠎ᠠ ᠪᠣᠯᠤᠯ᠎ᠠ



ᠰᠠᠮᠳᠠᠨᠨᠢᠮ᠎ᠠ ᠶᠢᠨ ᠮᠥᠩᠬᠡᠴᠢᠯᠠᠭᠤᠨ | facebook.com



《ᠰᠢᠨ᠎ᠡ ᠵᠠᠭᠤᠨ ᠤ ᠮᠣᠩᠭᠤᠯ ᠤᠯᠤᠰ》 ᠨᠣᠮ ᠤᠨ ᠨᠡᠭᠡᠭᠡᠯᠲᠡ ᠶᠢᠨ ᠠᠵᠢᠯᠯᠠᠭ᠎ᠠ ᠪᠣᠯᠤᠯ᠎ᠠ᠃ ᠡᠨᠡᠬᠦ ᠨᠣᠮ ᠨᠢ ᠮᠣᠩᠭᠤᠯ ᠤᠯᠤᠰ ᠤᠨ ᠡᠷᠲᠡ ᠦᠶ᠎ᠡ ᠶᠢᠨ ᠪᠣᠯᠤᠨ ᠣᠷᠴᠢᠨ ᠴᠠᠭ ᠤᠨ ᠲᠡᠦᠬᠡ ᠶᠢ ᠳᠡᠯᠡᠬᠡᠶ ᠳᠠᠬᠢᠨ᠎ᠠ ᠲᠠᠷᠬᠠᠨ ᠰᠠᠭᠤᠭ᠎ᠠ ᠮᠣᠩᠭᠤᠯ ᠲᠤᠭᠤᠷᠭᠠᠲᠠᠨ ᠨᠤᠭᠤᠳ ᠲᠠᠭᠠᠨ ᠲᠠᠨᠢᠭᠤᠯᠬᠤ᠂ ᠮᠣᠩᠭᠤᠯ ᠪᠢᠴᠢᠭ ᠢ ᠲᠦᠭᠡᠭᠡᠨ ᠳᠡᠯᠭᠡᠷᠡᠭᠦᠯᠬᠦ᠂ ᠦᠨᠳᠦᠰᠦᠨ ᠦ ᠦᠶᠯᠡᠳᠪᠦᠷᠢᠯᠡᠯ ᠡᠷᠬᠢᠯᠡᠭᠴᠢᠳ ᠦᠨ ᠢᠶᠡᠨ ᠪᠦᠲᠦᠭᠡᠭᠳᠡᠭᠦᠨ ᠢ ᠮᠣᠩᠭᠤᠯ ᠲᠤᠭᠤᠷᠭᠠᠲᠠᠨ ᠨᠤᠭᠤᠳ ᠲᠠᠭᠠᠨ ᠲᠠᠨᠢᠯᠴᠠᠭᠤᠯᠵᠤ᠂ ᠤᠯᠠᠮ ᠢᠶᠠᠷ ᠭᠠᠳᠠᠭᠠᠳᠤ ᠶᠢᠨ ᠵᠠᠬ᠎ᠠ ᠵᠡᠭᠡᠯᠢ ᠳᠦ ᠭᠠᠷᠭᠠᠬᠤ ᠵᠡᠷᠭᠡ ᠥᠨᠳᠦᠷ ᠠᠴᠢ ᠬᠣᠯᠪᠤᠭᠳᠠᠯᠲᠠᠶ ᠨᠣᠮ ᠪᠣᠯᠤᠯ᠎ᠠ᠃ ᠮᠥᠨ ᠮᠣᠩᠭᠤᠯ ᠤᠯᠤᠰ ᠤᠨ ᠣᠷᠴᠢᠨ ᠴᠠᠭ ᠤᠨ ᠲᠡᠦᠬᠡ ᠶᠢᠨ ᠲᠠᠯ᠎ᠠ ᠪᠠᠷ ᠮᠣᠩᠭᠤᠯ ᠪᠢᠴᠢᠭ ᠢᠶᠡᠷ ᠬᠡᠪᠯᠡᠭᠳᠡᠨ ᠭᠠᠷᠴᠤ ᠪᠤᠶ ᠠᠩᠬᠠᠨ ᠤ ᠪᠦᠲᠦᠭᠡᠯ ᠶᠤᠮ᠃ 《ᠰᠢᠨ᠎ᠡ ᠵᠠᠭᠤᠨ ᠤ ᠮᠣᠩᠭᠤᠯ ᠤᠯᠤᠰ》 ᠨᠣᠮ ᠤᠨ ᠰᠠᠨᠠᠭᠠᠴᠢᠯᠠᠭᠴᠢ 《ᠨᠡᠷ᠎ᠡ ᠲᠥᠷᠦ᠂ ᠡᠷᠬᠢᠮᠰᠦᠭ ᠠᠮᠢᠳᠤᠷᠠᠯ》 ᠲᠥᠷᠦ ᠶᠢᠨ ᠪᠤᠰᠤ ᠪᠠᠶᠢᠭᠤᠯᠤᠯᠭ᠎ᠠ ᠶᠢᠨ ᠵᠠᠯᠠᠭᠤᠰ ᠮᠠᠨᠢ ᠨᠣᠮ ᠤᠨ ᠪᠣᠷᠤᠯᠠᠭᠤᠯᠤᠯᠲᠠ ᠶᠢᠨ ᠣᠷᠤᠯᠭ᠎ᠠ ᠪᠠᠷ ᠢᠶᠠᠨ 《ᠪᠠᠶᠢᠭᠠᠯᠢ ᠡᠬᠡ ᠳᠡᠯᠡᠬᠡᠶ ᠪᠡᠨ ᠠᠪᠤᠷᠠᠬᠤ ᠲᠩᠷᠢᠯᠢᠭ ᠠᠶᠠᠨ》 ᠤ ᠬᠦᠷᠢᠶᠡᠨ ᠳᠦ 100,000 ᠮᠣᠳᠤ ᠲᠠᠷᠢᠵᠤ᠂ ᠴᠥᠯᠵᠢᠯᠲᠡ ᠶᠢ ᠪᠠᠭᠤᠷᠠᠭᠤᠯᠬᠤ ᠠᠵᠢᠯ ᠢ ᠡᠬᠢᠯᠡᠭᠦᠯᠬᠦ ᠪᠡᠷ ᠲᠥᠯᠦᠪᠯᠡᠭᠡᠳ ᠪᠠᠶᠢᠭ᠎ᠠ ᠶᠤᠮ᠃ ᠢᠩᠭᠢᠭᠡᠳ ᠬᠦᠮᠦᠨ ᠵᠠᠶᠠᠭᠠᠨ ᠳᠤ ᠲᠥᠷᠦᠭᠡᠳ ᠬᠢᠬᠦ ᠶᠣᠰᠤᠲᠠᠶ 3 ᠪᠤᠶᠠᠨ ᠤ 2 ᠨᠢ ᠪᠣᠯᠬᠤ ᠨᠣᠮ ᠪᠥᠲᠦᠭᠡᠬᠦ᠂ ᠮᠣᠳᠤ ᠲᠠᠷᠢᠬᠤ ᠪᠤᠶᠠᠨ ᠢ ᠳᠡᠯᠭᠡᠷᠡᠭᠦᠯᠵᠦ ᠪᠠᠶᠢᠭ᠎ᠠ 《ᠨᠡᠷ᠎ᠡ ᠲᠥᠷᠦ᠂ ᠡᠷᠬᠢᠮᠰᠦᠭ ᠠᠮᠢᠳᠤᠷᠠᠯ》 ᠲᠥᠷᠦ ᠶᠢᠨ ᠪᠤᠰᠤ ᠪᠠᠶᠢᠭᠤᠯᠤᠯᠭ᠎ᠠ ᠶᠢᠨ ᠲᠡᠷᠢᠭᠦᠨ ᠳᠠᠮᠳᠢᠨᠰᠦ᠋ᠷᠦᠩ ᠦᠨ ᠨᠠᠷᠠᠨᠴᠣᠭᠲᠤ ᠠᠨᠳᠠ ᠳᠠᠭᠠᠨ ᠨᠣᠮ ᠤᠨ ᠴᠠᠭᠠᠨ ᠪᠤᠶᠠᠨ ᠨᠢ ᠤᠯᠠᠮ ᠶᠡᠬᠡ ᠠᠷᠪᠢᠵᠢᠬᠤ ᠶᠢᠨ ᠥᠯᠵᠡᠶ ᠲᠡᠶ ᠢᠷᠦᠭᠡᠯ ᠢ ᠡᠷᠭᠦᠨ ᠳᠡᠪᠰᠢᠭᠦᠯᠦᠶ᠎ᠡ⁉










No comments:

Post a Comment