Монгол бичгээ хэрэглэцгээе! Chrome, Internet Explorer, Safari хөтчөөр үзнэ үү!

Сар шинийн мэндчилгээ

2015-02-18

ᠴᠠᠭᠠᠨ ᠰᠠᠷ᠎ᠠ ᠶᠢᠨ ᠰᠢᠯᠢᠳᠡᠭ ᠮᠡᠨᠳᠦᠴᠢᠯᠡᠭᠡ ᠨᠦᠭᠦᠳ



ᠲᠠ ᠪᠦᠬᠦᠨ ᠳᠦ ᠢᠷᠡᠵᠦ ᠪᠤᠢ ᠬᠣᠨᠢ ᠵᠢᠯ ᠳᠦ ᠡᠷᠡᠭᠦᠯ ᠡᠩᠬᠡ ᠬᠠᠮᠤᠭ ᠤᠨ ᠰᠠᠶᠢᠨ ᠰᠠᠶᠢᠬᠠᠨ ᠪᠦᠬᠦᠨ ᠢ ᠬᠦᠰᠡᠭᠡᠳ᠂ ᠴᠠᠭᠠᠨ ᠰᠠᠷ᠎ᠠ ᠶᠢᠨ ᠰᠢᠯᠢᠳᠡᠭ ᠮᠡᠨᠳᠦᠴᠢᠯᠡᠭᠡ ᠨᠦᠭᠦᠳ ᠢ ᠬᠦᠷᠭᠡᠵᠦ ᠪᠠᠶᠢᠨ᠎ᠠ᠃ https://www.facebook.com





᠑᠂
ᠤᠷᠭᠤᠬᠤ ᠤᠯᠠᠭᠠᠨ ᠨᠠᠷᠠᠨ ᠠᠴᠠᠭᠠᠨ ᠴᠣᠭ ᠬᠡᠶᠢᠮᠣᠷᠢ ᠶᠢᠨ ᠢᠯᠴᠢ ᠶᠢ ᠠᠪᠴᠤ
ᠠᠭᠤᠳᠠᠮ ᠬᠥᠬᠡ ᠲᠩᠷᠢ ᠡᠴᠡᠭᠡᠨ ᠠᠭᠤᠵᠢᠷᠠᠯ ᠤᠬᠠᠭᠠᠷᠠᠯ ᠤᠨ ᠤᠬᠠᠭᠠᠨ ᠢᠶᠠᠨ ᠰᠡᠯᠪᠢᠵᠦ
ᠤᠴᠠᠷᠠᠨ ᠵᠣᠯᠭᠠᠬᠤ ᠬᠦᠮᠦᠨ ᠪᠦᠷᠢ ᠳᠡᠭᠡᠨ ᠰᠡᠳᠬᠢᠯ ᠦᠨ ᠰᠠᠶᠢᠬᠠᠨ ᠦᠭᠡ ᠶᠢ ᠪᠡᠯᠡᠭᠯᠡᠵᠦ
ᠤᠷᠭᠤᠵᠤ ᠪᠠᠶᠢᠭ᠎ᠠ ᠰᠢᠨ᠎ᠡ ᠵᠢᠯ ᠳᠡᠭᠡᠨ ᠰᠠᠶᠢᠬᠠᠨ ᠰᠢᠨᠡᠯᠡᠭᠡᠷᠡᠢ

᠒᠂
ᠨᠠᠶᠮᠠᠨ ᠵᠠᠭᠤᠨ ᠤ ᠲᠡᠦᠬᠡ ᠶᠢ
ᠨᠠᠷᠠ ᠵᠥᠪ ᠬᠤᠷᠤᠶᠢᠯᠠᠭᠰᠠᠨ
ᠨᠠᠮᠬᠠᠨ ᠬᠦᠯᠦᠭ ᠢᠶᠡᠨ ᠤᠨᠠᠵᠤ
ᠳᠡᠯᠡᠬᠡᠢ ᠵᠤᠯᠠᠢ ᠳᠤ ᠣᠮᠤᠭᠰᠢᠭᠰᠠᠨ
ᠨᠠᠷᠠᠨ ᠰᠦᠯᠳᠡ ᠲᠡᠢ ᠮᠣᠩᠭᠣᠯ ᠲᠦᠮᠡᠨ ᠮᠢᠨᠢ ᠮᠣᠷᠢ ᠵᠢᠯ ᠢᠶᠡᠨ ᠦᠳᠡᠵᠦ
ᠨᠠᠰᠤᠲᠠᠨ ᠪᠤᠭᠤᠷᠤᠯ ᠢᠶᠠᠨ ᠴᠡᠩᠭᠡᠭᠦᠯᠦᠨ ᠬᠣᠨᠢ ᠵᠢᠯ ᠢᠶᠡᠨ ᠤᠭᠲᠤᠵᠤ ᠪᠠᠶᠢᠨ᠎ᠠ
ᠨᠠᠷᠠᠨ ᠬᠤᠷᠤᠶᠢᠯᠠᠵᠤ ᠴᠡᠩᠭᠡᠯᠳᠦᠬᠦ ᠳᠡᠯᠡᠬᠡᠢ ᠳᠦ ᠭᠠᠭᠴᠠᠬᠠᠨ ᠮᠣᠩᠭᠣᠯ ᠵᠠᠶᠠᠭ᠎ᠠ
ᠨᠠᠷᠠᠨ ᠲᠣᠭᠣᠷᠢᠭ ᠲᠤ ᠠᠯᠳᠠᠷᠠᠬᠤ ᠦᠭᠡᠢ ᠡᠵᠡᠨ ᠴᠢᠩᠭᠢᠰ ᠦᠨ ᠤᠭᠰᠠᠭ᠎ᠠ
ᠰᠠᠭᠠᠷᠠᠰᠢ ᠦᠭᠡᠢ ᠰᠠᠶᠢᠨ ᠢ ᠪᠡᠯᠭᠡᠯᠡᠬᠦ ᠡᠴᠢᠭᠡ ᠳᠡᠭᠡᠳᠦᠰ ᠦᠨ ᠵᠠᠩᠰᠢᠯ ᠲᠠᠢ
ᠰᠠᠶᠢᠬᠠᠨ ᠪᠦᠬᠦᠨ ᠢ ᠢᠷᠦᠭᠡᠬᠦ ᠡ᠊ᠩᠬᠡ ᠮᠡᠨᠳᠦ ᠶᠢᠨ ᠤᠴᠠᠷᠠᠯᠲᠠᠢ
ᠮᠣᠩᠭᠣᠯ ᠲᠦᠮᠡᠨ ᠮᠢᠨᠢ ᠰᠠᠷ᠎ᠠ ᠰᠢᠨ᠎ᠡ ᠳᠡᠭᠡᠨ ᠰᠠᠶᠢᠬᠠᠨ ᠰᠢᠨᠡᠯᠡᠭᠡᠷᠡᠢ᠃

᠓᠂
ᠠᠮᠠᠨ ᠳᠤᠨᠢ ᠠᠮᠤᠷ ᠮᠡᠨᠳᠦ ᠪᠢᠯᠬᠠᠵᠤ
ᠠᠳᠬᠤᠨ ᠳᠤᠨᠢ ᠠᠵᠠ ᠶᠢᠨ ᠳᠥᠷᠪᠡᠨ ᠪᠡᠷᠬᠡ ᠪᠠᠭᠲᠠᠴᠤ
ᠠᠶᠢᠯ ᠭᠡᠷ ᠲᠦ ᠲᠠᠨᠢ ᠢᠨᠢᠶᠡᠳᠦ ᠬᠥᠷ ᠴᠠᠯᠭᠢᠵᠤ
ᠠᠮᠤᠷ ᠰᠠᠶᠢᠬᠠᠨ ᠰᠢᠨᠡᠯᠡᠭᠡᠷᠡᠢ

᠔᠂
ᠬᠠᠲᠠᠭᠤ ᠡᠪᠦᠯ ᠬᠠᠷᠢᠵᠤ᠂ ᠤᠷᠢᠨ ᠬᠠᠪᠤᠷ ᠠᠶᠢᠰᠤᠢ
ᠬᠠᠮᠤᠭ ᠪᠡᠷᠬᠡᠰᠢᠶᠡᠯ ᠦᠯᠡᠳᠡᠵᠦ᠂ ᠤᠭᠲᠤᠬᠤ ᠪᠠᠶᠠᠷ ᠠᠶᠢᠰᠤᠢ
ᠪᠤᠭᠤᠷᠤᠯ ᠵᠢᠯ ᠤᠯᠠᠷᠢᠵᠤ᠂ ᠪᠤᠶᠠᠨᠲᠠᠢ ᠵᠢᠯ ᠮᠣᠷᠢᠯᠠᠬᠤ ᠨᠢ
ᠡᠪᠦᠭᠡᠨ ᠵᠢᠯ ᠬᠠᠷᠢᠵᠤ᠂ ᠥᠯᠵᠡᠶᠢᠲᠦ ᠵᠢᠯ ᠵᠣᠯᠭᠠᠬᠤ ᠨᠢ
ᠳᠣᠷᠣᠨ᠎ᠠ ᠶᠢᠨ ᠵᠢᠷᠤᠬᠠᠢ ᠪᠠᠷ ᠮᠥᠷ ᠢᠶᠡᠨ ᠭᠠᠷᠭᠠᠵᠤ
ᠳᠣᠯᠣᠭᠠᠨ ᠪᠤᠷᠬᠠᠨ ᠳᠠᠭᠠᠨ ᠳᠡᠭᠡᠵᠢ ᠪᠡᠨ ᠡᠷᠭᠦᠵᠦ
ᠳᠡᠭᠡᠳᠦᠰ ᠡᠪᠦᠭᠡᠳ ᠲᠡᠭᠡᠨ ᠬᠦᠨᠳᠦᠳᠬᠡᠨ ᠵᠣᠯᠭᠠᠵᠤ
ᠳᠦᠭᠦᠷᠡᠩ ᠵᠢᠷᠭᠠᠯᠲᠠᠢ ᠲᠦᠪᠰᠢᠨ ᠠᠮᠤᠭᠤᠯᠠᠩ
ᠰᠠᠷ᠎ᠠ ᠰᠢᠨ᠎ᠡ ᠳᠭᠡᠨ ᠰᠠᠶᠢᠬᠠᠨ ᠰᠢᠨᠡᠯᠡᠭᠡᠷᠡᠢ

᠕᠂
ᠳᠡᠯᠭᠡᠷ ᠰᠠᠶᠢᠬᠠᠨ ᠰᠡᠳᠬᠢᠯ ᠲᠡᠢ
ᠳᠡᠪᠡᠯ ᠪᠥᠰᠡᠨ ᠭᠣᠶᠣᠯ ᠲᠠᠢ
ᠳᠡᠯᠡᠬᠡᠢ ᠲᠡᠨᠢᠢᠮ᠎ᠡ ᠪᠠᠶᠠᠰᠬᠤᠯᠠᠩ ᠲᠠᠢ
ᠳᠡᠭᠡᠳᠦᠰ ᠨᠢᠯᠬᠠᠰ ᠲᠤ ᠪᠡᠯᠡᠭ ᠲᠡᠢ
ᠬᠣᠶᠢᠮᠣᠷ ᠲᠠᠭᠠᠨ ᠨᠠᠷᠠᠨ ᠤ ᠪᠤᠷᠬᠠᠳ ᠲᠠᠢ
ᠬᠠᠵᠠᠭᠤ ᠳᠭᠠᠨ ᠨᠠᠰᠤᠨ ᠤ ᠪᠤᠷᠬᠠᠨ ᠲᠠᠢ
ᠡᠷᠡᠭᠦᠯ ᠡ᠊ᠩᠬᠡ ᠰᠠᠷᠠᠭᠤᠯ ᠰᠠᠶᠢᠬᠠᠨ
ᠡᠷᠴᠢ ᠳᠦᠭᠦᠷᠡᠩ ᠰᠡᠳᠬᠢᠯ ᠲᠦᠪᠰᠢᠨ
ᠰᠠᠷ᠎ᠠ ᠰᠢᠨ᠎ᠡ ᠳᠭᠡᠨ ᠰᠠᠶᠢᠬᠠᠨ ᠰᠢᠨᠡᠯᠡᠭᠡᠷᠡᠢ᠃

᠖᠂
ᠰᠢᠵᠢᠷ ᠰᠠᠴᠤᠷᠠᠭᠲᠤ ᠨᠠᠷᠠ ᠪᠠᠨ ᠳᠡᠯᠡᠬᠡᠢ ᠲᠣᠭᠣᠷᠢᠵᠤ ᠨᠠᠰᠤ ᠨᠡᠮᠡᠭᠰᠡᠨ ᠦ ᠳᠠᠩ ᠪᠠᠶᠠᠷ
ᠰᠢᠳᠡᠷᠡᠭᠦᠨ ᠮᠥᠩᠭᠥᠨ ᠡᠪᠦᠯ ᠢ ᠥᠩᠲᠡᠢ ᠳᠠᠪᠠᠭᠰᠠᠨ ᠤ ᠳᠠᠪᠬᠤᠷ ᠪᠠᠶᠠᠷ
ᠰᠢᠨᠡᠬᠡᠨ ᠴᠡᠴᠡᠭᠯᠡᠬᠦ ᠬᠠᠪᠤᠷ ᠲᠠᠢ ᠡ᠊ᠩᠬᠡ ᠵᠣᠯᠭᠠᠭᠰᠠᠨ ᠤ ᠭᠤᠷᠪᠠᠯᠠᠭᠰᠠᠨ ᠪᠠᠶᠠᠷ
ᠰᠢᠨ᠎ᠡ ᠶᠢᠨ ᠨᠢᠭᠡᠨ ᠭᠡᠮᠡᠨ ᠡ᠊ᠩᠨᠡᠨ ᠳᠠᠪᠬᠤᠴᠠᠭᠰᠠᠨ ᠳᠥᠷᠪᠡᠨ ᠪᠠᠶᠠᠷ ᠢᠶᠠᠨ ᠰᠠᠶᠢᠬᠠᠨ ᠲᠡᠮᠳᠡᠭᠯᠡᠭᠡᠷᠡᠢ᠃

᠗᠂
ᠦᠢᠯᠡᠰ ᠪᠦᠲᠦᠭᠡᠯ ᠨᠢ ᠮᠣᠨᠤᠰᠤ ᠴᠡᠴᠡᠭ ᠦᠨ ᠳᠡᠯᠪᠢ ᠰᠢᠭ᠋ ᠳᠡᠯᠭᠡᠷᠡᠵᠦ
ᠦᠷ᠎ᠡ ᠤᠳᠤᠮ ᠽᠠᠨᠳᠠᠨ ᠮᠣᠳᠣᠨ ᠤ ᠮᠦᠴᠢᠷ ᠰᠢᠭ᠋ ᠡᠷᠡᠭᠦᠯ ᠴᠢᠭᠢᠷᠠᠭ ᠲᠣᠷᠨᠢᠵᠤ
ᠶᠠᠭᠤ ᠰᠠᠨᠠᠭᠰᠠᠨ ᠶᠢᠰᠦᠨ ᠴᠠᠭᠠᠨ ᠬᠦᠰᠡᠯ ᠨᠢ ᠪᠡᠶᠡᠯᠡᠨ
ᠪᠤᠶᠠᠨ ᠵᠠᠶᠠᠭ᠎ᠠ ᠨᠢ ᠪᠤᠯᠠᠭ ᠮᠡᠲᠦ ᠳᠦᠭᠦᠷᠡᠩ ᠬᠤᠷᠠᠵᠤ ᠪᠠᠶᠢᠬᠤ ᠶᠢᠨ ᠢᠷᠦᠭᠡᠯ ᠢ ᠡᠷᠭᠦᠨ ᠳᠡᠪᠰᠢᠭᠦᠯᠦᠶ᠎ᠡ᠃
ᠰᠠᠷ᠎ᠠ ᠰᠢᠨ᠎ᠡ ᠳᠡᠭᠡᠨ ᠰᠠᠶᠢᠬᠠᠨ ᠰᠢᠨᠡᠯᠡᠭᠡᠷᠡᠢ᠃

᠘᠂
ᠲᠥᠷᠥᠯ ᠢᠶᠡᠷ ᠢᠶᠡᠨ ᠲᠦᠪᠰᠢᠨ ᠠᠮᠤᠭᠤᠯᠠᠩ
ᠡᠯᠢᠭᠡ ᠪᠡᠷ ᠢᠶᠡᠨ ᠡ᠊ᠩᠬᠡ ᠠᠮᠤᠭᠤᠯᠠᠩ
ᠲᠥᠷᠥ ᠤᠯᠠᠰ ᠢᠶᠠᠷ ᠢᠶᠠᠨ ᠡᠯᠪᠡᠭ ᠳᠡᠯᠪᠡᠭ
ᠲᠥᠷᠥᠯ ᠰᠠᠳᠤᠨ ᠬᠣᠲᠠᠯᠠ ᠪᠠᠷ ᠢᠶᠠᠨ ᠰᠠᠶᠢᠬᠠᠨ ᠰᠢᠨᠡᠯᠡᠵᠡᠭᠡᠭᠡᠷᠡᠢ⁉

᠙᠂
ᠪᠤᠶᠠᠨ ᠨᠣᠮ ᠤᠨ ᠭᠡᠭᠡ ᠲᠣᠭᠣᠨᠤ ᠪᠠᠷ ᠴᠢᠨᠢ ᠰᠠᠴᠤᠷᠠᠵᠤ
ᠪᠤᠷᠬᠠᠳ ᠢᠨᠢᠶᠡᠮᠰᠦᠭᠯᠡᠨ ᠬᠠᠭᠠᠯᠭᠠᠨ ᠳᠡᠭᠡᠷ᠎ᠡ ᠴᠢᠨᠢ ᠪᠠᠭᠤᠵᠤ
ᠪᠤᠭᠤᠷᠤᠯ ᠡᠪᠦᠭᠡᠳ ᠬᠠᠯᠠᠭᠤᠨ ᠠᠮᠠ ᠪᠦᠯᠢ ᠪᠡᠷ ᠢᠶᠡᠷ ᠴᠤᠭᠯᠠᠨ
ᠪᠦᠬᠦᠨ ᠡᠴᠡ ᠡᠯᠪᠡᠭ ᠰᠠᠶᠢᠬᠠᠨ ᠰᠢᠨᠡᠯᠡᠭᠡᠷᠡᠢ

᠑᠐᠂
ᠳᠡᠭᠡᠷ᠎ᠡ ᠪᠡᠨ ᠲᠩᠷᠢ ᠶᠢᠨ ᠨᠠᠷᠠᠨ ᠲᠠᠢ
ᠳᠡᠷᠭᠡᠳᠡ ᠪᠡᠨ ᠬᠠᠨᠢ ᠶᠢᠨ ᠨᠠᠷᠠᠨ ᠲᠠᠢ
ᠡᠪᠦᠷ ᠳᠡᠭᠡᠷ᠎ᠡ ᠪᠡᠨ ᠦᠷ᠎ᠡ ᠶᠢᠨ ᠨᠠᠷᠠᠨ ᠲᠠᠢ
ᠥᠭᠡᠳᠡᠯᠡᠨ ᠳᠡᠪᠰᠢᠵᠦ᠂ ᠥᠭᠰᠦᠨ ᠳᠡᠪᠵᠢᠵᠦ ᠶᠠᠪᠤᠭᠠᠷᠠᠢ

᠑᠑᠂
ᠳᠣᠷᠣᠨ᠎ᠠ ᠶᠢᠨ ᠵᠢᠷᠤᠬᠠᠢ ᠪᠠᠷ ᠮᠥᠷ ᠢᠶᠡᠨ ᠭᠠᠷᠭᠠᠵᠤ
ᠳᠣᠯᠣᠭᠠᠨ ᠪᠤᠷᠬᠠᠨ ᠳᠠᠭᠠᠨ ᠳᠡᠭᠡᠵᠢ ᠪᠡᠨ ᠡᠷᠭᠦᠵᠦ
ᠳᠡᠭᠡᠳᠦᠰ ᠡᠪᠦᠭᠡᠳ ᠲᠡᠭᠡᠨ ᠬᠦᠨᠳᠦᠳᠬᠡᠨ ᠵᠣᠯᠭᠠᠵᠤ
ᠳᠦᠭᠦᠷᠡᠩ ᠵᠢᠷᠭᠠᠯᠲᠠᠢ ᠲᠦᠪᠰᠢᠨ ᠠᠮᠤᠭᠤᠯᠠᠩ
ᠲᠠᠪᠠᠭ ᠣᠪᠣᠭᠠᠯᠠᠨ ᠢᠳᠡᠭᠡ ᠲᠡᠢ᠂ ᠴᠠᠷ᠎ᠠ ᠪᠠᠨ ᠪᠦᠷᠬᠦᠭᠰᠡᠨ ᠤᠭᠤᠴᠠ ᠲᠠᠢ
ᠵᠢᠩᠨᠡᠭᠦᠷ ᠳᠦᠭᠦᠷᠡᠩ ᠪᠤᠤᠵᠠ ᠲᠠᠢ᠂ ᠵᠦᠩᠵᠡ ᠬᠠᠯᠢᠭᠰᠠᠨ ᠰᠠᠷᠬᠤᠳ ᠲᠠᠢ
ᠡᠯᠢᠭᠡ ᠪᠡᠷ ᠢᠶᠡᠨ ᠡ᠊ᠩᠬᠡ ᠠᠮᠤᠭᠤᠯᠠᠩ᠂ ᠲᠥᠷᠥᠯ ᠢᠶᠡᠷ ᠢᠶᠡᠨ ᠲᠦᠪᠰᠢᠨ ᠵᠢᠷᠭᠠᠯᠲᠠᠢ
ᠰᠠᠷ᠎ᠠ ᠰᠢᠨ᠎ᠡ ᠳᠡᠭᠡᠨ ᠰᠠᠶᠢᠬᠠᠨ ᠰᠢᠨᠡᠯᠡᠭᠡᠷᠡᠢ
ᠬᠣᠨᠢ ᠵᠢᠯ ᠳᠡᠭᠡᠨ ᠪᠠᠶᠠᠰᠤᠯ ᠳᠦᠭᠦᠷᠡᠩ ᠠᠭᠤᠯᠵᠠᠶ᠎ᠡ

᠑᠒᠂
ᠰᠠᠷᠠᠨ ᠬᠡᠯᠪᠡᠷᠢᠲᠡᠢ ᠮᠠᠯᠠᠭᠠᠢ ᠪᠠᠷ ᠲᠡᠷᠢᠭᠦᠨ ᠶᠤᠭᠠᠨ ᠭᠣᠶᠣᠭᠠᠳ
ᠰᠠᠶᠢᠬᠠᠨ ᠵᠢᠯ ᠦᠨ ᠥᠷᠯᠥᠭᠡ ᠶᠢ ᠠᠮᠤᠷ ᠮᠡᠨᠳᠦ ᠤᠭᠲᠤᠭᠠᠳ
ᠠᠭᠠᠭᠲᠠᠢ ᠰᠢᠷᠭᠠᠯ ᠴᠠᠢ ᠨᠠᠷᠠᠨ ᠤ ᠲᠤᠶᠠᠭ᠎ᠠ ᠲᠠᠢ ᠰᠠᠮᠤᠷᠴᠤ
ᠠᠯᠲᠠᠨ ᠲᠥᠷᠥ ᠶᠢᠨ ᠰᠦᠯᠳᠡ ᠲᠡᠢ ᠬᠣᠶᠢᠮᠣᠷ ᠤᠨ ᠪᠤᠷᠬᠠᠨ ᠳᠠᠭᠠᠨ ᠳᠡᠭᠡᠵᠢᠯᠡᠭᠡᠳ
ᠢᠷᠡᠬᠦ ᠵᠢᠯ ᠦᠨ ᠲᠥᠭᠡᠷᠭᠡ ᠶᠢ ᠢᠲᠡᠭᠡᠯ ᠦᠨ ᠥᠩᠭᠡ ᠪᠡᠷ ᠰᠦᠯᠡᠵᠦ
ᠢᠳᠡᠭᠡ ᠰᠢᠭᠦᠰᠦᠨ ᠦ ᠪᠡᠨ ᠳᠡᠷᠭᠡᠳᠡ ᠡᠷᠬᠢᠮᠰᠦᠭ ᠵᠠᠯᠠᠷᠠᠬᠤ ᠠᠪᠤ ᠡᠵᠢ ᠳᠡᠭᠡᠨ
ᠲᠩᠷᠢ ᠶᠢᠨ ᠥᠩᠭᠡᠲᠡᠢ ᠬᠠᠳᠠᠭ ᠢᠶᠠᠷ ᠢᠷᠦᠭᠡᠯ ᠵᠣᠯᠭᠠᠵᠤ ᠦᠨᠦᠰᠦᠭᠦᠯᠦᠭᠡᠷᠡᠢ
ᠲᠡᠷᠢᠭᠦᠨ ᠰᠠᠷ᠎ᠠ ᠶᠢᠨ ᠰᠢᠨ᠎ᠡ ᠶᠢᠨ ᠨᠢᠭᠡᠨ ᠳᠡᠭᠡᠨ ᠡ᠊ᠩᠬᠡ ᠮᠡᠨᠳᠦ ᠵᠣᠯᠭᠠᠭᠠᠷᠠᠢ

᠑᠓᠂
ᠮᠥᠩᠭᠥᠨ ᠬᠥᠬᠡ ᠲᠩᠷᠢ ᠪᠡᠨ ᠰᠢᠲᠦᠨ ᠬᠤᠪᠢ ᠵᠠᠶᠠᠭ᠎ᠠ ᠶᠤᠭᠠᠨ ᠳᠠᠭᠠᠳᠬᠠᠵᠤ
ᠮᠥᠩᠭᠥᠨ ᠰᠠᠷᠠᠨ ᠤ ᠲᠣᠭᠣᠷᠢᠭ ᠢᠶᠠᠷ ᠴᠠᠭ ᠬᠤᠭᠤᠴᠠᠭ᠎ᠠ ᠪᠠᠨ ᠬᠡᠮᠵᠢᠶ᠎ᠡ
ᠬᠠᠳᠠᠭ ᠴᠡᠩᠬᠡᠷ ᠲᠩᠷᠢ ᠶᠢ ᠡᠪᠬᠡᠨ ᠵᠣᠯᠭᠠᠬᠤ ᠤᠴᠠᠷᠠᠯ ᠳᠡᠭᠡᠷ᠎ᠡ
ᠬᠠᠲᠤᠨ ᠡᠪᠦᠯ ᠦᠨ ᠵᠢᠪᠠᠷ ᠢ ᠤᠶᠠᠷᠠᠭᠠᠨ ᠵᠣᠯᠭᠠᠬᠤ ᠢᠷᠦᠭᠡᠯ ᠢᠶᠡᠷ
ᠪᠤᠭᠤᠷᠤᠯ ᠡᠪᠦᠭᠡᠳ ᠬᠠᠯᠠᠭᠤᠨ ᠠᠮᠠ ᠪᠦᠯᠢ ᠪᠡᠷ ᠢᠶᠡᠨ
ᠪᠤᠶᠠᠨ ᠵᠠᠶᠠᠭ᠎ᠠ ᠶᠤᠭᠠᠨ ᠲᠡᠭᠰᠢᠳᠬᠡᠨ
ᠪᠦᠬᠦᠨ ᠡᠴᠡ ᠡᠯᠪᠡᠭ ᠰᠠᠶᠢᠬᠠᠨ ᠰᠢᠨᠡᠯᠡᠭᠡᠷᠡᠢ

᠑᠔᠂
ᠵᠢᠷᠠᠨ ᠵᠢᠷᠠᠨ ᠤ ᠲᠡᠦᠬᠡ ᠵᠢᠷᠭᠠᠯ ᠬᠤᠷᠤᠶᠢᠯᠠᠵᠤ ᠤᠤᠬᠠᠶᠢᠯᠠᠨ᠎ᠠ
ᠵᠢᠭᠠᠬᠠᠨ ᠰᠢᠷᠭ᠎ᠠ ᠶᠢᠨ ᠠᠶᠠᠯᠭᠤ ᠶᠢ ᠭᠡᠭᠢᠯᠵᠡᠭᠦᠯᠦᠰᠬᠢᠭᠡᠳ ᠤᠶᠠᠷᠠᠭᠤᠯᠤᠨ᠎ᠠ
ᠵᠢᠪᠠᠷ ᠰᠠᠯᠬᠢᠨ ᠤ ᠦᠵᠦᠭᠦᠷ ᠢ ᠠᠩᠬᠠᠨ ᠤ ᠲᠥᠯᠦ ᠠᠮᠢᠷᠯᠠᠭᠤᠯᠤᠨ᠎ᠠ
ᠵᠢᠯᠠᠭ᠎ᠠ ᠶᠢᠨ ᠴᠠᠰᠤ ᠶᠢ ᠰᠡᠬᠦᠵᠦ ᠢᠷᠭᠤᠢ ᠶᠢᠨ ᠵᠡᠭᠦᠳᠦ ᠥᠨᠳᠡᠯᠵᠡᠨ᠎ᠡ
ᠭᠠᠷᠲᠠᠮ᠎ᠠ ᠮᠠᠨᠤᠨ ᠬᠥᠬᠦᠦᠷ ᠢ ᠭᠣᠯᠣᠮᠲᠠ ᠲᠣᠭᠣᠷᠢᠭᠤᠯᠤᠨ ᠵᠥᠷᠢᠭᠦᠯᠦᠭᠡᠳ
ᠭᠠᠷᠴᠤ ᠪᠠᠶᠢᠭ᠎ᠠ ᠵᠢᠯ ᠦᠨ ᠥᠩᠭᠡ ᠲᠥᠷᠬᠥ ᠶᠢ ᠬᠡᠯᠡᠯᠴᠡᠨ᠎ᠡ ᠤᠤ
ᠭᠠᠳᠠᠭ᠎ᠠ ᠭᠡᠷ ᠲᠦ ᠭᠣᠶᠣ ᠳᠡᠪᠡᠯ ᠲᠡᠢ ᠬᠡᠦᠬᠡᠳ ᠦᠳ ᠲᠣᠭᠯᠠᠭᠠᠳ
ᠭᠠᠭᠴᠠᠬᠠᠨ ᠮᠣᠩᠭᠣᠯ ᠣᠷᠣᠨ ᠤ ᠲᠩᠷᠢ ᠬᠠᠩᠭᠠᠢ ᠤᠶᠠᠷᠠᠨ᠎ᠠ ᠤᠤ
ᠲᠩᠷᠢ ᠶᠢᠨ ᠥᠩᠭᠡᠲᠡᠢ ᠬᠠᠳᠠᠭ ᠢᠶᠠᠷ ᠢᠷᠦᠭᠡᠯ ᠵᠣᠯᠭᠠᠵᠤ ᠦᠨᠦᠰᠦᠭᠦᠯᠦᠶ᠎ᠡ
ᠲᠡᠷᠢᠭᠦᠨ ᠰᠠᠷ᠎ᠠ ᠶᠢᠨ ᠰᠢᠨ᠎ᠡ ᠶᠢᠨ ᠨᠢᠭᠡᠨ ᠦ ᠡ᠊ᠩᠬᠡ ᠮᠡᠨᠳᠦ ᠶᠢ ᠡᠷᠢᠶ᠎ᠡ

᠑᠕᠂
ᠤᠷᠭᠤᠬᠤ ᠤᠯᠠᠭᠠᠨ ᠨᠠᠷᠠᠨ ᠠᠴᠠ ᠤᠯᠠᠮ ᠡᠷᠴᠢ ᠬᠦᠴᠦ ᠶᠢ ᠠᠪᠴᠤ
ᠠᠭᠤᠯᠵᠠᠯᠲᠠ ᠪᠦᠷᠢ ᠳᠦ ᠲᠡᠭᠦᠨ ᠶᠦᠭᠡᠨ ᠤᠯᠠᠮ ᠢᠯᠡᠭᠦᠦ ᠪᠠᠶᠠᠵᠢᠭᠤᠯᠵᠤ
ᠤᠴᠠᠷᠠᠬᠤ ᠪᠥᠷᠢ ᠳᠡᠭᠡᠨ ᠬᠡᠨ ᠨᠢᠭᠡᠨ ᠳᠡᠭᠡᠨ ᠤᠷᠮ᠎ᠠ ᠶᠢᠨ ᠦᠭᠡ ᠬᠠᠶᠢᠷᠠᠯᠠᠵᠤ
ᠤᠭᠲᠤᠨ ᠢᠷᠡᠵᠦ ᠪᠤᠢ ᠰᠢᠨ᠎ᠡ ᠣᠨ ᠳᠠᠭᠠᠨ
ᠤᠷᠤᠭ ᠲᠥᠷᠥᠯ ᠢᠶᠡᠨ ᠪᠠᠷᠢᠯᠴᠠᠵᠤ
ᠲᠣᠭᠣᠨᠣᠲᠤ ᠭᠡᠷ ᠲᠦ ᠳᠡᠷ᠎ᠡ ᠪᠡᠨ ᠨᠡᠶᠢᠯᠡᠭᠦᠯᠵᠦ
ᠲᠣᠰᠤ ᠲᠠᠢ ᠲᠣᠭᠣᠭᠠᠨ ᠳᠠᠭᠠᠨ ᠮᠢᠬ᠎ᠠ ᠪᠠᠨ ᠢᠳᠡᠵᠦ
ᠬᠣᠶᠠᠷ ᠢᠳᠡᠬᠦ ᠦᠭᠡᠢ ᠴᠤ ᠬᠣᠭᠣᠰᠣᠨ ᠬᠠᠶᠠ ᠬᠣᠨᠣᠵᠤ
ᠬᠣᠯᠠ ᠭᠠᠵᠠᠷ ᠶᠠᠪᠤᠪᠠᠴᠤ ᠬᠣᠶᠠᠷ ᠪᠡᠶ᠎ᠡ ᠪᠡᠨ ᠬᠠᠭᠤᠷᠬᠤ ᠦᠭᠡᠢ
ᠵᠠᠯᠠᠭᠤ ᠰᠠᠶᠢᠬᠠᠨ ᠬᠣᠣᠰ ᠤᠳ ᠪᠣᠯᠤᠭᠠᠷᠠᠢ

᠑᠖᠂
ᠶᠢᠰᠦᠨ ᠲᠣᠪᠴᠢ ᠲᠠᠢ ᠳᠡᠪᠡᠯ ᠢᠶᠡᠨ ᠡᠪᠬᠡᠭᠡᠰᠦ ᠶᠢ ᠨᠢ ᠭᠠᠷᠭᠠᠵᠤ ᠡᠮᠦᠰᠦᠭᠡᠳ
ᠨᠠᠷᠠᠨ ᠤ ᠥᠩᠭᠡᠲᠡᠢ ᠳᠤᠷᠳᠤᠩ ᠢ ᠵᠥᠪ ᠡᠷᠭᠢᠭᠦᠯᠵᠦ ᠪᠥᠰᠡᠯᠡᠭᠡᠳ
ᠰᠠᠷᠠᠨ ᠬᠡᠯᠪᠡᠷᠢᠲᠡᠢ ᠮᠠᠯᠠᠭᠠᠢ ᠪᠠᠷ ᠲᠡᠷᠢᠭᠦᠨ ᠶᠦᠭᠡᠨ ᠭᠣᠶᠣᠭᠠᠳ
ᠰᠠᠶᠢᠬᠠᠨ ᠵᠢᠯ ᠦᠨ ᠥᠷᠯᠥᠭᠡ ᠶᠢ ᠠᠮᠤᠷ ᠮᠡᠨᠳᠦ ᠤᠭᠲᠤᠭᠠᠳ
ᠠᠭᠠᠭᠲᠠᠢ ᠰᠢᠷᠭᠠᠯ ᠴᠠᠢ ᠨᠠᠷᠠᠨ ᠤ ᠲᠤᠶᠠᠭ᠎ᠠ ᠲᠠᠢ ᠰᠠᠮᠤᠷᠴᠤ
ᠠᠯᠲᠠᠨ ᠲᠥᠷᠥ ᠶᠢᠨ ᠰᠦᠯᠳᠡ ᠲᠡᠢ ᠬᠣᠶᠢᠮᠣᠷ ᠤᠨ ᠪᠤᠷᠬᠠᠨ ᠳᠠᠭᠠᠨ ᠳᠡᠭᠡᠵᠢᠯᠡᠭᠡᠳ
ᠢᠷᠡᠬᠦ ᠵᠢᠯ ᠦᠨ ᠲᠥᠭᠡᠷᠭᠡ ᠶᠢ ᠢᠲᠡᠭᠡᠯ ᠦᠨ ᠥᠩᠭᠡ ᠪᠡᠷ ᠰᠦᠯᠡᠵᠦ
ᠢᠳᠡᠭᠡ ᠰᠢᠭᠦᠰᠦᠨ ᠦ ᠪᠡᠨ ᠳᠡᠷᠭᠡᠳᠡ ᠡᠷᠬᠢᠮᠰᠦᠭ ᠵᠠᠯᠠᠷᠠᠬᠤ ᠠᠪᠤ ᠡᠵᠢ ᠳᠡᠭᠡᠨ
ᠲᠩᠷᠢ ᠶᠢᠨ ᠥᠩᠭᠡᠲᠡᠢ ᠬᠠᠳᠠᠭ ᠢᠶᠠᠷ ᠢᠷᠦᠭᠡᠯ ᠵᠣᠯᠭᠠᠵᠤ ᠦᠨᠦᠰᠦᠭᠦᠯᠦᠭᠡᠷᠡᠢ
ᠲᠡᠷᠢᠭᠦᠨ ᠰᠠᠷ᠎ᠠ ᠶᠢᠨ ᠰᠢᠨ᠎ᠡ ᠶᠢᠨ ᠨᠢᠭᠡᠨ ᠳᠡᠭᠡᠨ ᠡ᠊ᠩᠬᠡ ᠮᠡᠨᠳᠦ ᠵᠣᠯᠭᠠᠵᠤ᠂ ᠰᠠᠷ᠎ᠠ ᠰᠢᠨ᠎ᠡ ᠳᠡᠭᠡᠨ ᠰᠠᠶᠢᠬᠠᠨ ᠰᠢᠨᠡᠯᠡᠭᠡᠷᠡᠢ

᠑᠗᠂
ᠤᠭᠲᠤᠨ ᠵᠣᠯᠭᠠᠵᠤ ᠪᠤᠢ ᠮᠣᠳᠣᠨ ᠮᠣᠷᠢ ᠵᠢᠯ ᠳᠦ ᠲᠥᠷᠥ ᠮᠠᠨᠢ ᠲᠦᠪᠰᠢᠨ
ᠲᠦᠮᠡᠨ ᠣᠯᠠᠨ ᠮᠠᠨᠢ ᠠᠮᠤᠷ ᠠᠮᠤᠭᠤᠯᠠᠩ ᠪᠠᠶᠢᠵᠤ᠂
ᠡᠬᠡ ᠣᠷᠣᠨ ᠤ ᠮᠢᠨᠢ ᠬᠥᠭᠵᠢᠯ ᠳᠡᠪᠰᠢᠯ ᠳᠦ ᠰᠢᠨᠡᠬᠡᠨ ᠠᠬᠢᠴᠠ᠂ ᠠᠮᠵᠢᠯᠲᠠ ᠪᠦᠲᠦᠭᠡᠯ ᠠᠷᠪᠢᠨ ᠪᠠᠶᠢᠵᠤ
ᠮᠣᠩᠭᠣᠯ ᠲᠦᠮᠡᠨ ᠮᠢᠨᠢ ᠡᠯᠢᠭᠡ ᠪᠡᠷ ᠢᠶᠡᠨ ᠡ᠊ᠩᠬᠡ ᠠᠮᠤᠭᠤᠯᠠᠩ᠂ ᠲᠥᠷᠥᠯ ᠢᠶᠡᠷ ᠢᠶᠡᠨ ᠲᠥᠪᠰᠢᠨ ᠰᠠᠶᠢᠬᠠᠨ
ᠶᠠᠭᠤ ᠰᠠᠨᠠᠭᠰᠠᠨ ᠶᠢᠰᠦᠨ ᠴᠠᠭᠠᠨ ᠬᠦᠰᠡᠯ ᠨᠢ ᠰᠡᠳᠬᠢᠯᠴᠢᠯᠡᠨ ᠪᠦᠲᠦᠵᠦ ᠪᠠᠶᠢᠬᠤ ᠶᠢᠨ
ᠥᠯᠵᠡᠶᠢᠲᠡᠢ ᠢᠷᠦᠭᠡᠯ ᠢ ᠥᠭᠡᠳᠡ ᠥᠭᠡᠳᠡ ᠨᠢ ᠡᠷᠭᠦᠨ ᠳᠡᠪᠰᠢᠭᠦᠯᠦᠶ᠎ᠡ

No comments:

Post a Comment