Монгол бичгээ хэрэглэцгээе! Chrome, Internet Explorer, Safari хөтчөөр үзнэ үү!

Манай уран нугараачид мөнгөн цом хүртжээ

2014-11-12

ᠮᠠᠨᠠᠶ ᠤᠷᠠᠨ ᠨᠤᠭᠤᠷᠠᠭᠠᠴᠢᠳ
ᠮᠥᠩᠭᠦᠨ ᠴᠣᠮᠤ ᠬᠦᠷᠲᠡᠵᠡᠶ



ᠪ᠊᠂ ᠰᠠᠨᠰᠠᠷᠲᠤᠶᠠᠭᠠᠠ | Olloo.mn | 2014 ᠣᠨ ᠤ 11 ᠳᠦᠭᠡᠷ ᠰᠠᠷᠠᠠ ᠶᠢᠨ 11



ᠬᠣᠶᠠᠷ ᠵᠢᠯ ᠳᠦ ᠨᠢᠭᠡ ᠤᠳᠠᠭᠠᠠ ᠵᠣᠬᠢᠶᠠᠭᠳᠠᠳᠠᠭ ᠼᠢᠷᠻᠴᠢᠳ ᠦᠨ ᠳᠡᠯᠡᠬᠡᠶ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠠᠨᠠᠶ ᠤᠷᠠᠨ ᠨᠤᠭᠤᠷᠠᠭᠠᠴᠢᠳ ᠠᠮᠵᠢᠯᠲᠠᠲᠠᠶ ᠣᠷᠤᠯᠴᠠᠵᠤ᠂ ᠮᠥᠩᠭᠦᠨ ᠴᠣᠮᠤ ᠬᠦᠷᠲᠡᠵᠡᠶ᠃ ᠬᠢᠲᠠᠳ ᠤᠨ ᠤᠬᠠᠨ ᠬᠣᠲᠠ ᠳᠤ ᠬᠣᠶᠠᠷ ᠵᠢᠯ ᠲᠤᠲᠤᠮ ᠵᠣᠬᠢᠶᠠᠭᠳᠠᠳᠠᠭ 11 ᠳᠡᠬᠢ ᠤᠳᠠᠭᠠᠠ ᠶᠢᠨ ᠣᠯᠠᠨ ᠤᠯᠤᠰ ᠤᠨ 《ᠠ》 ᠵᠡᠷᠭᠡᠯᠡᠯ ᠦᠨ ᠤᠭ ᠲᠡᠮᠡᠴᠡᠭᠡᠨ ᠳᠦ ᠠᠩᠬᠠᠠ ᠤᠳᠠᠭᠠᠠ ᠤᠷᠠᠨ ᠨᠤᠭᠤᠷᠠᠯᠲᠠ ᠶᠢᠨ ᠲᠥᠷᠦᠯ ᠢᠶᠡᠷ ᠮᠣᠩᠭᠤᠯ ᠤᠨ ᠦᠨᠳᠦᠰᠦᠨ ᠦ ᠼᠢᠷᠻ ᠦᠨ ᠪ᠊᠂ ᠨᠣᠷᠪᠤᠰᠠᠮᠪᠤᠤ ᠪᠠᠭᠰᠢ ᠲᠠᠶ ᠠ᠊᠂ ᠠᠵᠠᠵᠠᠶᠠᠭᠠᠠ᠂ ᠪ᠊᠂ ᠡᠨᠡᠷᠢᠯ᠂ ᠳ᠊᠂ ᠬᠦᠰᠡᠯᠡᠩ ᠨᠠᠷ ᠤᠨ 14 ᠨᠠᠰᠤᠲᠠᠶ ᠤᠷᠠᠨ ᠨᠤᠭᠤᠷᠠᠭᠠᠴᠢ ᠵᠠᠯᠠᠭᠤ ᠤᠷᠠᠨ ᠪᠦᠲᠦᠭᠡᠯᠴᠢᠳ ᠣᠷᠤᠯᠴᠠᠵᠤ᠂ 《ᠮᠥᠩᠬᠦᠨ ᠴᠣᠮᠤ》 ᠬᠦᠷᠲᠡᠭᠰᠡᠨ ᠶᠤᠮ᠃ ᠲᠡᠭᠡᠪᠡᠯ ᠡᠳᠡᠭᠡᠷ ᠠᠪᠢᠶᠠᠰᠯᠢᠭ ᠥᠬᠢᠳ ᠢ ᠰᠣᠶᠤᠯ᠂ ᠰᠫᠣᠷᠲ᠂ ᠠᠶᠠᠯᠠᠯ ᠵᠢᠭᠤᠯᠴᠢᠯᠠᠯ ᠤᠨ ᠶᠠᠮᠤᠨ ᠤ ᠰᠠᠶᠢᠳ ᠴᠡ᠊᠂ ᠣᠶᠤᠨᠭᠡᠷᠡᠯ ᠥᠨᠦᠳᠦᠷ ᠬᠦᠯᠢᠶᠡᠨ ᠠᠪᠴᠤ᠂ ᠪᠠᠶᠠᠷ ᠬᠦᠷᠭᠡᠬᠦ ᠪᠡᠷ ᠪᠣᠯᠤᠭᠰᠠᠨ ᠪᠠᠶᠢᠨᠠᠠ

No comments:

Post a Comment