Монгол бичгээ хэрэглэцгээе! Chrome, Internet Explorer, Safari хөтчөөр үзнэ үү!

Ц.Элбэгдорж: Монгол хүн эхлээд үндэсний монгол бичгээ сурч оюуны мэлмийгээ нээх нь монгол үндэстний оршин байхын бас нэг баталгаа юм

2014-11-21

ᠴᠠ᠊᠂ ᠡᠯᠪᠡᠭᠳᠣᠷᠵᠢ᠄ ᠮᠣᠩᠭᠤᠯ ᠬᠦᠮᠦᠨ ᠡᠬᠢᠯᠡᠭᠡᠳ ᠦᠨᠳᠦᠰᠦᠨ ᠦ ᠮᠣᠩᠭᠤᠯ ᠪᠢᠴᠢᠭ ᠢᠶᠡᠨ ᠰᠤᠷᠴᠤ᠂ ᠣᠶᠤᠨ ᠤ ᠮᠡᠯᠮᠡᠶ ᠪᠡᠨ ᠨᠡᠭᠡᠭᠡᠬᠦ ᠨᠢ ᠮᠣᠩᠭᠤᠯ ᠦᠨᠳᠦᠰᠦᠲᠡᠨ ᠦ ᠣᠷᠤᠰᠢᠨ ᠪᠠᠶᠢᠬᠤ ᠶᠢᠨ ᠪᠠᠰᠠ ᠨᠢᠭᠡ ᠪᠠᠲᠤᠯᠠᠭᠠᠠ ᠶᠤᠮ



president.mn | 2014 ᠣᠨ ᠤ 11 ᠳᠦᠭᠡᠷ ᠰᠠᠷᠠᠠ ᠶᠢᠨ 17



ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠡᠳᠦᠷ᠂ 《ᠮᠣᠩᠭᠤᠯ ᠪᠠᠬᠠᠷᠬᠠᠯ ᠤᠨ ᠡᠳᠦᠷ》 ᠲᠦ ᠵᠣᠷᠢᠭᠤᠯᠤᠨ᠂ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠭᠠᠴᠢᠯᠭᠠᠠ ᠪᠠᠷ ᠤᠯᠠᠮᠵᠢᠯᠠᠯ ᠪᠣᠯᠭᠠᠨ ᠵᠣᠬᠢᠶᠠᠳᠠᠭ 《ᠮᠥᠩᠬᠡ ᠲᠩᠷᠢ ᠶᠢᠨ ᠪᠢᠴᠢᠭ - 2014》 ᠮᠣᠩᠭᠤᠯ ᠪᠢᠴᠢᠭ ᠦᠨ ᠤᠷᠠᠨ ᠪᠢᠴᠢᠯᠭᠡ ᠶᠢᠨ ᠰᠢᠯᠢᠳᠡᠭ ᠪᠦᠲᠦᠭᠡᠯ ᠦᠨ ᠦᠵᠡᠰᠬᠦᠯᠡᠩ ᠦᠨ ᠨᠡᠭᠡᠭᠡᠯᠲᠡ ᠶᠢᠨ ᠶᠣᠰᠤᠯᠠᠯ ᠥᠨᠦᠳᠦᠷ ᠮᠣᠩᠭᠤᠯ ᠤᠨ ᠤᠷᠠᠨ ᠵᠢᠷᠤᠭ ᠤᠨ ᠭᠠᠯᠧᠷᠧᠶ ᠶᠢᠨ ᠦᠵᠡᠰᠬᠦᠯᠡᠩ ᠦᠨ ᠲᠠᠩᠬᠢᠮ ᠳᠤ ᠪᠣᠯᠤᠯᠠᠠ᠃

ᠨᠡᠭᠡᠭᠡᠯᠲᠡ ᠶᠢᠨ ᠶᠣᠰᠤᠯᠠᠯ ᠳᠤ ᠮᠣᠩᠭᠤᠯ ᠤᠯᠤᠰ ᠤᠨ ᠶᠡᠷᠦᠩᠬᠡᠶᠢᠯᠡᠭᠴᠢ ᠴᠠ᠊᠂ ᠡᠯᠪᠡᠭᠳᠣᠷᠵᠢ᠂ ᠤᠯᠤᠰ ᠤᠨ ᠶᠡᠬᠡ ᠬᠤᠷᠠᠯ ᠤᠨ ᠭᠡᠰᠢᠭᠦᠨ᠂ ᠪᠣᠯᠪᠠᠰᠤᠷᠠᠯ ᠰᠢᠨᠵᠢᠯᠡᠬᠦ ᠤᠬᠠᠭᠠᠨ ᠤ ᠰᠠᠶᠢᠳ ᠯ᠊᠂ ᠭᠠᠩᠲᠡᠮᠦᠷ᠂ ᠤᠯᠤᠰ ᠤᠨ ᠶᠡᠬᠡ ᠬᠤᠷᠠᠯ ᠤᠨ ᠭᠡᠰᠢᠭᠦᠨ᠂ ᠰᠣᠶᠤᠯ᠂ ᠰᠫᠣᠷᠲ᠂ ᠠᠶᠠᠯᠠᠯ ᠵᠢᠭᠤᠯᠴᠢᠯᠠᠯ ᠤᠨ ᠰᠠᠶᠢᠳ ᠴᠡ᠊᠂ ᠣᠶᠤᠩᠭᠡᠷᠡᠯ᠂ ᠶᠡᠷᠦᠩᠬᠡᠶᠢᠯᠡᠭᠴᠢ ᠶᠢᠨ ᠲᠠᠮᠠᠭᠠᠠ ᠶᠢᠨ ᠭᠠᠵᠠᠷ ᠤᠨ ᠳᠠᠷᠤᠭᠠᠠ ᠫᠤ᠊᠂ ᠴᠠᠭᠠᠨ᠂ ᠶᠡᠷᠦᠩᠬᠡᠶᠢᠯᠡᠭᠴᠢ ᠶᠢᠨ ᠵᠥᠪᠯᠡᠬᠦ ᠷ᠊᠂ ᠪᠣᠯᠤᠳ᠂ ᠴ᠊᠂ ᠥᠨᠢᠷᠪᠠᠶᠠᠷ᠂ ᠠ᠊᠂ ᠭᠠᠩᠪᠠᠭᠠᠲᠤᠷ᠂ ᠡᠷᠳᠡᠮᠲᠡᠨ ᠮᠡᠷᠭᠡᠳ᠂ ᠮᠣᠩᠭᠤᠯ ᠪᠢᠴᠢᠭ ᠦᠨ ᠮᠡᠷᠭᠡᠵᠢᠯᠲᠡᠨ ᠨᠦᠭᠦᠳ᠂ ᠣᠶᠤᠲᠠᠨ ᠰᠤᠷᠤᠭᠴᠢᠳ᠂ ᠢᠷᠭᠡᠳ ᠦᠨ ᠲᠥᠯᠦᠭᠡᠯᠡᠯ ᠣᠷᠤᠯᠴᠠᠪᠠ᠃

ᠤᠷᠠᠨ ᠪᠢᠴᠢᠯᠭᠡ ᠶᠢᠨ ᠦᠵᠡᠰᠬᠦᠯᠡᠩ ᠢ ᠨᠡᠭᠡᠭᠡᠵᠦ ᠮᠣᠩᠭᠤᠯ ᠤᠯᠤᠰ ᠤᠨ ᠶᠡᠷᠦᠩᠬᠡᠶᠢᠯᠡᠭᠴᠢ ᠴᠠ᠊᠂ ᠡᠯᠪᠡᠭᠳᠣᠷᠵᠢ ᠬᠡᠯᠡᠭᠰᠡᠨ ᠦᠭᠡᠨ ᠳᠡᠭᠡᠨ 《ᠡᠨᠡ ᠲᠠᠩᠬᠢᠮ ᠳᠤ ᠬᠦᠷᠦᠯᠴᠡᠨ ᠢᠷᠡᠭᠰᠡᠨ ᠲᠠ ᠪᠦᠬᠦᠨ ᠳᠡᠭᠡᠨ ᠴᠢᠩ ᠰᠡᠳᠬᠢᠯ ᠦᠨ ᠮᠠᠨᠳᠦᠴᠢᠯᠡᠭᠡ ᠳᠡᠪᠰᠢᠭᠦᠯᠦᠶᠡᠡ᠃

ᠳᠡᠯᠡᠬᠡᠶ ᠳᠠᠬᠢᠨ ᠤ ᠰᠣᠶᠤᠯ ᠤᠨ ᠶᠡᠬᠡ ᠳᠠᠪᠠᠯᠭᠠᠨ ᠳᠤᠮᠳᠠ ᠮᠣᠩᠭᠤᠯ ᠬᠡᠮᠡᠬᠦ ᠦᠶᠡᠯᠵᠡᠭᠡ ᠳᠠᠪᠠᠯᠭᠠᠠ ᠦᠵᠡᠭᠳᠡᠬᠦ ᠶᠢᠨ ᠦᠨᠳᠦᠰᠦ ᠨᠢ ᠪᠢᠳᠡᠨ ᠦ ᠬᠡᠯᠡ ᠰᠣᠶᠤᠯ᠂ ᠵᠠᠩ ᠵᠠᠩᠰᠢᠯ ᠪᠣᠯᠤᠭᠠᠳ ᠲᠡᠭᠦᠨ ᠢ ᠢᠯᠡᠷᠬᠡᠶᠢᠯᠡᠬᠦ ᠪᠢᠴᠢᠭ ᠦᠰᠦᠭ ᠪᠤᠶᠤ᠃

ᠮᠣᠩᠭᠤᠯᠴᠤᠳ ᠤᠶᠢᠭᠤᠷᠵᠢᠨ ᠪᠢᠴᠢᠭ᠂ ᠳᠥᠷᠪᠡᠯᠵᠢᠨ ᠪᠢᠴᠢᠭ᠂ ᠲᠣᠳᠤ ᠦᠰᠦᠭ᠂ ᠰᠣᠶᠤᠩᠪᠤ ᠦᠰᠦᠭ ᠵᠡᠷᠭᠡ ᠠᠷᠪᠠ ᠭᠠᠷᠤᠶ ᠪᠢᠴᠢᠭ ᠦᠰᠦᠭ ᠦᠨ ᠲᠣᠭᠲᠠᠯᠴᠠᠭᠠᠠ ᠶᠢ ᠵᠠᠭᠤᠨ ᠵᠠᠭᠤᠨ ᠤ ᠲᠤᠷᠰᠢᠳᠠ ᠪᠦᠲᠦᠭᠡᠵᠦ᠂ ᠪᠣᠳᠤᠯ ᠣᠶᠤᠨ ᠢᠶᠠᠨ ᠢᠯᠡᠷᠬᠡᠶᠢᠯᠡᠨ ᠳᠡᠪᠲᠡᠷᠯᠡᠵᠦ᠂ ᠪᠠᠰᠠ ᠬᠦ ᠬᠡᠯᠡ ᠰᠢᠭ ᠢᠶᠡᠨ ᠰᠡᠳᠬᠢᠯᠭᠡ᠂ ᠰᠡᠳᠬᠢᠯᠭᠡ ᠰᠢᠭ ᠢᠶᠡᠨ ᠬᠡᠯᠡᠨ ᠦ ᠥᠪᠡᠷᠮᠢᠴᠡ ᠬᠡᠪ ᠮᠠᠶᠢᠭ ᠢ ᠪᠦᠲᠦᠭᠡᠵᠡᠶ᠃ ᠡᠨᠡ ᠪᠣᠯ ᠮᠣᠩᠭᠤᠯᠴᠤᠳ ᠤᠨ ᠣᠶᠤᠨ ᠤ ᠪᠠᠬᠠᠷᠬᠠᠯ ᠶᠠᠭᠠᠬᠢᠬᠤ ᠶᠢᠨ ᠠᠷᠭᠠᠠ ᠦᠭᠡᠶ ᠮᠥᠨ ᠪᠢᠯᠡ᠃

ᠲᠡᠳᠡᠭᠡᠷ ᠦᠨ ᠳᠤᠮᠳᠠ ᠠᠴᠠ ᠮᠣᠩᠭᠤᠯ ᠪᠢᠴᠢᠭ ᠪᠣᠯ ᠣᠯᠠᠨ ᠮᠣᠩᠭᠤᠯ ᠬᠡᠯᠡ ᠠᠶᠠᠯᠭᠤᠲᠠᠨ ᠢ ᠪᠢᠴᠢᠭ ᠦᠰᠦᠭ ᠢᠶᠡᠷ ᠢᠶᠡᠨ ᠨᠢᠭᠡᠳᠬᠡᠨ ᠨᠡᠶᠢᠲᠡ ᠳᠤᠮᠳᠠ ᠥᠷᠭᠡᠨ ᠬᠡᠷᠡᠭᠯᠡᠭᠳᠡᠭᠰᠡᠭᠡᠷ ᠢᠷᠡᠭᠰᠡᠨ ᠪᠢᠴᠢᠭ ᠤᠴᠢᠷ ᠠᠴᠠ 《ᠣᠯᠠᠭᠤᠯᠠ ᠪᠠᠨ》 ᠪᠠᠶᠢᠬᠤ ᠶᠢᠨ ᠦᠨᠳᠦᠰᠦ ᠪᠣᠯᠳᠠᠭ ᠶᠤᠮ᠃Tweet: ᠲᠡᠳᠡᠭᠡᠷ ᠦᠨ ᠳᠤᠮᠳᠠ ᠠᠴᠠ ᠮᠣᠩᠭᠤᠯ ᠪᠢᠴᠢᠭ ᠪᠣᠯ ᠣᠯᠠᠨ ᠮᠣᠩᠭᠤᠯ ᠬᠡᠯᠡ ᠠᠶᠠᠯᠭᠤᠲᠠᠨ ᠢ ᠪᠢᠴᠢᠭ ᠦᠰᠦᠭ ᠢᠶᠡᠷ ᠢᠶᠡᠨ ᠨᠢᠭᠡ� ᠡᠯᠡᠡ ᠪᠢᠴᠢᠭ ᠨᠢ ᠮᠣᠩᠭᠤᠯ ᠬᠦᠮᠦᠨ ᠦ ᠬᠡᠯᠡ᠂ ᠰᠡᠳᠬᠢᠬᠦᠶ ᠶᠢᠨ ᠬᠥᠭᠵᠢᠯ ᠦᠨ ᠬᠤᠪᠢᠷᠠᠯ ᠳᠤ ᠵᠣᠬᠢᠴᠠᠬᠤ ᠴᠢᠨᠠᠷ ᠢᠶᠠᠷ ᠢᠶᠠᠨ ᠭᠣᠴᠤ ᠰᠠᠶᠢᠨ ᠢᠶᠠᠷ ᠲᠣᠭᠲᠠᠬᠤ ᠦᠭᠡᠶ ᠮᠣᠩᠭᠤᠯ ᠪᠢᠴᠢᠭ ᠢᠶᠡᠷ ᠳᠡᠯᠡᠬᠡᠶ ᠶᠢᠨ ᠠᠯᠢ ᠴᠤ ᠬᠡᠯᠡᠨ ᠦ ᠦᠭᠡ ᠬᠡᠯᠡᠯᠭᠡ ᠶᠢ ᠪᠦᠷᠢᠨ ᠳᠦᠭᠦᠷᠡᠩ ᠲᠡᠮᠳᠡᠭᠯᠡᠵᠦ ᠪᠣᠯᠳᠠᠭ ᠢᠶᠠᠷ ᠢᠶᠠᠨ ᠣᠨᠴᠠᠯᠢᠭ ᠲᠠᠶ᠃ ᠲᠡᠶᠢᠮᠦ ᠡᠴᠡ ᠳᠡᠯᠡᠬᠡᠶ ᠶᠢᠨ ᠮᠣᠩᠭᠤᠯᠴᠤᠳ ᠮᠠᠨᠢ ᠳᠠᠶᠠᠭᠠᠷ ᠮᠣᠩᠭᠤᠯ ᠪᠢᠴᠢᠭ ᠢᠶᠡᠨ ᠰᠡᠷᠭᠦᠭᠡᠨ ᠬᠡᠷᠡᠭᠯᠡᠪᠡᠰᠦ ᠥᠪᠡᠷ ᠬᠣᠭᠤᠷᠤᠨᠳᠤ ᠪᠠᠨ ᠴᠢᠯᠦᠭᠡ ᠲᠡᠶ ᠬᠠᠷᠢᠯᠴᠠᠬᠤ ᠠᠴᠠ ᠭᠠᠳᠠᠨᠠᠠ ᠳᠠᠶᠠᠭᠠᠷᠰᠢᠯ ᠳᠤ ᠮᠣᠩᠭᠤᠯ ᠪᠢᠴᠢᠭ ᠰᠣᠶᠤᠯ ᠥᠪᠡᠷᠮᠢᠴᠡ ᠭᠣᠶᠢᠳᠠ ᠲᠥᠷᠬᠦ᠂ ᠥᠪ ᠰᠣᠶᠤᠯ ᠤᠨ ᠪᠠᠶᠠᠯᠢᠭ ᠢᠶᠠᠷ ᠢᠶᠠᠨ ᠭᠠᠶᠢᠬᠠᠭᠳᠠᠨ᠂ ᠮᠣᠩᠭᠤᠯ ᠬᠡᠯᠡᠨ ᠦ ᠠᠮᠢᠨ ᠠᠮᠢᠰᠬᠤᠯ ᠦᠯᠦ ᠲᠠᠰᠤᠷᠠᠵᠤ᠂ ᠮᠣᠩᠭᠤᠯ ᠤᠭᠰᠠᠭᠠᠲᠠᠨ ᠳᠡᠯᠡᠬᠡᠶ ᠶᠢᠨ ᠴᠡᠭᠡᠵᠢᠨᠡᠡ ᠲᠣᠳᠤᠷᠠᠵᠤ ᠦᠯᠡᠳᠡᠨᠡᠡ ᠬᠡᠮᠡᠨ ᠪᠢ ᠬᠤᠪᠢ ᠳᠠᠭᠠᠨ ᠪᠣᠳᠤᠵᠤ ᠪᠠᠶᠢᠨᠠᠠ᠃Tweet: ᠲᠡᠶᠢᠮᠦ ᠡᠴᠡ ᠳᠡᠯᠡᠬᠡᠶ ᠶᠢᠨ ᠮᠣᠩᠭᠤᠯᠴᠤᠳ ᠮᠠᠨᠢ ᠳᠠᠶᠠᠭᠠᠷ ᠮᠣᠩᠭᠤᠯ ᠪᠢᠴᠢᠭ ᠢᠶᠡᠨ ᠰᠡᠷᠭᠦᠭᠡᠨ ᠬᠡᠷᠡᠭᠯᠡᠪᠡᠰᠦ ᠥᠪᠡᠷ ᠬᠣᠭᠤᠷᠤᠨᠳᠤ ᠪᠠᠨ ᠴᠢᠯᠦᠭᠡ ᠲᠡᠶ ᠬᠠᠷᠢᠯᠴᠠᠬᠤ ᠠᠴᠠ ᠭᠠᠳᠠᠨᠠᠠ ᠳᠠᠶ

ᠬᠦᠮᠦᠨ ᠲᠥᠷᠦᠯᠬᠢᠲᠡᠨ ᠢ ᠪᠡᠶᠡᠡ ᠪᠡᠶᠡᠡ ᠡᠴᠡ ᠨᠢ ᠢᠯᠭᠠᠬᠤ ᠭᠣᠤᠯ ᠰᠢᠯᠭᠠᠭᠤᠷ ᠪᠣᠯ ᠬᠡᠯᠡ᠂ ᠰᠣᠶᠤᠯ᠂ ᠵᠠᠩ ᠵᠠᠩᠰᠢᠯ ᠶᠤᠮ᠃ ᠡᠭᠦᠨ ᠢ ᠰᠤᠳᠤᠯᠤᠭᠠᠴᠢᠳ ᠤᠨ ᠬᠡᠯᠡ ᠪᠡᠷ 《ᠰᠣᠶᠤᠯ ᠤᠨ ᠬᠡ ᠤᠭᠠᠯᠵᠠ》 ᠭᠡᠳᠡᠭ᠃ ᠲᠣᠳᠤᠷᠠᠭᠤᠯᠪᠠᠯ᠂ ᠪᠥᠰ ᠳᠠᠪᠤᠤ᠂ ᠲᠣᠷᠭᠠᠨ ᠳᠡᠭᠡᠷᠡᠡ ᠴᠦ  ᠶᠤᠮ ᠤᠤ᠂ ᠨᠢᠭᠡᠨ ᠠᠳᠠᠯᠢᠬᠠᠨ ᠬᠡ ᠲᠣᠳᠤᠷᠬᠠᠶ ᠵᠠᠶ᠂ ᠬᠡᠮᠵᠢᠶᠡᠨ ᠳᠦ ᠣᠯᠠᠨᠲᠠ ᠳᠠᠪᠲᠠᠭᠳᠠᠵᠤ ᠪᠠᠶᠢᠳᠠᠭ ᠲᠠᠶ ᠠᠯᠢᠪᠠ ᠰᠣᠶᠤᠯ ᠤᠨ ᠮᠥᠨ ᠴᠢᠨᠠᠷ ᠢ ᠠᠳᠠᠯᠢᠳᠬᠠᠨ ᠦᠵᠡᠭᠰᠡᠨ ᠬᠡᠷᠡᠭ᠃ ᠮᠣᠩᠭᠤᠯ ᠪᠢᠴᠢᠭ ᠪᠣᠯ ᠮᠣᠩᠭᠤᠯ ᠰᠣᠶᠤᠯ ᠤᠨ ᠬᠡ ᠤᠭᠠᠯᠵᠠ ᠮᠥᠨ᠃

ᠬᠦᠮᠦᠨ ᠪᠢᠳᠡ ᠡᠨᠡ ᠬᠣᠷᠸᠠ ᠳᠤ ᠮᠡᠨᠳᠦᠯᠡᠬᠦ ᠳᠡᠭᠡᠨ ᠡᠬᠡ ᠶᠢᠨ ᠴᠠᠭᠠᠨ ᠰᠦᠨ ᠢ ᠠᠮᠠᠯᠠᠨ ᠢᠷᠡᠳᠡᠭ ᠲᠡᠶ ᠠᠳᠠᠯᠢ ᠮᠣᠩᠭᠤᠯ ᠬᠦᠮᠦᠨ ᠡᠬᠢᠯᠡᠭᠡᠳ ᠦᠨᠳᠦᠰᠦᠨ ᠦ ᠮᠣᠩᠭᠤᠯ ᠪᠢᠴᠢᠭ ᠢᠶᠡᠨ ᠰᠤᠷᠴᠤ᠂ ᠣᠶᠤᠨ ᠤ ᠮᠡᠯᠮᠡᠶ ᠪᠡᠨ ᠨᠡᠭᠡᠭᠡᠬᠦ ᠨᠢ ᠮᠣᠩᠭᠤᠯ ᠦᠨᠳᠦᠰᠦᠲᠡᠨ ᠦ ᠣᠷᠤᠰᠢᠨ ᠪᠠᠶᠢᠬᠤ ᠶᠢᠨ ᠪᠠᠰᠠ ᠨᠢᠭᠡ ᠪᠠᠲᠤᠯᠠᠭᠠᠠ ᠶᠤᠮ᠃ ᠪᠢᠳᠡ ᠮᠣᠩᠭᠤᠯ ᠪᠢᠴᠢᠭ ᠦᠨ ᠭᠠᠶᠢᠬᠠᠮᠰᠢᠭ ᠢ ᠰᠡᠳᠬᠢᠯ ᠳᠦ ᠥᠭᠦᠯᠡᠬᠦ ᠦᠵᠡᠰᠬᠦᠯᠡᠩ ᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠵᠤ ᠣᠯᠠᠨ ᠲᠦᠮᠡᠨ ᠳᠦ ᠲᠣᠯᠢᠯᠠᠭᠤᠯᠳᠠᠭ ᠪᠣᠯᠤᠯᠠᠠ᠃ 《ᠮᠥᠩᠬᠡ ᠲᠩᠷᠢ ᠶᠢᠨ ᠪᠢᠴᠢᠭ》 ᠬᠡᠮᠡᠬᠦ ᠡᠨᠡ ᠲᠩᠷᠢᠯᠢᠭ ᠦᠵᠡᠰᠬᠦᠯᠡᠩ ᠢ ᠡᠳᠦᠭᠡ ᠲᠠᠪᠤ ᠳᠠᠬᠢ ᠵᠢᠯ ᠳᠡᠭᠡᠨ ᠵᠣᠬᠢᠶᠠᠨ ᠪᠠᠶᠢᠭᠤᠯᠵᠤ ᠪᠠᠶᠢᠨᠠᠠ᠃ ᠡᠨᠡ ᠵᠢᠯ ᠦᠨ ᠬᠤᠪᠢ ᠳᠤ ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠡᠳᠦᠷ ᠦᠨ ᠡᠮᠦᠨᠡᠬᠢᠨ ᠪᠣᠯᠵᠤ ᠪᠠᠶᠢᠭᠠᠠ ᠪᠠᠷ ᠢᠶᠠᠨ ᠣᠨᠴᠠᠯᠢᠭ ᠶᠤᠮ᠃ ᠮᠣᠩᠭᠤᠯ ᠪᠠᠬᠠᠷᠬᠠᠯ ᠤᠨ ᠡᠳᠦᠷ ᠡᠨᠡ ᠳᠣᠯᠤᠭᠠᠠ ᠬᠣᠨᠤᠭ ᠲᠤ ᠪᠣᠯᠤᠨᠠᠠ᠃

ᠡᠵᠡᠨ ᠬᠠᠭᠠᠨ ᠮᠠᠨᠢ ᠡᠷᠲᠡᠨ ᠦ ᠰᠣᠭᠳᠠ᠂ ᠤᠶᠢᠭᠤᠷ ᠪᠢᠴᠢᠭ ᠦᠨ ᠦᠨᠳᠦᠰᠦᠨ ᠳᠡᠭᠡᠷᠡᠡ ᠮᠣᠩᠭᠤᠯ ᠪᠢᠴᠢᠭ ᠢᠶᠡᠨ ᠵᠣᠬᠢᠶᠠᠯᠭᠠᠵᠤ᠂ ᠤᠯᠠᠮ ᠢᠶᠠᠷ ᠲᠥᠷᠦ ᠶᠢᠨ ᠪᠢᠴᠢᠭ ᠪᠣᠯᠭᠠᠬᠤ ᠵᠠᠷᠯᠢᠭ ᠭᠠᠷᠭᠠᠭᠰᠠᠨ ᠪᠢᠯᠡ᠃ ᠡᠵᠡᠨ ᠬᠠᠭᠠᠨ ᠪᠢᠯᠢᠭ ᠣᠶᠤᠨ ᠢ᠂ ᠮᠥᠩᠬᠡ ᠲᠩᠷᠢ ᠶᠢ ᠳᠡᠭᠡᠳᠦᠯᠡᠳᠡᠭ ᠪᠠᠶᠢᠭᠰᠠᠨ᠃ ᠥᠪᠡᠷ ᠦᠨ ᠪᠢᠯᠢᠭ ᠣᠶᠤᠨ ᠬᠢᠭᠡᠳ ᠮᠥᠩᠬᠡ ᠲᠩᠷᠢ ᠶᠢᠨ ᠬᠦᠴᠦᠨ ᠳᠦ ᠢᠲᠡᠭᠡᠳᠡᠭ ᠪᠠᠶᠢᠵᠡᠶ᠃ 《ᠪᠡᠶᠡᠡ ᠬᠡᠪᠡᠷᠡᠭ᠂ ᠪᠢᠯᠢᠭ ᠮᠥᠩᠬᠡ》 ᠬᠡᠮᠡᠨ ᠡᠵᠡᠨ ᠴᠢᠩᠭᠢᠰ ᠪᠢᠳᠡᠨ ᠳᠦ ᠰᠤᠷᠭᠠᠭᠰᠠᠨ᠃

ᠦᠵᠦᠭ ᠰᠡᠯᠡᠮᠡᠡ ᠡᠴᠡ ᠬᠦᠴᠦᠲᠡᠶ ᠪᠣᠯᠤᠭᠰᠠᠨ ᠴᠠᠭ ᠲᠤᠷ ᠰᠠᠶᠢᠨ ᠴᠠᠭ ᠣᠷᠤᠰᠢᠨᠠᠠ ᠭᠡᠳᠡᠭ ᠲᠦ ᠪᠢ ᠢᠲᠡᠭᠡᠳᠡᠭ᠃ ᠮᠣᠩᠭᠤᠯ ᠬᠡᠯᠡ᠂ ᠪᠢᠴᠢᠭ᠂ ᠰᠣᠶᠤᠯ ᠢ ᠰᠣᠨᠢᠷᠬᠠᠳᠠᠭ᠂ ᠰᠤᠳᠤᠯᠳᠠᠭ᠂ ᠳᠡᠮᠵᠢᠳᠡᠭ᠂ ᠬᠠᠮᠲᠤᠷᠠᠨ ᠠᠵᠢᠯᠯᠠᠳᠠᠭ ᠤᠯᠤᠰ ᠣᠷᠤᠨ᠂ ᠬᠤᠪᠢ ᠬᠦᠮᠦᠰ᠂ ᠨᠡᠶᠢᠭᠡᠮᠯᠢᠭ᠂ ᠪᠠᠶᠢᠭᠤᠯᠤᠯᠭᠠᠠ ᠶᠢᠨ ᠴᠠᠷ ᠬᠦᠷᠢᠶᠡᠡ ᠶᠡᠬᠡᠳᠡ ᠥᠰᠦᠨ ᠲᠡᠯᠡᠵᠦ ᠪᠤᠶ ᠳᠤ ᠮᠢᠨᠤ ᠪᠡᠶᠡᠡ ᠲᠤᠶᠢᠯ ᠤᠨ ᠪᠠᠶᠠᠷᠲᠠᠶ ᠪᠠᠶᠢᠨᠠᠠ᠃

ᠮᠣᠩᠭᠤᠯ ᠬᠡᠯᠡ ᠪᠢᠴᠢᠭ ᠢᠶᠡᠨ ᠳᠡᠭᠡᠳᠦᠯᠡᠨ ᠬᠦᠨᠳᠦᠳᠬᠡᠵᠦ᠂ ᠰᠤᠷᠴᠤ ᠮᠡᠳᠡᠵᠦ᠂ ᠰᠤᠤ ᠪᠢᠯᠢᠭ ᠦᠨ ᠷᠠᠰᠢᠶᠠᠨ ᠠᠴᠠ ᠨᠢ ᠣᠶᠤᠨ ᠪᠢᠯᠢᠭ ᠦᠨ ᠢᠶᠡᠨ ᠰᠠᠪᠠᠨ ᠳᠤ ᠤᠳᠬᠤᠨ ᠠᠪᠴᠤ ᠴᠢᠳᠠᠪᠠᠰᠤ ᠰᠠᠶᠢᠨ ᠤ ᠭᠡᠷᠡᠯ ᠭᠡᠭᠡ ᠪᠦᠷᠢᠨ ᠬᠤᠷᠠᠬᠤ ᠪᠣᠯᠤᠨᠠᠠ᠃ ᠪᠢ ᠡᠨᠡ ᠦᠭᠡ ᠶᠢ ᠮᠣᠩᠭᠤᠯ ᠢᠶᠠᠨ ᠳᠡᠭᠡᠳᠦᠯᠡᠳᠡᠭ᠂ ᠬᠡᠯᠡ ᠪᠢᠴᠢᠭ᠂ ᠰᠣᠶᠤᠯ᠂ ᠶᠣᠰᠤ ᠤᠯᠠᠮᠵᠢᠯᠠᠯ᠂ ᠵᠠᠩ ᠵᠠᠩᠰᠢᠯ ᠢᠶᠠᠨ ᠮᠡᠳᠡᠳᠡᠭ ᠨᠡᠶᠢᠲᠡ ᠮᠣᠩᠭᠤᠯᠴᠤᠳ ᠲᠤ᠂ ᠮᠣᠩᠭᠤᠯ ᠦᠨᠳᠦᠰᠦᠲᠡᠨ᠂ ᠤᠭᠰᠠᠭᠠᠲᠠᠨ᠂ ᠬᠦᠮᠦᠨ ᠪᠦᠷᠢ ᠳᠦ ᠬᠠᠨᠳᠤᠨ ᠬᠡᠯᠡᠵᠦ ᠪᠠᠶᠢᠨᠠᠠ》 ᠭᠡᠯᠡᠡ᠃

ᠡᠭᠦᠨ ᠦ ᠳᠠᠷᠠᠭᠠᠠ ᠤᠷᠠᠨ ᠪᠢᠴᠢᠯᠭᠡ ᠶᠢᠨ ᠦᠵᠡᠰᠬᠦᠯᠡᠩ ᠳᠦ ᠪᠦᠲᠦᠭᠡᠯ ᠢᠶᠡᠨ ᠳᠡᠯᠭᠡᠭᠰᠡᠨ ᠤᠷᠠᠨ ᠪᠦᠲᠦᠭᠡᠯᠴᠢᠳ ᠲᠦ ᠮᠣᠩᠭᠤᠯ ᠤᠯᠤᠰ ᠤᠨ ᠶᠡᠷᠦᠩᠬᠡᠶᠢᠯᠡᠭᠴᠢ ᠪᠠᠲᠤᠯᠠᠮᠵᠢ ᠭᠠᠷᠳᠠᠭᠤᠯᠤᠯᠠᠠ





































No comments:

Post a Comment