Монгол бичгээ хэрэглэцгээе! Chrome, Internet Explorer, Safari хөтчөөр үзнэ үү!

“Сахиусан дара эх” судар ЮНЕСКО-гийн өвд бүртгэгдэв

2014-11-21

《ᠰᠠᠬᠢᠭᠤᠰᠤᠨ ᠳ᠋ᠠᠷᠠᠠ ᠡᠬᠡ》 ᠰᠤᠳᠤᠷ ᠶᠦᠨᠧᠰᠻᠣ ᠶᠢᠨ ᠥᠪ ᠲᠦ ᠪᠦᠷᠢᠳᠬᠡᠭᠳᠡᠪᠡ



ᠥᠷᠯᠦᠭᠡᠨ ᠦ ᠰᠣᠨᠢᠨ | 2014 ᠣᠨ ᠤ 11 ᠳᠦᠭᠡᠷ ᠰᠠᠷᠠᠠ ᠶᠢᠨ 21



ᠮᠣᠩᠭᠤᠯ ᠤᠨ ᠬᠣᠤᠰ ᠦᠭᠡᠶ ᠦᠨᠡᠲᠦ ᠳᠤᠷᠠᠰᠬᠠᠯ ᠪᠣᠯᠬᠤ ᠪᠠᠷᠢᠮᠲᠠᠲᠤ ᠥᠪ 《ᠰᠠᠬᠢᠭᠤᠰᠤᠨ ᠳ᠋ᠠᠷᠠᠠ ᠡᠬᠡ》 ᠰᠤᠳᠤᠷ ᠢ ᠶᠦᠨᠧᠰᠻᠣ ᠶᠢᠨ 《ᠳᠡᠯᠡᠬᠡᠶ ᠶᠢᠨ ᠳᠤᠷᠠᠰᠤᠮᠵᠢ》 ᠬᠥᠲᠦᠯᠪᠦᠷᠢ ᠶᠢᠨ ᠪᠦᠰᠡ ᠨᠤᠲᠤᠭ ᠤᠨ ᠥᠪ ᠲᠦ ᠪᠦᠷᠢᠳᠬᠡᠵᠡᠶ᠃Tweet: ᠮᠣᠩᠭᠤᠯ ᠤᠨ ᠬᠣᠤᠰ ᠦᠭᠡᠶ ᠦᠨᠡᠲᠦ ᠳᠤᠷᠠᠰᠬᠠᠯ ᠪᠣᠯᠬᠤ ᠪᠠᠷᠢᠮᠲᠠᠲᠤ ᠥᠪ 《ᠰᠠᠬᠢᠭᠤᠰᠤᠨ ᠳ᠋ᠠᠷᠠᠠ ᠡᠬᠡ》 ᠰᠤᠳᠤᠷ ᠢ ᠶᠦᠨᠧᠰᠻᠣ 

ᠤᠭ ᠰᠤᠳᠤᠷ ᠨᠢ ᠳᠡᠯᠡᠬᠡᠶ ᠶᠢᠨ ᠬᠠᠮᠤᠭ ᠤᠨ ᠵᠢᠵᠢᠭ ᠨᠣᠮ ᠳᠤ ᠵᠦᠶ ᠶᠣᠰᠤᠭᠠᠷ ᠲᠣᠭᠠᠴᠠᠭᠳᠠᠬᠤ ᠪᠦᠲᠦᠭᠡᠯ ᠪᠥᠭᠡᠳ ᠳᠡᠯᠡᠬᠡᠶ ᠶᠢᠨ ᠥᠪ ᠲᠦ ᠪᠦᠷᠢᠳᠬᠡᠬᠭᠰᠡᠨ ᠨᠢ ᠮᠠᠨᠠᠶ ᠤᠯᠤᠰ ᠤᠨ ᠰᠣᠶᠤᠯ ᠤᠨ ᠲᠡᠦᠬᠡᠨ ᠳᠦ ᠪᠢᠴᠢᠭᠳᠡᠬᠦ ᠣᠨᠴᠤᠭᠤᠶ ᠦᠶᠯᠡ ᠶᠠᠪᠤᠳᠠᠯ ᠪᠣᠯᠤᠭᠰᠠᠨ ᠶᠤᠮ᠃

ᠡᠨᠡᠬᠦ ᠰᠤᠳᠤᠷ ᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠭᠤᠸᠠᠩ ᠵᠧᠤ ᠬᠣᠲᠠ ᠳᠤ ᠪᠣᠯᠤᠭᠰᠠᠨ ᠶᠦᠨᠧᠰᠻᠣ ᠶᠢᠨ 《ᠳᠡᠯᠡᠬᠡᠶ ᠶᠢᠨ ᠳᠤᠷᠠᠰᠤᠮᠵᠢ》 ᠬᠥᠲᠦᠯᠪᠦᠷᠢ ᠶᠢᠨ ᠠᠽᠢ᠂ ᠨᠣᠮᠤᠬᠠᠨ ᠳᠠᠯᠠᠶ ᠶᠢᠨ ᠪᠦᠰᠡ ᠶᠢᠨ ᠵᠢᠷᠭᠤᠳᠤᠭᠠᠷ ᠡᠭᠡᠯᠵᠢᠲᠦ ᠬᠤᠷᠠᠯ ᠢᠶᠠᠷ ᠪᠦᠷᠢᠳᠬᠡᠵᠦ ᠠᠪᠤᠭᠰᠠᠨ ᠪᠠᠶᠢᠨᠠᠠ᠃

ᠲᠤᠰ ᠰᠤᠳᠤᠷ ᠢ ᠪᠦᠷᠢᠳᠬᠡᠭᠦᠯᠬᠦ ᠪᠡᠷ ᠶᠦᠨᠧᠰᠻᠣ ᠶᠢᠨ ᠮᠣᠩᠭᠤᠯ ᠤᠨ ᠦᠨᠳᠦᠰᠦᠨ ᠦ ᠻᠣᠮᠢᠰᠰ᠂ 《ᠳᠡᠯᠡᠬᠡᠶ ᠶᠢᠨ ᠳᠤᠷᠠᠰᠤᠮᠵᠢ》 ᠬᠥᠲᠦᠯᠪᠦᠷᠢ ᠶᠢᠨ ᠮᠣᠩᠭᠤᠯ ᠤᠨ ᠦᠨᠳᠦᠰᠦᠨ ᠦ ᠬᠣᠷᠢᠶᠠᠠ᠂ ᠦᠨᠳᠦᠰᠦᠨ ᠦ ᠨᠣᠮ ᠤᠨ ᠰᠠᠩ ᠬᠠᠮᠲᠤᠷᠠᠨ ᠠᠵᠢᠯᠯᠠᠵᠡᠶ

No comments:

Post a Comment