Монгол бичгээ хэрэглэцгээе! Chrome, Internet Explorer, Safari хөтчөөр үзнэ үү!

Монгол Улсын Ерөнхий сайдаар Ч. Сайханбилэг томилогдлоо

2014-11-21

ᠮᠣᠩᠭᠤᠯ ᠤᠯᠤᠰ ᠤᠨ ᠶᠡᠷᠦᠩᠬᠡᠶ ᠰᠠᠶᠢᠳ ᠢᠶᠠᠷ
ᠴᠢ᠊᠂ ᠰᠠᠶᠢᠬᠠᠪᠢᠯᠢᠭ᠋ ᠲᠣᠮᠢᠯᠠᠭᠳᠠᠯᠠᠠ



ᠭ᠂ ᠰᠦᠷᠦᠩ | olloo.mn | 2014 ᠣᠨ ᠤ 11 ᠳᠦᠭᠡᠷ ᠰᠠᠷᠠᠠ ᠶᠢᠨ 21


Responsive image ᠤᠯᠤᠰ ᠤᠨ ᠶᠡᠬᠡ ᠬᠤᠷᠠᠯ ᠤᠨ 2014 ᠣᠨ ᠤ ᠨᠠᠮᠤᠷ ᠤᠨ ᠡᠭᠡᠯᠵᠢᠲᠦ ᠴᠢᠭᠤᠯᠭᠠᠨ ᠤ ᠦᠳᠡ ᠡᠴᠡ ᠡᠮᠦᠨᠡᠬᠢ ᠬᠤᠷᠠᠯᠳᠤᠭᠠᠨ 39 ᠭᠡᠰᠢᠭᠦᠨ ᠪᠤᠶᠤ 51.3 ᠬᠤᠪᠢ ᠶᠢᠨ ᠢᠷᠡᠴᠡ ᠲᠡᠶ ᠡᠬᠢᠯᠡᠵᠦ᠂ ᠤᠯᠤᠰ ᠤᠨ ᠶᠡᠬᠡ ᠬᠤᠷᠠᠯ ᠤᠨ ᠳᠠᠷᠤᠭᠠᠠ ᠴᠢᠭᠤᠯᠭᠠᠨ ᠤ ᠬᠤᠷᠠᠯᠳᠤᠭᠠᠨ ᠢᠶᠠᠷ ᠬᠡᠯᠡᠯᠴᠡᠬᠦ ᠠᠰᠠᠭᠤᠳᠠᠯ ᠢ ᠲᠠᠨᠢᠯᠴᠠᠭᠤᠯᠤᠯᠠᠠ᠃ ᠬᠡᠯᠡᠯᠴᠡᠬᠦ ᠠᠰᠠᠭᠤᠳᠠᠯ ᠳᠡᠭᠡᠷᠡᠡ ᠰᠠᠨᠠᠯ ᠲᠠᠶ ᠭᠡᠰᠢᠭᠦᠳ ᠭᠠᠷᠤᠭᠠᠳᠤᠶ ᠲᠤᠯᠠ ᠬᠤᠷᠠᠯᠳᠤᠭᠠᠨ ᠢᠶᠠᠷ ᠬᠡᠯᠡᠯᠴᠡᠬᠦ 14 ᠠᠰᠠᠭᠤᠳᠠᠯ ᠢ ᠪᠠᠲᠤᠯᠠᠪᠠ᠃ ᠬᠤᠷᠠᠯᠳᠤᠭᠠᠨ ᠢᠶᠠᠷ ᠡᠬᠢᠯᠡᠭᠡᠳ ᠮᠣᠩᠭᠤᠯ ᠤᠯᠤᠰ ᠤᠨ ᠶᠡᠷᠦᠩᠬᠡᠶ ᠰᠠᠶᠢᠳ ᠢ ᠲᠣᠮᠢᠯᠠᠬᠤ ᠠᠰᠠᠭᠤᠳᠠᠯ ᠢ ᠬᠡᠯᠡᠯᠴᠡᠯᠡᠡ᠃ ᠤᠯᠤᠰ ᠤᠨ ᠶᠡᠬᠡ ᠬᠤᠷᠠᠯ ᠤᠨ 2012 ᠣᠨ ᠤ ᠡᠭᠡᠯᠵᠢᠲᠦ ᠰᠣᠩᠭᠤᠭᠤᠯᠢ ᠶᠢᠨ ᠳ᠋ᠦᠩ ᠢᠶᠡᠷ ᠤᠯᠤᠰ ᠤᠨ ᠶᠡᠬᠡ ᠬᠤᠷᠠᠯ ᠤᠨ ᠬᠠᠮᠤᠭ ᠤᠨ ᠣᠯᠠᠨ ᠰᠠᠭᠤᠳᠠᠯ ᠠᠪᠤᠭᠰᠠᠨ ᠠᠷᠠᠳᠴᠢᠯᠠᠭᠰᠠᠨ ᠨᠠᠮ ᠤᠯᠤᠰ ᠤᠨ ᠶᠡᠬᠡ ᠬᠤᠷᠠᠯ ᠳᠤ ᠰᠠᠭᠤᠳᠠᠯ ᠲᠠᠶ ᠪᠤᠰᠤᠳ ᠨᠠᠮ᠂ ᠡᠪᠰᠡᠯ ᠲᠡᠶ ᠵᠥᠪᠰᠢᠯᠴᠡᠨ᠂ ᠤᠯᠤᠰ ᠤᠨ ᠶᠡᠬᠡ ᠬᠤᠷᠠᠯ ᠤᠨ ᠭᠡᠰᠢᠭᠦᠨ ᠴᠢᠮᠢᠳ ᠦᠨ ᠰᠠᠶᠢᠬᠠᠨᠪᠢᠯᠢᠭ᠋ ᠢ ᠮᠣᠩᠭᠤᠯ ᠤᠯᠤᠰ ᠤᠨ ᠶᠡᠷᠦᠩᠬᠡᠶ ᠰᠠᠶᠢᠳ ᠢᠶᠠᠷ ᠲᠣᠮᠢᠯᠠᠭᠤᠯᠬᠤ ᠪᠠᠷ ᠨᠡᠷᠡᠡ ᠳᠡᠪᠰᠢᠭᠦᠯᠵᠦ᠂ ᠮᠣᠩᠭᠤᠯ ᠤᠯᠤᠰ ᠤᠨ ᠶᠡᠷᠦᠩᠬᠡᠶᠢᠯᠡᠭᠴᠢ ᠳᠦ ᠡᠷᠭᠦᠨ ᠮᠡᠳᠡᠭᠦᠯᠦᠭᠰᠡᠨ᠃ ᠦᠨᠳᠦᠰᠦᠨ ᠬᠠᠤᠯᠢ ᠶᠢᠨ ᠭᠤᠴᠢᠨ ᠭᠤᠷᠪᠠᠳᠤᠭᠠᠷ ᠵᠦᠶᠯ ᠦᠨ ᠨᠢᠭᠡ ᠳᠡᠬᠢ ᠬᠡᠰᠡᠭ ᠦᠨ 2 ᠲᠤ ᠵᠢᠭᠠᠭᠰᠠᠨ ᠪᠦᠷᠢᠨ ᠡᠷᠬᠡ ᠶᠢᠨ ᠢᠶᠡᠨ ᠳᠠᠭᠠᠭᠤ ᠴᠢ᠊᠂ ᠰᠠᠶᠢᠬᠠᠨᠪᠢᠯᠢᠭ᠋ ᠢ ᠮᠣᠩᠭᠤᠯ ᠤᠯᠤᠰ ᠤᠨ ᠶᠡᠷᠦᠩᠬᠡᠶ ᠰᠠᠶᠢᠳ ᠢᠶᠠᠷ ᠲᠣᠮᠢᠯᠠᠭᠤᠯᠬᠤ ᠲᠤᠬᠠᠶ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠯ ᠢ ᠶᠡᠷᠦᠩᠬᠡᠶᠢᠯᠡᠭᠴᠢ ᠶᠢᠨ ᠲᠠᠮᠠᠭᠠᠠ ᠶᠢᠨ ᠭᠠᠵᠠᠷ ᠠᠴᠠ ᠤᠯᠤᠰ ᠤᠨ ᠶᠡᠬᠡ ᠬᠤᠷᠠᠯ ᠤᠨ ᠳᠠᠷᠤᠭᠠᠠ ᠳᠤ ᠡᠷᠭᠦᠨ ᠪᠠᠷᠢᠭᠰᠠᠨ ᠶᠤᠮ᠃

ᠤᠯᠤᠰ ᠤᠨ ᠶᠡᠬᠡ ᠬᠤᠷᠠᠯ ᠤᠨ ᠲᠥᠷᠦ ᠢᠨ ᠪᠠᠶᠢᠭᠤᠯᠤᠯᠲᠠ ᠶᠢᠨ ᠪᠠᠶᠢᠩᠭᠤ ᠶᠢᠨ ᠬᠣᠷᠢᠶᠠᠨ ᠤ ᠥᠴᠦᠭᠡᠳᠦᠷ ᠦᠨ ᠬᠤᠷᠠᠯᠳᠤᠭᠠᠨ ᠢᠶᠠᠷ ᠤᠭ ᠠᠰᠠᠭᠤᠳᠠᠯ ᠢ ᠬᠡᠯᠡᠯᠴᠡᠵᠦ᠂ ᠮᠣᠩᠭᠤᠯ ᠤᠯᠤᠰ ᠤᠨ ᠶᠡᠷᠦᠩᠬᠡᠶ ᠰᠠᠶᠢᠳ ᠢᠶᠠᠷ ᠴᠢ᠊᠂ ᠰᠠᠶᠢᠬᠠᠨᠪᠢᠯᠢᠭ᠋ ᠢ ᠲᠣᠮᠢᠯᠠᠭᠤᠯᠬᠤ ᠲᠤᠬᠠᠶ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠯ ᠢ ᠬᠤᠷᠠᠯᠳᠤᠭᠠᠨ ᠳᠤ ᠣᠷᠤᠯᠴᠠᠭᠰᠠᠨ 10 ᠭᠡᠰᠢᠭᠦᠨ 100 ᠬᠤᠪᠢ ᠶᠢᠨ ᠰᠠᠨᠠᠯ ᠢᠶᠠᠷ ᠳᠡᠮᠵᠢᠭᠰᠡᠨ᠃

ᠮᠣᠩᠭᠤᠯ ᠤᠯᠤᠰ ᠤᠨ ᠶᠡᠷᠦᠩᠬᠡᠶᠢᠯᠡᠭᠴᠢ ᠴᠠ᠊᠂ ᠡᠯᠪᠡᠭᠳᠣᠷᠵᠢ ᠮᠣᠩᠭᠤᠯ ᠤᠯᠤᠰ ᠤᠨ ᠶᠡᠷᠦᠩᠬᠡᠶ ᠰᠠᠶᠢᠳ ᠲᠤ ᠤᠯᠤᠰ ᠤᠨ ᠶᠡᠬᠡ ᠬᠤᠷᠠᠯ ᠤᠨ ᠭᠡᠰᠢᠭᠦᠨ ᠴᠢ᠊᠂ ᠰᠠᠶᠢᠬᠠᠨᠪᠢᠯᠢᠭ᠋ ᠢ ᠲᠣᠮᠢᠯᠠᠭᠤᠯᠬᠤ ᠲᠤᠬᠠᠶ ᠠᠰᠠᠭᠤᠳᠠᠯ ᠢ᠂ ᠲᠥᠷᠦ ᠶᠢᠨ ᠪᠠᠶᠢᠭᠤᠯᠤᠯᠲᠠ ᠶᠢᠨ ᠪᠠᠶᠢᠩᠭᠤ ᠶᠢᠨ ᠬᠣᠷᠢᠶᠠᠨ ᠤ ᠰᠠᠨᠠᠯ᠂ ᠳ᠋ᠦᠩᠨᠡᠯᠲᠡ ᠶᠢ ᠤᠯᠤᠰ ᠤᠨ ᠶᠡᠬᠡ ᠬᠤᠷᠠᠯ ᠤᠨ ᠭᠡᠰᠢᠭᠦᠨ ᠠ᠊᠂ ᠪᠠᠻᠧᠶ ᠨᠠᠷ ᠲᠤᠰ ᠲᠤᠰ ᠴᠢᠭᠤᠯᠭᠠᠨ ᠤ ᠬᠤᠷᠠᠯᠳᠤᠭᠠᠨ ᠳᠤ ᠲᠠᠨᠢᠯᠴᠠᠭᠤᠯᠤᠯᠠᠠ᠃

ᠨᠡᠷᠡᠡ ᠳᠡᠪᠰᠢᠭᠴᠢ ᠶᠢᠨ ᠲᠠᠯᠠᠠ ᠪᠠᠷ ᠪᠣᠯᠤᠨ ᠲᠥᠷᠦ ᠶᠢᠨ ᠪᠠᠶᠢᠭᠤᠯᠤᠯᠲᠠ ᠶᠢᠨ ᠪᠠᠶᠢᠩᠭᠤ ᠶᠢᠨ ᠬᠣᠷᠢᠶᠠᠨ ᠤ ᠰᠠᠨᠠᠯ᠂ ᠳ᠋ᠦᠩᠨᠡᠯᠲᠡ ᠲᠡᠶ ᠬᠣᠯᠪᠤᠭᠳᠠᠭᠤᠯᠤᠨ᠂ ᠤᠯᠤᠰ ᠤᠨ ᠶᠡᠬᠡ ᠬᠤᠷᠠᠯ ᠤᠨ ᠭᠡᠰᠢᠭᠦᠨ ᠴ᠊᠂ ᠳᠠᠸᠠᠰᠦ᠋ᠷᠦᠩ᠂ ᠴ᠊᠂ ᠣᠶᠤᠨᠪᠠᠭᠠᠲᠤᠷ᠂ ᠣ᠊᠂ ᠪᠠᠰᠠᠩᠬᠦ᠋ᠦ᠂ ᠯ᠊᠂ ᠡᠷᠳᠡᠨᠢᠴᠢᠮᠡᠭ᠂ ᠭ᠊᠂ ᠤᠶᠠᠩᠭᠠᠠ᠂ ᠬ᠊᠂ ᠪᠣᠯᠤᠷᠴᠢᠯᠠᠭᠤᠨ᠂ ᠨ᠊᠂ ᠪᠠᠲᠤᠴᠢᠮᠡᠭ᠂ ᠭ᠊᠂ ᠪᠠᠶᠠᠷᠰᠠᠶᠢᠬᠠᠨ᠂ ᠰ᠊᠂ ᠣᠳᠤᠨᠲᠤᠶᠠᠭᠠᠠ ᠨᠠᠷ ᠤᠨ ᠲᠠᠯᠪᠢᠭᠰᠠᠨ ᠠᠰᠠᠭᠤᠯᠲᠠ ᠳᠤ ᠮᠣᠩᠭᠤᠯ ᠤᠯᠤᠰ ᠤᠨ ᠶᠡᠷᠦᠩᠬᠡᠶ ᠰᠠᠶᠢᠳ ᠲᠤ ᠨᠡᠷᠡᠡ ᠳᠡᠪᠰᠢᠭᠴᠢ ᠴᠢ᠊᠂ ᠰᠠᠶᠢᠬᠠᠨᠪᠢᠯᠢᠭ᠋ ᠪᠣᠯᠤᠨ ᠲᠥᠷᠦ ᠶᠢᠨ ᠪᠠᠶᠢᠭᠤᠯᠤᠯᠲᠠ ᠶᠢᠨ ᠪᠠᠶᠢᠩᠭᠤ ᠶᠢᠨ ᠬᠣᠷᠢᠶᠠᠨ ᠤ ᠳᠠᠷᠤᠭᠠᠠ ᠠ᠊᠂ ᠪᠠᠻᠧᠶ ᠨᠠᠷ ᠬᠠᠷᠢᠭᠤᠯᠲᠠ ᠥᠭᠭᠦᠭᠰᠡᠨ᠃

ᠭᠡᠰᠢᠭᠦᠳ ᠦᠨ ᠵᠦᠭ ᠡᠴᠡ ᠡᠳ ᠦᠨ ᠵᠠᠰᠠᠭ ᠤᠨ ᠪᠣᠳᠠᠲᠤ ᠬᠢᠮᠤᠷᠠᠯ ᠢ ᠵᠣᠭᠰᠤᠭᠠᠬᠤ ᠠᠷᠭᠠᠠ ᠵᠠᠮ ᠢ ᠬᠡᠷᠬᠢᠨ ᠬᠠᠷᠠᠵᠤ ᠪᠠᠶᠢᠭᠠᠠ ᠪᠣᠯᠤᠨ ᠡᠨᠡ ᠲᠠᠯᠠᠠ ᠪᠠᠷ ᠶᠠᠮᠠᠷ ᠪᠣᠳᠤᠯᠭᠠᠠ ᠪᠠᠷᠢᠬᠤ᠂ ᠰᠢᠨᠡᠡ ᠪᠡᠷ ᠪᠠᠶᠢᠭᠤᠯᠤᠭᠳᠠᠬᠤ ᠵᠠᠰᠠᠭ ᠤᠨ ᠭᠠᠵᠠᠷ ᠢ ᠮᠡᠷᠭᠡᠵᠢᠯ ᠦᠨ ᠶᠣᠰᠤ ᠵᠦᠶ᠂ ᠰᠠᠬᠢᠯᠭᠠᠠ ᠪᠠᠲᠤ ᠲᠠᠶ ᠰᠢᠳᠤᠷᠭᠤ ᠬᠦᠮᠦᠰ ᠢᠶᠡᠷ ᠪᠦᠷᠢᠳᠦᠭᠦᠯᠵᠦ ᠴᠢᠳᠠᠬᠤ ᠡᠰᠡᠬᠦ᠂ ᠭᠠᠳᠠᠭᠠᠳᠤ᠂ ᠳᠣᠲᠤᠭᠠᠳᠤ ᠶᠢᠨ ᠬᠥᠷᠦᠩᠭᠡ ᠣᠷᠤᠭᠤᠯᠤᠯᠲᠠ᠂ ᠢᠯᠠᠩᠭᠤᠶᠠᠠ ᠣᠭ᠋ᠶᠤ ᠲᠣᠯᠤᠭᠠᠶ᠂ ᠲᠠᠪᠤᠨ ᠲᠣᠯᠤᠭᠠᠶ ᠶᠢᠨ ᠠᠰᠠᠭᠤᠳᠠᠯ ᠢ ᠶᠡᠠᠭᠠᠬᠢᠵᠤ ᠰᠢᠢᠳᠬᠦ᠂ ᠰᠢᠨᠡᠴᠢᠯᠡᠯ ᠦᠨ ᠵᠠᠰᠠᠭ ᠤᠨ ᠭᠠᠵᠠᠷ ᠤᠨ ᠦᠶᠯᠡ ᠠᠵᠢᠯᠯᠠᠭᠠᠠ ᠶᠢ ᠦᠷᠭᠦᠯᠵᠢᠯᠡᠭᠦᠯᠬᠦ ᠳᠦ ᠶᠠᠭᠤᠨ ᠳᠡᠭᠡᠷᠡᠡ ᠠᠩᠬᠠᠷᠴᠤ ᠠᠵᠢᠯᠯᠠᠬᠤ᠂ ᠡᠷᠴᠢᠮ ᠬᠦᠴᠦᠨ ᠦ ᠦᠨᠡᠡ ᠶᠢ ᠬᠡᠵᠢᠶᠡᠡ ᠴᠢᠯᠦᠭᠡᠯᠡᠬᠦ ᠵᠡᠷᠭᠡ ᠣᠯᠠᠨ ᠠᠰᠠᠭᠤᠳᠠᠯ ᠢ ᠬᠥᠨᠳᠡᠵᠦ ᠲᠠᠯᠪᠢᠯᠠᠠ᠃

ᠮᠥᠨ ᠤᠯᠤᠰ ᠤᠨ ᠶᠡᠬᠡ ᠬᠤᠷᠠᠯ ᠤᠨ ᠭᠡᠰᠢᠭᠦᠨ ᠵ᠊᠂ ᠪᠠᠶᠠᠨᠰᠡᠯᠡᠩᠭᠡ᠂ ᠴ᠊᠂ ᠳᠠᠸᠠᠰᠦ᠋ᠷᠦᠩ᠂ ᠳ᠊᠂ ᠭᠠᠩᠬᠤᠶᠠᠭ᠂ ᠮ᠊᠂ ᠵᠣᠷᠢᠭᠲᠤ᠂ ᠣ᠊᠂ ᠪᠠᠰᠠᠩᠬᠦ᠋ᠦ᠂ ᠴ᠊᠂ ᠴᠣᠯᠮᠤᠨ᠂ ᠰ᠊᠂ ᠣᠳᠤᠨᠲᠤᠶᠠᠭᠠᠠ᠂ ᠳ᠊᠂ ᠠᠷᠪᠢᠨ᠂ ᠴ᠊᠂ ᠣᠶᠤᠨᠪᠠᠭᠠᠲᠤᠷ᠂ ᠯ᠊᠂ ᠭᠠᠩᠪᠠᠲᠤ᠂ ᠴ᠊᠂ ᠤᠯᠠᠭᠠᠨ᠂ ᠠ᠊᠂ ᠪᠠᠻᠧᠶ᠂ ᠯ᠊᠂ ᠡᠷᠳᠡᠨᠢᠴᠢᠮᠡᠭ᠂ ᠵ᠊᠂ ᠪᠠᠲᠤᠽᠠᠨᠳᠠᠨ᠂ ᠭ᠊᠂ ᠤᠶᠠᠩᠭᠠᠠ᠂ ᠬ᠊᠂ ᠪᠣᠯᠤᠷᠴᠢᠯᠠᠭᠤᠨ ᠨᠠᠷ ᠥᠪᠡᠷᠰᠡᠳ ᠦᠨ ᠪᠠᠶᠢᠷᠢ ᠰᠠᠭᠤᠷᠢ ᠪᠠᠨ ᠢᠯᠡᠷᠬᠡᠶᠢᠯᠡᠵᠦ᠂ ᠦᠭᠡ ᠬᠡᠯᠡᠪᠡ᠃ ᠤᠯᠤᠰ ᠣᠷᠤᠨ ᠤ ᠲᠥᠯᠦᠭᠡ ᠴᠢᠩ ᠰᠡᠳᠬᠢᠯ ᠢᠶᠡᠨ ᠵᠣᠷᠢᠭᠤᠯᠵᠤ ᠠᠵᠢᠯᠯᠠᠬᠤ ᠪᠠᠭ ᠢᠶᠠᠨ ᠵᠥᠪ ᠪᠦᠷᠢᠳᠦᠭᠦᠯᠬᠦ᠂ ᠪᠠᠭ ᠢᠶᠠᠨ ᠵᠠᠬᠢᠷᠴᠤ ᠴᠢᠳᠠᠳᠠᠭ ᠪᠠᠶᠢᠬᠤ᠂ ᠠᠷ ᠰᠠᠷ ᠲᠤᠯᠭᠠᠠ ᠲᠣᠭᠤᠷᠢᠭᠰᠠᠨ ᠠᠰᠠᠭᠤᠳᠠᠯ ᠢᠶᠠᠷ ᠬᠥᠭᠡᠭᠡᠴᠡᠯᠳᠦᠬᠦ ᠪᠤᠰᠤ ᠬᠣᠯᠠ ᠶᠢ ᠬᠠᠷᠠᠵᠤ ᠠᠵᠢᠯᠯᠠᠬᠤ ᠶᠢ ᠮᠣᠩᠭᠤᠯ ᠤᠯᠤᠰ ᠤᠨ ᠶᠡᠷᠦᠩᠬᠡᠶ ᠰᠠᠶᠢᠳ ᠲᠤ ᠨᠡᠷᠡᠡ ᠳᠡᠪᠰᠢᠭᠴᠢ ᠴᠢ᠊᠂ ᠰᠠᠶᠢᠬᠠᠨᠪᠢᠯᠢᠭ᠋ ᠲᠦ ᠭᠡᠰᠢᠭᠦᠳ ᠰᠠᠨᠠᠭᠤᠯᠵᠤ ᠪᠠᠶᠢᠭᠰᠠᠨ ᠶᠤᠮ᠃

ᠮᠥᠨ ᠡᠳ ᠦᠨ ᠵᠠᠰᠠᠭ ᠤᠨ ᠬᠢᠮᠤᠷᠠᠯ ᠲᠠᠶ ᠡᠨᠡ ᠴᠠᠭ ᠦᠶᠡᠡ ᠳᠦ ᠬᠦᠨᠳᠦ ᠠᠴᠢᠶᠠᠠ ᠡᠭᠦᠷᠬᠦ ᠭᠡᠵᠦ ᠪᠠᠶᠢᠭᠠᠠ ᠴᠤ ᠤᠯᠤᠰ ᠣᠷᠤᠨ ᠤ ᠪᠠᠨ ᠰᠠᠶᠢᠨ ᠰᠠᠶᠢᠬᠠᠨ ᠤ ᠲᠥᠯᠦᠭᠡ ᠬᠢᠵᠦ ᠬᠡᠷᠡᠭᠵᠢᠭᠦᠯᠬᠦ ᠲᠣᠮᠤᠬᠠᠨ ᠠᠰᠠᠭᠤᠳᠠᠯ ᠢ ᠰᠢᠢᠳᠬᠦ ᠶᠢᠨ ᠲᠤᠯᠠᠳᠠ ᠨᠠᠮ ᠤᠨ ᠡᠪ ᠨᠢᠭᠡᠳᠦᠯ ᠳᠦ ᠠᠩᠬᠠᠷᠬᠤ᠂ ᠪᠤᠰᠤᠳ ᠨᠠᠮ᠂ ᠡᠪᠰᠡᠯ ᠦᠨ ᠪᠦᠯᠦᠭ ᠦᠳ ᠲᠡᠶ ᠬᠠᠮᠲᠤᠷᠠᠵᠤ ᠠᠵᠢᠯᠯᠠᠬᠤ ᠶᠢ ᠵᠥᠪᠯᠡᠵᠦ᠂ ᠠᠵᠢᠯ ᠤᠨ ᠠᠮᠵᠢᠯᠲᠠ ᠬᠦᠰᠡᠯᠡᠡ᠃ ᠢᠩᠭᠢᠭᠡᠳ ᠭᠡᠰᠢᠭᠦᠳ ᠠᠰᠠᠭᠤᠯᠲᠠ ᠠᠰᠠᠭᠤᠵᠤ᠂ ᠦᠭᠡ ᠬᠡᠯᠡᠵᠦ ᠳᠠᠭᠤᠰᠤᠭᠰᠠᠨ ᠤ ᠳᠠᠷᠠᠭᠠᠠ ᠲᠥᠷᠥ ᠶᠢᠨ ᠪᠠᠶᠢᠭᠤᠯᠤᠯᠲᠠ ᠶᠢᠨ ᠪᠠᠶᠢᠩᠭᠤ ᠶᠢᠨ ᠬᠣᠷᠢᠶᠠᠨ ᠠᠴᠠ ᠭᠠᠷᠭᠠᠭᠰᠠᠨ ᠮᠣᠩᠭᠤᠯ ᠤᠯᠤᠰ ᠤᠨ ᠶᠡᠷᠦᠩᠬᠡᠶ ᠰᠠᠶᠢᠳ ᠢᠶᠠᠷ ᠴᠢ᠊᠂ ᠰᠠᠶᠢᠬᠠᠨᠪᠢᠯᠢᠭ᠋ ᠢ ᠶᠡᠷᠦᠩᠬᠡᠶ ᠰᠠᠶᠢᠳ ᠢᠶᠠᠷ ᠲᠣᠮᠢᠯᠠᠬᠤ ᠶᠢ ᠳᠡᠮᠵᠢᠶᠡᠡ ᠭᠡᠰᠡᠨ ᠰᠠᠨᠠᠯ ᠤᠨ ᠲᠣᠮᠢᠶᠠᠯᠠᠯ ᠢᠶᠠᠷ ᠰᠠᠨᠠᠯ ᠬᠤᠷᠢᠶᠠᠯᠲᠠ ᠶᠠᠪᠤᠭᠤᠯᠬᠤ ᠳᠤ ᠬᠤᠷᠠᠯᠳᠤᠭᠠᠨ ᠳᠤ ᠣᠷᠤᠯᠴᠠᠭᠰᠠᠨ 44 ᠭᠡᠰᠢᠭᠦᠨ ᠡᠴᠡ 42 ᠨᠢ ᠪᠤᠶᠤ 95.5 ᠬᠤᠪᠢ ᠨᠢ ᠤᠭ ᠰᠠᠨᠠᠯ ᠢ ᠳᠡᠮᠵᠢᠪᠡ᠃

ᠤᠯᠤᠰ ᠤᠨ ᠶᠡᠬᠡ ᠬᠤᠷᠠᠯ ᠤᠨ ᠳᠠᠷᠤᠭᠠᠠ ᠵ᠊᠂ ᠡᠩᠬᠡᠪᠣᠯᠤᠳ ᠰᠢᠨᠡᠡ ᠪᠡᠷ ᠲᠣᠮᠢᠯᠠᠭᠳᠠᠭᠰᠠᠨ ᠮᠣᠩᠭᠤᠯ ᠤᠯᠤᠰ ᠤᠨ ᠶᠡᠷᠦᠩᠬᠡᠶ ᠰᠠᠶᠢᠳ ᠴᠢ᠊᠂ ᠰᠠᠶᠢᠬᠠᠨᠪᠢᠯᠢᠭ᠋ ᠲᠦ ᠪᠠᠶᠠᠷ ᠬᠦᠷᠭᠡᠭᠰᠡᠨ ᠦ ᠳᠠᠷᠠᠭᠠᠠ ᠮᠣᠩᠭᠤᠯ ᠤᠯᠤᠰ ᠤᠨ ᠶᠡᠷᠦᠩᠬᠡᠶ ᠰᠠᠶᠢᠳ ᠴᠢ᠊᠂ ᠰᠠᠶᠢᠬᠠᠨᠪᠢᠯᠢᠭ᠋ ᠦᠭᠡ ᠬᠡᠯᠡᠯᠡᠡ

No comments:

Post a Comment