Мэргэжлийн боксчин Н. Төгсцогтын 4 дэх тулаан
ᠮᠡᠷᠭᠡᠵᠢᠯ ᠦᠨ ᠪᠣᠻᠰᠴᠢᠨ ᠨᠢᠮᠠᠪᠠᠶᠠᠷ ᠤᠨ ᠲᠡᠭᠦᠰᠴᠣᠭᠲᠤ ᠶᠢᠨ ᠳᠥᠷᠪᠡ ᠳᠠᠬᠢ ᠲᠤᠯᠤᠭᠠᠨ
ᠠᠮᠵᠢᠯᠲᠠ
ᠢᠯᠠᠭᠳᠠᠭᠰᠠᠨ᠄ 0
ᠲᠡᠩᠴᠡᠭᠰᠡᠨ᠄ 0
ᠳᠥᠷᠪᠡ ᠳᠠᠬᠢ ᠲᠤᠯᠤᠭᠠᠨ
ᠲᠤᠯᠤᠭᠠᠨ ᠪᠣᠯᠤᠭᠰᠠᠨ ᠭᠠᠵᠠᠷ᠄ ᠠᠮᠧᠷᠢᠻᠠ ᠶᠢᠨ ᠨᠢᠭᠡᠳᠦᠭᠰᠡᠨ ᠤᠯᠤᠰ
ᠥᠷᠢᠰᠦᠯᠳᠦᠭᠴᠢ᠄ ᠫᠧᠳᠷᠣ ᠮᠧᠯᠣ
ᠦᠷ᠎ᠡ ᠳᠦᠩ᠄ ᠲᠡᠭᠦᠰᠴᠣᠭᠲᠤ ᠨᠣᠻᠠᠦᠲ ᠢᠶᠠᠷ ᠢᠯᠠᠭᠰᠠᠨ
4th pro fight 4 kos'
Posted by Tugstsogt Nyambayar on Thursday, December 3, 2015
Баярхүүгийн Ичинхорлоо. Тэнгэр
ᠲᠩᠷᠢ
ᠪᠠᠶᠠᠷᠬᠦ᠋ᠦ ᠶᠢᠨ ᠢᠴᠢᠨᠬᠣᠷᠯᠤᠠ
ᠪᠤᠰᠤᠳ ᠦᠨ ᠤᠳᠤ ᠬᠠᠷᠪᠤᠳᠠᠭ ᠦᠭᠡᠢ᠃
ᠮᠢᠨᠦ ᠮᠣᠩᠭᠤᠯ ᠦᠨ ᠲᠩᠷᠢ ᠳ᠋ᠦ ᠡᠷᠬᠡᠯᠡᠬᠦ ᠭᠡᠵᠦ
ᠪᠣᠰᠣᠳ ᠦᠨ ᠣᠳᠤ ᠱᠣᠬᠤᠭᠤᠷ᠊ᠬᠠᠳᠠᠭ ᠶᠤᠮ᠃
ᠮᠢᠨᠤ ᠮᠣᠩᠭᠤᠯ ᠦᠨ ᠲᠩᠷᠢ ᠳ᠋ᠦ ᠦᠳᠦᠯᠡᠭᠰᠡᠨ ᠰᠢᠪᠠᠭᠤ
ᠪᠣᠰᠣᠳ ᠦᠨ ᠲᠩᠷᠢ ᠳ᠋ᠦ ᠦᠳᠦ ᠪᠡᠨ ᠰᠠᠴᠤᠳᠠᠭ ᠦᠭᠡᠢ᠃
ᠮᠢᠨᠤ ᠮᠣᠩᠭᠤᠯ ᠦᠨ ᠲᠩᠷᠢ ᠳ᠋ᠦ ᠦᠰᠦᠭᠰᠡᠨ ᠪᠦᠷᠭᠦᠳ
ᠪᠤᠳᠤᠩᠲᠤ ᠭᠠᠵᠠᠷ ᠶᠠᠰᠤ ᠪᠠᠨ ᠲᠠᠯᠪᠢᠳᠠᠭ ᠦᠭᠡᠶ᠅
ᠮᠢᠨᠦ ᠮᠣᠩᠭᠤᠯ ᠦᠨ ᠲᠩᠷᠢ ᠳ᠋ᠦ ᠡᠷᠬᠡᠯᠡᠬᠦ ᠭᠡᠵᠦ
ᠪᠣᠰᠣᠳ ᠦᠨ ᠣᠳᠤ ᠱᠣᠬᠤᠭᠤᠷ᠊ᠬᠠᠳᠠᠭ ᠶᠤᠮ᠃
ᠪᠣᠰᠣᠳ ᠦᠨ ᠲᠩᠷᠢ ᠳ᠋ᠦ ᠦᠳᠦ ᠪᠡᠨ ᠰᠠᠴᠤᠳᠠᠭ ᠦᠭᠡᠢ᠃
ᠮᠢᠨᠤ ᠮᠣᠩᠭᠤᠯ ᠦᠨ ᠲᠩᠷᠢ ᠳ᠋ᠦ ᠦᠰᠦᠭᠰᠡᠨ ᠪᠦᠷᠭᠦᠳ
ᠪᠤᠳᠤᠩᠲᠤ ᠭᠠᠵᠠᠷ ᠶᠠᠰᠤ ᠪᠠᠨ ᠲᠠᠯᠪᠢᠳᠠᠭ ᠦᠭᠡᠶ᠅
ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
ГЭРЭГ СЭТГҮҮЛ: Монголд дурлагч
ᠭᠡᠷᠡᠭᠡ ᠰᠡᠳᠬᠦᠯ᠄ ᠮᠣᠩᠭᠤᠯ ᠳᠤ ᠳᠤᠷᠠᠯᠠᠭᠴᠢ
www.ikon.mn | 2015 ᠣᠨ ᠤ 9 ᠳᠦᠭᠡᠷ ᠰᠠᠷ᠎ᠠ ᠶᠢᠨ 25
ᠬᠠᠷᠬᠢᠷᠠᠭ᠎ᠠ ᠬᠥᠭᠡᠮᠡᠶ᠂ 《ᠵᠢᠷᠠᠨ ᠴᠠᠭᠠᠨ ᠠᠳᠤᠭᠤ》 ᠠᠷᠠᠳ ᠤᠨ ᠳᠠᠭᠤᠨ ᠠᠴᠠ ᠡᠬᠢᠯᠡᠭᠡᠳ ᠷᠣᠻᠢᠲ ᠪᠧᠶ ᠶᠢᠨ 《ᠨᠢᠭᠡ ᠡᠳᠦᠷ ᠦᠨ ᠬᠠᠭᠠᠨ》᠂ 《ᠧᠶ ᠰᠠᠦᠨ᠋ᠳ》 ᠬᠠᠮᠲᠤᠯᠢᠭ ᠤᠨ 《ᠴᠢᠩ ᠵᠢᠷᠦᠭᠡᠨ ᠦ ᠬᠠᠶᠢᠷ᠎ᠠ》 ᠳᠠᠭᠤᠤ ᠶᠢ ᠴᠢᠳᠠᠪᠤᠷᠢᠯᠢᠭ ᠳᠠᠭᠤᠯᠠᠬᠤ ᠥᠩᠭᠡᠲᠦ ᠠᠷᠠᠰᠤ ᠲᠠᠶ᠂ ᠵᠤᠵᠠᠭᠠᠨ ᠤᠷᠤᠭᠤᠯ ᠲᠠᠶ ᠵᠠᠯᠠᠭᠤ ᠶᠢᠨ ᠪᠢᠴᠢᠯᠭᠡ ᠶᠢ 《ᠶᠦᠲ᠋ᠦᠪ》 ᠬᠠᠭᠤᠳᠠᠰᠤᠨ ᠠᠴᠠ ᠦᠵᠡᠭᠡᠳ ᠲᠡᠭᠦᠨ ᠢᠶᠡᠷ ᠪᠠᠬᠠᠷᠬᠠᠬᠤ᠂ ᠥᠪᠡᠷ ᠡᠴᠡᠭᠡᠨ ᠢᠴᠢᠬᠦ ᠮᠡᠳᠡᠷᠡᠮᠵᠢ ᠲᠥᠷᠦᠭᠰᠡᠨ ᠢ ᠨᠢᠭᠤᠬᠤ ᠶᠠᠭᠤᠨ᠃ ᠲᠷᠢᠯ ᠨᠣᠧᠯ ᠬᠡᠮᠡᠬᠦ ᠡᠨᠡ ᠵᠠᠯᠠᠭᠤ ᠮᠠᠨᠠᠶ ᠨᠤᠲᠤᠭ ᠲᠤ ᠬᠥᠯ ᠲᠠᠯᠪᠢᠵᠤ ᠦᠵᠡᠭᠡᠳᠦᠶ ᠠᠲᠠᠯ᠎ᠠ ᠪᠠᠨ ᠮᠣᠩᠭᠤᠯ ᠤᠨ ᠲᠡᠦᠬᠡ᠂ ᠰᠣᠶᠤᠯ ᠤᠯᠠᠮᠵᠢᠯᠠᠯ ᠳᠤ ᠤᠬᠠᠭᠠᠨ ᠦᠭᠡᠶ ᠳᠤᠷᠠᠯᠠᠵᠤ᠂ ᠮᠣᠩᠭᠤᠯ ᠬᠡᠯᠡ ᠶᠢ ᠥᠪᠡᠷ ᠢᠶᠡᠨ ᠰᠤᠷᠴᠤ ᠪᠤᠶ᠃ ᠢᠩᠭᠢᠭᠡᠳ ᠲᠡᠭᠦᠨ ᠲᠡᠶ ᠥᠷᠨᠢᠭᠦᠯᠦᠭᠰᠡᠨ ᠰᠣᠨᠢᠷᠬᠠᠯᠲᠠᠶ ᠶᠠᠷᠢᠶ᠎ᠠ ᠶᠢ ᠬᠦᠷᠭᠡᠶ᠎ᠡ᠃
᠆ ᠲᠠ ᠮᠣᠩᠭᠤᠯ ᠣᠷᠤᠨ ᠤ ᠲᠡᠦᠬᠡ᠂ ᠰᠣᠶᠤᠯ ᠢ ᠰᠣᠨᠢᠷᠬᠠᠬᠤ ᠪᠣᠯᠤᠭᠰᠠᠨ ᠰᠢᠯᠲᠠᠭᠠᠨ ᠶᠠᠭᠤ ᠪᠤᠶ⁈
᠆ ᠪᠢ ᠬᠡᠦᠬᠡᠳ ᠪᠠᠶᠢᠬᠤ ᠠᠴᠠᠭᠠᠨ ᠯᠠ ᠲᠡᠦᠬᠡᠨ ᠪᠠᠭᠠᠲᠤᠷ ᠤᠳ ᠢ ᠶᠡᠬᠡ ᠰᠣᠨᠢᠷᠬᠠᠳᠠᠭ ᠪᠠᠶᠢᠭᠰᠠᠨ᠃ ᠦᠨᠳᠦᠰᠦᠲᠡᠨ ᠪᠦᠷᠢ ᠶᠢᠨ ᠪᠠᠭᠠᠲᠤᠷ ᠤᠳ ᠤᠨ ᠲᠤᠬᠠᠶ ᠤᠩᠰᠢᠵᠤ᠂ ᠰᠤᠳᠤᠯᠤᠨ᠎ᠠ ᠭᠡᠳᠡᠭ ᠮᠢᠨᠤ ᠬᠣᠪᠪᠢ ᠪᠠᠶᠢᠭᠰᠠᠨ ᠭᠡᠬᠦ ᠦᠦ ᠳᠡ᠃ ᠠᠭᠤᠤ ᠠᠯᠧᠻᠰᠠᠨ᠋ᠳᠷ᠂ ᠰᠫᠠᠷᠲ᠋ᠠᠻ᠂ ᠠᠾᠢᠯᠯᠧᠰ᠂ ᠲᠦᠨᠢᠰ ᠦᠨ ᠾᠠᠨᠨᠢᠪᠠᠯ᠂ ᠬᠢᠲᠠᠳ ᠤᠨ ᠳᠠᠶᠢᠴᠢᠨ ᠰᠠᠨ ᠽᠦ᠂ ᠰᠠᠮᠤᠷᠠᠶ ᠣᠳᠠ ᠨᠣᠪᠦ᠋ᠨᠦ᠋ᠭᠠ᠂ ᠠᠲ᠋ᠢᠯᠯᠠ ᠭᠡᠳ ᠪᠦᠬᠦ ᠤᠳᠤᠷᠢᠳᠤᠭᠴᠢ᠂ ᠪᠠᠭᠠᠲᠤᠷ ᠤᠳ ᠤᠨ ᠲᠤᠬᠠᠶ ᠰᠤᠳᠤᠯᠤᠭᠰᠠᠨ᠃
ᠲᠡᠷᠡ ᠳᠤᠮᠳᠠ ᠠᠴᠠ ᠴᠢᠩᠭᠢᠰ ᠬᠠᠭᠠᠨ ᠬᠠᠮᠤᠭ ᠤᠨ ᠬᠦᠴᠦᠷᠬᠡᠭ ᠪᠥᠭᠡᠳ ᠰᠣᠨᠢᠷᠬᠠᠯᠲᠠᠶ ᠤᠳᠤᠷᠢᠳᠤᠭᠴᠢ ᠪᠠᠶᠢᠭᠰᠠᠨ ᠤᠴᠢᠷ ᠪᠢ ᠪᠠᠭ᠎ᠠ ᠠᠴᠠᠭᠠᠨ ᠯᠠ ᠲᠡᠭᠦᠨ ᠢ ᠰᠣᠨᠢᠷᠬᠠᠳᠠᠭ ᠪᠠᠶᠢᠪᠠ᠃
ᠮᠥᠨ ᠳᠤᠮᠳᠠᠳᠤ ᠰᠤᠷᠭᠠᠭᠤᠯᠢ ᠳᠤ ᠪᠠᠶᠢᠬᠤ ᠳᠠᠭᠠᠨ ᠪᠠᠶᠢᠭᠠᠯ ᠨᠠᠭᠤᠷ ᠤᠨ ᠣᠶᠢᠷᠠᠯᠴᠠᠭ᠎ᠠ ᠠᠮᠢᠳᠤᠷᠠᠵᠤ ᠪᠠᠶᠢᠭᠰᠠᠨ ᠾᠧᠲ᠂ ᠴᠠᠲᠠᠨ ᠪᠣᠯᠤᠨ ᠲᠤᠸᠠ ᠦᠨᠳᠦᠰᠦᠲᠡᠨ ᠨᠦᠭᠦᠳ ᠠᠮᠧᠷᠢᠻᠠ ᠶᠢᠨ ᠤᠤᠭᠠᠯ ᠢᠨ᠋ᠳᠢᠶᠠᠨᠴᠤᠳ ᠲᠠᠶ ᠬᠣᠯᠪᠤᠭᠠᠲᠠᠶ ᠪᠣᠯᠬᠤ ᠶᠢ ᠣᠯᠵᠤ ᠮᠡᠳᠡᠭᠰᠡᠨ ᠶᠤᠮ᠃
ᠡᠨᠡ ᠦᠶ᠎ᠡ ᠡᠴᠡ ᠬᠣᠶᠢᠰᠢ ᠮᠣᠩᠭᠤᠯ ᠤᠨ ᠰᠣᠶᠤᠯ ᠳᠤ ᠲᠠᠲᠠᠭᠳᠠᠵᠤ ᠡᠬᠢᠯᠡᠭᠰᠡᠨ᠃ ᠪᠢ ᠤᠤᠭᠠᠯ ᠢᠨ᠋ᠳᠢᠶᠠᠨ ᠭᠠᠷᠤᠯ ᠲᠠᠶ ᠤᠴᠢᠷ ᠠᠴᠠ ᠲᠤᠸᠠ ᠦᠨᠳᠦᠰᠦᠲᠡᠨ ᠶᠡᠬᠡ ᠮᠣᠩᠭᠤᠯ ᠤᠯᠤᠰ ᠤᠨ ᠨᠢᠭᠡ ᠬᠡᠰᠡᠭ ᠪᠠᠶᠢᠭᠰᠠᠨ ᠲᠤᠬᠠᠶ ᠰᠣᠨᠤᠰᠤᠭᠠᠳ ᠮᠠᠰᠢ ᠶᠡᠬᠡ ᠰᠡᠳᠬᠢᠯ ᠬᠥᠳᠡᠯᠦᠭᠰᠡᠨ᠃ ᠬᠣᠵᠢᠮ 《ᠨᠢᠭᠤᠴᠠ ᠲᠣᠪᠴᠢᠶᠠᠨ》 ᠤ ᠤᠷᠴᠢᠭᠤᠯᠭ᠎ᠠ ᠶᠢ ᠤᠩᠰᠢᠭᠠᠳ ᠴᠢᠩᠭᠢᠰ ᠬᠠᠭᠠᠨ᠂ ᠰᠦᠪᠡᠭᠡᠳᠡᠶ ᠨᠠᠷ ᠢ ᠶᠠᠮᠠᠷ ᠭᠠᠶᠢᠬᠠᠯᠲᠠᠶ᠂ ᠤᠬᠠᠭᠠᠯᠢᠭ ᠪᠠᠭᠠᠲᠤᠷ ᠤᠳ ᠪᠠᠶᠢᠭᠰᠠᠨ ᠢ ᠣᠯᠵᠤ ᠮᠡᠳᠡᠭᠰᠡᠨ ᠯᠡ ᠳᠡ᠃
᠆ ᠲᠠᠨ ᠤ ᠭᠡᠷ ᠪᠦᠯᠢ ᠴᠦ ᠮᠥᠨ ᠠᠳᠠᠯᠢ ᠮᠣᠩᠭᠤᠯ ᠤᠯᠤᠰ ᠤᠨ ᠲᠡᠦᠬᠡ᠂ ᠰᠣᠶᠤᠯ ᠢ ᠰᠣᠨᠢᠷᠬᠠᠳᠠᠭ ᠤᠤ⁈
᠆ ᠦᠭᠡᠶ᠃ ᠪᠢ ᠭᠡᠷ ᠦᠨ ᠬᠢᠨ ᠡᠴᠡᠭᠡᠨ ᠬᠣᠯᠠ ᠠᠮᠢᠳᠤᠷᠠᠳᠠᠭ ᠤᠴᠢᠷ ᠠᠴᠠ ᠲᠡᠷᠡ ᠪᠦᠷᠢ ᠠᠭᠤᠯᠵᠠᠭᠠᠳ ᠪᠠᠶᠢᠳᠠᠭ ᠦᠭᠡᠶ᠃ ᠥᠩᠭᠡᠷᠡᠭᠰᠡᠨ ᠰᠠᠷ᠎ᠠ ᠳᠤ 《ᠮᠣᠩᠭᠤᠯ ᠧᠶᠢᠴ ᠳ᠋ᠢ》 ᠲᠧᠯᠧᠸᠢᠽ ᠲᠦ ᠥᠭᠭᠦᠭᠰᠡᠨ ᠶᠠᠷᠢᠯᠴᠠᠯᠭ᠎ᠠ ᠶᠢ ᠮᠠᠨᠢ ᠦᠵᠡᠭᠡᠳ ᠲᠡᠳᠡ ᠶᠡᠬᠡ ᠭᠠᠶᠢᠬᠠᠭᠰᠠᠨ ᠰᠢᠦ᠃ ᠮᠠᠨᠠᠶ ᠠᠮᠧᠷᠢᠻᠠ ᠨᠠᠶᠢᠵᠠ ᠨᠤᠭᠤᠳ ᠵᠠᠷᠢᠮ ᠳᠠᠭᠠᠨ ᠮᠣᠩᠭᠤᠯ ᠬᠥᠭᠵᠢᠮ ᠰᠣᠨᠤᠰᠳᠠᠭ᠃ ᠪᠢ ᠲᠡᠳᠡᠨ ᠳᠦ ᠪᠠᠭ᠎ᠠ ᠵᠡᠷᠭᠡ ᠵᠥᠪᠯᠡᠭᠡ ᠥᠭᠭᠦᠭᠰᠡᠨ ᠦ ᠳᠠᠷᠠᠭ᠎ᠠ ᠲᠡᠳᠡ ᠬᠥᠭᠡᠮᠡᠶᠢᠯᠡᠬᠦ ᠶᠢ ᠣᠷᠤᠯᠳᠤᠳᠠᠭ᠃ ᠭᠡᠪᠡᠴᠦ ᠶᠠᠭ ᠯᠠ ᠵᠦᠯᠭᠡ ᠲᠡᠭᠰᠢᠯᠡᠭᠴᠢ ᠮᠠᠰᠢᠨ ᠰᠢᠭ ᠳᠤᠤᠭᠠᠷᠤᠭᠠᠳ ᠪᠠᠶᠢᠳᠠᠭ ᠶᠤᠮ ᠡ᠂ ᠬᠠ ᠬᠠ᠃
᠆ ᠮᠣᠩᠭᠤᠯ ᠬᠡᠯᠡ ᠶᠢ ᠬᠡᠳᠦᠨ ᠵᠢᠯ ᠰᠤᠷᠴᠤ ᠪᠠᠶᠢᠨ᠎ᠠ ᠪᠤᠶ⁈
᠆ ᠬᠣᠶᠠᠷ ᠵᠢᠯ ᠦᠨ ᠡᠮᠦᠨ᠎ᠡ 《ᠠᠯᠲᠠᠷᠭᠠᠨ᠎ᠠ》 ᠳᠠᠭᠤᠤ ᠶᠢ ᠳᠠᠭᠤᠯᠠᠭᠰᠠᠨ ᠪᠢᠴᠢᠯᠭᠡ ᠪᠡᠨ ᠴᠠᠬᠢᠮ ᠬᠠᠭᠤᠳᠠᠰᠤᠨ ᠳᠤ ᠲᠠᠯᠪᠢᠭᠰᠠᠨ ᠤ ᠳᠠᠷᠠᠭ᠎ᠠ ᠮᠣᠩᠭᠤᠯ᠂ ᠪᠤᠷᠢᠶᠠᠳ ᠬᠡᠯᠡ ᠪᠡᠷ ᠮᠠᠰᠢ ᠣᠯᠠᠨ ᠻᠣᠮᠮᠧᠨᠲ ᠢᠷᠡᠵᠦ ᠪᠠᠶᠢᠭᠰᠠᠨ᠃ ᠲᠤᠬᠠᠶ ᠶᠢᠨ ᠦᠶ᠎ᠡ ᠳᠦ ᠪᠢ ᠲᠡᠷᠡ ᠳᠠᠭᠤᠨ ᠠᠴᠠ ᠨᠢᠭᠡ ᠴᠦ ᠦᠭᠡ ᠣᠶᠢᠯᠠᠭᠠᠳᠠᠭ ᠦᠭᠡᠶ ᠪᠠᠶᠢᠪᠠ᠃
ᠮᠠᠰᠢ ᠣᠯᠠᠨ ᠬᠦᠮᠦᠰ ᠨᠠᠳᠠ ᠠᠴᠠ ᠠᠰᠠᠭᠤᠯᠲᠠ ᠠᠰᠠᠭᠤᠵᠤ᠂ ᠶᠠᠷᠢᠯᠴᠠᠬᠤ ᠶᠢ ᠬᠦᠰᠡᠵᠦ ᠪᠠᠶᠢᠭᠰᠠᠨ᠃ ᠪᠢ ᠬᠡᠯᠡ ᠶᠢ ᠨᠢ ᠮᠡᠳᠡᠬᠦ ᠦᠭᠡᠶ᠂ ᠲᠡᠭᠡᠭᠰᠡᠨ ᠬᠢᠷᠢ ᠨᠢ ᠪᠡᠨ ᠲᠡᠳᠡᠨ ᠳᠦ ᠪᠦᠳᠦᠭᠦᠯᠢᠭ ᠬᠠᠨᠳᠤᠬᠤ ᠶᠢ ᠬᠦᠰᠡᠭᠡᠳᠦᠶ ᠲᠤᠯᠠ ᠠᠩᠭᠯᠢ᠆ᠮᠣᠩᠭᠤᠯ ᠥᠭᠦᠯᠡᠪᠦᠷᠢ ᠨᠦᠭᠦᠳ ᠲᠡᠶ ᠵᠢᠭᠰᠠᠭᠠᠯᠲᠠ ᠶᠢ ᠢᠨ᠋ᠲᠧᠷᠨᠧᠲ ᠡᠴᠡ ᠣᠯᠵᠤ᠂ ᠡᠬᠢᠨ ᠦ ᠡᠭᠡᠯᠵᠢᠨ ᠳᠦ ᠥᠪᠡᠷ ᠢ ᠪᠡᠨ ᠲᠠᠨᠢᠯᠴᠠᠭᠤᠯᠬᠤ ᠪᠣᠯᠤᠨ ᠣᠶᠢᠷ᠎ᠠ ᠵᠠᠭᠤᠷ᠎ᠠ ᠶᠢᠨ ᠵᠦᠶᠯᠡᠰ ᠶᠠᠷᠢᠵᠤ ᠰᠤᠷᠤᠭᠰᠠᠨ᠃
ᠲᠡᠷᠡ ᠦᠶ᠎ᠡ ᠡᠴᠡ ᠬᠣᠶᠢᠰᠢ ᠣᠯᠠᠨ ᠮᠣᠩᠭᠤᠯᠴᠤᠳ ᠲᠠᠶ ᠬᠠᠷᠢᠯᠴᠠᠵᠤ᠂ ᠬᠡᠯᠡ ᠪᠡᠨ ᠰᠠᠶᠢᠵᠢᠷᠠᠭᠤᠯᠵᠤ ᠪᠠᠶᠢᠭ᠎ᠠ᠃ ᠣᠳᠤ ᠪᠠᠷᠤᠭ ᠯᠠ ᠴᠢᠯᠦᠭᠡᠲᠡᠶ ᠶᠠᠷᠢᠵᠤ ᠴᠢᠳᠠᠬᠤ ᠬᠡᠮᠵᠢᠶᠡᠨ ᠳᠦ ᠢᠷᠡᠭᠡᠳ ᠪᠠᠶᠢᠭ᠎ᠠ ᠰᠢᠦ᠃
᠆ ᠪᠢ ᠮᠣᠩᠭᠤᠯ ᠳᠤ ᠣᠭᠲᠤ ᠣᠴᠢᠵᠤ ᠦᠵᠡᠭᠡᠳᠦᠶ᠃ ᠮᠡᠳᠡᠭᠡᠵᠢ ᠣᠴᠢᠬᠤ ᠶᠢ ᠮᠠᠰᠢ ᠶᠡᠬᠡ ᠬᠦᠰᠡᠵᠦ ᠪᠠᠶᠢᠭ᠎ᠠ᠃ ᠭᠡᠪᠡᠴᠦ ᠮᠢᠨᠤ ᠬᠦᠰᠡᠯ ᠢ ᠬᠠᠵᠠᠭᠠᠷᠯᠠᠵᠤ ᠪᠤᠶ ᠭᠠᠭᠴᠠ ᠵᠦᠶᠯ ᠪᠣᠯ ᠬᠥᠷᠦᠩᠭᠡ ᠮᠥᠩᠭᠦᠨ ᠦ ᠠᠰᠠᠭᠤᠳᠠᠯ᠃ ᠪᠢ ᠤᠳᠠᠬᠤ ᠦᠭᠡᠶ ᠶᠡᠬᠡ ᠰᠤᠷᠭᠠᠭᠤᠯᠢ ᠪᠠᠨ ᠲᠡᠭᠦᠰᠦᠭᠡᠳ ᠰᠠᠶᠢᠨ ᠠᠵᠢᠯ ᠳᠤ ᠣᠷᠤᠵᠤ᠂ ᠮᠣᠩᠭᠤᠯ ᠤᠷᠤᠭᠤ ᠠᠶᠠᠯᠠᠬᠤ ᠮᠥᠩᠭᠦ ᠴᠤᠭᠯᠠᠭᠤᠯᠬᠤ ᠵᠣᠷᠢᠯᠭ᠎ᠠ ᠲᠠᠶ ᠪᠠᠶᠢᠨ᠎ᠠ᠃
ᠬᠡᠷᠪᠡ ᠨᠠᠳᠤᠷ ᠪᠣᠯᠤᠮᠵᠢ ᠪᠠᠶᠢᠭᠰᠠᠨ ᠪᠣᠯ ᠠᠯᠢ ᠬᠡᠳᠦᠶᠢᠨ᠎ᠡ ᠮᠣᠩᠭᠤᠯ ᠳᠤ ᠣᠴᠢᠴᠢᠬᠠᠭᠰᠠᠨ᠂ ᠬᠡᠦᠬᠡᠳ ᠦᠳ ᠲᠦ ᠪᠠᠭᠰᠢᠯᠠᠵᠤ᠂ ᠡᠰᠡᠪᠡᠯ ᠻᠢᠨᠣ ᠫᠷᠣᠳᠢᠶᠦ᠋ᠰᠰᠧᠷ ᠦᠳ ᠲᠡᠶ ᠬᠠᠮᠲᠤᠷᠠᠨ ᠻᠢᠨᠣ ᠤᠷᠠᠯᠢᠭ ᠤᠨ ᠬᠥᠭᠵᠢᠯ ᠢ ᠨᠢᠭᠡ ᠱᠠᠲᠤ ᠠᠬᠢᠭᠤᠯᠬᠤ ᠳᠤ ᠲᠤᠰᠠᠯᠠᠬᠤ ᠠᠵᠢᠯ ᠬᠢᠵᠦ ᠪᠠᠶᠢᠬᠤ ᠪᠠᠶᠢᠭᠰᠠᠨ᠃ ᠡᠨᠡ ᠵᠣᠷᠢᠯᠭ᠎ᠠ ᠪᠠᠨ ᠪᠡᠶᠡᠯᠡᠭᠦᠯᠬᠦ ᠶᠢᠨ ᠲᠤᠯᠠᠳᠠ ᠪᠢ ᠰᠤᠷᠭᠠᠭᠤᠯᠢᠯᠲᠠ ᠪᠠᠨ ᠬᠢᠴᠢᠶᠡᠩᠭᠦᠶᠢᠯᠡᠨ ᠰᠤᠷᠤᠯᠴᠠᠵᠤ ᠪᠠᠶᠢᠨ᠎ᠠ᠃ ᠮᠣᠩᠭᠤᠯ ᠳᠤ ᠣᠴᠢᠵᠤ ᠲᠠᠨᠠᠶ ᠤᠯᠤᠰ ᠤᠨ ᠲᠤᠬᠠᠶ᠂ ᠬᠦᠮᠦᠰ ᠦᠨ ᠲᠤᠬᠠᠶ᠂ ᠪᠠᠰᠠ ᠴᠢᠩᠭᠢᠰ ᠬᠠᠭᠠᠨ ᠤ ᠲᠤᠬᠠᠶ ᠪᠠᠷᠢᠮᠲᠠᠲᠤ ᠻᠢᠨᠣ ᠬᠢᠬᠦ ᠶᠢ ᠬᠦᠰᠡᠳᠡᠭ᠃
᠆ ᠴᠢᠩᠭᠢᠰ ᠬᠠᠭᠠᠨ ᠠᠴᠠ ᠥᠭᠡᠷ᠎ᠡ ᠰᠡᠳᠦᠪ ᠢᠶᠡᠷ ᠻᠢᠨᠣ ᠬᠢᠬᠦ ᠶᠢ ᠬᠦᠰᠡᠳᠡᠭ ᠦᠭᠡᠶ ᠭᠡᠵᠦ ᠦᠦ⁈
᠆ ᠬᠡᠷᠪᠡ ᠨᠠᠳᠤᠷ ᠻᠢᠨᠣ ᠬᠢᠬᠦ ᠪᠣᠯᠤᠮᠵᠢ ᠣᠯᠳᠠᠪᠠᠯ ᠪᠢ ᠮᠣᠩᠭᠤᠯ ᠤᠨ ᠪᠦᠬᠦ ᠵᠢᠵᠢᠭ ᠶᠠᠰᠤᠲᠠᠨ ᠦᠨᠳᠦᠰᠦᠲᠡᠨ ᠦ ᠠᠮᠢᠳᠤᠷᠠᠯ ᠢ ᠬᠠᠷᠠᠭᠤᠯᠤᠮᠠᠷ ᠪᠠᠶᠢᠨ᠎ᠠ᠃ ᠦᠨᠳᠦᠰᠦᠲᠡᠨ ᠪᠦᠷᠢ ᠶᠢᠨ ᠬᠡᠦᠬᠡᠳ ᠦᠳ ᠥᠪᠡᠷ ᠥᠪᠡᠷ ᠦᠨ ᠤᠯᠠᠮᠵᠢᠯᠠᠯᠲᠤ ᠦᠨᠳᠦᠰᠦᠨ ᠦ ᠭᠡᠷ ᠲᠡᠭᠡᠨ ᠲᠣᠭᠯᠠᠵᠤ ᠪᠠᠶᠢᠭ᠎ᠠ ᠶᠢ ᠬᠠᠷᠠᠭᠤᠯᠬᠤ ᠪᠣᠯᠤᠨ᠎ᠠ᠃ ᠬᠡᠳᠦᠶ ᠲᠡᠳᠡ ᠥᠭᠡᠷ᠎ᠡ ᠥᠭᠡᠷ᠎ᠡ ᠬᠠᠷᠠᠭᠳᠠᠵᠤ ᠪᠣᠯᠬᠤ ᠴᠤ ᠲᠡᠦᠬᠡ᠂ ᠰᠣᠶᠤᠯ ᠨᠢ ᠢᠵᠢᠯ ᠭᠡᠳᠡᠭ ᠢ ᠬᠠᠷᠠᠭᠤᠯᠤᠨ᠎ᠠ᠃
ᠮᠣᠩᠭᠤᠯᠴᠤᠳ ᠮᠣᠷᠢ ᠪᠠᠷ ᠤᠷᠤᠯᠳᠤᠵᠤ᠂ ᠻᠠᠽᠠᠬ ᠮᠣᠩᠭᠤᠯᠴᠤᠳ ᠪᠦᠷᠭᠦᠳ ᠢᠶᠡᠷ ᠠᠩ ᠬᠢᠵᠦ᠂ ᠬᠠᠯᠢᠮᠠᠭ ᠤᠳ ᠮᠣᠷᠢᠨ ᠬᠤᠭᠤᠷ ᠤᠨ ᠲᠡᠮᠡᠴᠡᠭᠡᠨ ᠵᠣᠬᠢᠶᠠᠵᠤ᠂ ᠲᠤᠸᠠ ᠬᠦᠮᠦᠰ ᠣᠯᠠᠨ ᠲᠥᠷᠦᠯ ᠢᠶᠡᠷ ᠬᠥᠭᠡᠮᠡᠶᠢᠯᠡᠵᠦ ᠭᠡᠬᠦ ᠮᠡᠲᠦ ᠪᠡᠷ ᠪᠦᠭᠦᠳᠡ ᠥᠪᠡᠷ ᠥᠪᠡᠷ ᠦᠨ ᠶᠣᠰᠤ ᠤᠯᠠᠮᠵᠢᠯᠠᠯ ᠢ ᠬᠠᠷᠠᠭᠤᠯᠵᠤ ᠪᠠᠶᠢᠪᠠᠴᠤ ᠡᠳᠦᠷ ᠦᠨ ᠠᠵᠢᠯ ᠳᠠᠭᠤᠰᠤᠮᠠᠭᠴᠠ ᠲᠡᠳᠡ ᠪᠦᠭᠦᠳᠡ ᠨᠢᠭᠡ ᠰᠢᠷᠡᠭᠡᠨ ᠳᠦ ᠬᠠᠮᠲᠤ ᠳᠠᠭᠠᠨ ᠰᠠᠭᠤᠨ ᠬᠣᠭᠤᠯᠠᠯᠠᠵᠤ᠂ ᠦᠨᠳᠦᠰᠦᠨ ᠦ ᠪᠦᠵᠢᠭ ᠢᠶᠡᠨ ᠪᠦᠵᠢᠵᠦ᠂ ᠨᠠᠷᠭᠢᠨ ᠴᠡᠩᠭᠡᠬᠦ ᠪᠣᠯᠤᠨ᠎ᠠ᠃ ᠮᠥᠨ ᠲᠡᠳᠡ ᠪᠥᠭᠦ ᠪᠠᠷᠢᠯᠳᠤᠵᠤ᠂ ᠮᠣᠷᠢ ᠤᠷᠤᠯᠳᠤᠭᠤᠯᠵᠤ᠂ ᠬᠥᠭᠡᠮᠡᠶ᠂ ᠮᠣᠷᠢᠨ ᠬᠤᠭᠤᠷ᠂ ᠰᠤᠷ ᠬᠠᠷᠪᠤᠭᠠᠨ ᠤ ᠲᠡᠮᠡᠴᠡᠭᠡᠨ ᠵᠣᠬᠢᠶᠠᠵᠤ ᠪᠤᠶ ᠠᠵᠠ ᠵᠢᠷᠭᠠᠯᠲᠠᠶ ᠻᠢᠨᠣ ᠪᠦᠲᠦᠭᠡᠬᠦ ᠶᠢ ᠬᠦᠰᠡᠵᠦ ᠪᠠᠶᠢᠨ᠎ᠠ᠃
᠆ ᠲᠠᠨ ᠤ ᠬᠤᠪᠢ ᠳᠤ ᠮᠣᠩᠭᠤᠯ ᠦᠨᠳᠦᠰᠦᠲᠡᠨ ᠦ ᠳᠠᠭᠤᠤ ᠨᠤᠭᠤᠳ ᠠᠴᠠ ᠬᠠᠮᠤᠭ ᠤᠨ ᠬᠡᠴᠡᠭᠦᠦ ᠨᠢ ᠠᠯᠢ ᠪᠤᠶ⁈
᠆ ᠮᠣᠩᠭᠤᠯ ᠠᠷᠠᠳ ᠤᠨ ᠳᠠᠭᠤᠤ᠂ ᠡᠵᠢ᠂ ᠠᠪᠤ ᠶᠢᠨ ᠲᠤᠬᠠᠶ ᠳᠠᠭᠤᠤ᠂ ᠤᠷᠲᠤ ᠶᠢᠨ ᠳᠠᠭᠤᠤ᠂ ᠬᠥᠭᠡᠮᠡᠶ ᠶᠢᠨ ᠳᠠᠭᠤᠤ ᠭᠡᠳ ᠮᠣᠩᠭᠤᠯ ᠦᠨᠳᠦᠰᠦᠲᠡᠨ ᠦ ᠪᠦᠬᠦ ᠳᠠᠭᠤᠤ ᠨᠤᠭᠤᠳ ᠮᠠᠰᠢ ᠭᠠᠶᠢᠬᠠᠯᠲᠠᠶ᠃ ᠡᠳᠡᠭᠡᠷ ᠢ ᠰᠤᠷᠬᠤ ᠳᠤ ᠲᠡᠶᠢᠮᠦ ᠴᠦ ᠬᠡᠴᠡᠭᠦᠦ ᠰᠠᠨᠠᠭᠳᠠᠳᠠᠭ ᠦᠭᠡᠶ᠃ ᠭᠡᠬᠦ ᠳᠡᠭᠡᠨ ᠤᠷᠲᠤ ᠶᠢᠨ ᠳᠠᠭᠤᠤ ᠳᠠᠭᠤᠯᠠᠬᠤ ᠳᠤ ᠬᠦᠨᠳᠦ᠂ ᠪᠠᠰᠠ ᠥᠪᠡᠷᠮᠢᠴᠡ ᠲᠥᠷᠦᠯ ᠰᠢᠭ ᠰᠠᠨᠠᠭᠳᠠᠳᠠᠭ᠃ ᠬᠥᠭᠡᠮᠡᠶ ᠶᠢ ᠴᠦ ᠪᠠᠰᠠ ᠰᠤᠷᠬᠤ ᠳᠤ ᠠᠮᠠᠷ ᠦᠭᠡᠶ᠃ ᠭᠡᠬᠦ ᠳᠡᠭᠡᠨ ᠪᠢ ᠥᠪᠡᠷ ᠢ ᠪᠡᠨ ᠪᠠᠭ᠎ᠠ ᠪᠠᠭ᠎ᠠ ᠪᠠᠷ ᠳᠠᠰᠬᠠᠯᠵᠢᠭᠤᠯᠵᠤ᠂ ᠰᠤᠷᠴᠤ ᠪᠠᠶᠢᠭ᠎ᠠ᠃ ᠮᠡᠷᠭᠡᠵᠢᠯ ᠦᠨ ᠬᠥᠭᠡᠮᠡᠶᠢᠴᠢᠨ ᠰᠢᠭ᠋ ᠬᠥᠭᠡᠮᠡᠶᠢᠯᠡᠨᠡ ᠭᠡᠳᠡᠭ ᠦᠨᠡᠬᠡᠷ ᠪᠡᠷᠬᠡ᠃
ᠤᠴᠢᠷ ᠨᠢ ᠲᠡᠳᠡ ᠪᠠᠭᠰᠢ ᠪᠠᠷ ᠵᠢᠭᠠᠯᠭᠠᠭᠰᠠᠨ ᠠᠴᠠ ᠭᠠᠳᠠᠨ᠎ᠠ ᠲᠥᠷᠦᠯᠬᠢ ᠶᠢᠨ ᠭᠠᠶᠢᠬᠠᠯᠲᠠᠶ ᠬᠣᠭᠤᠯᠠᠶ ᠲᠠᠶ ᠪᠠᠶᠢᠳᠠᠭ᠃ ᠬᠠᠷᠢᠨ ᠪᠢ ᠬᠥᠭᠡᠮᠡᠶ ᠶᠢ ᠥᠪᠡᠷ ᠢᠶᠡᠨ ᠰᠤᠷᠬᠤ ᠭᠡᠵᠦ ᠬᠢᠴᠢᠶᠡᠵᠦ ᠪᠠᠶᠢᠨ᠎ᠠ᠃ ᠮᠢᠨᠤ ᠬᠤᠪᠢ ᠳᠤ ᠨᠠᠮᠤᠭᠤᠬᠠᠨ ᠬᠢᠷᠢ ᠨᠢ ᠪᠡᠨ ᠬᠤᠷᠴᠠ ᠠᠶᠠᠯᠭᠤ ᠪᠠᠷ᠂ ᠨᠢᠭᠡ ᠠᠪᠢᠶᠠᠨ ᠠᠴᠠ ᠨᠥᠭᠦᠭᠡ ᠳᠦ ᠰᠢᠯᠵᠢᠬᠦ ᠶᠠᠪᠤᠴᠠ ᠬᠥᠭᠡᠮᠡᠶ ᠶᠢᠨ ᠬᠠᠮᠤᠭ ᠤᠨ ᠬᠡᠴᠡᠭᠦᠦ ᠬᠡᠰᠡᠭ ᠪᠠᠶᠢᠳᠠᠭ᠃ ᠡᠨᠡ ᠦᠶ᠎ᠡ ᠳᠦ ᠮᠠᠰᠢ ᠰᠠᠶᠢᠨ ᠲᠥᠪᠯᠡᠷᠡᠬᠦ ᠬᠡᠷᠡᠭᠲᠡᠶ᠃ ᠡᠨᠡ ᠵᠠᠭᠤᠷ᠎ᠠ ᠬᠣᠭᠤᠯᠠᠶ ᠪᠠᠨ ᠬᠥᠭᠵᠢᠮ ᠦᠨ ᠵᠢᠮᠰᠡᠭ ᠲᠡᠶ ᠬᠣᠷᠰᠢᠭᠤᠯᠤᠨᠠ ᠭᠡᠳᠡᠭ ᠴᠢᠮ᠎ᠠ ᠦᠭᠡᠶ ᠪᠡᠷᠬᠡ᠃ ᠭᠡᠬᠦ ᠳᠡᠭᠡᠨ ᠡᠨᠡ ᠰᠣᠷᠢᠯ ᠨᠠᠮᠠᠶ᠋ᠢ ᠤᠯᠠᠮ ᠢᠯᠡᠭᠦᠦ ᠬᠢᠴᠢᠶᠡᠬᠦ ᠳᠦ ᠲᠦᠯᠬᠢᠴᠡ ᠪᠣᠯᠳᠠᠭ ᠰᠢᠦ᠃
᠆ ᠬᠡᠷᠪᠡ ᠲᠠ ᠮᠣᠩᠭᠤᠯ ᠳᠠᠭᠤᠤ ᠵᠣᠬᠢᠶᠠᠪᠠᠯ ᠶᠠᠭᠤᠨ ᠤ ᠲᠤᠬᠠᠶ᠂ ᠶᠠᠮᠠᠷ ᠤᠷᠤᠰᠬᠠᠯ ᠤᠨ ᠳᠠᠭᠤᠤ ᠬᠢᠬᠦ ᠪᠠᠶᠢᠭᠰᠠᠨ ᠪᠤᠶ⁈
᠆ ᠪᠢ ᠬᠠᠮᠤᠭ ᠮᠣᠩᠭᠤᠯ ᠤᠨ ᠲᠤᠬᠠᠶ ᠳᠠᠭᠤᠤ ᠬᠢᠬᠦ ᠶᠢ ᠬᠦᠰᠡᠳᠡᠭ᠃ ᠮᠣᠩᠭᠤᠯ ᠢ ᠴᠤᠬᠤᠮ ᠶᠠᠭᠤ ᠡᠶᠢᠮᠦ ᠴᠢᠬᠤᠯᠠ ᠦᠨᠳᠦᠰᠦᠲᠡᠨ ᠪᠣᠯᠭᠠᠳᠠᠭ ᠲᠤᠬᠠᠶ᠂ ᠮᠥᠨ ᠴᠢᠩᠭᠢᠰ ᠬᠠᠭᠠᠨ ᠡᠳᠦᠶ ᠳᠦ ᠠᠮᠢᠳᠤ ᠰᠡᠷᠡᠭᠦᠨ ᠪᠠᠶᠢᠭᠰᠠᠨ ᠪᠣᠯ ᠠᠷᠠᠳ ᠲᠦᠮᠡᠨ ᠦ ᠪᠡᠨ ᠶᠠᠭᠤ ᠪᠠᠷ ᠪᠠᠬᠠᠷᠬᠠᠬᠤ ᠪᠠᠶᠢᠭᠰᠠᠨ ᠲᠤᠬᠠᠶ ᠳᠠᠭᠤᠯᠠᠬᠤ ᠪᠠᠶᠢᠭᠰᠠᠨ᠃ ᠲᠡᠷᠡ ᠳᠠᠭᠤᠤ ᠪᠠᠷ ᠢᠶᠠᠨ ᠪᠢ 《ᠴᠢᠩᠭᠢᠰ ᠬᠠᠭᠠᠨ ᠠᠮᠢᠳᠤ ᠪᠠᠶᠢᠭᠰᠠᠨ ᠪᠣᠯ ᠥᠨᠦᠳᠦᠷ ᠦᠨ ᠲᠥᠷᠦ ᠶᠢᠨ ᠵᠢᠯᠤᠭᠤᠳᠤᠭᠴᠢᠳ ᠲᠤ ᠰᠡᠳᠬᠢᠯ ᠬᠠᠩᠭᠠᠯᠤᠭᠤᠨ ᠪᠠᠶᠢᠬᠤ ᠪᠠᠶᠢᠭᠰᠠᠨ ᠪᠣᠯᠪᠠᠤ⁈ ᠮᠣᠩᠭᠤᠯ ᠤᠨ ᠠᠷᠠᠳ ᠲᠦᠮᠡᠨ ᠦ ᠨᠢᠭᠡ ᠦᠨᠳᠦᠰᠦᠲᠡᠨ ᠨᠥᠭᠦᠭᠡ ᠳᠡᠭᠡᠨ ᠳᠤᠷᠠᠭᠦᠶ ᠳᠤ ᠪᠠᠶᠠᠷᠯᠠᠬᠤ ᠪᠠᠶᠢᠭᠰᠠᠨ ᠤᠤ⁈ ᠬᠦᠮᠦᠰ ᠠᠭᠤᠯᠠ᠂ ᠤᠰᠤ ᠪᠠᠨ ᠰᠡᠨᠳᠡᠶᠢᠯᠡᠵᠦ ᠪᠤᠶ ᠶᠢ ᠬᠠᠷᠠᠭᠠᠳ ᠠᠵᠠ ᠵᠢᠷᠭᠠᠯᠲᠠᠶ ᠪᠠᠶᠢᠬᠤ ᠤᠤ⁈ ᠮᠣᠩᠭᠤᠯᠴᠤᠳ ᠲᠡᠦᠬᠡ᠂ ᠰᠣᠶᠤᠯ ᠤᠯᠠᠮᠵᠢᠯᠠᠯ ᠢᠶᠠᠨ ᠮᠡᠳᠡᠬᠦ ᠦᠭᠡᠶ ᠪᠠᠶᠢᠭ᠎ᠠ ᠶᠢ ᠬᠠᠷᠠᠭᠠᠳ ᠶᠠᠭᠠᠬᠢᠬᠤ ᠪᠤᠶ》 ᠬᠡᠮᠡᠬᠦ ᠠᠰᠠᠭᠤᠯᠲᠠ ᠨᠤᠭᠤᠳ ᠢ ᠲᠠᠯᠪᠢᠬᠤ ᠪᠠᠶᠢᠭᠰᠠᠨ᠃
ᠪᠢ ᠮᠣᠩᠭᠤᠯᠴᠤᠳ ᠨᠢᠭᠡᠨ ᠢᠶᠡᠨ ᠬᠦᠯᠢᠶᠡᠨ ᠵᠥᠪᠰᠢᠶᠡᠷᠡᠵᠦ᠂ ᠬᠠᠶᠢᠷᠠᠯᠠᠬᠤ ᠶᠢ ᠤᠷᠢᠶᠠᠯᠠᠭᠰᠠᠨ ᠳᠠᠭᠤᠤ ᠬᠢᠬᠦ ᠶᠢ ᠪᠠᠰᠠ ᠬᠦᠰᠡᠳᠡᠭ᠃ ᠲᠠ ᠪᠦᠬᠦᠨ ᠲᠤᠸᠠ᠂ ᠪᠤᠷᠶᠢᠠᠳ᠂ ᠣᠶᠢᠷᠠᠳ᠂ ᠥᠪᠦᠷ ᠮᠣᠩᠭᠤᠯ᠂ ᠻᠠᠽᠠᠬ ᠮᠣᠩᠭᠤᠯ᠂ ᠬᠠᠯᠢᠮᠠᠭ ᠭᠡᠳ ᠪᠦᠬᠦᠶᠢᠯᠡ ᠦᠨᠳᠦᠰᠦᠲᠡᠨ ᠢ ᠥᠪᠡᠷᠰᠡᠳ ᠦᠨ ᠠᠳᠠᠯᠢ ᠬᠠᠶᠢᠷᠠᠯᠠᠬᠤ ᠶᠣᠰᠤᠲᠠᠶ᠃
《ᠴᠢ ᠪᠣᠯ ᠵᠢᠩᠭᠢᠨᠢ ᠮᠣᠩᠭᠤᠯ ᠬᠦᠮᠦᠨ ᠪᠢᠰᠢ》 ᠭᠡᠵᠦ ᠬᠡᠨ ᠨᠢᠭᠡᠨ ᠤᠷᠤᠭᠤ ᠴᠢᠴᠢᠯᠡᠬᠦ ᠶᠢᠨ ᠣᠷᠤᠨ ᠳᠤ ᠭᠠᠷ ᠭᠠᠷ ᠢᠶᠠᠨ ᠪᠠᠷᠢᠭᠠᠳ ᠬᠠᠮᠲᠤ ᠳᠠᠭᠠᠨ ᠠᠵᠢᠯᠯᠠᠵᠤ᠂ ᠠᠮᠢᠳᠤᠷᠠᠬᠤ ᠬᠡᠷᠡᠭᠲᠡᠶ᠃
ᠴᠢᠩᠭᠢᠰ ᠬᠠᠭᠠᠨ 《ᠮᠢᠨᠤ ᠠᠷᠠᠳ ᠲᠦᠮᠡᠨ ᠪᠦᠭᠦᠳᠡ ᠠᠬ᠎ᠠ ᠳᠡᠭᠦᠦ ᠰᠢᠭ᠋ ᠪᠠᠶᠢᠳᠠᠭ ᠤᠴᠢᠷ ᠠᠴᠠ ᠯᠠ ᠮᠣᠩᠭᠤᠯ ᠤᠯᠤᠰ ᠬᠦᠴᠦᠷᠬᠡᠭ᠃ ᠲᠡᠳᠡ ᠪᠦᠭᠦᠳᠡ ᠬᠠᠮᠲᠤ ᠳᠠᠭᠠᠨ ᠠᠵᠢᠯᠯᠠᠵᠤ᠂ ᠨᠢᠭᠡ ᠰᠢᠷᠡᠭᠡᠨ ᠳᠦ ᠬᠣᠭᠤᠯᠠᠯᠠᠳᠠᠭ》 ᠬᠡᠮᠡᠨ ᠬᠡᠯᠡᠵᠦ ᠪᠠᠶᠢᠭᠰᠠᠨ ᠰᠢᠦ ᠳᠡ᠃
ᠮᠥᠨ ᠮᠣᠩᠭᠤᠯ ᠤᠨ ᠠᠷᠠᠳ ᠲᠦᠮᠡᠨ ᠭᠠᠶᠢᠬᠠᠮᠰᠢᠭᠲᠤ ᠰᠣᠶᠤᠯ ᠢᠶᠠᠨ ᠲᠦᠭᠡᠭᠡᠵᠦ᠂ ᠪᠠᠰᠠ ᠪᠢᠰᠢᠷᠡᠳᠡᠭ ᠪᠠᠶᠢᠬᠤ ᠶᠢ ᠤᠷᠢᠶᠠᠯᠠᠭᠰᠠᠨ ᠤᠳᠬ᠎ᠠ ᠲᠠᠶ ᠬᠥᠭᠵᠢᠮ ᠬᠢᠬᠦ ᠶᠢ ᠬᠦᠰᠡᠵᠦ ᠪᠠᠶᠢᠨ᠎ᠠ᠃ ᠮᠢᠨᠤ ᠬᠥᠭᠵᠢᠮ ᠦᠳ ᠮᠣᠷᠢᠨ ᠬᠤᠭᠤᠷ᠂ ᠬᠥᠭᠡᠮᠡᠶ ᠪᠣᠯᠤᠨ ᠰᠧᠦᠯ ᠬᠥᠭᠵᠢᠮ ᠦᠨ ᠨᠡᠶᠢᠯᠡᠮᠵᠢ ᠪᠠᠶᠢᠬᠤ ᠪᠣᠯᠪᠠᠤ᠃
᠆ ᠮᠣᠩᠭᠤᠯ ᠠᠴᠠ ᠬᠠᠮᠤᠭ ᠤᠨ ᠳᠤᠷᠠᠲᠠᠶ ᠳᠠᠭᠤᠤ ᠪᠠᠨ ᠨᠡᠷᠡᠯᠡᠭᠡᠴᠢ⁈
᠆ ᠳ᠂ ᠡᠩᠬᠡᠵᠢᠷᠭᠠᠯ ᠤᠨ ᠳᠠᠭᠤᠯᠠᠭᠰᠠᠨ 《ᠠᠯᠤᠰ ᠤᠨ ᠭᠠᠵᠠᠷ ᠤᠨ ᠵᠡᠷᠭᠡᠯᠭᠡ》᠂ ᠪᠤᠷᠢᠶᠠᠳ ᠠᠷᠠᠳ ᠤᠨ 《ᠠᠯᠲᠠᠷᠭᠠᠨ᠎ᠠ》᠂ ᠲᠤᠸᠠ ᠶᠢᠨ ᠳᠠᠭᠤᠴᠢᠨ ᠻᠣᠩᠭᠠᠷ-ᠣᠣᠯ ᠣᠨ᠋ᠳᠠᠷ ᠤᠨ 《ᠻᠣᠩᠭᠦ᠋ᠷᠧᠶ》᠂ ᠬᠠᠯᠢᠮᠠᠭ ᠤᠨ ᠳᠠᠭᠤᠴᠢᠨ ᠣᠻᠨᠠ ᠴᠠᠭᠠᠨᠵᠠᠮ ᠤᠨ 《ᠡᠵᠢ ᠶᠢᠨ ᠳᠠᠭᠤᠨ》 ᠭᠡᠳ ᠣᠯᠠᠨ ᠰᠠᠶᠢᠬᠠᠨ ᠳᠠᠭᠤᠤ ᠪᠤᠶ᠃
᠆ ᠬᠡᠷᠪᠡ ᠲᠠᠨ ᠳᠤ ᠮᠣᠩᠭᠤᠯ ᠤᠨ ᠢᠷᠭᠡᠨ ᠪᠣᠯᠬᠤ ᠪᠣᠯᠤᠮᠵᠢ ᠲᠣᠬᠢᠶᠠᠪᠠᠯ ᠲᠥᠷᠦᠭᠰᠡᠨ ᠨᠤᠲᠤᠭ ᠢᠶᠠᠨ ᠣᠷᠬᠢᠭᠠᠳ ᠶᠠᠪᠤᠵᠤ ᠴᠢᠳᠠᠬᠤ ᠤᠤ⁈
᠆ ᠪᠢ ᠶᠡᠷᠦ ᠳᠡᠭᠡᠨ 24 ᠨᠠᠰᠤ ᠲᠠᠶ᠃ ᠳᠥᠩᠭᠡᠵᠦ ᠶᠡᠬᠡ ᠰᠤᠷᠭᠠᠭᠤᠯᠢ ᠪᠠᠨ ᠲᠡᠭᠦᠰᠬᠦ ᠭᠡᠵᠦ ᠪᠠᠶᠢᠵᠤ ᠡᠶᠢᠮᠦ ᠲᠣᠮᠤ ᠰᠢᠢᠳᠪᠦᠷᠢ ᠭᠠᠷᠭᠠᠬᠤ ᠪᠣᠯᠤᠮᠵᠢ ᠦᠭᠡᠶ᠃ ᠮᠠᠭᠠᠳ ᠦᠭᠡᠶ ᠪᠢ ᠠᠷᠠᠶ ᠤᠬᠠᠭᠠᠨ ᠰᠠᠭᠤᠵᠤ᠂ ᠨᠠᠰᠤ ᠠᠬᠢᠭᠰᠠᠨ ᠬᠣᠶᠢᠨᠠ ᠪᠠᠨ ᠮᠣᠩᠭᠤᠯ ᠳᠤ ᠠᠵᠢᠯᠯᠠᠵᠤ᠂ ᠠᠮᠢᠳᠤᠷᠠᠵᠤ ᠪᠣᠯᠬᠤ ᠶᠤᠮ᠃ ᠲᠡᠭᠡᠪᠡᠯ ᠮᠠᠰᠢ ᠶᠡᠬᠡ ᠰᠢᠨ᠎ᠡ ᠪᠣᠯᠤᠮᠵᠢ᠂ ᠰᠤᠷᠬᠤ ᠵᠦᠶᠯ ᠭᠠᠷᠴᠤ ᠢᠷᠡᠨ᠎ᠡ ᠭᠡᠳᠡᠭ ᠲᠦ ᠢᠲᠡᠭᠡᠯ ᠲᠡᠶ ᠪᠠᠶᠢᠨ᠎ᠠ᠃ ᠢᠩᠭᠢᠭᠰᠡᠨ ᠢᠶᠡᠷ ᠮᠣᠩᠭᠤᠯ ᠤᠨ ᠲᠤᠬᠠᠶ ᠢᠯᠡᠭᠦᠦ ᠶᠡᠬᠡ ᠶᠢ ᠮᠡᠳᠡᠵᠦ᠂ ᠲᠡᠭᠦᠨ ᠢ ᠪᠡᠨ ᠳᠡᠯᠡᠬᠡᠶ ᠶᠢᠷᠲᠢᠨᠴᠦ ᠲᠡᠶ ᠬᠤᠪᠢᠶᠠᠯᠴᠠᠬᠤ ᠪᠣᠯᠤᠮᠵᠢᠲᠠᠶ ᠪᠣᠯᠤᠨ᠎ᠠ᠃
᠆ ᠮᠣᠩᠭᠤᠯ ᠣᠷᠤᠨ ᠤ ᠴᠤᠬᠤᠮ ᠶᠠᠭᠤ ᠨᠢ ᠲᠠᠨ ᠳᠤ ᠬᠠᠮᠤᠭ ᠤᠨ ᠦᠨ᠎ᠡ ᠴᠡᠨ᠎ᠡ ᠲᠡᠶ ᠰᠠᠨᠠᠭᠳᠠᠳᠠᠭ ᠪᠤᠶ⁈
᠆ ᠮᠣᠩᠭᠤᠯ ᠳᠤ ᠥᠪᠡᠷ ᠦᠨ ᠪᠡᠶ᠎ᠡ ᠪᠡᠷ ᠣᠴᠢᠵᠤ ᠦᠵᠡᠭᠡᠳᠦᠶ ᠴᠦ ᠮᠣᠩᠭᠤᠯ ᠠᠴᠠ ᠣᠯᠵᠤ ᠬᠠᠷᠠᠭᠰᠠᠨ ᠬᠠᠮᠤᠭ ᠤᠨ ᠠᠭᠤᠤ ᠵᠦᠶᠯ ᠪᠣᠯ ᠬᠦᠮᠦᠰ ᠦᠨ ᠥᠭᠭᠢᠶᠡᠮᠦᠷ ᠰᠠᠶᠢᠬᠠᠨ ᠰᠡᠳᠬᠢᠯ᠃
ᠮᠣᠩᠭᠤᠯᠴᠤᠳ ᠨᠡᠷ᠎ᠡ ᠶᠢ ᠲᠠᠨᠢ ᠮᠡᠳᠡᠬᠦ ᠦᠭᠡᠶ ᠬᠢᠷᠢ ᠨᠢ ᠪᠡᠨ ᠲᠠᠨ ᠳᠤ ᠶᠠᠮᠠᠷ ᠨᠢᠭᠡᠨ ᠵᠦᠶᠯ ᠥᠭᠴᠦ ᠴᠢᠳᠠᠬᠤ ᠬᠦᠮᠦᠰ᠃ ᠨᠡᠭᠦᠳᠡᠯᠴᠢᠨ ᠠᠷᠠᠳ ᠤᠳ ᠣᠭᠲᠤ ᠲᠠᠨᠢᠬᠤ ᠦᠭᠡᠶ ᠵᠣᠴᠢᠨ ᠭᠡᠶᠢᠴᠢᠨ ᠢ ᠴᠦ ᠬᠠᠮᠤᠭ ᠤᠨ ᠲᠦᠷᠦᠭᠦᠨ ᠳᠦ ᠭᠡᠷ ᠲᠡᠭᠡᠨ ᠤᠷᠢᠭᠠᠳ ᠬᠣᠭᠤᠯᠠ ᠤᠮᠳᠠ ᠪᠠᠷ ᠳᠠᠶᠢᠯᠠᠳᠠᠭ᠃
ᠣᠷᠴᠢᠨ ᠦᠶ᠎ᠡ ᠶᠢᠨ ᠵᠠᠯᠠᠭᠤᠰ ᠪᠦᠳᠦᠭᠦᠯᠢᠭ ᠪᠠᠶᠢᠵᠤ ᠮᠠᠭᠠᠳ ᠦᠭᠡᠶ ᠯᠡ ᠶᠤᠮ᠃ ᠬᠠᠷᠢᠨ ᠠᠬᠠᠮᠠᠳ ᠤᠳ ᠪᠦᠭᠦᠳᠡ ᠪᠡᠷ ᠢᠶᠡᠨ ᠮᠠᠰᠢ ᠰᠠᠶᠢᠬᠠᠨ ᠰᠡᠳᠬᠢᠯ ᠲᠡᠶ᠂ ᠨᠥᠭᠦᠷᠰᠡᠭ᠂ ᠲᠤᠰᠠᠯᠠᠮᠵᠢ ᠬᠡᠷᠡᠭᠲᠡᠶ ᠬᠦᠮᠦᠨ ᠪᠦᠬᠦᠨ ᠳᠦ ᠭᠠᠷ ᠳᠡᠯᠭᠡᠨ ᠲᠤᠰᠠᠯᠠᠬᠤ ᠶᠢ ᠬᠦᠰᠡᠳᠡᠭ᠃ ᠪᠢ ᠨᠢᠭᠡ ᠭᠠᠶᠢᠬᠠᠯᠲᠠᠶ ᠲᠡᠦᠬᠡ ᠰᠣᠨᠤᠰᠴᠤ ᠪᠠᠶᠢᠭᠰᠠᠨ ᠶᠤᠮ᠃ ᠨᠢᠭᠡ ᠠᠶᠢᠯ ᠣᠭᠲᠤ ᠮᠠᠯ ᠦᠭᠡᠶ ᠥᠭᠡᠷ᠎ᠡ ᠨᠢᠭᠡᠨ ᠭᠡᠷ ᠪᠦᠯᠢ ᠳᠦ ᠠᠮᠢᠳᠤᠷᠠᠬᠤ ᠳᠤᠨᠢ ᠳᠡᠮ ᠪᠣᠯᠵᠤ ᠢᠮᠠᠭᠠᠨ ᠰᠦᠷᠦᠭ ᠡᠴᠡᠭᠡᠨ ᠲᠠᠰᠤᠯᠵᠤ ᠥᠭᠴᠡᠶ᠃
ᠬᠡᠳᠦᠨ ᠵᠢᠯ ᠦᠨ ᠳᠠᠷᠠᠭ᠎ᠠ ᠥᠨᠦᠬᠢ ᠭᠡᠷ ᠪᠦᠯᠢ ᠪᠠᠶᠠᠷᠯᠠᠭᠰᠠᠨ ᠢᠶᠠᠨ ᠢᠯᠡᠷᠬᠡᠶᠢᠯᠡᠵᠦ ᠲᠡᠳᠡᠨ ᠳᠦ ᠥᠭᠭᠦᠭᠰᠡᠨ ᠢᠮᠠᠭ᠎ᠠ ᠨᠤᠭᠤᠳ ᠠᠴᠠ ᠬᠣᠶᠠᠷ ᠳᠠᠬᠢᠨ ᠶᠡᠬᠡ ᠠᠳᠤᠭᠤ ᠪᠡᠯᠡᠭᠯᠡᠭᠰᠡᠨ ᠭᠡᠳᠡᠭ᠃ ᠪᠢ ᠮᠣᠩᠭᠤᠯᠴᠤᠳ ᠤᠨ ᠡᠶᠢᠮᠦ ᠰᠠᠶᠢᠬᠠᠨ ᠰᠡᠳᠬᠢᠯ ᠳᠦ ᠯᠡ ᠬᠠᠶᠢᠷᠠᠲᠠᠶ ᠪᠠᠶᠢᠳᠠᠭ᠃ ᠴᠠᠭᠠᠨ ᠰᠠᠷ᠎ᠠ ᠪᠠᠷ ᠠᠶᠢᠯ ᠤᠳ ᠨᠢᠭᠡᠨ ᠢᠶᠡᠨ ᠤᠷᠢᠵᠤ᠂ ᠳᠠᠶᠢᠯᠠᠳᠠᠭ᠃ ᠡᠪᠦᠯ ᠦᠨ ᠴᠠᠭ ᠢᠶᠠᠷ ᠶᠠᠳᠠᠷᠠᠵᠤ ᠳᠠᠭᠠᠷᠠᠭᠰᠠᠨ ᠨᠠᠶᠢᠵᠠ ᠨᠥᠭᠦᠳ ᠪᠣᠯᠤᠨ ᠬᠥᠷᠰᠢ ᠨᠦᠭᠦᠳ ᠢᠶᠡᠨ ᠰᠦ᠋ ᠲᠡᠶ ᠴᠠᠶ ᠪᠠᠷ ᠳᠠᠶᠢᠯᠠᠳᠠᠭ᠃ ᠪᠦᠬᠦ ᠵᠦᠶᠯ ᠨᠢ ᠦᠨᠡᠬᠡᠷ ᠬᠠᠶᠢᠷ᠎ᠠ ᠲᠠᠲᠠᠮ᠎ᠠ᠃ ᠰᠠᠶᠢᠬᠠᠨ ᠰᠡᠳᠬᠢᠯ ᠭᠡᠳᠡᠭ ᠡᠶᠢᠮᠦ ᠵᠦᠶᠯ ᠮᠢᠨᠦ ᠲᠥᠷᠦᠵᠦ ᠥᠰᠦᠭᠰᠡᠨ ᠭᠠᠵᠠᠷ ᠶᠡᠬᠡ ᠬᠣᠪᠤᠷ ᠪᠠᠶᠢᠳᠠᠭ ᠶᠤᠮ ᠳᠠ᠅
《ᠭᠡᠷᠡᠭᠡ》 ᠰᠡᠳᠬᠦᠯ - ᠭ᠂ ᠠᠷᠢᠭᠤᠨᠵᠤᠯᠠ
ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Саятан болох 20 энгийн алхмууд
ᠰᠠᠶᠠᠲᠠᠨ ᠪᠣᠯᠬᠤ 20 ᠡᠩ ᠦᠨ ᠠᠯᠬᠤᠮ ᠤᠳ
ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Монголоо гэх зүрх сэтгэлтэй жинхэнэ монголчууддаа уриалах нь:
ᠮᠣᠩᠭᠤᠯ ᠢᠶᠠᠨ ᠭᠡᠬᠦ ᠵᠢᠷᠦᠭᠡ ᠰᠡᠳᠬᠢᠯ ᠲᠡᠶ ᠵᠢᠩᠬᠢᠨᠢ ᠮᠣᠩᠭᠤᠯᠴᠤᠳ ᠲᠤ ᠪᠠᠨ ᠤᠷᠢᠶᠠᠯᠠᠬᠤ ᠨᠢ᠄
2015 ᠣᠨ ᠤ 9 ᠳᠦᠭᠡᠷ ᠰᠠᠷ᠎ᠠ ᠶᠢᠨ 9
2015 ᠣᠨ ᠤ 9 ᠰᠠᠷᠠᠶᠢᠨ 9 ᠦ ᠡᠳᠦᠷ ᠪᠦᠭᠦᠳᠡ ᠨᠠᠶᠢᠷᠠᠮᠳᠠᠬᠤ ᠥᠪᠦᠷ ᠮᠣᠩᠭᠤᠯ ᠠᠷᠠᠳ ᠤᠯᠤᠰ ᠤᠨ ᠲᠤᠩᠬᠠᠭ ᠭᠠᠷᠤᠭᠰᠠᠨ 70 ᠵᠢᠯ ᠦᠨ ᠣᠶ ᠶᠢᠨ ᠡᠳᠦᠷ ᠲᠦ
ᠢᠮᠧᠯ᠄ smongolialf@gmail.com
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
ᠲᠠᠲᠠᠬᠤ ᠬᠠᠶᠢᠭ᠄ www.mongoltolbo.com
Элстэй хотод монгол цэцэрлэг байгуулна
ᠡᠯᠡᠰᠦᠲᠡᠶ ᠬᠣᠲᠠ ᠳᠤ ᠮᠣᠩᠭᠤᠯ ᠴᠡᠴᠡᠷᠯᠢᠭ ᠪᠠᠶᠢᠭᠤᠯᠤᠨ᠎ᠠ
Eagle.mn | 2015 ᠣᠨ ᠤ 9 ᠳᠦᠭᠡᠷ ᠰᠠᠷ᠎ᠠ ᠶᠢᠨ 23
ᠣᠷᠤᠰ ᠤᠨ ᠬᠣᠯᠪᠤᠭᠠᠨ ᠤ ᠤᠯᠤᠰ ᠤᠨ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠤᠨ ᠨᠡᠶᠢᠰᠯᠡᠯ ᠡᠯᠡᠰᠦᠲᠡᠶ ᠬᠣᠲᠠ ᠶᠢᠨ ᠬᠤᠷᠠᠯ ᠤᠨ ᠲᠥᠯᠦᠭᠡᠯᠡᠭᠴᠢᠳ ᠡᠨᠡ ᠰᠠᠷ᠎ᠠ ᠶᠢᠨ 22 ᠠᠴᠠ 25 ᠤ ᠡᠳᠦᠷ ᠦᠳ ᠲᠦ ᠤᠯᠠᠭᠠᠨᠪᠠᠭᠠᠲᠤᠷ ᠬᠣᠲᠠ ᠳᠤ ᠠᠶᠢᠯᠴᠢᠯᠠᠵᠤ ᠪᠠᠶᠢᠨ᠎ᠠ᠃ ᠡᠨᠡ ᠬᠦᠷᠢᠶᠡᠨ ᠳᠦ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ ᠳ᠂ ᠪᠠᠲᠤᠲᠤᠯᠭ᠎ᠠ ᠲᠤᠰ ᠬᠣᠲᠠ ᠶᠢᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ᠂ ᠵᠠᠰᠠᠭ ᠳᠠᠷᠤᠭ᠎ᠠ ᠨᠠᠮᠷᠦ᠋ᠶᠧᠸ ᠸᠢᠶᠠᠴᠧᠰᠯᠠᠸ ᠬᠣᠽᠢᠻᠣᠸᠢᠴ ᠲᠡᠷᠢᠭᠦᠲᠡᠶ ᠲᠥᠯᠦᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃ ᠠᠭᠤᠯᠵᠠᠯᠲᠠ ᠪᠠᠷ ᠬᠣᠶᠠᠷ ᠬᠣᠲᠠ ᠶᠢᠨ ᠬᠠᠮᠲᠤ ᠶᠢᠨ ᠠᠵᠢᠯᠯᠠᠭ᠎ᠠ᠂ ᠴᠠᠭᠠᠰᠢᠳᠠ ᠶᠢᠨ ᠬᠥᠭᠵᠢᠯ ᠦᠨ ᠲᠠᠯ᠎ᠠ ᠪᠠᠷ ᠰᠠᠨᠠᠯ ᠰᠣᠯᠢᠯᠴᠠᠪᠠ᠃
ᠠᠭᠤᠯᠵᠠᠯᠲᠠ ᠶᠢᠨ ᠡᠬᠢᠨ ᠳᠦ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ ᠳ᠂ ᠪᠠᠲᠤᠲᠤᠯᠭ᠎ᠠ 《ᠶᠠᠭᠤᠨ ᠤ ᠡᠮᠦᠨ᠎ᠡ ᠤᠯᠠᠭᠠᠨᠪᠠᠭᠠᠲᠤᠷ ᠬᠣᠲᠠ ᠳᠤ ᠠᠶᠢᠯᠴᠢᠯᠠᠵᠤ ᠪᠠᠶᠢᠭ᠎ᠠ ᠳᠤ ᠪᠠᠶᠠᠷᠲᠠᠶ ᠪᠠᠶᠢᠨ᠎ᠠ᠃ ᠤᠯᠠᠭᠠᠨᠪᠠᠭᠠᠲᠤᠷ᠂ ᠡᠯᠡᠰᠦᠲᠡᠶ ᠬᠣᠲᠠ ᠬᠣᠭᠤᠷᠤᠨᠳᠤ ᠶᠢᠨ ᠬᠠᠮᠲᠤ ᠶᠢᠨ ᠠᠵᠢᠯᠯᠠᠭ᠎ᠠ 2008 ᠣᠨ ᠳᠤ ᠡᠬᠢᠯᠡᠭᠰᠡᠨ᠃ ᠬᠣᠶᠠᠷ ᠬᠣᠲᠠ ᠶᠢᠨ ᠬᠠᠷᠢᠯᠴᠠᠭ᠎ᠠ ᠶᠢ ᠤᠯᠠᠮ ᠪᠡᠬᠢᠵᠢᠭᠦᠯᠬᠦ ᠵᠣᠷᠢᠯᠭ᠎ᠠ ᠪᠠᠷ ᠡᠨᠡ ᠣᠨ ᠤ ᠲᠠᠪᠤᠳᠤᠭᠠᠷ ᠰᠠᠷ᠎ᠠ ᠳᠤ ᠪᠣᠯᠤᠭᠰᠠᠨ ᠢᠯᠠᠯᠲᠠ ᠶᠢᠨ 75 ᠵᠢᠯ ᠦᠨ ᠣᠶ ᠶᠢᠨ ᠦᠶ᠎ᠡ ᠪᠡᠷ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠥᠯᠦᠭᠡᠯᠡᠭᠴᠢᠳ ᠡᠯᠡᠰᠦᠲᠡᠶ ᠬᠣᠲᠠ ᠳᠤ ᠠᠯᠪᠠᠨ ᠶᠣᠰᠤᠨ ᠤ ᠠᠶᠢᠯᠴᠢᠯᠠᠯ ᠬᠢᠵᠦ᠂ ᠬᠠᠮᠲᠤ ᠶᠢᠨ ᠠᠵᠢᠯᠯᠠᠭᠠᠨ ᠤ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠭᠰᠠᠨ᠃ ᠬᠠᠯᠢᠮᠠᠭ ᠤᠨ ᠢᠷᠭᠡᠳ ᠮᠣᠩᠭᠤᠯ ᠤᠯᠤᠰ ᠲᠤ ᠢᠷᠡᠬᠦ ᠶᠢ ᠮᠠᠰᠢ ᠶᠡᠬᠡ ᠬᠦᠰᠡᠳᠡᠭ ᠴᠦ ᠨᠢᠰᠦᠯᠭᠡ᠂ ᠲᠡᠭᠡᠭᠡᠪᠦᠷᠢ ᠶᠢᠨ ᠠᠰᠠᠭᠤᠳᠠᠯ ᠠᠴᠠ ᠪᠣᠯᠵᠤ ᠢᠷᠡᠵᠦ ᠴᠢᠳᠠᠳᠠᠭ ᠦᠭᠡᠶ ᠭᠡᠳᠡᠭ ᠢ ᠬᠡᠯᠡᠵᠦ ᠪᠠᠶᠢᠭᠰᠠᠨ᠃ ᠲᠡᠶᠢᠮᠦ ᠡᠴᠡ ᠤᠯᠠᠭᠠᠨᠪᠠᠭᠠᠲᠤᠷ᠂ ᠡᠯᠡᠰᠦᠲᠡᠶ ᠬᠣᠲᠠ ᠨᠤᠭᠤᠳ ᠤᠨ ᠬᠣᠭᠤᠷᠤᠨᠳᠤ ᠰᠢᠭᠤᠳ ᠨᠢᠰᠦᠯᠭᠡ ᠬᠢᠬᠦ ᠬᠦᠰᠡᠯ ᠲᠡᠶ ᠪᠠᠶᠢᠳᠠᠭ ᠢᠶᠠᠨ ᠢᠯᠡᠷᠬᠡᠶᠢᠯᠡᠵᠦ ᠪᠠᠶᠢᠭᠰᠠᠨ ᠶᠤᠮ》 ᠭᠡᠯᠡ᠃
ᠡᠯᠡᠰᠦᠲᠡᠶ ᠬᠣᠲᠠ ᠶᠢᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠳᠠᠷᠤᠭ᠎ᠠ᠂ ᠵᠠᠰᠠᠭ ᠳᠠᠷᠤᠭ᠎ᠠ ᠨᠠᠮᠷᠦ᠋ᠶᠧᠸ ᠸᠢᠶᠠᠴᠧᠰᠯᠠᠸ ᠬᠣᠽᠢᠻᠣᠸᠢᠴ 《ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠥᠯᠦᠭᠡᠯᠡᠭᠴᠢᠳ ᠡᠯᠡᠰᠦᠲᠡᠶ ᠬᠣᠲᠠ ᠳᠤ ᠠᠶᠢᠯᠴᠢᠯᠠᠬᠤ ᠦᠶ᠎ᠡ ᠪᠡᠷ ᠮᠠᠨᠠᠶ ᠬᠣᠲᠠ ᠳᠤ ᠮᠣᠩᠭᠤᠯ ᠴᠡᠴᠡᠷᠯᠢᠭ ᠪᠠᠷᠢᠬᠤ ᠠᠰᠠᠭᠤᠳᠠᠯ ᠢ ᠶᠠᠷᠢᠭᠰᠠᠨ᠃ ᠪᠢᠳᠡ ᠬᠠᠮᠲᠤᠷᠠᠨ ᠬᠠᠯᠢᠮᠠᠭ ᠤᠨ ᠬᠡᠦᠬᠡᠳ ᠦᠳ ᠦᠨ ᠲᠥᠯᠦᠭᠡ ᠮᠠᠰᠢ ᠲᠣᠮᠤ ᠬᠥᠷᠦᠩᠭᠡ ᠣᠷᠤᠭᠤᠯᠤᠯᠲᠠ ᠬᠢᠬᠦ ᠭᠡᠵᠦ ᠪᠠᠶᠢᠨ᠎ᠠ᠃ ᠲᠤᠰ ᠴᠡᠴᠡᠷᠯᠢᠭ ᠦᠨ ᠵᠢᠷᠤᠭ ᠲᠥᠰᠦᠯ ᠢ ᠭᠠᠷᠭᠠᠴᠢᠬᠠᠭᠰᠠᠨ ᠪᠠᠶᠢᠭ᠎ᠠ᠃ ᠡᠨᠡᠬᠦ ᠮᠣᠩᠭᠤᠯ ᠴᠡᠴᠡᠷᠯᠢᠭ ᠢ ᠪᠠᠷᠢᠭᠰᠠᠨ ᠢᠶᠠᠷ ᠬᠠᠯᠢᠮᠠᠭ ᠬᠡᠦᠬᠡᠳ ᠦᠳ ᠲᠦ ᠮᠣᠩᠭᠤᠯ ᠬᠡᠯᠡ ᠵᠢᠭᠠᠵᠤ᠂ ᠲᠡᠦᠬᠡ᠂ ᠰᠣᠶᠤᠯ ᠢ ᠲᠠᠨᠢᠨ ᠮᠡᠳᠡᠭᠦᠯᠵᠦ᠂ ᠬᠡᠦᠬᠡᠳ ᠦᠳ ᠢ ᠪᠠᠭ᠎ᠠ ᠠᠴᠠ ᠨᠢ ᠰᠢᠲᠠᠷ᠎ᠠ ᠲᠣᠭᠯᠠᠵᠤ ᠰᠤᠷᠭᠠᠬᠤ ᠶᠤᠮ᠃ ᠮᠥᠨ ᠡᠯᠡᠰᠦᠲᠡᠶ ᠬᠣᠲᠠ ᠳᠤ ᠤᠯᠠᠭᠠᠨᠪᠠᠭᠠᠲᠤᠷ ᠤᠨ ᠭᠤᠳᠤᠮᠵᠢ ᠶᠢ᠂ ᠤᠯᠠᠭᠠᠨᠪᠠᠭᠠᠲᠤᠷ ᠬᠣᠲᠠ ᠳᠤ ᠡᠯᠡᠰᠦᠲᠡᠶ ᠶᠢᠨ ᠭᠤᠳᠤᠮᠵᠢ ᠶᠢ ᠪᠠᠶᠢᠭᠤᠯᠬᠤ ᠪᠠᠷ ᠪᠣᠯᠤᠭᠰᠠᠨ ᠳᠤ ᠲᠠᠭᠠᠲᠠᠶ ᠪᠠᠶᠢᠨ᠎ᠠ᠃ ᠬᠣᠶᠠᠷ ᠬᠣᠲᠠ ᠶᠢᠨ ᠠᠵᠢᠯᠯᠠᠭ᠎ᠠ ᠤᠯᠠᠮ ᠥᠷᠭᠡᠵᠢᠨ ᠬᠥᠭᠵᠢᠨ᠎ᠡ ᠭᠡᠳᠡᠭ ᠲᠦ ᠢᠲᠡᠭᠡᠵᠦ ᠪᠠᠶᠢᠨ᠎ᠠ》 ᠭᠡᠯᠡ ᠭᠡᠵᠦ ᠨᠡᠶᠢᠰᠯᠡᠯ ᠦᠨ ᠵᠠᠰᠤᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠬᠡᠪᠯᠡᠯ ᠮᠡᠳᠡᠭᠡᠯᠡᠯ᠂ ᠣᠯᠠᠨ ᠨᠡᠶᠢᠲᠡ ᠲᠡᠶ ᠬᠠᠷᠢᠯᠴᠠᠬᠤ ᠬᠡᠯᠲᠡᠰ ᠡᠴᠡ ᠮᠡᠳᠡᠭᠡᠯᠡᠯ᠎ᠡ᠅
ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Данзанравжаа. Үлэмжийн чанар
ᠦᠯᠡᠮᠵᠢ ᠶᠢᠨ ᠴᠢᠨᠠᠷ
ᠭᠣᠪᠢ ᠶᠢᠨ ᠨᠤᠶᠠᠨ ᠬᠤᠲᠤᠭᠲᠦ ᠳᠠᠨᠵᠢᠨᠷᠠᠪᠵᠠᠶ
ᠦᠩᠭᠡ ᠲᠤᠨᠤᠮᠠᠯ ᠲᠤᠯᠢ ᠰᠢᠭ
ᠦᠵᠡᠰᠬᠦᠯᠡᠩᠲᠦ ᠴᠢᠷᠠᠶ ᠰᠢᠭ ᠴᠢᠨᠢ
ᠦᠵᠡᠪᠡᠯ ᠯᠠᠭᠱᠠᠨ ᠲᠡᠭᠦᠰ ᠮᠠᠨᠢ
ᠦᠨᠡᠬᠡᠷ ᠰᠡᠳᠬᠢᠯ ᠢ ᠪᠤᠯᠢᠶᠠᠨᠠᠮ ᠵᠡ᠃
ᠬᠦᠰᠢᠭᠦᠨ ᠰᠡᠳᠬᠢᠯ ᠢ ᠤᠶᠠᠷᠠᠭᠤᠯᠤᠭᠴᠢ
ᠬᠦᠬᠦᠭᠡ ᠰᠢᠪᠠᠭᠤᠨ ᠦ ᠡᠭᠡᠰᠢᠭ᠌ ᠰᠢᠭ᠋
ᠬᠦᠭᠡᠷᠦᠬᠦᠨ ᠡᠶᠡᠯᠳᠡᠭ ᠦᠭᠡ ᠴᠢᠨᠢ
ᠬᠦᠦᠷᠨᠢᠨ ᠰᠠᠭᠤᠬᠤ ᠳ᠋ᠦ ᠤᠷᠮᠠᠲᠠᠢ
ᠬᠦᠭᠡᠷᠦᠬᠦᠨ ᠠᠭᠠᠯᠢᠲᠦ ᠮᠢᠨᠦ ᠵᠡ᠃
ᠤᠴᠠᠷᠠᠮᠠᠭᠴᠠ ᠰᠡᠩᠭᠢᠨᠡᠭᠰᠡᠨ
ᠤᠷᠠᠨ ᠭᠤᠤᠯ ᠰᠢᠭ ᠪᠡᠶ᠎ᠡ ᠴᠢᠨᠢ
ᠤᠭ ᠡᠴᠡ ᠬᠠᠮᠲᠦ ᠪᠦᠷᠢᠳᠦᠭᠰᠡᠨ
ᠤᠯᠠᠭᠠᠨ ᠽᠠᠨᠳᠠᠨ ᠦᠨᠦᠷ ᠰᠢᠭ
ᠤᠯᠠᠮ ᠢᠶᠠᠷ ᠰᠡᠳᠬᠢᠯ ᠢ ᠬᠦᠳᠡᠯᠭᠡᠨ᠎ᠡ᠃
ᠪᠠᠳᠮ᠎ᠠ ᠶᠢᠨ ᠳᠤᠮᠳᠠ ᠡᠴᠡ ᠳᠡᠪᠡᠷᠢᠭᠰᠡᠨ
ᠪᠠᠯ ᠦᠨ ᠠᠮᠲᠠ ᠠᠳᠠᠯᠢ
ᠪᠠᠶᠠᠰᠬᠤᠯᠠᠩᠲᠦ ᠠᠭᠠᠯᠢ ᠴᠢᠨᠢ
ᠪᠠᠬᠠᠳᠤᠵᠤ ᠬᠠᠨᠤᠰᠢ ᠦᠭᠡᠢ
ᠪᠠᠶᠠᠷ ᠢ ᠤᠯᠠᠮ ᠠᠷᠪᠢᠳᠬᠠᠨᠠ ᠵᠡ᠃
ᠬᠦᠮᠦᠨ ᠦ ᠡᠨᠡ ᠨᠠᠰᠦᠨ ᠳ᠋ᠦ
ᠬᠦᠰᠡᠭᠰᠡᠨ ᠬᠡᠷᠡᠭ ᠢᠶᠡᠨ ᠪᠦᠲᠦᠭᠡᠭᠡᠳ
ᠬᠦᠰᠡᠯᠲᠦ ᠲᠩᠷᠢ ᠶᠢᠨ ᠡᠳ᠋ᠯᠡᠯ ᠮᠡᠲᠦ
ᠬᠦᠯ ᠦᠭᠡᠢ ᠵᠢᠷᠭᠠᠯᠠᠩ ᠦᠨ ᠳᠠᠯᠠᠢ ᠳ᠋ᠦ
ᠬᠦᠪᠴᠦ ᠬᠠᠮᠲᠦ ᠵᠢᠷᠭᠠᠶ᠎ᠠ᠅
ᠦᠵᠡᠰᠬᠦᠯᠡᠩᠲᠦ ᠴᠢᠷᠠᠶ ᠰᠢᠭ ᠴᠢᠨᠢ
ᠦᠵᠡᠪᠡᠯ ᠯᠠᠭᠱᠠᠨ ᠲᠡᠭᠦᠰ ᠮᠠᠨᠢ
ᠦᠨᠡᠬᠡᠷ ᠰᠡᠳᠬᠢᠯ ᠢ ᠪᠤᠯᠢᠶᠠᠨᠠᠮ ᠵᠡ᠃
ᠬᠦᠬᠦᠭᠡ ᠰᠢᠪᠠᠭᠤᠨ ᠦ ᠡᠭᠡᠰᠢᠭ᠌ ᠰᠢᠭ᠋
ᠬᠦᠭᠡᠷᠦᠬᠦᠨ ᠡᠶᠡᠯᠳᠡᠭ ᠦᠭᠡ ᠴᠢᠨᠢ
ᠬᠦᠦᠷᠨᠢᠨ ᠰᠠᠭᠤᠬᠤ ᠳ᠋ᠦ ᠤᠷᠮᠠᠲᠠᠢ
ᠬᠦᠭᠡᠷᠦᠬᠦᠨ ᠠᠭᠠᠯᠢᠲᠦ ᠮᠢᠨᠦ ᠵᠡ᠃
ᠤᠷᠠᠨ ᠭᠤᠤᠯ ᠰᠢᠭ ᠪᠡᠶ᠎ᠡ ᠴᠢᠨᠢ
ᠤᠭ ᠡᠴᠡ ᠬᠠᠮᠲᠦ ᠪᠦᠷᠢᠳᠦᠭᠰᠡᠨ
ᠤᠯᠠᠭᠠᠨ ᠽᠠᠨᠳᠠᠨ ᠦᠨᠦᠷ ᠰᠢᠭ
ᠤᠯᠠᠮ ᠢᠶᠠᠷ ᠰᠡᠳᠬᠢᠯ ᠢ ᠬᠦᠳᠡᠯᠭᠡᠨ᠎ᠡ᠃
ᠪᠠᠯ ᠦᠨ ᠠᠮᠲᠠ ᠠᠳᠠᠯᠢ
ᠪᠠᠶᠠᠰᠬᠤᠯᠠᠩᠲᠦ ᠠᠭᠠᠯᠢ ᠴᠢᠨᠢ
ᠪᠠᠬᠠᠳᠤᠵᠤ ᠬᠠᠨᠤᠰᠢ ᠦᠭᠡᠢ
ᠪᠠᠶᠠᠷ ᠢ ᠤᠯᠠᠮ ᠠᠷᠪᠢᠳᠬᠠᠨᠠ ᠵᠡ᠃
ᠬᠦᠰᠡᠭᠰᠡᠨ ᠬᠡᠷᠡᠭ ᠢᠶᠡᠨ ᠪᠦᠲᠦᠭᠡᠭᠡᠳ
ᠬᠦᠰᠡᠯᠲᠦ ᠲᠩᠷᠢ ᠶᠢᠨ ᠡᠳ᠋ᠯᠡᠯ ᠮᠡᠲᠦ
ᠬᠦᠯ ᠦᠭᠡᠢ ᠵᠢᠷᠭᠠᠯᠠᠩ ᠦᠨ ᠳᠠᠯᠠᠢ ᠳ᠋ᠦ
ᠬᠦᠪᠴᠦ ᠬᠠᠮᠲᠦ ᠵᠢᠷᠭᠠᠶ᠎ᠠ᠅
ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
Монголоо санасан сэтгэл
ᠮᠣᠩᠭᠣᠯ ᠵᠢᠠᠨ ᠰᠠᠨᠠᠭᠰᠠᠨ ᠰᠡᠳᠬᠢᠯ
ᠥᠬᠡ ᠱ᠊᠂ ᠭᠦᠷᠤᠪᠠᠵᠠᠷ
ᠬᠦᠭᠵᠢᠮ ᠲ᠂ ᠰᠡᠷ-ᠣᠳ
ᠳᠠᠭᠤᠴᠢᠨ ᠶᠢ᠊᠂ ᠭᠡᠷᠡᠯᠴᠢᠯᠠᠭᠤᠨ
ᠬᠦᠭᠵᠢᠮ ᠲ᠂ ᠰᠡᠷ-ᠣᠳ
ᠳᠠᠭᠤᠴᠢᠨ ᠶᠢ᠊᠂ ᠭᠡᠷᠡᠯᠴᠢᠯᠠᠭᠤᠨ
ᠡᠵᠢ ᠪᠠᠨ ᠣᠷᠬᠢᠭᠠᠳ ᠭᠠᠷᠣᠭᠰᠠᠨ ᠴᠤ ᠪᠢᠰᠢ ᠳᠡ
ᠮᠥᠷᠥᠭᠡᠳᠤᠯ ᠤᠨ ᠵᠢᠨ ᠥᠵᠤᠭᠦᠷ ᠡᠴᠡ ᠠᠳᠬᠤᠬᠤ ᠭᠡᠵᠤ
ᠬᠦᠮᠣᠨ ᠤ ᠨᠣᠳᠣᠭ ᠲᠣᠷ ᠵᠢᠳᠭᠦᠵᠤ ᠯᠡ ᠶᠠᠪᠤᠨ᠎ᠠ ᠳᠠ ᠪᠢ
ᠬᠦᠮᠣᠨ ᠤ ᠨᠣᠳᠣᠭ ᠢ ᠵᠣᠷᠢᠭᠰᠠᠨ ᠴᠤ ᠪᠢᠰᠢ ᠳᠡ
ᠬᠣᠶᠠᠷ ᠤᠨ ᠬᠣᠶᠠᠷ ᠨᠠᠷᠨ ᠵᠢ ᠥᠵᠡᠬᠦ ᠭᠡᠵᠤ
ᠬᠦᠮᠣᠨ ᠤ ᠨᠣᠳᠣᠭ ᠲᠣᠷ ᠶᠠᠭᠤ ᠪᠠᠨ ᠬᠢᠨ᠎ᠠ ᠳᠡ ᠪᠢ
ᠰᠠᠢᠢᠬᠠᠨ ᠮᠣᠩᠭᠣᠯ ᠳᠤ ᠪᠠᠨ ᠣᠴᠢᠢ᠎ᠠ ᠳᠠ ᠪᠠᠢᠢᠵᠡ
ᠰᠡᠳᠬᠢᠯ ᠶᠣᠭᠡᠨ ᠴᠢᠯᠡᠭᠡᠵᠤ ᠬᠦᠤ ᠪᠠᠨ ᠬᠦᠯᠢᠶᠡᠭᠰᠡᠨ
ᠰᠡᠮᠡᠷᠡᠭᠰᠡᠨ ᠡᠵᠢ ᠳᠡᠭᠡᠨ ᠲᠥᠷᠭᠡᠨ ᠣᠴᠢᠢ᠎ᠠ ᠳᠠ
ᠬᠠᠷᠢᠨ ᠬᠣᠭᠤᠯᠠᠢ ᠳᠣᠷ ᠲᠣᠷᠤᠭᠰᠠᠨ ᠨᠢᠯᠪᠤᠰᠤ ᠵᠢᠷᠤᠭᠡ ᠴᠢᠭᠯᠡᠬᠦ ᠵᠢᠨ ᠴᠠᠭ ᠲᠣᠷ
ᠬᠦᠮᠣᠨ ᠤ ᠭᠠᠵᠠᠷ ᠡᠴᠡ ᠨᠣᠳᠣᠭ ᠵᠢᠠᠨ ᠰᠠᠨᠠᠨ᠎ᠠ ᠭᠡᠳᠡᠭ ᠶᠠᠭᠤᠲᠠᠢ ᠤᠢᠢᠳᠠᠢ
ᠳᠡᠯᠡᠬᠡᠢ ᠵᠢᠨ ᠳᠠᠢᠢᠳᠤ ᠳᠣᠷ ᠪᠠᠢᠢᠭ᠎ᠠ ᠮᠣᠩᠭᠣᠯᠴᠣᠳ ᠡ
ᠳᠡᠯᠭᠡᠷ ᠮᠣᠩᠭᠣᠯ ᠴᠢᠨᠢ ᠲᠠ ᠨᠠᠷ ᠶᠤᠭᠠᠨ ᠰᠠᠨᠠᠵᠤ ᠪᠠᠢᠢᠨ᠎ᠠ ᠰᠢᠤ ᠳᠡ
ᠨᠣᠳᠣᠭ ᠵᠢᠠᠨ ᠮᠠᠷᠲᠠᠭᠰᠠᠨ ᠴᠢᠭ ᠪᠢᠰᠢ ᠳᠡ
ᠴᠡᠴᠡᠭ ᠢᠨᠤ ᠬᠦᠷᠳᠡᠯ᠎ᠡ ᠥᠨᠳᠡᠶᠢᠵᠤ ᠬᠦᠯᠢᠶᠡᠭᠰᠡᠨ
ᠴᠡᠭᠡᠵᠢᠨ ᠤ ᠨᠣᠳᠣᠭ ᠵᠢᠠᠨ ᠵᠡᠭᠦᠳᠤᠯᠡᠵᠤ ᠯᠡ ᠶᠠᠪᠤᠨ᠎ᠠ ᠳᠠ ᠪᠢ
ᠡᠨᠡ ᠯᠡ ᠬᠣᠷᠤ᠎ᠠ ᠳᠤ ᠵᠠᠯᠪᠠᠷᠢᠭᠰᠠᠨ ᠴᠤ ᠪᠢᠰᠢ ᠳᠡ
ᠠᠪᠤ ᠡᠴᠠᠭᠠᠨ ᠢᠯᠡᠭᠦᠤ ᠠᠴᠢᠯᠠᠯ ᠣᠯᠬᠤ ᠭᠡᠵᠤ
ᠠᠯᠠᠭ ᠬᠣᠷᠸ᠎ᠠ ᠵᠢ ᠲᠤᠭᠤᠯᠤᠭᠰᠠᠨ ᠴᠤ ᠪᠢᠰᠢ ᠳᠡ
ᠰᠠᠢᠢᠬᠠᠨ ᠮᠣᠩᠭᠣᠯ ᠳᠤ ᠪᠠᠨ ᠣᠴᠢᠢ᠎ᠠ ᠳᠠ ᠪᠠᠢᠢᠵᠡ
ᠰᠡᠳᠬᠢᠯ ᠶᠣᠭᠡᠨ ᠴᠢᠯᠡᠭᠡᠵᠤ ᠬᠦᠤ ᠪᠠᠨ ᠬᠦᠯᠢᠶᠡᠭᠰᠡᠨ
ᠰᠡᠮᠡᠷᠡᠭᠰᠡᠨ ᠡᠵᠢ ᠳᠡᠭᠡᠨ ᠲᠥᠷᠭᠡᠨ ᠣᠴᠢᠢ᠎ᠠ ᠳᠠ
ᠰᠠᠢᠢᠬᠠᠨ ᠮᠣᠩᠭᠣᠯ ᠵᠢᠠᠨ ᠰᠠᠨᠠᠭᠠᠳ ᠢᠷᠡᠯᠤᠭᠡ ᠳᠡ᠅
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
ᠲᠠᠲᠠᠬᠤ ᠬᠠᠶᠢᠭ᠄ www.mongoltolbo.com
Цагаанзам. Ээжийн дуу
ᠡᠵᠢ ᠶᠢᠨ ᠳᠠᠭᠤᠤ
ᠬᠠᠯᠢᠮᠠᠭ ᠤᠨ ᠨᠡᠷᠡᠲᠦ ᠲᠤᠤᠯᠢᠴᠢ
ᠳᠠᠭᠤᠴᠢᠨ ᠣ᠂ ᠴᠠᠭᠠᠨᠵᠠᠮ
ᠳᠠᠭᠤᠴᠢᠨ ᠣ᠂ ᠴᠠᠭᠠᠨᠵᠠᠮ
ᠻᠢᠢᠯᠭᠢ ᠶᠣᠭᠡᠨ ᠣᠭᠠᠭᠠᠳ ᠰᠠᠭᠣᠯᠤᠭᠠ ᠳᠠ
ᠻᠢᠢᠯᠭᠢ ᠶᠣᠭᠡᠨ ᠣᠭᠠᠭᠠᠳ ᠰᠠᠭᠤᠪᠠ ᠴᠢᠭ
ᠬᠠᠯᠠᠮᠵᠢᠲᠤ ᠡᠵᠢ ᠮᠢᠨᠢ ᠰᠠᠨᠠᠭᠳᠠᠨ᠎ᠠ ᠡ
ᠪᠤᠷᠭᠠᠰᠤ ᠮᠣᠳᠤ ᠠᠨᠤ ᠨᠠᠢᠢᠭᠤᠨ᠎ᠠ ᠡ
ᠪᠤᠷᠭᠠᠰᠤᠨ ᠮᠣᠳᠤ ᠠᠨᠤ ᠨᠠᠢᠢᠭᠤᠬᠤ ᠴᠢᠭ
ᠪᠤᠶᠠᠨᠲᠠᠢ ᠡᠵᠢ ᠮᠢᠨᠢ ᠰᠠᠨᠠᠭᠳᠠᠨ᠎ᠠ ᠡ
ᠪᠤᠶᠠᠨᠲᠠᠢ ᠡᠵᠢ ᠮᠢᠨᠢ ᠰᠠᠨᠠᠭᠳᠠᠨ᠎ᠠ ᠡ
ᠭᠠᠷ ᠶᠤᠭᠠᠨ ᠣᠭᠠᠭᠠᠳ ᠰᠠᠭᠣᠯᠤᠭᠠ ᠳᠠ
ᠭᠠᠷ ᠶᠤᠭᠠᠨ ᠣᠭᠠᠭᠠᠳ ᠰᠠᠭᠤᠪᠠ ᠴᠢᠭ
ᠭᠠᠷᠭᠠᠭᠰᠠᠨ ᠡᠵᠢ ᠮᠢᠨᠢ ᠰᠠᠨᠠᠭᠳᠠᠨ᠎ᠠ
ᠭᠠᠷᠭᠠᠭᠰᠠᠨ ᠡᠵᠢ ᠮᠢᠨᠢ ᠰᠠᠨᠠᠭᠳᠠᠨ᠎ᠠ᠅
ᠲᠠᠶᠢᠯᠪᠤᠷᠢ᠄
《ᠻᠢᠢᠯᠭᠢ》 ᠭᠡᠳᠡᠭ ᠨᠢ ᠬᠠᠯᠢᠮᠠᠭ ᠢᠶᠠᠷ 《ᠴᠠᠮᠴᠠ》 ᠭᠡᠰᠡᠨ ᠦᠭᠡ ᠪᠣᠯᠠᠶ᠃ 《ᠻᠢᠢᠯᠭᠢ》 ᠭᠡᠰᠡᠨ ᠪᠢᠴᠢᠯᠭᠡ ᠨᠢ ᠪᠤᠷᠤᠭᠤ ᠪᠣᠯ ᠮᠡᠷᠭᠡᠨ ᠤᠩᠰᠢᠭᠴᠢ ᠲᠠ ᠪᠦᠬᠦᠨ ᠵᠠᠰᠠᠵᠤ ᠥᠭᠭᠦᠨ᠎ᠡ ᠦᠦ᠃
《ᠪᠤᠷᠤᠭᠤ ᠬᠠᠯᠢᠭᠠᠭᠰᠠᠨ ᠡᠷᠭᠢ》 ᠭᠡᠡᠳᠡᠭ ᠨᠢ 《ᠪᠤᠷᠤᠭᠤ ᠬᠠᠷᠠᠭᠰᠠᠨ ᠡᠷᠭᠢ》 ᠭᠡᠰᠡᠨ ᠤᠳᠬ᠎ᠠ ᠲᠠᠶ ᠪᠣᠯᠠᠶ᠃
ᠬᠡᠷᠡᠭᠯᠡᠭᠰᠡᠨ ᠲᠢᠭ᠄ ᠮᠣᠩᠭᠤᠯ ᠰᠤᠳᠤᠷ
ᠲᠠᠲᠠᠬᠤ ᠬᠠᠶᠢᠭ᠄ www.mongoltolbo.com
《ᠻᠢᠢᠯᠭᠢ》 ᠭᠡᠳᠡᠭ ᠨᠢ ᠬᠠᠯᠢᠮᠠᠭ ᠢᠶᠠᠷ 《ᠴᠠᠮᠴᠠ》 ᠭᠡᠰᠡᠨ ᠦᠭᠡ ᠪᠣᠯᠠᠶ᠃ 《ᠻᠢᠢᠯᠭᠢ》 ᠭᠡᠰᠡᠨ ᠪᠢᠴᠢᠯᠭᠡ ᠨᠢ ᠪᠤᠷᠤᠭᠤ ᠪᠣᠯ ᠮᠡᠷᠭᠡᠨ ᠤᠩᠰᠢᠭᠴᠢ ᠲᠠ ᠪᠦᠬᠦᠨ ᠵᠠᠰᠠᠵᠤ ᠥᠭᠭᠦᠨ᠎ᠡ ᠦᠦ᠃
《ᠪᠤᠷᠤᠭᠤ ᠬᠠᠯᠢᠭᠠᠭᠰᠠᠨ ᠡᠷᠭᠢ》 ᠭᠡᠡᠳᠡᠭ ᠨᠢ 《ᠪᠤᠷᠤᠭᠤ ᠬᠠᠷᠠᠭᠰᠠᠨ ᠡᠷᠭᠢ》 ᠭᠡᠰᠡᠨ ᠤᠳᠬ᠎ᠠ ᠲᠠᠶ ᠪᠣᠯᠠᠶ᠃
ᠲᠠᠲᠠᠬᠤ ᠬᠠᠶᠢᠭ᠄ www.mongoltolbo.com
Лев Гумилевт Б. Ринченгээс илгээсэн нэгэн захидал
ᠯᠧᠸ ᠭᠦᠮᠢᠯᠧᠸ ᠲᠦ ᠪᠢ᠊᠂ ᠷᠢᠨᠴᠢᠨ ᠡᠴᠡ ᠢᠯᠡᠭᠡᠭᠰᠡᠨ ᠨᠢᠭᠡᠨ ᠵᠠᠬᠢᠳᠠᠯ
duuren.mn | 2015 ᠣᠨ ᠤ 8 ᠳᠤᠭᠠᠷ ᠰᠠᠷ᠎ᠠ ᠶᠢᠨ 14
ᠭᠡᠬᠦ ᠳᠡᠭᠡᠨ ᠵᠠᠷᠢᠮ ᠵᠦᠶᠯ ᠦᠨ ᠲᠠᠯ᠎ᠠ ᠪᠠᠷ ᠪᠢ ᠣᠨᠳᠤᠤ ᠪᠣᠳᠤᠯ ᠲᠠᠶ ᠶᠠᠪᠤᠳᠠᠭ ᠰᠢᠦ᠃ ᠵᠢᠱᠢᠶᠡᠯᠡᠪᠡᠯ᠄ ᠲᠠ ᠧᠦᠷᠣᠫᠠ ᠵᠦᠭ ᠦᠨ ᠪᠦᠬᠦ ᠡᠷᠳᠡᠮᠲᠡᠨ ᠦ ᠨᠢᠭᠡ ᠠᠳᠠᠯᠢ᠂ ᠪᠦᠷ ᠦᠨᠡᠨ ᠢ ᠬᠡᠯᠡᠪᠡᠯ ᠲᠡᠳᠡᠨ ᠦ ᠵᠠᠮ ᠮᠥᠷ ᠢᠶᠡᠷ ᠳᠠᠭᠠᠬᠤ ᠳᠠᠭᠠᠨ᠂ ᠮᠣᠩᠭᠤᠯᠴᠤᠳ ᠥᠪᠡᠷᠰᠡᠳ ᠦᠨ ᠳᠡᠭᠡᠳᠦ ᠡᠪᠦᠭᠡ ᠪᠡᠨ ᠪᠥᠷᠲᠡ ᠴᠢᠨᠤ᠎ᠠ᠂ ᠬᠤᠸᠠ ᠮᠠᠷᠠᠯ ᠭᠡᠵᠦ ᠦᠵᠡᠳᠡᠭ ᠬᠡᠮᠡᠨ ᠲᠠ ᠪᠢᠴᠢᠵᠡᠶ᠃ (22 ᠳᠤᠭᠠᠷ ᠲᠠᠯ᠎ᠠ) ᠮᠢᠨᠤ ᠰᠠᠨᠠᠪᠠᠯ ᠨᠢᠭᠡ ᠳᠦ᠂ ᠪᠦᠬᠦ ᠮᠣᠩᠭᠤᠯᠴᠤᠳ ᠪᠤᠰᠤ᠂ ᠵᠥᠪᠬᠡᠨ ᠬᠢᠶᠠᠳ ᠪᠣᠷᠵᠢᠭᠢᠨ ᠨᠤᠭᠤᠳ ᠢᠩᠭᠢᠵᠦ ᠦᠵᠡᠳᠡᠭ ᠬᠡᠷᠡᠭ᠃ ᠢᠩᠭᠢᠬᠦᠯᠡᠷ ᠡᠨᠡ ᠨᠢ ᠨᠡᠶᠢᠲᠡ ᠮᠣᠩᠭᠤᠯᠴᠤᠳ ᠲᠤ ᠬᠠᠮᠢᠶ᠎ᠠ ᠦᠭᠡᠶ ᠬᠡᠷᠡᠭ᠃ ᠬᠣᠶᠠᠷ ᠲᠤ᠂ 《ᠴᠢᠩᠭᠢᠰ ᠬᠠᠭᠠᠨ ᠤ ᠢᠵᠠᠭᠤᠷ ᠳᠡᠭᠡᠳᠦ ᠲᠩᠷᠢ ᠡᠴᠡ ᠵᠠᠶᠠᠭᠠᠲᠤ ᠲᠥᠷᠦᠭᠰᠡᠨ ᠪᠥᠷᠲᠡ ᠴᠢᠨᠤ᠎ᠠ ᠠᠵᠤᠭᠤ᠃ ᠭᠡᠷᠭᠡᠶ ᠨᠢ ᠬᠤᠸᠠ ᠮᠠᠷᠠᠯ ᠠᠵᠡᠶ》 ᠬᠡᠮᠡᠨ ᠨᠢᠭᠤᠴᠠ ᠲᠣᠪᠴᠢᠶᠠᠨ ᠳᠤ ᠭᠠᠷᠳᠠᠭ ᠰᠢᠦ ᠳᠡ᠃ ᠪᠦᠷᠲᠡ ᠴᠢᠨᠤ᠎ᠠ ᠪᠤᠶᠤ ᠶᠠᠭ ᠵᠥᠪ ᠢᠶᠡᠷ ᠨᠢ ᠪᠢᠴᠢᠪᠡᠯ ᠪᠥᠷᠲᠡ ᠴᠢᠨᠤ᠎ᠠ ᠭᠡᠳᠡᠭ ᠢ ᠣᠷᠤᠰ ᠢᠶᠠᠷ ᠣᠷᠴᠢᠭᠤᠯᠪᠠᠯ Сивый волк᠂ ᠬᠣᠸᠠ ᠮᠠᠷᠠᠯ ᠭᠡᠳᠡᠭ ᠨᠢ Красивая Лань ᠪᠣᠯᠤᠨ᠎ᠠ᠃ ᠲᠡᠭᠡᠬᠦ ᠳᠡᠭᠡᠨ ᠪᠥᠷᠲᠡ ᠴᠢᠨᠤ᠎ᠠ ᠭᠡᠳᠡᠭ ᠨᠢ ᠬᠦᠮᠦᠨ ᠦ ᠨᠡᠷ᠎ᠡ᠂ ᠬᠤᠸᠠ ᠮᠠᠷᠠᠯ ᠴᠤ ᠪᠠᠰᠠ ᠬᠦᠮᠦᠨ ᠦ ᠨᠡᠷ᠎ᠡ ᠪᠥᠭᠡᠳ ᠡᠳᠦᠭᠡ ᠴᠦ ᠤᠯᠠ ᠤᠯᠪᠠᠭ᠎ᠠ ᠪᠠᠨ ᠬᠠᠳᠠᠭᠠᠯᠠᠭᠰᠠᠭᠠᠷ ᠪᠠᠶᠢᠭ᠎ᠠ ᠮᠣᠩᠭᠤᠯᠴᠤᠳ ᠤᠨ ᠪᠥᠭᠡ ᠶᠢᠨ ᠤᠯᠠᠮᠵᠢᠯᠠᠯ ᠢᠶᠠᠷ ᠬᠡᠦᠬᠡᠳ ᠪᠠᠭᠠᠴᠤᠳ ᠤᠨ ᠰᠦᠨᠡᠰᠦ ᠶᠢ ᠡᠷᠯᠢᠭ ᠦᠨ ᠡᠯᠴᠢ ᠠᠪᠤᠭᠠᠳ ᠶᠠᠪᠤᠴᠢᠬᠠᠬᠤ ᠦᠭᠡᠶ ᠶᠢᠨ ᠡᠭᠦᠳᠡᠨ ᠡᠴᠡ ᠡᠶᠢᠮᠦᠷᠬᠡᠦ 《ᠬᠠᠮᠠᠭᠠᠯᠠᠭᠰᠠᠨ》 ᠨᠡᠷ᠎ᠡ ᠬᠠᠶᠢᠷᠠᠯᠠᠳᠠᠭ ᠪᠠᠶᠢᠵᠡᠶ᠃ ᠮᠣᠩᠭᠤᠯ ᠤᠨ ᠬᠠᠲᠠᠭᠤ ᠬᠦᠲᠦᠭᠦᠦ ᠠᠭᠤᠷ ᠠᠮᠢᠰᠬᠠᠯ ᠲᠠᠶ ᠲᠠᠯ᠎ᠠ ᠨᠤᠲᠤᠭ ᠤᠨ ᠠᠮᠢᠳᠤᠷᠠᠯ ᠳᠤ ᠦᠷ᠎ᠡ ᠬᠡᠦᠬᠡᠳ ᠢᠶᠡᠨ ᠦᠬᠦᠯ ᠡᠴᠡ ᠠᠪᠤᠷᠠᠬᠤ ᠶᠢᠨ ᠲᠤᠯᠠᠳᠠ ᠢᠩᠭᠢᠵᠦ ᠠᠷᠭᠠᠯᠠᠳᠠᠭ ᠡᠷᠲᠡᠨ ᠦ ᠠᠷᠠᠳ ᠤᠨ ᠶᠣᠰᠤ ᠭᠣᠷᠢᠮ ᠡᠶᠢᠮᠦ ᠪᠠᠶᠢᠵᠤ ᠯᠡ ᠳᠡ᠃ ᠡᠷᠯᠢᠭ ᠦᠨ ᠡᠯᠴᠢ ᠨᠢ ᠣᠳᠤ ᠶᠢᠨ ᠢᠶᠠᠷ ᠪᠣᠯ ᠨᠠᠷᠢᠨ ᠲᠥᠷᠦᠯᠵᠢᠭᠰᠡᠨ ᠪᠠᠶᠢᠬᠤ ᠪᠥᠭᠡᠳ ᠨᠢᠭᠡ ᠨᠢ ᠵᠥᠪᠬᠡᠨ ᠡᠷᠡᠭᠲᠡᠶ ᠬᠡᠦᠬᠡᠳ ᠦᠨ ᠰᠦᠨᠡᠰᠦ ᠶᠢ᠂ ᠨᠥᠭᠦᠭᠡ ᠨᠢ ᠥᠬᠢᠳ ᠦᠨ ᠰᠦᠨᠡᠰᠦ ᠶᠢ᠂ ᠭᠤᠷᠪᠠ ᠳᠠᠬᠢ ᠨᠢ ᠡᠷᠡᠭᠲᠡᠶ ᠬᠦᠮᠦᠨ ᠦ ᠬᠢ ᠶᠢ᠂ ᠳᠥᠷᠪᠡ ᠳᠡᠬᠢ ᠨᠢ ᠡᠮᠡᠭᠲᠡᠶ ᠶᠢᠨ ᠬᠢ ᠶᠢ᠂ ᠲᠠᠪᠤ ᠳᠠᠬᠢ ᠨᠢ ᠠᠳᠤᠭᠤᠰᠤ ᠠᠮᠢᠲᠠᠨ ᠤ ᠰᠦᠨᠡᠰᠦ ᠶᠢ᠂ ᠵᠢᠷᠭᠤᠭ᠎ᠠ ᠳᠠᠬᠢ ᠨᠢ ᠠᠮᠢ ᠦᠭᠡᠶ ᠶᠠᠭᠤᠮᠠᠨ ᠤ ᠰᠦᠨᠡᠰᠦ ᠶᠢ ᠬᠤᠯᠠᠭᠠᠶᠢᠯᠠᠨ ᠠᠪᠴᠤ ᠣᠳᠳᠠᠭ ᠬᠡᠮᠡᠨ ᠢᠲᠡᠭᠡᠳᠡᠭ ᠪᠠᠶᠢᠵᠢ᠃ ᠴᠢᠩᠭᠢᠬᠦ ᠳᠡᠭᠡᠨ ᠴᠢᠨᠤ᠎ᠠ ᠶᠢᠨ ᠰᠦᠨᠡᠰᠦ ᠬᠥᠭᠡᠭᠡᠴᠡᠯᠳᠦᠳᠡᠭ ᠡᠷᠯᠢᠭ ᠨᠢ ᠮᠠᠷᠠᠯ ᠤᠨ ᠰᠦᠨᠡᠰᠦ ᠶᠢ ᠬᠤᠯᠠᠭᠠᠶᠢᠯᠠᠨ ᠠᠪᠴᠤ ᠴᠢᠳᠠᠬᠤ ᠦᠭᠡᠶ ᠭᠡᠵᠦ ᠪᠣᠳᠤᠳᠠᠭ ᠤᠴᠢᠷ᠂ ᠪᠠᠰᠠ ᠡᠷᠯᠢᠭ ᠦᠨ ᠡᠯᠴᠢ ᠶᠢ ᠬᠠᠭᠤᠷᠬᠤ ᠶᠢᠨ ᠲᠤᠯᠠᠳᠠ ᠬᠡᠦᠬᠡᠳ ᠲᠦ ᠰᠦᠬᠡ᠂ ᠲᠣᠭᠤᠭ᠎ᠠ᠂ ᠪᠥᠷᠲᠡ ᠴᠢᠨᠤ᠎ᠠ᠂ ᠬᠤᠸᠠ ᠮᠠᠷᠠᠯ᠂ ᠰᠢᠷ᠎ᠠ ᠨᠣᠬᠠᠶ (ᠮᠢᠨᠦ ᠳᠡᠭᠡᠳᠦ ᠶᠢᠨ ᠳᠡᠭᠡᠳᠦ ᠡᠪᠦᠭᠡ ᠶᠢᠨ ᠨᠢᠭᠡ ᠬᠦᠮᠦᠨ ᠰᠢᠷ᠎ᠠ ᠨᠣᠬᠠᠶ ᠨᠡᠷ᠎ᠡ ᠲᠡᠶ ᠪᠠᠶᠢᠭᠰᠠᠨ⁉) ᠭᠡᠬᠦ ᠵᠡᠷᠭᠡ ᠨᠡᠷ᠎ᠡ ᠥᠭᠳᠡᠭ ᠪᠠᠶᠢᠵᠢ᠃ ᠡᠷᠯᠢᠭ ᠨᠢ ᠬᠡᠦᠬᠡᠳ ᠢ ᠰᠦᠬᠡ ᠭᠡᠵᠦ ᠨᠡᠷ᠎ᠡ ᠲᠡᠶ ᠶᠢ ᠮᠡᠳᠡᠮᠡᠭᠴᠡ ᠤᠭ ᠬᠡᠦᠬᠡᠳ ᠢ ᠣᠷᠤᠯᠳᠤᠬᠤ ᠪᠠᠨ ᠪᠣᠯᠢᠵᠤ ᠨᠢᠭᠡᠨᠲᠡ ᠰᠦᠬᠡ ᠭᠡᠳᠡᠭ ᠨᠡᠷ᠎ᠡ ᠲᠡᠶ ᠪᠣᠯᠬᠤᠷ ᠰᠦᠨᠡᠰᠦ ᠶᠢ ᠨᠢ ᠠᠪᠴᠢᠬᠠᠪᠠᠯ ᠬᠣᠶᠢᠨᠠ ᠠᠴᠠ ᠨᠢ ᠡᠨᠡ ᠣᠷᠴᠢᠯᠠᠩ ᠤᠨ ᠪᠦᠬᠦ ᠰᠦᠬᠡ ᠰᠦᠨᠡᠰᠦ ᠶᠢ ᠨᠢ ᠨᠡᠬᠡᠵᠦ ᠢᠷᠡᠭᠡᠳ ᠠᠮᠤᠷ ᠵᠠᠶᠠᠭ᠎ᠠ ᠦᠵᠡᠭᠦᠯᠬᠦ ᠦᠭᠡᠶ ᠭᠡᠵᠦ ᠡᠷᠯᠢᠭ ᠢᠲᠡᠭᠡᠳᠡᠭ ᠭᠡᠨ᠎ᠡ᠃ ᠢᠩᠭᠢᠵᠦ 《ᠬᠠᠮᠠᠭᠠᠯᠠᠬᠤ ᠨᠡᠷ᠎ᠡ》 ᠶᠢᠨ ᠠᠴᠢ ᠪᠠᠷ ᠬᠡᠦᠬᠡᠳ ᠠᠮᠢᠳᠤ ᠮᠡᠨᠳᠦ ᠥᠰᠴᠦ ᠲᠣᠷᠨᠢᠳᠠᠭ ᠶᠤᠮ ᠭᠡᠵᠦ ᠢᠲᠡᠭᠡᠳᠡᠭ ᠪᠠᠶᠢᠵᠢ᠃ ᠵᠠᠷᠢᠮ ᠳᠠᠭᠠᠨ ᠬᠡᠦᠬᠡᠳ ᠲᠦ ᠪᠠᠭᠠᠰᠤᠲᠤ ᠭᠡᠳᠡᠭ ᠨᠡᠷ᠎ᠡ ᠥᠭᠭᠦᠭᠡᠳ ᠡᠷᠯᠢᠭ ᠤᠭ ᠬᠡᠦᠬᠡᠳ ᠦᠨ 《ᠮᠠᠭᠤᠬᠠᠶ ᠥᠮᠡᠬᠡᠶ》 ᠰᠦᠨᠡᠰᠦᠨ ᠡᠴᠡ ᠴᠡᠭᠡᠷᠯᠡᠭᠡᠳ ᠬᠡᠦᠬᠡᠳ ᠢ ᠠᠪᠤᠭᠠᠳ ᠶᠠᠪᠤᠴᠢᠬᠠᠬᠤ ᠦᠭᠡᠶ ᠠᠮᠤᠷ ᠲᠠᠶᠢᠪᠤᠩ ᠦᠯᠡᠳᠡᠭᠡᠨ᠎ᠡ ᠭᠡᠵᠦ ᠨᠠᠶᠢᠳᠠᠳᠠᠭ ᠪᠠᠶᠢᠵᠢ᠃ ᠡᠶᠢᠮᠦ ᠤᠴᠢᠷ ᠠᠴᠠ ᠯᠡ ᠴᠢᠩᠭᠢᠰ ᠦᠨ ᠳᠡᠭᠡᠳᠦ ᠡᠪᠦᠭᠡ ᠪᠥᠷᠲᠡ ᠴᠢᠨᠤ᠎ᠠ ᠨᠡᠷ᠎ᠡ ᠲᠡᠶ ᠪᠠᠶᠢᠭᠰᠠᠨ ᠬᠡᠷᠡᠭ ᠪᠥᠭᠡᠳ ᠬᠡᠦᠬᠡᠳ ᠦᠨ ᠰᠦᠨᠡᠰᠦ ᠶᠢ ᠠᠪᠴᠢᠬᠠᠳᠠᠭ ᠠᠩ ᠤᠨ ᠡᠷᠯᠢᠭ ᠪᠠᠭ᠎ᠠ ᠳᠤᠨᠢ ᠲᠡᠭᠦᠨ ᠢ ᠠᠪᠠᠴᠢᠬᠤ ᠦᠭᠡᠶ ᠪᠠᠶᠢᠭᠠᠰᠠᠶ᠂ ᠲᠤᠬᠠᠶ ᠶᠢᠨ ᠦᠶ᠎ᠡ ᠳᠡᠭᠡᠨ ᠴᠢᠨᠤ᠎ᠠ ᠶᠢᠨ ᠰᠦᠨᠡᠰᠦ ᠶᠢ ᠠᠪᠠᠴᠢᠳᠠᠭ ᠡᠷᠯᠢᠭ ᠯᠡ ᠲᠡᠭᠦᠨ ᠢ ᠣᠷᠤᠯᠳᠤᠬᠤ ᠦᠭᠡᠶ᠂ ᠶᠠᠭᠠᠬᠢᠭᠠᠳ ᠬᠡᠪᠡᠯ ᠲᠡᠷᠡ ᠪᠥᠷᠲᠦ ᠴᠢᠨᠤ᠎ᠠ ᠨᠡᠷ᠎ᠡ ᠲᠡᠶ ᠬᠡᠦᠬᠡᠳ ᠢ ᠬᠡᠦᠬᠡᠳ ᠦᠨ ᠰᠦᠨᠡᠰᠦ ᠶᠢ ᠠᠪᠠᠴᠢᠳᠠᠭ ᠡᠷᠯᠢᠭ ᠨᠢ ᠢᠷᠡᠵᠦ ᠠᠪᠬᠤ ᠶᠣᠰᠤᠲᠠᠶ ᠭᠡᠵᠦ ᠰᠠᠨᠠᠳᠠᠭ ᠠᠵᠢ᠃
ᠢᠩᠭᠢᠵᠦ ᠪᠥᠭᠡ ᠶᠢᠨ ᠲᠠᠯ᠎ᠠ ᠪᠠᠷ ᠨᠣᠮ ᠪᠢᠴᠢᠪᠡᠯ ᠲᠡᠦᠬᠡᠴᠢᠳ ᠲᠦ ᠶᠠᠮᠠᠷ ᠶᠡᠬᠡ ᠬᠡᠷᠡᠭᠲᠡᠶ ᠪᠣᠯᠬᠤ ᠶᠢ ᠲᠠᠨᠠᠶ ᠨᠣᠮ ᠢᠶᠠᠷ ᠵᠢᠱᠢᠶᠡᠯᠡᠨ ᠪᠣᠳᠤᠯ᠎ᠠ᠃ ᠡᠳᠦᠭᠡ ᠪᠢ ᠳᠥᠴᠢᠨ ᠵᠢᠯ ᠪᠥᠭᠡ ᠶᠢᠨ ᠵᠠᠩ ᠦᠶᠯᠡ᠂ ᠳᠣᠮᠤᠭ ᠶᠠᠷᠢᠶ᠎ᠠ᠂ ᠰᠢᠪᠰᠢᠯᠭᠡ ᠵᠡᠷᠭᠡ ᠶᠢ ᠰᠤᠳᠤᠯᠤᠭᠰᠠᠨ ᠤ ᠳᠠᠷᠠᠭ᠎ᠠ᠂ ᠳᠡᠭᠡᠷ᠎ᠡ ᠦᠶ᠎ᠡ ᠳᠦ ᠨᠠᠳᠤᠷ ᠪᠣᠯᠤᠨ ᠮᠢᠨᠤ ᠧᠦᠷᠣᠫᠠ ᠶᠢᠨ ᠲᠠᠨᠢᠯ ᠤᠳ᠂ ᠮᠣᠩᠭᠤᠯᠴᠢ ᠨᠠᠷ ᠲᠤ ᠣᠶᠢᠯᠠᠭᠠᠭᠳᠠᠬᠤ ᠦᠭᠡᠶ ᠣᠯᠠᠨ ᠵᠦᠶᠯ ᠣᠳᠤ ᠲᠤᠩ ᠠᠮᠠᠷᠬᠠᠨ ᠪᠣᠯᠤᠭᠰᠠᠨ ᠢ ᠬᠡᠯᠡᠬᠦ ᠬᠡᠷᠡᠭᠲᠡᠶ᠃ ᠡᠨᠡ ᠪᠢᠳᠡᠨ ᠦ ᠦᠶ᠎ᠡ ᠳᠦ ᠰᠲᠠᠯᠢᠨ᠂ ᠬᠷᠦ᠋ᠱᠧᠸ᠂ ᠮᠠᠤ᠂ ᠲᠡᠳᠡᠨ ᠦ ᠬᠠᠮᠲᠤᠷᠠᠨ ᠵᠢᠳᠬᠦᠭᠴᠢᠳ ᠮᠠᠷᠻᠰᠢᠰᠮ ᠢ 《ᠮᠥᠷᠳᠡᠵᠦ᠂ ᠤᠳᠤᠷᠢᠳᠤᠯᠭ᠎ᠠ ᠪᠠᠨ ᠪᠣᠯᠭᠠᠵᠤ ᠪᠠᠶᠢᠨ᠎ᠠ》 ᠬᠡᠮᠡᠨ ᠰᠠᠨᠠᠳᠠᠭ ᠠᠪᠠᠰᠤ᠂ ᠡᠷᠲᠡᠨ ᠦ ᠮᠣᠩᠭᠤᠯ᠂ ᠲᠦᠷᠦᠭ ᠨᠠᠷ ᠥᠪᠡᠷᠰᠡᠳ ᠦᠨ ᠠᠵᠢᠯ ᠶᠠᠪᠤᠳᠠᠯ ᠳᠠᠭᠠᠨ ᠪᠥᠭᠡ ᠶᠢᠨ ᠶᠣᠰᠤ ᠶᠢ ᠪᠠᠷᠢᠮᠲᠠᠯᠠᠵᠤ᠂ ᠲᠡᠭᠦᠨ ᠦ ᠵᠠᠷᠴᠢᠮ ᠢ ᠶᠠᠭᠰᠢᠲᠠᠯ᠎ᠠ ᠮᠥᠷᠳᠡᠯᠭᠡ ᠪᠣᠯᠭᠠᠳᠠᠭ ᠵᠢᠩᠬᠢᠨᠢ ᠪᠥᠭᠡ ᠮᠥᠷᠭᠦᠯᠴᠢᠳ ᠪᠠᠶᠢᠭᠰᠠᠨ ᠶᠤᠮ᠃ ᠭᠡᠲᠡᠯ᠎ᠡ ᠣᠳᠤ ᠶᠢᠨ ᠤᠳᠤᠷᠢᠳᠤᠭᠴᠢᠳ ᠣᠶᠤᠨ ᠤ ᠪᠠᠨ ᠬᠡᠮ ᠬᠡᠮᠵᠢᠶ᠎ᠡ ᠪᠡᠷ ᠯᠡ ᠮᠠᠷᠻᠰᠢᠰᠮ ᠢ ᠲᠠᠶᠢᠯᠪᠤᠷᠢᠯᠠᠵᠤ᠂ ᠲᠡᠭᠦᠨ ᠦ ᠵᠠᠷᠴᠢᠮ ᠢ ᠪᠠᠷᠢᠮᠲᠠᠯᠠᠳᠠᠭ ᠪᠠᠶᠢᠭᠰᠠᠨ ᠵᠢᠩᠬᠢᠨᠢ ᠮᠠᠷᠰᠻᠰᠢᠰᠲ ᠤᠳ ᠭᠡᠬᠦ ᠳᠦ ᠬᠡᠴᠡᠭᠦᠬᠡᠨ ᠶᠤᠮ᠁
ᠻᠢᠷᠢᠯ ᠲᠡᠶ ᠲᠤᠯᠭᠠᠵᠤ ᠤᠩᠰᠢᠬᠤ ᠶᠢ ᠬᠦᠰᠡᠪᠡᠯ ᠡᠨᠳᠡ ᠳᠠᠷᠤᠭᠠᠷᠠᠶ
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
ᠬᠡᠷᠡᠭᠯᠡᠭᠰᠡᠨ ᠲᠢᠭ᠄ ᠮᠣᠩᠭᠤᠯ ᠲᠣᠯᠪᠣ
ᠲᠠᠲᠠᠬᠤ ᠬᠠᠶᠢᠭ᠄ www.mongoltolbo.com
Чоймаа багшийн монгол бичгийн хичээл
ᠴᠣᠶᠢᠮ᠎ᠠ ᠪᠠᠭᠰᠢ ᠶᠢᠨ ᠮᠣᠩᠭᠤᠯ ᠪᠢᠴᠢᠭ ᠦᠨ ᠬᠢᠴᠢᠶᠡᠯ
Монгол бичгээр унших агуулгыг нэмэгдүүлэх судалгааны тайлан
ᠮᠣᠩᠭᠤᠯ ᠪᠢᠴᠢᠭ ᠢᠶᠡᠷ ᠤᠩᠰᠢᠬᠤ ᠠᠭᠤᠯᠭ᠎ᠠ ᠶᠢ ᠨᠡᠮᠡᠭᠳᠡᠭᠦᠯᠬᠦ ᠰᠤᠳᠤᠯᠭᠠᠨ ᠤ ᠲᠠᠶᠢᠯᠤᠨ
МонголТолбо тигийн шинэ хувилбар "Улаан могой" гарлаа
ᠮᠣᠩᠭᠤᠯ ᠲᠣᠯᠪᠤ ᠲᠢᠭ ᠦᠨ ᠰᠢᠨ᠎ᠡ ᠬᠤᠪᠢᠯᠪᠤᠷᠢ 《ᠤᠯᠠᠭᠠᠨ ᠮᠣᠭᠠᠶ》 ᠭᠠᠷᠤᠯ᠎ᠠ
Мэргэжлийн боксчин Н. Төгсцогтын 3 дахь тулаан
ᠮᠡᠷᠭᠡᠵᠢᠯ ᠦᠨ ᠪᠣᠻᠰᠴᠢᠨ ᠨᠢᠮᠠᠪᠠᠶᠠᠷ ᠤᠨ ᠲᠡᠭᠦᠰᠴᠣᠭᠲᠤ ᠶᠢᠨ ᠭᠤᠷᠪᠠ ᠳᠠᠬᠢ ᠲᠤᠯᠤᠭᠠᠨ
ᠠᠮᠵᠢᠯᠲᠠ
ᠢᠯᠠᠭᠳᠠᠭᠰᠠᠨ᠄ 0
ᠲᠡᠩᠴᠡᠭᠰᠡᠨ᠄ 0
ᠭᠤᠷᠪᠠ ᠳᠠᠬᠢ ᠲᠤᠯᠤᠭᠠᠨ
ᠲᠤᠯᠤᠭᠠᠨ ᠪᠣᠯᠤᠭᠰᠠᠨ ᠭᠠᠵᠠᠷ᠄ ᠠᠮᠧᠷᠢᠻᠠ ᠶᠢᠨ ᠨᠢᠭᠡᠳᠦᠭᠰᠡᠨ ᠤᠯᠤᠰ
ᠥᠷᠢᠰᠦᠯᠳᠦᠭᠴᠢ᠄ ᠠᠷᠲ᠋ᠦᠷᠣ ᠪᠠᠳᠢᠯᠯᠣ
ᠦᠷ᠎ᠡ ᠳ᠋ᠦᠩ᠄ ᠲᠡᠭᠦᠰᠴᠣᠭᠲᠤ ᠨᠣᠻᠠᠦᠲ ᠢᠶᠠᠷ ᠢᠯᠠᠭᠰᠠᠨ
Чамайг тойрон эргэлдэнэ
ᠴᠠᠮᠠᠢᠢ ᠲᠣᠭᠣᠷᠢᠨ ᠡᠷᠭᠢᠯᠳᠤᠨ᠎ᠡ
ᠰᠢᠯᠥᠭ ᠪᠠ᠊᠂ ᡀᠬᠠᠪᠠᠰᠥᠢᠷᠥᠡᠭ
ᠬᠦᠭᠵᠢᠮ ᠳᠠ᠊᠂ ᠪᠠᠳᠤᠲᠡᠮᠣᠷ
ᠳᠠᠭᠤᠴᠢᠨ ᠫᠤ᠂ ᠲᠥᠪᠳᠡᠨᠳᠣᠷᠵᠢ
ᠬᠦᠭᠵᠢᠮ ᠳᠠ᠊᠂ ᠪᠠᠳᠤᠲᠡᠮᠣᠷ
ᠳᠠᠭᠤᠴᠢᠨ ᠫᠤ᠂ ᠲᠥᠪᠳᠡᠨᠳᠣᠷᠵᠢ
ᠪᠤᠷᠣᠭᠠ ᠪᠤᠯᠣᠠ ᠠᠰᠬᠠᠷᠠᠵᠤ
ᠥᠯᠮᠡᠢ ᠳᠣᠤᠷ᠎ᠠ ᠡᠵᠡ ᠴᠢᠨᠢ
ᠴᠡᠴᠡᠭ ᠪᠤᠯᠤᠨ ᠤᠷᠭᠤᠵᠤ
ᠴᠠᠮᠠᠢᠢ ᠲᠣᠭᠣᠷᠢᠨ ᠡᠷᠭᠢᠯᠳᠤᠨ᠎ᠡ
ᠰᠠᠷᠠᠨ ᠪᠤᠯᠤᠨ ᠰᠢᠷᠭᠤᠵᠤ
ᠮᠠᠩᠨᠠᠢ ᠳᠡᠭᠡᠷ᠎ᠡ ᠡᠵᠡ ᠴᠢᠨᠢ
ᠨᠠᠷᠠᠨ ᠪᠤᠯᠤᠨ ᠮᠠᠨᠳᠤᠵᠤ
ᠴᠠᠮᠠᠢᠢ ᠲᠣᠭᠣᠷᠢᠨ ᠡᠷᠭᠢᠯᠳᠤᠨ᠎ᠡ
ᠳᠠᠭᠤ ᠪᠤᠯᠤᠨ ᠰᠠᠴᠤᠷᠠᠵᠤ
ᠠᠭᠤᠯᠠᠰ ᠤᠨ ᠴᠢᠨᠢ ᠬᠢᠷ᠎ᠠ ᠡᠵᠡ
ᠴᠤᠤᠷᠢᠢᠠ ᠪᠤᠯᠤᠨ ᠪᠤᠴᠠᠵᠤ
ᠴᠠᠮᠠᠢᠢ ᠲᠣᠭᠣᠷᠢᠨ ᠡᠷᠭᠢᠯᠳᠤᠨ᠎ᠡ
ᠳᠣᠷᠠᠳᠬᠠᠯ ᠪᠤᠯᠤᠨ ᠪᠤᠴᠠᠵᠤ
ᠣᠴᠢᠬᠤ ᠭᠡᠰᠡᠨ ᠵᠥᠭ ᠡᠵᠡ
ᠢᠷᠡᠭᠡᠳᠣᠢ ᠪᠤᠯᠤᠨ ᠲᠣᠰᠴᠤ
ᠴᠠᠮᠠᠢᠢ ᠲᠣᠭᠣᠷᠢᠨ ᠡᠷᠭᠢᠯᠳᠤᠨ᠎ᠡ ᠅
"Хоймор сайхан нутагтаа" Үг СТА Я.Гэрэлчулуун Хөгжим МУГЖ Д.Жаргалсайхан
ᠬᠣᠢᠢᠮᠤᠷ ᠰᠠᠢᠢᠬᠠᠨ ᠨᠤᠲᠤᠭ ᠲᠤ ᠪᠠᠨ
ᠰᠢᠯᠦᠭ ᠢ ᠮᠣ᠊᠂ᠤ᠊᠂ᠰᠣ᠊᠂ᠲᠡ᠊᠂ᠠ᠊ ᠶᠢ᠊᠂ᠭᠡᠷᠡᠯᠴᠢᠯᠠᠭᠤᠨ
ᠬᠥᠭᠵᠢᠮ ᠢ ᠮᠣ᠊᠂ᠤ᠊᠂ᠭᠠ᠊᠂ᠵᠦ᠊ ᠲᠡ᠊᠂ᠵᠢᠷᠭᠠᠯᠰᠠᠢᠢᠬᠠᠨ (ᠴᠢᠩᠭᠢᠰ ᠬᠠᠭᠠᠨ ᠬᠠᠮᠲᠤᠯᠢᠭ)
ᠳᠠᠭᠤᠴᠢᠨ ᠮᠣ᠊᠂ᠤ᠊᠂ᠰᠣ᠊᠂ᠲᠡ᠊᠂ᠠ᠊ ᠶᠢ᠊᠂ᠭᠡᠷᠡᠯᠴᠢᠯᠠᠭᠤᠨ
ᠬᠥᠭᠵᠢᠮ ᠢ ᠮᠣ᠊᠂ᠤ᠊᠂ᠭᠠ᠊᠂ᠵᠦ᠊ ᠲᠡ᠊᠂ᠵᠢᠷᠭᠠᠯᠰᠠᠢᠢᠬᠠᠨ (ᠴᠢᠩᠭᠢᠰ ᠬᠠᠭᠠᠨ ᠬᠠᠮᠲᠤᠯᠢᠭ)
ᠳᠠᠭᠤᠴᠢᠨ ᠮᠣ᠊᠂ᠤ᠊᠂ᠰᠣ᠊᠂ᠲᠡ᠊᠂ᠠ᠊ ᠶᠢ᠊᠂ᠭᠡᠷᠡᠯᠴᠢᠯᠠᠭᠤᠨ
ᠳᠠᠯᠠᠢ ᠡᠵᠢ ᠶᠢᠨ ᠳᠠᠪᠠᠯᠭᠠᠨ ᠳᠦ ᠪᠠᠨ ᠳᠠᠯ ᠲᠠᠢ ᠴᠡᠩᠬᠡᠷ ᠦᠨ ᠲᠦᠷᠡᠯᠭᠡ ᠲᠡᠢ
ᠬᠠᠮᠤᠭ ᠮᠣᠩᠭᠤᠯ ᠢᠶᠠᠨ ᠥᠮᠦᠭᠡᠷᠡᠵᠦ ᠪᠣᠰᠤᠭᠰᠠᠨ ᠴᠢᠩᠭᠦᠨᠵᠠᠪ ᠦᠨ ᠤᠳᠤᠮ ᠲᠠᠢ
ᠬᠠᠷᠠᠴᠤ ᠶᠢᠨ ᠤᠶᠠᠭᠠᠨ ᠡᠴᠡ ᠨᠠᠷᠠᠨ ᠳᠤ ᠴᠣᠢᠢᠯᠤᠭᠰᠠᠨ ᠲᠣᠮᠤᠭᠲᠤ ᠬᠤᠷᠳᠤᠨ ᠬᠥᠯᠦᠭ ᠦᠳ ᠲᠡᠢ
ᠬᠣᠯᠠᠳᠠᠬᠤ ᠲᠤᠰᠤᠮ ᠢᠶᠠᠨ ᠰᠡᠳᠬᠢᠯ ᠮᠢᠨᠢ ᠲᠠᠨ ᠤᠷᠤᠭᠤ ᠲᠡᠮᠡᠦᠯᠦᠨ᠎ᠡ
ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠭᠤᠯᠠᠢ ᠵᠠᠩᠭᠢᠷᠠᠵᠤ ᠨᠢᠳᠦᠨ ᠳᠦ ᠪᠡᠨ ᠨᠢᠯᠪᠤᠰᠤ ᠲᠠᠢ ᠢᠷᠡᠯ᠎ᠡ ᠳᠡ
ᠬᠠᠲᠤᠨ ᠳᠡᠯᠭᠡᠷ ᠮᠥᠷᠡᠨ ᠦ ᠪᠡᠨ ᠤᠰᠤᠨ ᠡᠴᠡ ᠬᠦᠷᠲᠡᠵᠦ ᠳᠠᠢᠢᠳᠬᠤᠷᠠᠳᠠᠭ ᠡ
ᠬᠦᠢ ᠴᠥᠭᠯᠡᠭᠰᠡᠨ ᠨᠤᠲᠤᠭ ᠡᠴᠡ ᠬᠦᠮᠦᠨ ᠦ ᠵᠡᠷᠭᠡ ᠳᠦ ᠬᠦᠷᠦᠭᠰᠡᠨ ᠳᠡ ᠪᠢ
ᠬᠦᠯᠦᠭ ᠦᠨ ᠵᠢᠯᠤᠭᠤ ᠵᠠᠯᠠᠭᠰᠠᠨ ᠴᠤ ᠬᠦᠦ ᠶᠢᠨ ᠰᠡᠳᠬᠢᠯ ᠲᠠᠨ ᠳᠤ ᠪᠠᠨ ᠰᠢᠤ
ᠬᠣᠯᠠᠳᠠᠬᠤ ᠲᠤᠰᠤᠮ ᠢᠶᠠᠨ ᠰᠡᠳᠬᠢᠯ ᠮᠢᠨᠢ ᠲᠠᠨ ᠤᠷᠤᠭᠤ ᠲᠡᠮᠡᠦᠯᠦᠨ᠎ᠡ
ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠭᠤᠯᠠᠢ ᠵᠠᠩᠭᠢᠷᠠᠵᠤ ᠨᠢᠳᠦᠨ ᠳᠦ ᠪᠡᠨ ᠨᠢᠯᠪᠤᠰᠤ ᠲᠠᠢ ᠢᠷᠡᠯ᠎ᠡ ᠳᠡ
ᠠᠷᠠᠳ ᠣᠯᠠᠨ ᠤ ᠮᠢᠨᠢ ᠬᠦᠰᠡᠯ ᠵᠣᠷᠢᠭ ᠦᠷᠭᠦᠯᠵᠢ ᠥᠭᠡᠳᠡ ᠪᠡᠨ ᠪᠠᠳᠠᠷᠠᠭᠠᠰᠠᠢ
ᠪᠣᠰᠤᠭ᠎ᠠ ᠵᠠᠶᠠᠭᠠᠲᠤ ᠮᠣᠩᠭᠤᠯ ᠤᠨ ᠮᠢᠨᠢ ᠪᠣᠱᠤᠭ᠎ᠠ ᠨᠢ ᠥᠨᠳᠦᠷ ᠪᠠᠢᠢᠭᠠᠰᠠᠢ
ᠪᠤᠷᠬᠠᠨ ᠭᠣᠶᠤᠭᠰᠠᠨ ᠴᠤ ᠥᠭᠬᠦ ᠦᠭᠡᠢ ᠭᠠᠵᠠᠷ ᠰᠢᠷᠤᠢ ᠪᠠᠨ ᠳᠡᠭᠡᠳᠦᠯᠡᠭᠡᠰᠠᠢ
ᠬᠣᠯᠠᠳᠠᠬᠤ ᠲᠤᠰᠤᠮ ᠢᠶᠠᠨ ᠰᠡᠳᠬᠢᠯ ᠮᠢᠨᠢ ᠲᠠᠨ ᠤᠷᠤᠭᠤ ᠲᠡᠮᠡᠦᠯᠦᠨ᠎ᠡ
ᠬᠣᠢᠢᠮᠤᠷ ᠰᠠᠢᠢᠬᠠᠨ ᠨᠤᠲᠤᠭ ᠲᠤ ᠪᠠᠨ ᠪᠢ ᠳᠡᠩᠳᠡᠭᠦᠦ ᠬᠠᠢᠢᠷᠠᠲᠠᠢ
ᠬᠣᠭᠤᠯᠠᠢ ᠵᠠᠩᠭᠢᠷᠠᠵᠤ ᠨᠢᠳᠦᠨ ᠳᠦ ᠪᠡᠨ ᠨᠢᠯᠪᠤᠰᠤ ᠲᠠᠢ ᠢᠷᠡᠯ᠎ᠡ ᠳᠡ ᠅
Ринчений Чойном. Үг
ᠦᠭᠡ
ᠷᠢᠨᠴᠡᠨ ᠦ ᠴᠣᠶᠢᠨᠤᠮ
ᠬᠡᠷᠡᠭ ᠳᠡᠭᠡᠷ᠎ᠡ ᠪᠡᠨ ᠲᠤᠯᠤᠯᠳᠤᠭᠠᠨ ᠶᠤᠮ᠃
ᠬᠠᠯᠠᠭᠤᠨ ᠬᠦᠢᠲᠡᠨ ᠶᠠᠮᠠᠷ ᠴᠤ ᠵᠡᠪᠰᠡᠭ ᠡᠴᠡ
ᠬᠠᠲᠠᠭᠤ ᠵᠦᠭᠡᠯᠡᠨ ᠦᠭᠡ ᠬᠦᠴᠦᠲᠡᠢ᠃
ᠦᠬᠦᠭᠦᠯᠵᠦ ᠴᠦ ᠪᠤᠯᠤᠨ᠎ᠠ᠂ ᠰᠡᠭᠡᠭᠡᠵᠦ ᠴᠦ ᠪᠤᠯᠤᠨ᠎ᠠ᠃
ᠱᠠᠯᠳᠠᠯᠠᠭᠤᠯᠵᠦ ᠢᠨᠢᠶᠡᠯᠭᠡᠵᠦ ᠤᠬᠢᠯᠠᠭᠤᠯᠵᠥ ᠪᠤᠯᠥᠨ᠎ᠠ᠃
ᠰᠢᠷᠬᠠᠯᠠᠭᠤᠯᠵᠦ᠂ ᠪᠠᠰᠠ ᠡᠳᠡᠭᠡᠭᠡᠵᠦ ᠪᠤᠯᠤᠨ᠎ᠠ᠃
ᠢᠷᠠᠭᠤ ᠤᠷᠠᠨ ᠢᠯᠡᠳᠬᠡᠬᠦ ᠶᠢᠨ ᠨᠡᠷ᠎ᠡ ᠴᠦ ᠪᠢᠰᠢ᠂
ᠭᠠᠯ ᠰᠢᠭ ᠪᠠᠳᠠᠷᠠᠵᠦ᠂ ᠤᠰᠤ ᠰᠢᠭ ᠤᠷᠤᠰᠬᠤ ᠶᠢᠨ ᠨᠡᠷ᠎ᠡ ᠪᠢᠰᠢ᠂
ᠭᠠᠭᠴᠠᠬᠦ ᠵᠦᠪ ᠰᠡᠳᠬᠢᠵᠦ᠂ ᠵᠦᠪ ᠳᠤᠤᠭᠠᠷᠬᠤ ᠶᠢᠨ ᠨᠡᠷ᠎ᠡ᠃
ᠡᠬᠢᠯᠡᠵᠦ ᠲᠤᠯᠤᠭᠠᠨ ᠳ᠋ᠤ ᠤᠷᠤᠳᠠᠭ ᠦᠭᠡᠢ ᠲᠡᠢ ᠠᠳᠠᠯᠢ
ᠶᠠᠷᠢᠵᠤ ᠪᠠᠢᠢᠭ᠎ᠠ ᠬᠦᠮᠦᠨ ᠢᠶᠡᠨ ᠮᠡᠳᠡᠯ ᠦᠭᠡᠢ ᠪᠡᠷ
ᠶᠠᠮᠠᠷ ᠦᠭᠡ ᠲᠡᠭᠦᠨ ᠳᠤ ᠲᠤᠬᠢᠷᠠᠭᠤᠯᠬᠤ ᠪᠤᠢ᠃
ᠠᠩ ᠤᠨ ᠻᠠᠯᠢᠪᠷ ᠰᠢᠭ ᠦᠭᠡ ᠪᠡᠷ ᠵᠠᠭᠠᠲᠤᠨᠠᠭᠤᠯᠬᠤ ᠴᠤ ᠦᠭᠡᠢ᠃
ᠲᠠᠩᠻ ᠡᠰᠡᠷᠭᠦᠴᠡᠬᠦ ᠪᠤᠤ ᠰᠢᠭ ᠬᠦᠴᠦᠲᠦ ᠦᠭᠡ ᠪᠡᠷ ᠪᠦᠮᠪᠦᠭᠡᠳᠡᠪᠡᠯ
ᠲᠠᠷᠪᠠᠭ᠎ᠠ ᠰᠢᠭ ᠬᠦᠮᠦᠨ ᠡᠴᠡ ᠶᠠᠭᠤ ᠦᠯᠡᠳᠡᠬᠦ ᠪᠤᠢ᠃
ᠡᠪᠬᠡᠮᠡᠯ ᠬᠢᠲᠤᠭ᠎ᠠ ᠰᠢᠭ ᠶᠠᠷᠢᠢᠠ ᠲᠠᠢ ᠬᠦᠮᠦᠨ ᠢ
ᠳ᠋ᠠᠮᠠᠰᠻ ᠦᠨ ᠢᠯᠳᠤ ᠰᠢᠭ᠋ ᠰᠦᠷᠲᠦ ᠦᠭᠡ ᠪᠡᠷ
ᠳᠠᠯᠠᠢᠢᠭᠰᠠᠨ ᠦ ᠭᠠᠷᠤᠵᠠ ᠰᠢᠦ ᠳ᠋ᠡ᠃
ᠪᠠᠩᠵᠠ ᠮᠤᠳᠤ ᠰᠢᠭ ᠦᠭᠡ ᠬᠡᠯᠡᠬᠦ
ᠪᠠᠷᠰ ᠦᠨ ᠤᠷᠳᠤ ᠡᠴᠡ
ᠪᠠᠯᠢᠤᠰᠤ ᠪᠠᠷᠢᠭᠰᠠᠨ ᠲᠠᠢ ᠢᠵᠢᠯ᠅
Мэргэжлийн боксчин Н. Төгсцогтын 2 дахь тулаан
ᠮᠡᠷᠭᠡᠵᠢᠯ ᠦᠨ ᠪᠣᠻᠰᠴᠢᠨ ᠨᠢᠮᠠᠪᠠᠶᠠᠷ ᠤᠨ ᠲᠡᠭᠦᠰᠴᠣᠭᠲᠤ ᠶᠢᠨ ᠬᠣᠶᠠᠷ ᠳᠠᠬᠢ ᠲᠤᠯᠤᠭᠠᠨ
ᠠᠮᠵᠢᠯᠲᠠ
ᠢᠯᠠᠭᠳᠠᠭᠰᠠᠨ᠄ 0
ᠲᠡᠩᠴᠡᠭᠰᠡᠨ᠄ 0
ᠬᠣᠶᠠᠷ ᠳᠠᠬᠢ ᠲᠤᠯᠤᠭᠠᠨ
ᠲᠤᠯᠤᠭᠠᠨ ᠪᠣᠯᠤᠭᠰᠠᠨ ᠭᠠᠵᠠᠷ᠄ ᠠᠮᠧᠷᠢᠻᠠ ᠶᠢᠨ ᠨᠢᠭᠡᠳᠦᠭᠰᠡᠨ ᠤᠯᠤᠰ
ᠥᠷᠢᠰᠦᠯᠳᠦᠭᠴᠢ᠄ ᠮᠠᠨᠦ᠋ᠸᠧᠯ ᠷᠦᠪᠠᠯᠻᠠᠸᠠ
ᠦᠷ᠎ᠡ ᠳ᠋ᠦᠩ᠄ ᠲᠡᠭᠦᠰᠴᠣᠭᠲᠤ ᠨᠣᠻᠠᠦᠲ ᠢᠶᠠᠷ ᠢᠯᠠᠭᠰᠠᠨ
Мэргэжлийн боксчин Н. Төгсцогтын анхны тулаан
ᠮᠡᠷᠭᠡᠵᠢᠯ ᠦᠨ ᠪᠣᠻᠰᠴᠢᠨ ᠨᠢᠮᠠᠪᠠᠶᠠᠷ ᠤᠨ ᠲᠡᠭᠦᠰᠴᠣᠭᠲᠤ ᠶᠢᠨ ᠠᠩᠬᠠᠨ ᠤ ᠲᠤᠯᠤᠭᠠᠨ
ᠠᠮᠵᠢᠯᠲᠠ
ᠢᠯᠠᠭᠳᠠᠭᠰᠠᠨ᠄ 0
ᠲᠡᠩᠴᠡᠭᠰᠡᠨ᠄ 0
ᠠᠩᠬᠠᠨ ᠤ ᠲᠤᠯᠤᠭᠠᠨ
ᠲᠤᠯᠤᠭᠠᠨ ᠪᠣᠯᠤᠭᠰᠠᠨ ᠭᠠᠵᠠᠷ᠄ ᠠᠮᠧᠷᠢᠻᠠ ᠶᠢᠨ ᠨᠢᠭᠡᠳᠦᠭᠰᠡᠨ ᠤᠯᠤᠰ
ᠥᠷᠢᠰᠦᠯᠳᠦᠭᠴᠢ᠄ ᠭᠠᠪᠷᠢᠶᠧᠯ ᠪᠷᠠᠻᠰᠲᠣᠨ
ᠦᠷ᠎ᠡ ᠳ᠋ᠦᠩ᠄ ᠲᠡᠭᠦᠰᠴᠣᠭᠲᠤ ᠨᠣᠻᠠᠦᠲ ᠢᠶᠠᠷ ᠢᠯᠠᠭᠰᠠᠨ
Зоригтой хулгана
ᠵᠣᠷᠢᠭᠲᠡᠢ ᠬᠤᠯᠤᠭᠠᠨ᠎ᠠ
ᠡᠨᠡ ᠦᠶ᠎ᠡ ᠳᠦ ᠬᠣᠶᠠᠷ ᠬᠤᠯᠤᠭᠠᠨ᠎ᠠ ᠲᠡᠷᠡ ᠮᠣᠳᠤᠨ ᠤ ᠳᠡᠭᠡᠷ᠎ᠡ ᠨᠢᠭᠡᠨ ᠪᠢᠴᠢᠬᠠᠨ ᠮᠥᠴᠢᠷ ᠡᠴᠡ ᠵᠠᠭᠤᠷᠠᠭᠰᠠᠨ ᠪᠠᠢᠢᠵᠤ ᠭᠡᠨ᠎ᠡ᠃
ᠭᠡᠲᠡᠯ᠎ᠡ ᠨᠢᠭᠡ ᠬᠤᠯᠤᠭᠠᠨ᠎ᠠ ᠮᠥᠴᠢᠷ ᠢᠶᠡᠨ ᠠᠯᠳᠠᠵᠤ ᠦᠨᠡᠭᠡᠨ ᠦ ᠶᠠᠭ ᠲᠣᠯᠤᠭᠠᠢ ᠳᠡᠭᠡᠷ᠎ᠡ ᠤᠨᠡᠵᠤ ᠭᠡᠨ᠎ᠡ᠃
ᠴᠣᠴᠢᠭᠰᠠᠨ ᠦᠨᠡᠭᠡ ᠤᠬᠤᠰᠬᠢᠨ ᠵᠢᠭᠤᠲᠠᠪᠠ ᠭᠡᠨ᠎ᠡ᠃ ᠴᠢᠩᠭᠢᠬᠦ ᠳᠦ ᠭᠠᠵᠠᠷ ᠤᠨᠠᠭᠰᠠᠨ ᠬᠤᠯᠤᠭᠠᠨ᠎ᠠ ᠨᠥᠭᠦᠭᠡ ᠳᠡᠭᠡᠨ᠄ - ᠴᠢ ᠶᠠᠭᠠᠬᠢᠭᠰᠠᠨ ᠵᠣᠷᠢᠭ ᠦᠭᠡᠢ ᠠᠶᠤᠮᠠᠬᠠᠢ ᠶᠤᠮ ᠪᠤᠢ? ᠪᠢ ᠮᠣᠳᠤᠨ ᠳᠡᠭᠡᠷ᠎ᠡ ᠡᠴᠡ ᠳᠡᠪᠬᠡᠷᠦᠭᠡᠳ ᠦᠨᠡᠭᠡ ᠶᠢ ᠬᠥᠭᠡᠭᠡᠭᠡᠳ ᠶᠠᠪᠤᠭᠤᠯᠴᠢᠬᠠᠪᠠ ᠭᠡᠵᠦ ᠶᠡᠬᠡ ᠯᠡ ᠡᠷᠡᠯᠬᠡᠭ ᠪᠠᠭᠠᠲᠤᠷ ᠬᠡᠯᠡᠵᠦ ᠭᠡᠨ᠎ᠡ᠃
ᠦᠨᠡᠬᠡᠷ ᠵᠣᠷᠢᠭᠲᠠᠢ ᠬᠤᠯᠤᠭᠠᠨ᠎ᠠ ᠮᠦᠨ ᠤᠤ?
Үсэг бичигтэй болсон нь
ᠦᠰᠦᠭ ᠪᠢᠴᠢᠭ ᠲᠡᠢ ᠪᠣᠯᠤᠭᠰᠠᠨ ᠠᠨᠤ
● ᠬᠡᠳᠡᠷᠭᠡ - ᠨᠡᠬᠡᠢ ᠡᠯᠳᠡᠬᠦ ᠮᠣᠳᠤᠨ ᠬᠡᠷᠡᠭᠰᠡᠯ
Бэгзийн Явуухулан. Би хаана төрөө вэ
ᠪᠢ ᠬᠠᠮᠢᠭ᠎ᠠ ᠲᠦᠷᠦᠭᠡ ᠪᠤᠢ
ᠪᠡ᠊ᠭᠵᠡ ᠶᠢᠨ ᠢᠪᠠᠤ᠊ᠬᠤᠯᠠᠨ
ᠬᠦᠮᠦᠰᠭᠡᠨ ᠰᠠᠷᠠᠨ ᠦ ᠠᠶᠠᠯᠠᠬᠤ ᠠᠯᠤᠰ ᠦᠨ ᠠᠯᠤᠰ ᠲᠤᠭᠤᠷᠢᠭ ᠲᠤᠷ
ᠬᠤᠯᠠ ᠶᠢᠨ ᠬᠤᠶᠠᠷ ᠤᠳᠤᠨ ᠤ ᠲᠤᠬᠢᠶᠠᠬᠤ ᠪᠢᠴᠢᠬᠠᠨ ᠴᠢᠯᠦᠭᠡᠨ ᠳᠤᠷ
ᠬᠤᠶᠠᠷ ᠨᠢᠳᠦᠨ ᠦ ᠦᠵᠦᠭᠦᠷ ᠲᠦᠷ ᠴᠡᠩᠬᠡᠷᠯᠡᠬᠦ ᠲᠡᠳᠦᠢ ᠲᠡᠷᠡᠳᠡᠭᠡ ᠳᠦᠷ
ᠬᠦᠬᠡ ᠮᠠᠩᠬᠠᠨ ᠲᠩᠷᠢ ᠶᠢ ᠡᠵᠡᠩᠨᠡᠩᠬᠡᠨ ᠲᠦᠷᠦᠯᠦᠭᠡ ᠪᠢ᠃
ᠴᠠᠩ ᠬᠦᠦᠷᠭᠡ ᠰᠠᠪᠰᠠᠵᠦ ᠡᠭᠦᠯᠡᠰ ᠣᠷᠢᠶᠠᠬᠤ ᠣᠷᠭᠢᠯ ᠋ᠳ᠋ᠣᠷ
ᠴᠠᠰᠤᠨ ᠰᠢᠷᠬᠡᠭ ᠴᠠᠷᠴᠠᠵᠦ ᠮᠦᠰᠦ ᠪᠤᠯᠬᠤ ᠬᠠᠯᠢᠯ ᠳ᠋ᠤᠷ
ᠴᠠᠷᠬᠢᠶᠠ ᠬᠦᠢᠲᠡᠨ ᠡᠪᠦᠯ ᠰᠠᠷᠯᠤᠭ ᠦᠨ ᠪᠤᠬ᠎ᠠ ᠳᠤᠰᠢᠭᠰᠠᠨ
ᠴᠠᠰᠤᠲᠦ ᠴᠠᠭᠠᠨ ᠠᠭᠤᠯᠠ ᠶᠢ ᠡᠵᠡᠩᠨᠡᠩᠬᠡᠨ ᠲᠦᠷᠦᠯᠦᠭᠡ ᠪᠢ᠃
ᠣᠷᠣᠭ ᠰᠠᠷᠠᠯ ᠵᠡᠷᠭᠡᠯᠭᠡ ᠬᠠᠪᠤᠷ ᠰᠦᠮᠡᠯᠵᠡᠬᠦ ᠬᠦᠨᠳᠡᠢ ᠳᠤᠷ
ᠣᠷᠣᠭᠰᠠᠨ ᠪᠣᠣᠷ᠎ᠠ ᠶᠢᠨ ᠰᠢᠳᠦ ᠡᠪᠦᠯ ᠬᠠᠩᠭᠢᠨᠠᠬᠤ ᠬᠣᠭᠣᠯᠠᠢ ᠳ᠋ᠣᠷ
ᠦᠯᠦᠭ ᠭᠦᠷᠪᠡᠯ ᠦᠨ ᠮᠦᠷ ᠢ ᠡᠳᠦᠢ ᠬᠦᠷᠲᠡᠯ᠎ᠡ ᠬᠠᠳᠠᠭᠠᠯᠠᠭᠰᠠᠨ
ᠣᠩᠭᠤᠨ ᠴᠡᠩᠬᠡᠷ ᠲᠠᠯ᠎ᠠ ᠶᠢ ᠡᠵᠡᠩᠨᠡᠩᠬᠡᠨ ᠲᠦᠷᠦᠯᠦᠭᠡ ᠪᠢ᠃
ᠮᠦᠩᠬᠦᠨ ᠰᠠᠷᠠᠨ ᠦ ᠰᠡᠭᠦᠳᠡᠷ ᠲᠣᠯᠢᠶᠠᠷᠠᠨ ᠬᠦᠪᠬᠦ ᠲᠣᠯᠬᠢᠶᠠᠨ ᠳ᠋ᠣᠷ
ᠮᠢᠨᠦ ᠡᠪᠦᠭᠡ ᠳᠡᠭᠡᠳᠦᠰ ᠦᠨ ᠮᠣᠷᠢᠨ ᠲᠤᠭᠤᠷᠠᠢ ᠳᠤ ᠨᠠᠭᠠᠯᠳᠤᠭᠰᠠᠨ
ᠬᠦᠮᠦᠨ ᠦ ᠨᠤᠲᠤᠭ ᠤᠨ ᠰᠢᠷᠦᠢ ᠶᠢ ᠠᠷᠢᠭᠤᠨ ᠤᠰᠤ ᠪᠠᠷ ᠢᠶᠠᠨ ᠤᠬᠢᠶᠠᠭᠰᠠᠨ
ᠮᠦᠷᠡᠨ ᠭᠣᠣᠯ ᠤᠨ ᠤᠰᠤ ᠶᠢ ᠡᠵᠡᠩᠨᠡᠩᠬᠡᠨ ᠲᠦᠷᠦᠯᠦᠭᠡ ᠪᠢ᠃
ᠦᠷ ᠰᠦᠨᠢ ᠶᠢᠨ ᠵᠠᠪᠰᠠᠷ ᠰᠢᠭᠦᠳᠡᠷᠢ ᠪᠠᠭᠤᠬᠤ ᠨᠠᠪᠴᠢᠨ ᠳ᠋ᠤᠷ
ᠦᠷᠢᠯ ᠤᠰᠤᠨ ᠰᠢᠭᠦᠳᠡᠷᠢ ᠳᠤᠨᠢ ᠣᠳᠣᠳ ᠬᠢᠯᠠᠯᠵᠠᠬᠤ ᠲᠠᠯᠪᠢᠨ ᠳ᠋ᠤᠷ
ᠦᠭᠦᠯ ᠦᠭᠡᠢ ᠮᠦᠩᠬᠡ ᠶᠢᠨ ᠪᠡᠯᠭᠡᠳᠡᠯ ᠴᠠᠭᠠᠨ ᠤᠤᠯᠠ ᠴᠡᠴᠡᠭ ᠲᠤᠷ
ᠦᠨᠦᠷ ᠢᠯᠳᠠᠮ ᠠᠭᠢ ᠭᠠᠩ᠋ᠭ᠎ᠠ ᠶᠢ ᠡᠵᠡᠩᠨᠡᠩᠬᠡᠨ ᠲᠦᠷᠦᠯᠦᠭᠡ ᠪᠢ᠃
ᠵᠦᠢᠳᠡᠯ ᠦᠭᠡᠢ ᠴᠠᠭᠠᠨ ᠦᠷᠬᠦᠭᠡᠨ ᠦ ᠬᠤᠢᠢᠮᠤᠰᠤᠯᠠᠵᠤ ᠲᠤᠮᠤᠭᠰᠠᠨ ᠤᠭᠤᠰᠤᠷ ᠲᠤᠷ
ᠵᠢᠷᠦᠭᠡᠨ ᠤᠯᠠᠭᠠᠨ ᠭᠠᠯ ᠲᠠᠢ ᠭᠠᠩ ᠲᠤᠯᠭ᠎ᠠ ᠶᠢᠨ ᠲᠤᠲᠤᠭᠤᠨ ᠳ᠋ᠤᠷ
ᠵᠠᠭᠤᠨ ᠲᠦᠮᠡᠨ ᠦᠶ᠎ᠡ ᠳᠦᠷ ᠮᠣᠩᠭᠤᠯ ᠬᠦᠮᠦᠨ ᠦ ᠢᠳᠡᠭᠡᠰᠢᠭᠰᠡᠨ
ᠵᠡᠭᠦᠷᠮᠡᠭᠯᠡᠭᠴᠢ ᠬᠤᠨ ᠰᠢᠭ᠌ ᠭᠡᠷ ᠢ ᠡᠵᠡᠩᠨᠡᠩᠬᠡᠨ ᠲᠦᠷᠦᠯᠦᠭᠡ ᠪᠢ᠃
ᠰᠤᠷᠮᠤᠰᠤᠨ ᠳᠤᠮᠳᠠ ᠪᠠᠨ ᠲᠠᠯᠮᠢᠶᠠᠷᠠᠬᠤ ᠠᠯᠠᠭ ᠨᠢᠳᠦᠨ ᠦ ᠮᠡᠯᠮᠡᠷᠡᠭᠡᠨ ᠳᠦᠷ
ᠰᠠᠭᠠᠯᠢ ᠶᠢᠨ ᠦᠨᠦᠷ ᠬᠠᠩᠬᠤᠯᠤᠭᠰᠠᠨ ᠳᠡᠪᠡᠯ ᠦᠨ ᠬᠤᠷᠮᠤᠢ ᠶᠢᠨ ᠨᠤᠭᠤᠯᠤᠭᠠᠰᠤᠨ ᠳ᠋ᠤᠷ
ᠰᠠᠨᠠᠨ ᠰᠠᠨᠠᠨ ᠤᠶᠠᠷᠠᠬᠤ ᠴᠡᠪᠡᠷ ᠢᠴᠢᠮᠡᠲᠡᠭᠡᠢ ᠠᠭᠠᠰᠢᠨ ᠳ᠋ᠤᠷ
ᠰᠠᠢᠢᠬᠠᠨ ᠪᠦᠰᠡᠭᠦᠢ ᠶᠢᠨ ᠰᠡᠳᠬᠢᠯ ᠢ ᠡᠵᠡᠩᠨᠡᠩᠬᠡᠨ ᠲᠦᠷᠦᠯᠦᠭᠡ ᠪᠢ᠃
ᠲᠡᠯᠮᠡᠨ ᠵᠢᠷᠤᠭ᠎ᠠ ᠮᠤᠷᠢᠨ ᠤ ᠱᠠᠩᠬᠤᠨ ᠤ ᠦᠵᠦᠭᠦᠷ ᠦᠨ ᠴᠡᠴᠡᠷᠡᠭᠡᠨ ᠳᠤᠷ
ᠲᠩᠷᠢ ᠶᠢᠨ ᠰᠠᠯᠬᠢᠨ ᠡᠴᠠ ᠪᠤᠰᠤᠳ ᠢ ᠲᠡᠭᠡᠷ᠎ᠡ ᠪᠡᠨ ᠭᠠᠷᠭᠠᠵᠦ ᠦᠵᠡᠭᠡᠳᠦᠢ
ᠲᠡᠨᠢᠭᠡᠷ ᠭᠤᠪᠢ ᠶᠢᠨ ᠰᠦᠷᠦᠭ ᠣᠩᠭᠣᠨ ᠬᠤᠯᠠᠨ ᠤ ᠨᠢᠷᠤᠭᠤᠨ ᠳ᠋ᠤᠷ
ᠲᠡᠩᠬᠡᠭᠡ ᠲᠦ ᠬᠦᠯᠦᠭ ᠦᠨ ᠲᠦᠷᠦᠭᠡ ᠶᠢ ᠡᠵᠡᠩᠨᠡᠩᠬᠡᠨ ᠲᠦᠷᠦᠯᠦᠭᠡ ᠪᠢ᠃
ᠠᠮᠤᠭᠤᠯᠠᠩ ᠲᠩᠷᠢ ᠶᠢ ᠰᠤᠴᠢᠭᠠᠬᠤ ᠠᠶᠤᠩᠭ᠎ᠠ ᠶᠢᠨ ᠳᠤᠭᠰᠢᠨ ᠬᠢᠯᠪᠠᠭᠠᠨ ᠳ᠋ᠤᠷ
ᠠᠷᠢᠭᠤᠨ ᠠᠭᠠᠷ ᠲᠦ ᠰᠢᠭᠦᠷᠯᠡᠬᠦ ᠮᠦᠨᠳᠦᠷ ᠦᠨ ᠴᠠᠭᠠᠨ ᠰᠢᠷᠬᠡᠭ᠌ ᠳᠤᠷ
ᠠᠯᠲᠠᠨ ᠲᠠᠯ᠎ᠠ ᠳ᠋ᠣᠷ ᠲᠠᠲᠠᠬᠤ ᠰᠤᠯᠤᠩᠭ᠎ᠠ ᠶᠢᠨ ᠳᠤᠯᠤᠭᠠᠨ ᠦᠩᠬᠡᠨ ᠳᠤᠷ
ᠠᠭᠠᠳᠠᠷ ᠬᠤᠷ᠎ᠠ ᠪᠤᠷᠤᠭ᠎ᠠ ᠶᠢ ᠡᠵᠡᠩᠨᠡᠩᠬᠡᠨ ᠲᠦᠷᠦᠯᠦᠭᠡ ᠪᠢ᠃
ᠴᠡᠩᠬᠡᠷ ᠬᠠᠳᠠᠭ ᠦᠨ ᠳᠡᠭᠡᠷᠡᠬᠢ ᠮᠦᠩᠭᠦᠨ ᠠᠶᠠᠭ᠎ᠠ ᠲᠠᠢ ᠰᠠᠷᠬᠤᠳ ᠲᠤᠷ
ᠴᠡᠭᠡᠯ ᠰᠠᠢᠢᠬᠠᠨ ᠡᠭᠡᠰᠢᠭ ᠲᠡᠢ ᠤᠷᠲᠤ ᠶᠢᠨ ᠳᠠᠭᠤᠨ ᠤ ᠠᠶᠠᠨ ᠳ᠋ᠤᠷ
ᠴᠡᠩᠭᠡᠬᠦ ᠵᠤᠪᠠᠬᠤ ᠬᠤᠤᠰᠯᠠᠭᠰᠠᠨ ᠬᠦᠮᠦᠨ ᠦ ᠬᠤᠪᠢ ᠵᠠᠶᠠᠭᠠᠨ ᠳ᠋ᠤᠷ
ᠴᠡᠭᠡᠯᠬᠡᠨ ᠳᠠᠭᠤᠨ ᠤ ᠡᠭᠡᠰᠢᠭ᠌ ᠢ ᠡᠵᠡᠩᠨᠡᠩᠬᠡᠨ ᠲᠦᠷᠦᠯᠦᠭᠡ ᠪᠢ᠃
ᠠᠮᠢ ᠨᠢᠭᠡ ᠲᠡᠢ ᠤᠯᠠᠨ ᠦ ᠪᠠᠨ ᠮᠣᠩᠭᠤᠯ ᠢᠶᠠᠨ ᠬᠡᠮᠡᠭᠰᠡᠨ ᠰᠡᠳᠬᠢᠯ ᠳᠤᠷ
ᠦᠷ ᠦᠨ ᠲᠠᠪᠤᠨ ᠵᠢᠩ ᠢᠶᠠᠷ ᠬᠦᠳᠡᠷ ᠨᠡᠭᠡᠨ ᠤᠯᠠᠯᠵᠠᠬᠤ
ᠦᠢᠯᠡᠳᠪᠦᠷᠢ ᠶᠢᠨ ᠦᠨᠳᠦᠷ ᠶᠠᠩᠳᠤᠩ ᠤᠨ ᠬᠢᠯᠢᠩ ᠤᠯᠠᠭᠠᠨ ᠭᠠᠯ ᠳ᠋ᠤᠷ
ᠠᠪᠬᠠᠯᠵᠢᠲᠦ ᠬᠦᠮᠦᠨ ᠦ ᠪᠡᠶ᠎ᠡ ᠶᠢ ᠡᠵᠡᠩᠨᠡᠩᠬᠡᠨ ᠲᠦᠷᠦᠯᠦᠭᠡ ᠪᠢ᠃
ᠬᠦᠬᠡ ᠮᠣᠩᠭᠤᠯ ᠠᠯᠳᠠᠷᠰᠢᠭᠰᠠᠨ ᠦ ᠦᠶ᠎ᠡ ᠳᠠᠮᠵᠢᠭᠰᠠᠨ ᠳᠣᠮᠣᠭ ᠲᠤᠷ
ᠬᠦᠴᠦᠷᠬᠡᠭ᠌ ᠳᠡᠭᠡᠳᠦᠰ ᠦᠨ ᠨᠣᠲᠣᠭ ᠲᠤ ᠮᠠᠨᠳᠤᠭᠰᠠᠨ ᠬᠤᠪᠢᠰᠬᠠᠯ ᠤᠨ ᠲᠦᠯᠦᠨ ᠳᠤᠷ
ᠬᠦᠷᠦᠰᠦᠲᠦ ᠠᠯᠲᠠᠨ ᠳᠡᠯᠡᠭᠡᠢ ᠶᠢᠨ ᠦᠷᠴᠢᠯᠡᠭᠡᠲᠦ ᠮᠠᠩᠨᠠᠢ ᠪᠤᠯᠤᠭᠰᠠᠨ
ᠬᠦᠭᠡ ᠲᠩᠷᠢ ᠶᠢᠨ ᠣᠷᠣᠨ ᠢ ᠡᠵᠡᠩᠨᠡᠩᠬᠡᠨ ᠲᠦᠷᠦᠯᠦᠭᠡ ᠪᠢ᠅
Та монгол бичгээр юу уншихыг хүсдэг вэ?
ᠲᠠ ᠮᠣᠩᠭᠤᠯ ᠪᠢᠴᠢᠭ ᠢᠶᠡᠷ ᠶᠠᠭᠤ ᠤᠩᠰᠢᠬᠤ ᠶᠢ ᠬᠦᠰᠡᠳᠡᠭ ᠪᠤᠶ⁈
Очирбатын Дашбалбар. Монголоо муулж харийнханд бөхөлзөгсдөд
ᠮᠣᠩᠭᠤᠯ ᠢᠶᠠᠨ ᠮᠠᠭᠣᠯᠠᠵᠤ ᠬᠠᠷᠢ ᠶᠢᠨ ᠬᠢᠨ ᠳᠦ ᠪᠦᠬᠦᠯᠵᠡᠭᠰᠡᠳ ᠲᠦ
ᠸᠴᠢᠷᠪᠠᠲᠤ ᠶᠢᠨ ᠳᠠᠰᠢᠪᠠᠯᠪᠠᠷ
ᠦᠨᠡᠨ ᠮᠢᠨᠢ ᠠᠯᠳᠠᠷᠠᠬᠤ ᠶᠢ ᠴᠢ ᠦᠵᠡᠬᠦ ᠦᠭᠡᠢ
ᠦᠯᠢᠭᠡᠷ ᠮᠢᠨᠢ ᠳᠠᠭᠤᠰᠬᠤ ᠶᠢ ᠴᠢ ᠦᠵᠡᠬᠦ ᠦᠭᠡᠢ
ᠲᠦᠷᠦᠯ ᠮᠢᠨᠢ ᠳᠠᠰᠤᠷᠠᠬᠤ ᠶᠢ ᠴᠢ ᠦᠵᠡᠬᠦ ᠦᠭᠡᠢ
ᠰᠣᠶᠣᠩᠪᠣ ᠮᠢᠨᠢ ᠪᠦᠳᠡᠭᠢᠷᠡᠬᠦ ᠶᠢ ᠴᠢ ᠦᠵᠡᠬᠦ ᠦᠭᠡᠢ
ᠰᠣᠶᠣᠯ ᠮᠢᠨᠢ ᠰᠣᠯᠢᠭᠳᠠᠬᠤ ᠶᠢ ᠴᠢ ᠦᠵᠡᠬᠦ ᠦᠭᠡᠢ
ᠣᠨᠣᠨ ᠮᠢᠨᠢ ᠰᠢᠷᠭᠢᠬᠦ ᠶᠢ ᠴᠢ ᠦᠵᠡᠬᠦ ᠦᠭᠡᠢ
ᠣᠯᠠᠨ ᠮᠢᠨᠢ ᠵᠣᠪᠠᠬᠤ ᠶᠢ ᠴᠢ ᠦᠵᠡᠬᠦ ᠦᠭᠡᠢ
ᠬᠡᠨᠲᠡᠢ ᠮᠢᠨᠢ ᠨᠠᠮᠣᠰᠬᠤ ᠶᠢ ᠴᠢ ᠦᠵᠡᠬᠦ ᠦᠭᠡᠢ
ᠬᠡᠷᠦᠯᠦᠨ ᠮᠢᠨᠢ ᠲᠠᠲᠠᠷᠠᠬᠤ ᠶᠢ ᠴᠢ ᠦᠵᠡᠬᠦ ᠦᠭᠡᠢ
ᠬᠡᠢᠢᠮᠥᠷᠢ ᠮᠢᠨᠢ ᠳᠣᠷᠣᠢᠢᠲᠠᠬᠤ ᠶᠢ ᠴᠢ ᠦᠵᠡᠬᠦ ᠦᠭᠡᠢ
ᠬᠣᠢᠢᠮᠣᠷ ᠮᠢᠨᠢ ᠬᠠᠩᠬᠠᠢᠢᠬᠤ ᠶᠢ ᠴᠢ ᠦᠵᠡᠬᠦ ᠦᠭᠡᠢ
ᠰᠦᠯᠳᠡ ᠮᠢᠨᠢ ᠤᠨᠠᠬᠤ ᠶᠢ ᠴᠢ ᠦᠵᠡᠬᠦ ᠦᠭᠡᠢ
ᠰᠦᠨᠡᠰᠦ ᠮᠢᠨᠢ ᠳᠡᠭᠡᠭ᠍ᠰᠢᠯᠡᠬᠦ ᠶᠢ ᠴᠢ ᠦᠵᠡᠬᠦ ᠦᠭᠡᠢ
ᠰᠡᠳᠬᠢᠯ ᠮᠢᠨᠢ ᠰᠡᠪᠲᠦᠬᠦ ᠶᠢ ᠴᠢ ᠦᠵᠡᠬᠦ ᠦᠭᠡᠢ
ᠰᠡᠷᠡᠮᠵᠢ ᠮᠢᠨᠢ ᠠᠯᠳᠠᠷᠠᠬᠤ ᠶᠢ ᠴᠢ ᠦᠵᠡᠬᠦ ᠦᠭᠡᠢ
ᠤᠬᠠᠭᠠᠨ ᠮᠢᠨᠢ ᠰᠠᠮᠠᠭᠤᠷᠠᠬᠤ ᠶᠢ ᠴᠢ ᠦᠵᠡᠬᠦ ᠦᠭᠡᠢ
ᠤᠴᠠᠷᠠᠭᠰᠠᠨ ᠮᠢᠨᠢ ᠰᠠᠯᠬᠤ ᠶᠢ ᠴᠢ ᠦᠵᠡᠬᠦ ᠦᠭᠡᠢ
ᠡᠪ ᠮᠢᠨᠢ ᠡᠪᠳᠡᠷᠡᠬᠦ ᠶᠢ ᠴᠢ ᠦᠵᠡᠬᠦ ᠦᠭᠡᠢ
ᠡᠵᠡᠨ ᠮᠢᠨᠢ ᠵᠠᠯᠠᠷᠠᠬᠤ ᠶᠢ ᠴᠢ ᠦᠵᠡᠬᠦ ᠦᠭᠡᠢ
ᠳᠠᠭᠤᠤ ᠮᠢᠨᠢ ᠰᠠᠭᠠᠷᠠᠬᠤ ᠶᠢ ᠴᠢ ᠦᠵᠡᠬᠦ ᠦᠭᠡᠢ
ᠳᠤᠤᠯᠢᠶᠠᠨ ᠮᠢᠨᠢ ᠲᠠᠰᠤᠷᠠᠬᠤ ᠶᠢ ᠴᠢ ᠦᠵᠡᠬᠦ ᠦᠭᠡᠢ᠃
ᠪᠠᠯᠴᠢᠭ ᠰᠢᠪᠠᠷ ᠳᠤᠮᠳᠠ ᠡᠴᠡ
ᠪᠠᠳᠮᠠᠯᠢᠩᠬᠤ᠎ᠠ ᠤᠷᠭᠤᠳᠠᠭ ᠶᠤᠮ᠃
ᠪᠠᠷᠠᠭᠤᠨ ᠰᠢᠭᠤᠢ ᠳᠤᠮᠳᠠ ᠨᠢ
ᠴᠠᠭᠠᠨ ᠬᠤᠰᠤ ᠬᠢᠷᠠᠯᠵᠠᠳᠠᠭ ᠶᠤᠮ᠃
ᠬᠤᠭ ᠲᠠᠢ ᠠᠭᠠᠷ ᠳᠤᠮᠳᠠ ᠨᠢ
ᠰᠡᠷᠵᠢᠭᠢᠨᠡ᠊ᠩᠬᠡᠨ ᠳᠡᠯᠪᠢᠯᠡᠳᠡᠭ ᠶᠤᠮ᠃
ᠬᠤᠭ ᠤᠨ ᠡᠪᠡᠰᠦ ᠳᠤᠮᠳᠠ ᠨᠢ
ᠠᠯᠲᠠᠨ ᠬᠠᠷᠭᠠᠨ᠎ᠠ ᠲᠤᠶᠠᠭᠠᠷᠠᠳᠠᠭ ᠶᠤᠮ᠃
ᠤᠯᠠᠨ ᠲᠡᠨᠡᠭ ᠦᠳ ᠳᠤᠮᠳᠠ ᠡᠴᠡ ᠨᠢ
ᠰᠡᠴᠡᠨ ᠮᠡᠷᠭᠡᠳ ᠨᠢ ᠲᠦᠷᠦᠳᠡᠭ ᠶᠤᠮ᠃
ᠤᠷᠴᠢᠯᠠᠩ ᠤᠨ ᠵᠢᠮ᠎ᠠ
ᠭᠤᠲᠤᠷᠠᠵᠥ ᠭᠤᠨᠢᠬᠤ ᠶᠢᠨ ᠬᠡᠷᠡᠭ ᠦᠭᠡᠢ
ᠤᠷᠤᠭ ᠰᠠᠷᠠᠯ ᠮᠠᠨᠠᠨ ᠢ ᠲᠡᠪᠲᠦᠭᠡᠵᠦ
ᠰᠠᠷᠠᠨ ᠲᠤᠶᠠᠭᠠᠷᠠᠳᠠᠭ ᠶᠤᠮ᠃
ᠬᠠᠷᠠᠩᠬᠤᠢ ᠰᠦᠨᠢ ᠶᠢᠨ ᠲᠩᠷᠢ ᠳᠦ
ᠤᠳᠤᠳ ᠬᠦᠴᠦᠲᠡᠢ ᠭᠡᠷᠡᠯᠲᠦᠳᠡᠭ᠃
ᠬᠠᠩᠭᠠᠢ ᠶᠢᠨ ᠠᠭᠤᠯᠠ ᠶᠢᠨ ᠲᠠᠭᠲᠦ ᠳᠤ
ᠸᠠᠩᠰᠡᠮᠪᠡᠷᠦ ᠤᠷᠭᠤᠳᠠᠭ᠃
ᠡᠪᠡᠰᠦ ᠨᠤᠭᠤᠭ᠎ᠠ ᠡᠴᠡ ᠵᠠᠢᠢᠳᠠᠭᠤ
ᠦᠨᠢ ᠮᠦᠩᠬᠡ ᠶᠢᠨ ᠵᠢᠪᠡᠷᠭᠡᠨ ᠰᠠᠯᠬᠢᠨ ᠳᠦ
ᠭᠤᠨᠳᠠᠭᠤᠬᠠᠨ ᠪᠠᠢᠢᠵᠤ ᠤᠷᠭᠤᠳᠠᠭ᠃
ᠠᠮᠢᠳᠤᠷᠠᠯ ᠤᠨ ᠬᠠᠷ᠎ᠠ ᠪᠠᠷᠠᠭᠠᠨ ᠠᠴᠠ
ᠭᠡᠷᠡᠯ ᠭᠡᠭᠡ ᠶᠢ ᠨᠢ ᠢᠯᠭᠠᠭᠰᠠᠨ
ᠠᠵᠠᠲᠠᠢ ᠲᠡᠷᠡ ᠬᠦᠮᠦᠨ
ᠠᠯᠤᠰ ᠦᠨ ᠵᠠᠮ ᠳᠤ ᠭᠤᠨᠳᠠᠬᠤ ᠦᠭᠡᠢ᠂
ᠶᠢᠷᠲᠢᠨᠴᠦ ᠶᠢᠨ ᠡᠭᠡᠯ ᠠᠮᠢᠳᠤᠷᠠᠯ ᠡᠴᠡ
ᠵᠦᠪ ᠵᠠᠮ ᠢ ᠰᠣᠩᠭᠤᠭᠰᠠᠨ
ᠢᠷᠦᠭᠡᠯᠲᠡᠢ ᠲᠡᠷᠡ ᠬᠦᠮᠦᠨ ᠳᠦ
ᠠᠶᠠᠨ ᠦ ᠣᠯᠵᠠ ᠠᠯᠳᠠᠬᠤ ᠦᠭᠡᠢ᠂
ᠬᠠᠷᠠᠩᠬᠤᠢ ᠳᠤᠮᠳᠠ ᠭᠡᠷᠡᠯᠲᠦᠳᠡᠭ ᠵᠤᠯᠠ ᠭᠡᠵᠦ ᠪᠠᠢᠢᠳᠠᠭ᠂
ᠬᠠᠮᠤᠭ ᠦᠨ ᠳᠤᠮᠳᠠ ᠡᠴᠡ ᠲᠣᠳᠦᠷᠠᠳᠠᠭ ᠬᠤᠲᠤᠭᠲᠤ ᠭᠡᠵᠦ ᠪᠠᠢᠢᠳᠠᠭ᠂
ᠳᠠᠪᠠᠭ᠎ᠠ ᠬᠡᠳᠦᠢ ᠦᠷᠭᠡᠨ ᠴᠦ
ᠭᠠᠲᠤᠯᠵᠦ ᠴᠢᠳᠠᠭᠰᠠᠨ ᠨᠢ ᠢᠯᠠᠵᠦ ᠪᠠᠢᠢᠳᠠᠭ᠂
ᠪᠦᠷᠭᠦᠳ ᠪᠤᠯᠵᠤᠮᠤᠷ ᠡᠴᠡ ᠠᠶᠣᠳᠠᠭ ᠦᠭᠡᠢ ᠰᠢᠭ᠌
ᠬᠤᠷᠸ᠎ᠠ ᠡᠴᠡ ᠪᠢ ᠠᠶᠤᠬᠤ ᠦᠭᠡᠢ᠂
ᠠᠷᠰᠯᠠᠨ ᠭᠦᠷᠦᠭᠡᠰᠦ ᠡᠴᠡ ᠠᠶᠤᠳᠠᠭ ᠦᠭᠡᠢ ᠰᠢᠭ᠌
ᠦᠬᠦᠯ ᠡᠴᠡ ᠪᠢ ᠠᠶᠤᠬᠤ ᠦᠭᠡᠢ᠂
ᠠᠪᠤ ᠨᠢ ᠬᠦᠦ ᠡᠴᠡᠭᠡᠨ ᠠᠶᠤᠳᠠᠭ ᠦᠭᠡᠢ ᠰᠢᠭ᠌
ᠦᠨᠡᠨ ᠡᠴᠡ ᠪᠢ ᠠᠶᠤᠬᠤ ᠦᠭᠡᠢ᠅
Мөнгөн хуримтлал үүсгэж 200 сая төгрөгтэй болох боломж танд ч бий
ᠮᠥᠩᠭᠦᠨ ᠬᠤᠷᠠᠮᠲᠤᠯᠠᠯ ᠡᠭᠦᠰᠬᠡᠵᠦ 200 ᠰᠠᠶ᠎ᠠ ᠲᠥᠭᠦᠷᠢᠭ ᠲᠡᠶ ᠪᠣᠯᠬᠤ ᠪᠣᠯᠤᠮᠵᠢ ᠲᠠᠨ ᠳᠤ ᠴᠤ ᠪᠤᠶ
ᠡᠨᠳᠡ ᠡᠴᠡ ᠦᠵᠡᠬᠦ ᠳᠦ ᠲᠠ ᠠᠯᠢ ᠪᠣᠯᠬᠤ ᠯᠠ ᠡᠷᠲᠡ ᠬᠠᠳᠠᠭᠠᠯᠠᠮᠵᠢ ᠲᠠᠶ ᠪᠣᠯᠤᠨ᠎ᠠ ᠲᠡᠷᠡ ᠲᠤᠰᠤᠮ ᠢᠶᠠᠨ ᠡᠨᠡ ᠦᠭᠡᠨ ᠦ ᠦᠨ᠎ᠡ ᠴᠡᠨ᠎ᠡ᠂ ᠤᠷᠲᠤ ᠬᠤᠭᠤᠴᠠᠭᠠᠨ ᠳᠤ ᠬᠤᠷᠠᠮᠲᠤᠯᠠᠯ ᠲᠠᠶ ᠪᠣᠯᠬᠤ ᠶᠢᠨ ᠠᠰᠢᠭ ᠲᠤᠰᠠ ᠶᠢ ᠮᠡᠳᠡᠬᠦ ᠪᠣᠯᠤᠨ᠎ᠠ᠃
Гайхамшигт монгол хэл
ᠭᠠᠶᠢᠬᠠᠮᠰᠢᠭᠲᠤ ᠮᠣᠩᠭᠤᠯ ᠬᠡᠯᠡ
ᠢ ᠶᠣᠩ ᠴᠣᠯ (ᠰᠣᠯᠤᠩᠭᠤᠰ)
ᠪᠢ ᠬᠡᠯᠡ ᠶᠢ ᠤᠯᠠᠭᠠᠨᠪᠠᠭᠠᠲᠤᠷ ᠲᠤ ᠬᠣᠶᠠᠷ ᠵᠢᠯ ᠰᠤᠷᠤᠭᠠᠳ ᠨᠠᠶᠮᠠᠨ ᠵᠢᠯ ᠠᠰᠢᠭᠯᠠᠭᠰᠠᠨ᠃ ᠪᠢ ᠮᠣᠩᠭᠤᠯ ᠬᠡᠯᠡᠨ ᠡᠴᠡ ᠭᠠᠳᠠᠨ᠎ᠠ 10 ᠬᠡᠯᠡ ᠶᠢ ᠣᠶᠢᠯᠠᠭᠠᠳᠠᠭ ᠤᠴᠢᠷ ᠠᠴᠠ ᠮᠣᠩᠭᠤᠯ ᠬᠡᠯᠡᠨ ᠦ ᠪᠤᠰᠤᠳ ᠬᠡᠯᠡᠨ ᠡᠴᠡ ᠳᠠᠪᠠᠭᠤ ᠲᠠᠯ᠎ᠠ ᠶᠢ ᠦᠵᠡᠭᠡᠳ ᠲᠠ ᠨᠠᠷ ᠲᠠᠶ ᠬᠠᠮᠲᠤ ᠬᠤᠪᠢᠶᠠᠯᠴᠠᠬᠤ ᠶᠢ ᠬᠦᠰᠡᠵᠦ ᠪᠠᠶᠢᠨ᠎ᠠ᠃
1᠂ ᠮᠣᠩᠭᠤᠯ ᠬᠡᠯᠡ ᠥᠪᠡᠷ ᠦᠨ ᠴᠡᠪᠡᠷ ᠪᠠᠶᠢᠳᠠᠯ ᠢᠶᠠᠨ ᠬᠠᠮᠠᠭᠠᠯᠠᠵᠤ ᠢᠷᠡᠭᠰᠡᠨ᠃ ᠰᠣᠯᠤᠩᠭᠤᠰ᠂ ᠶᠠᠫᠣᠨ ᠬᠡᠯᠡ ᠪᠣᠯ ᠬᠢᠲᠠᠳ ᠤᠯᠤᠰ ᠤᠨ ᠰᠣᠶᠤᠯ ᠢᠷᠭᠡᠨᠰᠢᠯ ᠦᠨ ᠨᠥᠯᠦᠭᠡ ᠶᠢ ᠭᠦᠨ ᠬᠦᠷᠲᠡᠭᠰᠡᠨ᠂ ᠬᠢᠲᠠᠳ ᠦᠰᠦᠭ ᠢ ᠮᠠᠰᠢ ᠶᠡᠬᠡ ᠠᠰᠢᠭᠯᠠᠳᠠᠭ ᠪᠣᠯᠪᠠᠴᠤ ᠮᠣᠩᠭᠤᠯ ᠬᠡᠯᠡ ᠪᠣᠯ ᠲᠡᠶᠢᠮᠦ ᠪᠢᠰᠢ᠂ ᠥᠨᠦ ᠦᠶ᠎ᠡ ᠳᠦ ᠰᠣᠯᠤᠩᠭᠤᠰ ᠬᠡᠯᠡ ᠪᠠ ᠶᠠᠫᠣᠨ ᠬᠡᠯᠡᠨ ᠦ ᠦᠭᠡᠰ ᠦᠨ ᠰᠠᠩ ᠤᠨ 80 ᠬᠤᠪᠢ ᠠᠴᠠ ᠢᠯᠡᠭᠦᠦ ᠨᠢ ᠬᠢᠲᠠᠳ ᠦᠰᠦᠭ ᠡᠴᠡ ᠡᠭᠦᠰᠦᠯ ᠲᠡᠶ ᠪᠣᠯᠪᠠᠴᠤ ᠮᠣᠩᠭᠤᠯ ᠪᠢᠴᠢᠭ ᠦᠨ ᠳᠤᠮᠳᠠ ᠬᠢᠲᠠᠳ ᠪᠢᠴᠢᠭ ᠡᠴᠡ ᠢᠷᠡᠭᠰᠡᠨ ᠦᠭᠡ ᠮᠠᠰᠢ ᠬᠣᠪᠤᠷ ᠭᠡᠳᠡᠭ ᠨᠢ ᠭᠠᠶᠢᠬᠠᠯᠲᠠᠶ᠃
2᠂ ᠮᠣᠩᠭᠤᠯ ᠬᠡᠯᠡᠨ ᠳᠦ ᠣᠯᠠᠨ ᠡᠭᠡᠰᠢᠭ᠂ ᠣᠯᠠᠨ ᠭᠡᠶᠢᠭᠦᠯᠦᠭᠴᠢ ᠪᠠᠶᠢᠳᠠᠭ᠃ ᠶᠡᠬᠡᠩᠬᠢ ᠬᠡᠯᠡᠨ ᠳᠦ ᠦᠨᠳᠦᠰᠦᠨ ᠡᠭᠡᠰᠢᠭ 5 ᠪᠠᠶᠢᠳᠠᠭ ᠪᠣᠯ ᠮᠣᠩᠭᠤᠯ ᠬᠡᠯᠡᠨ ᠳᠦ 7 ᠪᠠᠶᠢᠳᠠᠭ᠃ ᠰᠣᠯᠤᠩᠭᠤᠰ᠂ ᠶᠠᠫᠣᠨ᠂ ᠠᠩᠭᠯᠢ᠂ ᠹᠷᠠᠨ᠋ᠼᠠ᠂ ᠢᠲ᠋ᠠᠯᠢ᠂ ᠢᠰᠫᠠᠨᠢ ᠬᠡᠯᠡᠨ ᠳᠦ ᠡᠶᠢᠮᠦ ᠣᠯᠠᠨ ᠡᠭᠡᠰᠢᠭ ᠪᠠᠶᠢᠬᠤ ᠦᠭᠡᠶ᠃ ᠠᠩᠭᠯᠢ ᠬᠡᠯᠡ 26 ᠴᠠᠭᠠᠨ ᠲᠣᠯᠤᠭᠠᠶ ᠲᠠᠶ᠂ ᠢᠲ᠋ᠠᠯᠢ ᠬᠡᠯᠡ 24 ᠴᠠᠭᠠᠨ ᠲᠣᠯᠤᠭᠠᠶ ᠲᠠᠶ᠂ ᠰᠣᠯᠤᠩᠭᠤᠰ ᠬᠡᠯᠡ 26 ᠴᠠᠭᠠᠨ ᠲᠣᠯᠤᠭᠠᠶ ᠲᠠᠶ ᠪᠠᠶᠢᠬᠤ ᠳᠤ ᠮᠣᠩᠭᠤᠯ ᠬᠡᠯᠡᠨ ᠦ ᠴᠠᠭᠠᠨ ᠲᠣᠯᠤᠭᠠᠶ 35 ᠪᠠᠶᠢᠳᠠᠭ (ᠻᠢᠷᠢᠯ)᠃
3᠂ ᠦᠶᠯᠡ ᠦᠭᠡ ᠶᠢᠨ ᠬᠤᠪᠢᠷᠠᠯ᠃ ᠮᠢᠨᠦ ᠮᠡᠳᠡᠳᠡᠭ ᠪᠦᠬᠦ ᠬᠡᠯᠡᠨ ᠦ ᠳᠣᠲᠤᠷ᠎ᠠ ᠮᠣᠩᠭᠤᠯ ᠬᠡᠯᠡ ᠰᠢᠭ ᠣᠯᠠᠨ ᠦᠶᠯᠡ ᠦᠭᠡ ᠶᠢᠨ ᠬᠤᠪᠢᠷᠠᠯ ᠲᠠᠶ ᠬᠡᠯᠡ ᠭᠡᠵᠦ ᠥᠭᠡᠷ᠎ᠡ ᠪᠠᠶᠢᠬᠤ ᠦᠭᠡᠶ᠃ ᠠᠩᠭᠯᠢ ᠬᠡᠯᠡᠨ ᠦ 《eat》 ᠭᠡᠳᠡᠭ ᠦᠶᠯᠡ ᠦᠭᠡ 《eat, eats, ate, eating, eaten》 ᠲᠠᠪᠤᠨ ᠶᠠᠩᠵᠤ ᠠᠴᠠ ᠢᠯᠡᠭᠦᠦ ᠪᠡᠷ ᠬᠤᠪᠢᠷᠠᠵᠤ ᠳᠡᠶᠢᠯᠬᠦ ᠦᠭᠡᠶ᠃ ᠬᠠᠷᠢᠨ ᠮᠣᠩᠭᠤᠯ ᠬᠡᠯᠡᠨ ᠦ 《ᠢᠳᠡ》 ᠭᠡᠳᠡᠭ ᠢᠵᠠᠭᠤᠷ ᠲᠠᠶ ᠦᠶᠯᠡ ᠦᠭᠡ ᠮᠢᠨᠤ ᠲᠣᠭᠠᠯᠠᠭᠰᠠᠨ ᠢᠶᠠᠷ 1944 ᠶᠠᠩᠵᠤ ᠪᠠᠷ ᠬᠤᠪᠢᠷᠠᠵᠤ ᠴᠢᠳᠠᠨ᠎ᠠ᠃ ᠬᠠᠭᠤᠴᠢᠨ ᠧᠦᠷᠧᠶ ᠬᠡᠯᠡ᠂ ᠡᠰᠡᠪᠡᠯ ᠬᠠᠭᠤᠴᠢᠨ ᠭᠧᠷᠧᠭ ᠬᠡᠯᠡ ᠴᠦ ᠮᠢᠩᠭ᠎ᠠ ᠭᠠᠷᠤᠶ ᠶᠠᠩᠵᠤ ᠪᠠᠷ ᠬᠤᠪᠢᠷᠠᠵᠤ ᠴᠢᠳᠠᠳᠠᠭ᠃ ᠶᠡᠬᠡᠩᠬᠢ ᠨᠢ ᠭᠤᠷᠪᠠᠨ ᠪᠡᠶ᠎ᠡ ᠶᠢᠨ ᠬᠤᠪᠢᠷᠠᠯ ᠲᠠᠶ ᠪᠣᠯᠪᠠᠴᠤ ᠮᠣᠩᠭᠤᠯ ᠬᠡᠯᠡ ᠰᠢᠭ ᠲᠡᠶᠢᠮᠦ ᠣᠯᠠᠨ ᠶᠠᠩᠵᠤ ᠶᠢᠨ ᠤᠳᠬ᠎ᠠ ᠪᠠᠷ ᠬᠤᠪᠢᠷᠠᠳᠠᠭ ᠪᠢᠰᠢ᠃ ᠵᠢᠱᠢᠶᠡᠯᠡᠪᠡᠯ᠂ ᠮᠣᠩᠭᠤᠯ ᠬᠡᠯᠡ ᠪᠡᠷ 《ᠢᠳᠡᠭᠰᠡᠭᠡᠷ》᠂ 《ᠢᠳᠡᠭᠦᠯᠴᠢᠬᠡᠪᠡᠯ》᠂ 《ᠢᠳᠡᠭᠦᠯᠵᠡᠭᠡᠴᠢᠬᠡᠭᠰᠡᠨ ᠦᠭᠡᠶ ᠳᠡᠭᠡᠨ》 ᠮᠡᠲᠦ ᠶᠢᠨ ᠦᠭᠡ ᠶᠢ ᠳᠠᠩ ᠢᠶᠠᠷ ᠨᠢ ᠪᠤᠰᠤᠳ ᠬᠡᠯᠡᠨ ᠳᠦ ᠣᠷᠴᠢᠭᠤᠯᠵᠤ ᠴᠢᠳᠠᠬᠤ ᠦᠭᠡᠶ᠃ ᠡᠨᠡ ᠨᠢ ᠮᠣᠩᠭᠤᠯᠴᠤᠳ ᠶᠠᠭᠤᠮᠠᠰ ᠤᠨ ᠬᠥᠳᠡᠯᠭᠡᠭᠡᠨ ᠢ ᠨᠠᠷᠢᠪᠴᠢᠯᠠᠨ ᠠᠵᠢᠭᠯᠠᠳᠠᠭ ᠢ ᠬᠠᠷᠠᠭᠤᠯᠵᠤ ᠪᠠᠶᠢᠨ᠎ᠠ᠃ ᠡᠨᠡ ᠪᠣᠯ ᠨᠡᠭᠦᠳᠡᠯ ᠰᠣᠶᠤᠯ ᠲᠠᠶ ᠬᠣᠯᠪᠤᠭ᠎ᠠ ᠲᠠᠶ ᠭᠡᠵᠦ ᠪᠢ ᠦᠵᠡᠵᠦ ᠪᠠᠶᠢᠨ᠎ᠠ᠃
4᠂ ᠰᠢᠯᠦᠭ ᠦᠨ ᠬᠡᠪ ᠨᠠᠮᠪᠠ ᠪᠠᠶᠠᠯᠢᠭ᠃ ᠰᠣᠯᠤᠩᠭᠤᠰ᠂ ᠶᠠᠫᠣᠨ ᠬᠡᠯᠡᠨ ᠦ ᠳᠠᠭᠠᠪᠤᠷᠢ ᠨᠢ ᠮᠣᠩᠭᠤᠯ ᠬᠡᠯᠡᠨ ᠦ ᠳᠠᠭᠠᠪᠤᠷᠢ ᠠᠴᠠ ᠢᠯᠡᠭᠦᠦ ᠳᠠᠩ ᠴᠤᠯᠭᠤᠶ ᠤᠴᠢᠷ ᠠᠴᠠ ᠰᠢᠯᠦᠭ ᠪᠢᠴᠢᠬᠦ ᠳᠦ ᠠᠷᠠᠶ ᠪᠡᠷᠬᠡ ᠲᠡᠶ᠃ ᠬᠠᠷᠢᠨ ᠮᠣᠩᠭᠤᠯ ᠬᠡᠯᠡᠨ ᠦ ᠦᠶᠯᠡ ᠦᠭᠡ ᠶᠢᠨ ᠥᠩᠭᠡᠷᠡᠭᠰᠡᠨ ᠴᠠᠭ ᠤᠨ ᠳᠠᠭᠠᠪᠤᠷᠢ ᠨᠢ 《ᠭᠰᠠᠨ (ᠭ᠋ᠰᠡᠨ)᠂ ᠯᠠ᠂ᠪᠠ᠂ ᠳᠠᠭ (ᠳᠡᠭ)᠂ ᠵᠠᠶ (ᠴᠠᠶ) 》᠂ ᠢᠷᠡᠭᠡᠳᠦᠶ ᠴᠠᠭ ᠢ ᠢᠯᠡᠳᠭᠡᠭᠰᠡᠨ ᠳᠠᠭᠠᠪᠤᠷᠢ 《ᠨᠠ᠂ ᠮᠤᠶ᠂ ᠨᠠᠮ᠂ ᠶᠤ᠂ ᠮᠤ》 ᠵᠡᠷᠭᠡ ᠣᠯᠠᠨ ᠶᠠᠩᠵᠤ ᠪᠠᠷ ᠢᠯᠡᠳᠬᠡᠵᠦ ᠮᠠᠰᠢ ᠪᠠᠶᠠᠯᠢᠭ ᠪᠠᠶᠢᠳᠠᠭ ᠪᠣᠯ ᠰᠣᠯᠤᠩᠭᠤᠰ᠂ ᠶᠠᠫᠣᠨ ᠬᠡᠯᠡᠨ ᠳᠦ ᠥᠩᠭᠡᠷᠡᠭᠰᠡᠨ ᠴᠠᠭ ᠢ 《ᠳᠠ》 ᠪᠠᠷ ᠯᠠ ᠢᠯᠡᠳᠭᠡᠳᠡᠭ᠃ ᠮᠣᠩᠭᠤᠯ ᠬᠡᠯᠡᠨ ᠦ ᠣᠯᠠᠨ ᠨᠡᠷᠡᠲᠡᠶ ᠰᠢᠯᠦᠭ ᠨᠢ ᠲᠣᠯᠤᠭᠠᠶ ᠬᠣᠯᠪᠤᠵᠤ᠂ ᠰᠡᠭᠦᠯ ᠳᠠᠷᠤᠬᠤ ᠶᠢ ᠵᠡᠷᠭᠡ ᠳᠦᠨᠢ ᠠᠰᠢᠭᠯᠠᠳᠠᠭ᠃
ᠡᠶᠢᠮᠦ ᠪᠠᠶᠠᠯᠢᠭ ᠬᠡᠯᠡ ᠥᠪᠦᠷ ᠮᠣᠩᠭᠤᠯᠴᠤᠳ ᠤᠨ ᠳᠤᠮᠳᠠ ᠪᠠᠭᠤᠷᠠᠯᠲᠠ ᠶᠢᠨ ᠦᠵᠡᠭᠳᠡᠯ ᠲᠡᠶ ᠪᠠᠶᠢᠭ᠎ᠠ ᠨᠢ ᠬᠠᠷᠠᠮᠰᠠᠯᠲᠠᠶ᠃ ᠡᠨᠡ ᠨᠢ ᠵᠥᠪᠬᠡᠨ ᠮᠣᠩᠭᠤᠯᠴᠤᠳ ᠪᠤᠰᠤ ᠬᠠᠷᠢᠨ ᠬᠠᠮᠤᠭ ᠬᠦᠮᠦᠨ ᠲᠥᠷᠦᠯᠬᠢᠲᠡᠨ ᠦ ᠠᠯᠳᠠᠭᠳᠠᠯ ᠪᠣᠯᠤᠨ᠎ᠠ᠃
ᠠᠮᠧᠷᠢᠻᠠ ᠶᠢᠨ ᠨᠡᠷᠡᠲᠦ 《ᠸᠠᠱᠢᠩᠲ᠋ᠣᠨ ᠫᠣᠰᠲ》 ᠭᠡᠳᠡᠭ ᠰᠣᠨᠢᠨ 1000 ᠣᠨ ᠠᠴᠠ 2000 ᠣᠨ ᠬᠦᠷᠲᠡᠯᠡᠬᠢ ᠮᠢᠩᠭᠠᠨ ᠵᠢᠯ ᠦᠨ ᠲᠤᠷᠰᠢ ᠳᠡᠯᠡᠬᠡᠶ ᠳᠠᠬᠢᠨ ᠳᠤ ᠬᠠᠮᠤᠭ ᠤᠨ ᠶᠡᠬᠡ ᠨᠥᠯᠦᠭᠡ ᠦᠵᠡᠭᠦᠯᠦᠭᠰᠡᠨ ᠬᠦᠮᠦᠨ ᠢᠶᠡᠷ 《ᠴᠢᠩᠭᠢᠰ ᠬᠠᠭᠠᠨ》 ᠢ ᠰᠣᠩᠭᠤᠪᠠ᠃ ᠬᠡᠷᠪᠡ ᠮᠣᠩᠭᠤᠯ ᠬᠡᠯᠡ ᠤᠰᠠᠳᠬᠤ ᠶᠤᠮ ᠪᠣᠯ ᠬᠡᠨ ᠨᠢ ᠲᠡᠭᠦᠨ ᠦ ᠶᠠᠪᠤᠭᠰᠠᠨ ᠤᠯᠠ ᠮᠥᠷ ᠢ ᠭᠦᠨᠵᠡᠭᠡᠶ ᠰᠤᠳᠤᠯᠵᠤ ᠴᠢᠳᠠᠬᠤ ᠶᠤᠮ ᠪᠤᠶ᠃
ᠮᠣᠩᠭᠤᠯᠴᠤᠳ ᠤᠨ ᠬᠡᠯᠡ ᠡᠭᠦᠷᠢᠳᠡ ᠮᠥᠩᠭᠡᠳᠡ ᠬᠦᠮᠦᠨ ᠲᠥᠷᠦᠯᠬᠢᠲᠡᠨ ᠦ ᠪᠠᠬᠠᠷᠬᠠᠯ ᠪᠣᠯᠬᠤ ᠪᠣᠯᠲᠤᠭᠠᠶ⁉
ᠪᠢ ᠬᠡᠯᠡ ᠶᠢ ᠤᠯᠠᠭᠠᠨᠪᠠᠭᠠᠲᠤᠷ ᠲᠤ ᠬᠣᠶᠠᠷ ᠵᠢᠯ ᠰᠤᠷᠤᠭᠠᠳ ᠨᠠᠶᠮᠠᠨ ᠵᠢᠯ ᠠᠰᠢᠭᠯᠠᠭᠰᠠᠨ᠃ ᠪᠢ ᠮᠣᠩᠭᠤᠯ ᠬᠡᠯᠡᠨ ᠡᠴᠡ ᠭᠠᠳᠠᠨ᠎ᠠ 10 ᠬᠡᠯᠡ ᠶᠢ ᠣᠶᠢᠯᠠᠭᠠᠳᠠᠭ ᠤᠴᠢᠷ ᠠᠴᠠ ᠮᠣᠩᠭᠤᠯ ᠬᠡᠯᠡᠨ ᠦ ᠪᠤᠰᠤᠳ ᠬᠡᠯᠡᠨ ᠡᠴᠡ ᠳᠠᠪᠠᠭᠤ ᠲᠠᠯ᠎ᠠ ᠶᠢ ᠦᠵᠡᠭᠡᠳ ᠲᠠ ᠨᠠᠷ ᠲᠠᠶ ᠬᠠᠮᠲᠤ ᠬᠤᠪᠢᠶᠠᠯᠴᠠᠬᠤ ᠶᠢ ᠬᠦᠰᠡᠵᠦ ᠪᠠᠶᠢᠨ᠎ᠠ᠃
1᠂ ᠮᠣᠩᠭᠤᠯ ᠬᠡᠯᠡ ᠥᠪᠡᠷ ᠦᠨ ᠴᠡᠪᠡᠷ ᠪᠠᠶᠢᠳᠠᠯ ᠢᠶᠠᠨ ᠬᠠᠮᠠᠭᠠᠯᠠᠵᠤ ᠢᠷᠡᠭᠰᠡᠨ᠃ ᠰᠣᠯᠤᠩᠭᠤᠰ᠂ ᠶᠠᠫᠣᠨ ᠬᠡᠯᠡ ᠪᠣᠯ ᠬᠢᠲᠠᠳ ᠤᠯᠤᠰ ᠤᠨ ᠰᠣᠶᠤᠯ ᠢᠷᠭᠡᠨᠰᠢᠯ ᠦᠨ ᠨᠥᠯᠦᠭᠡ ᠶᠢ ᠭᠦᠨ ᠬᠦᠷᠲᠡᠭᠰᠡᠨ᠂ ᠬᠢᠲᠠᠳ ᠦᠰᠦᠭ ᠢ ᠮᠠᠰᠢ ᠶᠡᠬᠡ ᠠᠰᠢᠭᠯᠠᠳᠠᠭ ᠪᠣᠯᠪᠠᠴᠤ ᠮᠣᠩᠭᠤᠯ ᠬᠡᠯᠡ ᠪᠣᠯ ᠲᠡᠶᠢᠮᠦ ᠪᠢᠰᠢ᠂ ᠥᠨᠦ ᠦᠶ᠎ᠡ ᠳᠦ ᠰᠣᠯᠤᠩᠭᠤᠰ ᠬᠡᠯᠡ ᠪᠠ ᠶᠠᠫᠣᠨ ᠬᠡᠯᠡᠨ ᠦ ᠦᠭᠡᠰ ᠦᠨ ᠰᠠᠩ ᠤᠨ 80 ᠬᠤᠪᠢ ᠠᠴᠠ ᠢᠯᠡᠭᠦᠦ ᠨᠢ ᠬᠢᠲᠠᠳ ᠦᠰᠦᠭ ᠡᠴᠡ ᠡᠭᠦᠰᠦᠯ ᠲᠡᠶ ᠪᠣᠯᠪᠠᠴᠤ ᠮᠣᠩᠭᠤᠯ ᠪᠢᠴᠢᠭ ᠦᠨ ᠳᠤᠮᠳᠠ ᠬᠢᠲᠠᠳ ᠪᠢᠴᠢᠭ ᠡᠴᠡ ᠢᠷᠡᠭᠰᠡᠨ ᠦᠭᠡ ᠮᠠᠰᠢ ᠬᠣᠪᠤᠷ ᠭᠡᠳᠡᠭ ᠨᠢ ᠭᠠᠶᠢᠬᠠᠯᠲᠠᠶ᠃
2᠂ ᠮᠣᠩᠭᠤᠯ ᠬᠡᠯᠡᠨ ᠳᠦ ᠣᠯᠠᠨ ᠡᠭᠡᠰᠢᠭ᠂ ᠣᠯᠠᠨ ᠭᠡᠶᠢᠭᠦᠯᠦᠭᠴᠢ ᠪᠠᠶᠢᠳᠠᠭ᠃ ᠶᠡᠬᠡᠩᠬᠢ ᠬᠡᠯᠡᠨ ᠳᠦ ᠦᠨᠳᠦᠰᠦᠨ ᠡᠭᠡᠰᠢᠭ 5 ᠪᠠᠶᠢᠳᠠᠭ ᠪᠣᠯ ᠮᠣᠩᠭᠤᠯ ᠬᠡᠯᠡᠨ ᠳᠦ 7 ᠪᠠᠶᠢᠳᠠᠭ᠃ ᠰᠣᠯᠤᠩᠭᠤᠰ᠂ ᠶᠠᠫᠣᠨ᠂ ᠠᠩᠭᠯᠢ᠂ ᠹᠷᠠᠨ᠋ᠼᠠ᠂ ᠢᠲ᠋ᠠᠯᠢ᠂ ᠢᠰᠫᠠᠨᠢ ᠬᠡᠯᠡᠨ ᠳᠦ ᠡᠶᠢᠮᠦ ᠣᠯᠠᠨ ᠡᠭᠡᠰᠢᠭ ᠪᠠᠶᠢᠬᠤ ᠦᠭᠡᠶ᠃ ᠠᠩᠭᠯᠢ ᠬᠡᠯᠡ 26 ᠴᠠᠭᠠᠨ ᠲᠣᠯᠤᠭᠠᠶ ᠲᠠᠶ᠂ ᠢᠲ᠋ᠠᠯᠢ ᠬᠡᠯᠡ 24 ᠴᠠᠭᠠᠨ ᠲᠣᠯᠤᠭᠠᠶ ᠲᠠᠶ᠂ ᠰᠣᠯᠤᠩᠭᠤᠰ ᠬᠡᠯᠡ 26 ᠴᠠᠭᠠᠨ ᠲᠣᠯᠤᠭᠠᠶ ᠲᠠᠶ ᠪᠠᠶᠢᠬᠤ ᠳᠤ ᠮᠣᠩᠭᠤᠯ ᠬᠡᠯᠡᠨ ᠦ ᠴᠠᠭᠠᠨ ᠲᠣᠯᠤᠭᠠᠶ 35 ᠪᠠᠶᠢᠳᠠᠭ (ᠻᠢᠷᠢᠯ)᠃
3᠂ ᠦᠶᠯᠡ ᠦᠭᠡ ᠶᠢᠨ ᠬᠤᠪᠢᠷᠠᠯ᠃ ᠮᠢᠨᠦ ᠮᠡᠳᠡᠳᠡᠭ ᠪᠦᠬᠦ ᠬᠡᠯᠡᠨ ᠦ ᠳᠣᠲᠤᠷ᠎ᠠ ᠮᠣᠩᠭᠤᠯ ᠬᠡᠯᠡ ᠰᠢᠭ ᠣᠯᠠᠨ ᠦᠶᠯᠡ ᠦᠭᠡ ᠶᠢᠨ ᠬᠤᠪᠢᠷᠠᠯ ᠲᠠᠶ ᠬᠡᠯᠡ ᠭᠡᠵᠦ ᠥᠭᠡᠷ᠎ᠡ ᠪᠠᠶᠢᠬᠤ ᠦᠭᠡᠶ᠃ ᠠᠩᠭᠯᠢ ᠬᠡᠯᠡᠨ ᠦ 《eat》 ᠭᠡᠳᠡᠭ ᠦᠶᠯᠡ ᠦᠭᠡ 《eat, eats, ate, eating, eaten》 ᠲᠠᠪᠤᠨ ᠶᠠᠩᠵᠤ ᠠᠴᠠ ᠢᠯᠡᠭᠦᠦ ᠪᠡᠷ ᠬᠤᠪᠢᠷᠠᠵᠤ ᠳᠡᠶᠢᠯᠬᠦ ᠦᠭᠡᠶ᠃ ᠬᠠᠷᠢᠨ ᠮᠣᠩᠭᠤᠯ ᠬᠡᠯᠡᠨ ᠦ 《ᠢᠳᠡ》 ᠭᠡᠳᠡᠭ ᠢᠵᠠᠭᠤᠷ ᠲᠠᠶ ᠦᠶᠯᠡ ᠦᠭᠡ ᠮᠢᠨᠤ ᠲᠣᠭᠠᠯᠠᠭᠰᠠᠨ ᠢᠶᠠᠷ 1944 ᠶᠠᠩᠵᠤ ᠪᠠᠷ ᠬᠤᠪᠢᠷᠠᠵᠤ ᠴᠢᠳᠠᠨ᠎ᠠ᠃ ᠬᠠᠭᠤᠴᠢᠨ ᠧᠦᠷᠧᠶ ᠬᠡᠯᠡ᠂ ᠡᠰᠡᠪᠡᠯ ᠬᠠᠭᠤᠴᠢᠨ ᠭᠧᠷᠧᠭ ᠬᠡᠯᠡ ᠴᠦ ᠮᠢᠩᠭ᠎ᠠ ᠭᠠᠷᠤᠶ ᠶᠠᠩᠵᠤ ᠪᠠᠷ ᠬᠤᠪᠢᠷᠠᠵᠤ ᠴᠢᠳᠠᠳᠠᠭ᠃ ᠶᠡᠬᠡᠩᠬᠢ ᠨᠢ ᠭᠤᠷᠪᠠᠨ ᠪᠡᠶ᠎ᠡ ᠶᠢᠨ ᠬᠤᠪᠢᠷᠠᠯ ᠲᠠᠶ ᠪᠣᠯᠪᠠᠴᠤ ᠮᠣᠩᠭᠤᠯ ᠬᠡᠯᠡ ᠰᠢᠭ ᠲᠡᠶᠢᠮᠦ ᠣᠯᠠᠨ ᠶᠠᠩᠵᠤ ᠶᠢᠨ ᠤᠳᠬ᠎ᠠ ᠪᠠᠷ ᠬᠤᠪᠢᠷᠠᠳᠠᠭ ᠪᠢᠰᠢ᠃ ᠵᠢᠱᠢᠶᠡᠯᠡᠪᠡᠯ᠂ ᠮᠣᠩᠭᠤᠯ ᠬᠡᠯᠡ ᠪᠡᠷ 《ᠢᠳᠡᠭᠰᠡᠭᠡᠷ》᠂ 《ᠢᠳᠡᠭᠦᠯᠴᠢᠬᠡᠪᠡᠯ》᠂ 《ᠢᠳᠡᠭᠦᠯᠵᠡᠭᠡᠴᠢᠬᠡᠭᠰᠡᠨ ᠦᠭᠡᠶ ᠳᠡᠭᠡᠨ》 ᠮᠡᠲᠦ ᠶᠢᠨ ᠦᠭᠡ ᠶᠢ ᠳᠠᠩ ᠢᠶᠠᠷ ᠨᠢ ᠪᠤᠰᠤᠳ ᠬᠡᠯᠡᠨ ᠳᠦ ᠣᠷᠴᠢᠭᠤᠯᠵᠤ ᠴᠢᠳᠠᠬᠤ ᠦᠭᠡᠶ᠃ ᠡᠨᠡ ᠨᠢ ᠮᠣᠩᠭᠤᠯᠴᠤᠳ ᠶᠠᠭᠤᠮᠠᠰ ᠤᠨ ᠬᠥᠳᠡᠯᠭᠡᠭᠡᠨ ᠢ ᠨᠠᠷᠢᠪᠴᠢᠯᠠᠨ ᠠᠵᠢᠭᠯᠠᠳᠠᠭ ᠢ ᠬᠠᠷᠠᠭᠤᠯᠵᠤ ᠪᠠᠶᠢᠨ᠎ᠠ᠃ ᠡᠨᠡ ᠪᠣᠯ ᠨᠡᠭᠦᠳᠡᠯ ᠰᠣᠶᠤᠯ ᠲᠠᠶ ᠬᠣᠯᠪᠤᠭ᠎ᠠ ᠲᠠᠶ ᠭᠡᠵᠦ ᠪᠢ ᠦᠵᠡᠵᠦ ᠪᠠᠶᠢᠨ᠎ᠠ᠃
4᠂ ᠰᠢᠯᠦᠭ ᠦᠨ ᠬᠡᠪ ᠨᠠᠮᠪᠠ ᠪᠠᠶᠠᠯᠢᠭ᠃ ᠰᠣᠯᠤᠩᠭᠤᠰ᠂ ᠶᠠᠫᠣᠨ ᠬᠡᠯᠡᠨ ᠦ ᠳᠠᠭᠠᠪᠤᠷᠢ ᠨᠢ ᠮᠣᠩᠭᠤᠯ ᠬᠡᠯᠡᠨ ᠦ ᠳᠠᠭᠠᠪᠤᠷᠢ ᠠᠴᠠ ᠢᠯᠡᠭᠦᠦ ᠳᠠᠩ ᠴᠤᠯᠭᠤᠶ ᠤᠴᠢᠷ ᠠᠴᠠ ᠰᠢᠯᠦᠭ ᠪᠢᠴᠢᠬᠦ ᠳᠦ ᠠᠷᠠᠶ ᠪᠡᠷᠬᠡ ᠲᠡᠶ᠃ ᠬᠠᠷᠢᠨ ᠮᠣᠩᠭᠤᠯ ᠬᠡᠯᠡᠨ ᠦ ᠦᠶᠯᠡ ᠦᠭᠡ ᠶᠢᠨ ᠥᠩᠭᠡᠷᠡᠭᠰᠡᠨ ᠴᠠᠭ ᠤᠨ ᠳᠠᠭᠠᠪᠤᠷᠢ ᠨᠢ 《ᠭᠰᠠᠨ (ᠭ᠋ᠰᠡᠨ)᠂ ᠯᠠ᠂ᠪᠠ᠂ ᠳᠠᠭ (ᠳᠡᠭ)᠂ ᠵᠠᠶ (ᠴᠠᠶ) 》᠂ ᠢᠷᠡᠭᠡᠳᠦᠶ ᠴᠠᠭ ᠢ ᠢᠯᠡᠳᠭᠡᠭᠰᠡᠨ ᠳᠠᠭᠠᠪᠤᠷᠢ 《ᠨᠠ᠂ ᠮᠤᠶ᠂ ᠨᠠᠮ᠂ ᠶᠤ᠂ ᠮᠤ》 ᠵᠡᠷᠭᠡ ᠣᠯᠠᠨ ᠶᠠᠩᠵᠤ ᠪᠠᠷ ᠢᠯᠡᠳᠬᠡᠵᠦ ᠮᠠᠰᠢ ᠪᠠᠶᠠᠯᠢᠭ ᠪᠠᠶᠢᠳᠠᠭ ᠪᠣᠯ ᠰᠣᠯᠤᠩᠭᠤᠰ᠂ ᠶᠠᠫᠣᠨ ᠬᠡᠯᠡᠨ ᠳᠦ ᠥᠩᠭᠡᠷᠡᠭᠰᠡᠨ ᠴᠠᠭ ᠢ 《ᠳᠠ》 ᠪᠠᠷ ᠯᠠ ᠢᠯᠡᠳᠭᠡᠳᠡᠭ᠃ ᠮᠣᠩᠭᠤᠯ ᠬᠡᠯᠡᠨ ᠦ ᠣᠯᠠᠨ ᠨᠡᠷᠡᠲᠡᠶ ᠰᠢᠯᠦᠭ ᠨᠢ ᠲᠣᠯᠤᠭᠠᠶ ᠬᠣᠯᠪᠤᠵᠤ᠂ ᠰᠡᠭᠦᠯ ᠳᠠᠷᠤᠬᠤ ᠶᠢ ᠵᠡᠷᠭᠡ ᠳᠦᠨᠢ ᠠᠰᠢᠭᠯᠠᠳᠠᠭ᠃
ᠡᠶᠢᠮᠦ ᠪᠠᠶᠠᠯᠢᠭ ᠬᠡᠯᠡ ᠥᠪᠦᠷ ᠮᠣᠩᠭᠤᠯᠴᠤᠳ ᠤᠨ ᠳᠤᠮᠳᠠ ᠪᠠᠭᠤᠷᠠᠯᠲᠠ ᠶᠢᠨ ᠦᠵᠡᠭᠳᠡᠯ ᠲᠡᠶ ᠪᠠᠶᠢᠭ᠎ᠠ ᠨᠢ ᠬᠠᠷᠠᠮᠰᠠᠯᠲᠠᠶ᠃ ᠡᠨᠡ ᠨᠢ ᠵᠥᠪᠬᠡᠨ ᠮᠣᠩᠭᠤᠯᠴᠤᠳ ᠪᠤᠰᠤ ᠬᠠᠷᠢᠨ ᠬᠠᠮᠤᠭ ᠬᠦᠮᠦᠨ ᠲᠥᠷᠦᠯᠬᠢᠲᠡᠨ ᠦ ᠠᠯᠳᠠᠭᠳᠠᠯ ᠪᠣᠯᠤᠨ᠎ᠠ᠃
ᠠᠮᠧᠷᠢᠻᠠ ᠶᠢᠨ ᠨᠡᠷᠡᠲᠦ 《ᠸᠠᠱᠢᠩᠲ᠋ᠣᠨ ᠫᠣᠰᠲ》 ᠭᠡᠳᠡᠭ ᠰᠣᠨᠢᠨ 1000 ᠣᠨ ᠠᠴᠠ 2000 ᠣᠨ ᠬᠦᠷᠲᠡᠯᠡᠬᠢ ᠮᠢᠩᠭᠠᠨ ᠵᠢᠯ ᠦᠨ ᠲᠤᠷᠰᠢ ᠳᠡᠯᠡᠬᠡᠶ ᠳᠠᠬᠢᠨ ᠳᠤ ᠬᠠᠮᠤᠭ ᠤᠨ ᠶᠡᠬᠡ ᠨᠥᠯᠦᠭᠡ ᠦᠵᠡᠭᠦᠯᠦᠭᠰᠡᠨ ᠬᠦᠮᠦᠨ ᠢᠶᠡᠷ 《ᠴᠢᠩᠭᠢᠰ ᠬᠠᠭᠠᠨ》 ᠢ ᠰᠣᠩᠭᠤᠪᠠ᠃ ᠬᠡᠷᠪᠡ ᠮᠣᠩᠭᠤᠯ ᠬᠡᠯᠡ ᠤᠰᠠᠳᠬᠤ ᠶᠤᠮ ᠪᠣᠯ ᠬᠡᠨ ᠨᠢ ᠲᠡᠭᠦᠨ ᠦ ᠶᠠᠪᠤᠭᠰᠠᠨ ᠤᠯᠠ ᠮᠥᠷ ᠢ ᠭᠦᠨᠵᠡᠭᠡᠶ ᠰᠤᠳᠤᠯᠵᠤ ᠴᠢᠳᠠᠬᠤ ᠶᠤᠮ ᠪᠤᠶ᠃
ᠮᠣᠩᠭᠤᠯᠴᠤᠳ ᠤᠨ ᠬᠡᠯᠡ ᠡᠭᠦᠷᠢᠳᠡ ᠮᠥᠩᠭᠡᠳᠡ ᠬᠦᠮᠦᠨ ᠲᠥᠷᠦᠯᠬᠢᠲᠡᠨ ᠦ ᠪᠠᠬᠠᠷᠬᠠᠯ ᠪᠣᠯᠬᠤ ᠪᠣᠯᠲᠤᠭᠠᠶ⁉
Чойжилын Чимид. Би монгол хүн
ᠪᠢ ᠮᠣᠩᠭᠤᠯ ᠬᠦᠮᠦᠨ
ᠴᠣᠶᠢᠵᠠᠯ ᠤᠨ ᠴᠢᠮᠢᠳ
ᠮᠠᠯᠴᠢᠨ ᠦ ᠭᠡᠷ ᠲᠦ ᠲᠦᠷᠦᠭᠰᠡᠨ ᠪᠢ
ᠠᠲᠠᠷ ᠬᠡᠭᠡᠷ᠎ᠡ ᠨᠣᠲᠣᠭ ᠢᠶᠠᠨ
ᠦᠯᠦᠭᠡᠢ ᠮᠢᠨᠢ ᠭᠡᠵᠦ ᠪᠣᠳᠣᠳᠠᠭ᠃
ᠴᠡᠩᠬᠡᠷ ᠮᠠᠨᠠᠨ ᠰᠤᠭᠤᠨᠠᠭᠯᠠᠭᠰᠠᠨ
ᠠᠯᠤᠰ ᠦᠨ ᠪᠠᠷ᠎ᠠ ᠢᠢ ᠰᠢᠷᠲᠡᠭᠡᠳ᠂
ᠴᠡᠯᠭᠡᠷ ᠰᠠᠢᠢᠬᠠᠨ ᠨᠣᠲᠣᠭ ᠢᠶᠠᠨ
ᠰᠡᠳᠬᠢᠯ ᠪᠠᠬᠠᠳᠤᠨ ᠬᠠᠷᠠᠬᠤ ᠳᠦ᠂
ᠦᠯᠢᠶᠡᠵᠦ ᠪᠠᠢᠢᠭ᠎ᠠ ᠰᠠᠯᠬᠢ ᠨᠢ
ᠦᠨᠦᠰᠦᠭᠡᠳ ᠴᠦ ᠪᠠᠢᠢᠭ᠎ᠠ ᠶᠤᠮ ᠰᠢᠭ᠂
ᠦᠷᠦᠰᠢᠶᠡᠯᠲᠦ ᠡᠵᠢ ᠢᠨ ᠮᠢᠨᠢ ᠭᠠᠷ
ᠢᠯᠢᠭᠡᠳ ᠴᠦ ᠪᠠᠢᠢᠭ᠎ᠠ ᠶᠤᠮ ᠰᠢᠭ᠂
ᠡᠨᠡᠷᠢᠩᠭᠦᠢ ᠰᠠᠢᠢᠬᠠᠨ ᠰᠠᠨᠠᠭᠳᠠᠬᠤ ᠳᠦ
ᠡᠯᠢᠭᠡ ᠵᠢᠷᠦᠭᠡ ᠮᠢᠨᠢ ᠳᠤᠭᠳᠤᠯᠵᠦ᠂
ᠬᠤᠤᠰ ᠦᠭᠡᠢ ᠪᠠᠶᠠᠷ ᠦᠨ ᠨᠢᠯᠪᠤᠰᠤ
ᠬᠤᠶᠠᠷ ᠨᠢᠳᠤ ᠢᠢ ᠮᠢᠨᠢ ᠪᠦᠷᠬᠦᠳᠡᠭ᠂
ᠦᠷᠭᠡᠨ ᠰᠠᠢᠢᠬᠠᠨ ᠨᠤᠲᠤᠭ ᠤᠨ ᠢᠶᠠᠨ
ᠡᠪᠴᠢᠭᠦᠦ ᠳᠡᠭᠡᠷ᠎ᠡ ᠨᠢ ᠲᠦᠷᠦᠭᠡᠳ᠂
ᠦᠨᠢᠷ ᠠᠭᠤᠳᠠᠮ ᠲᠠᠯ᠎ᠠ ᠢᠨ ᠢᠶᠠᠨ
ᠦᠩᠬᠡᠲᠦ ᠠᠮᠢᠳᠤᠷᠠᠯ ᠤᠨ ᠲᠦᠯᠦᠭᠡ
ᠠᠮᠢ ᠪᠡᠶ᠎ᠡ ᠪᠡᠨ ᠵᠤᠷᠢᠭᠤᠯᠳᠠᠭ
ᠠᠷᠢᠭᠤᠨ ᠨᠠᠨᠳᠢᠨ ᠵᠠᠩᠰᠢᠯ ᠲᠠᠢ
ᠡᠪᠦᠭᠡᠳ ᠬᠦᠭ᠍ᠰᠢᠳ ᠳᠡᠭᠡᠳᠦᠰ ᠦᠨ ᠮᠢᠨᠢ
ᠦᠷ᠎ᠡ ᠪᠡᠨ ᠭᠡᠵᠦ ᠨᠠᠢᠢᠳᠠᠭᠠᠳ᠂
ᠦᠯᠡᠳᠡᠭᠡᠵᠦ ᠨᠠᠳᠤᠷ ᠦᠭ᠍ᠭᠦᠭ᠍ᠰᠡᠨ
ᠦᠨᠢᠷ ᠮᠣᠩᠭᠤᠯ ᠤᠷᠤᠨ ᠤ ᠨᠠᠷᠠ ᠨᠢ ᠨᠠᠮᠠᠢᠢ ᠭᠡᠢᠢᠭᠦᠯᠵᠦ᠂
ᠨᠠᠷᠢᠨ ᠰᠠᠯᠬᠢ ᠨᠢ ᠦᠯᠢᠶᠡᠵᠦ᠂
ᠨᠠᠢᠢᠷᠲᠠᠢ ᠰᠠᠢᠢᠬᠠᠨ ᠤᠷᠤᠨ ᠮᠢᠨᠢ
ᠨᠠᠳᠠ ᠲᠠᠢ ᠬᠤᠪᠢ ᠨᠢᠭᠡ ᠪᠠᠶᠢᠳᠠᠭ ᠲᠤᠯᠠ
ᠤᠨᠠᠭᠰᠠᠨ ᠡᠨᠡ ᠨᠤᠲᠤᠭ ᠢᠶᠠᠨ ᠪᠢ
ᠦᠪᠡᠷ ᠦᠨ ᠪᠡᠶ᠎ᠡ ᠰᠢᠭ᠌ ᠬᠠᠢᠢᠷᠠᠯᠠᠵᠥ᠂
ᠣᠬᠢᠶᠠᠭᠰᠠᠨ ᠲᠤᠩᠭᠠᠯᠠᠭ ᠮᠦᠷᠡᠨ ᠢᠶᠡᠨ ᠪᠢ
᠌᠌ᠡᠬᠡ ᠢᠨ ᠰᠦᠨ ᠰᠢᠭ᠋ ᠰᠠᠨᠠᠳᠠᠭ᠂
ᠡᠨᠡ ᠨᠤᠲᠤᠭ ᠲᠠᠭᠠᠨ ᠪᠢ ᠡᠵᠡᠨ ᠨᠢ᠂
ᠡᠩᠬᠦᠷᠡᠢᠢᠯᠡᠯ ᠳᠦᠨᠢ ᠦᠰᠦᠭᠰᠡᠨ ᠬᠦᠦ ᠨᠢ ᠶᠤᠮ᠂
ᠢᠷᠡᠭᠡᠳᠦᠢ ᠢᠢ ᠨᠢ ᠲᠦᠮᠡᠨ ᠲᠡᠶᠢᠭᠡᠨ ᠪᠤᠰᠬᠠᠯᠴᠠᠬᠤ
ᠶᠡᠬᠡ ᠡᠭᠦᠷᠭᠡ ᠬᠦᠯᠢᠶᠡᠭᠰᠡᠨ ᠶᠤᠮ᠂
ᠬᠡᠷᠪᠡ ᠬᠦᠮᠦᠨ ᠡᠬᠡ ᠤᠷᠤᠨ ᠢᠶᠠᠨ
ᠬᠠᠮᠤᠭ ᠡᠴᠡ ᠦᠨᠡᠲᠡᠢ ᠭᠡᠳᠡᠭ ᠪᠤᠯ᠂
ᠬᠡᠭᠡᠷ᠎ᠡ ᠲᠠᠯ᠎ᠠ ᠨᠤᠲᠤᠭ ᠢᠶᠠᠨ ᠶᠠᠭᠤᠨ ᠡᠴᠡ ᠴᠥ ᠢᠯᠡᠭᠦᠦ ᠰᠠᠨᠠᠳᠠᠭ ᠪᠤᠯ᠂
ᠠᠵᠢᠯᠯᠠᠬᠤ ᠬᠦᠳᠡᠯᠬᠦ ᠪᠦᠷᠢ ᠳᠡᠭᠡᠨ
ᠠᠷᠠᠳ ᠲᠦᠮᠡᠨ ᠦ ᠪᠡᠨ ᠲᠦᠯᠦᠭᠡ
ᠠᠯᠬᠤᠬᠤ ᠭᠢᠰᠬᠢᠬᠦ ᠪᠤᠯᠭᠠᠨ ᠳᠠᠭᠠᠨ
ᠠᠭᠤᠦ ᠤᠷᠤᠨ ᠦ ᠪᠠᠨ ᠲᠦᠯᠦᠭᠡ ᠪᠤᠯ᠂
ᠠᠯᠲᠠᠨ ᠰᠢᠷᠥᠢ ᠤᠷᠤᠭᠤ ᠪᠠᠨ ᠳᠠᠭᠠᠷᠢᠭᠰᠠᠨ
ᠠᠲᠠᠭᠠᠲᠠᠨ ᠦ ᠬᠤᠤᠷᠠᠲᠤ ᠰᠤᠮᠤ ᠢᠢ
ᠠᠶᠥᠰᠢ ᠰᠢᠭ᠋ ᠴᠡᠭᠡᠵᠢ ᠪᠡᠷ ᠢᠶᠡᠨ ᠲᠠᠭᠯᠠᠵᠥ᠂
ᠠᠮᠢ ᠪᠠᠨ ᠦᠭ᠍ᠬᠦ ᠡᠴᠡ ᠪᠤᠴᠠᠬᠤ ᠦᠭᠡᠢ ᠪᠤᠯ᠂
ᠡᠨᠡ ᠬᠦᠮᠦᠨ ᠮᠣᠩᠭᠤᠯ ᠬᠦᠮᠦᠨ᠂
ᠡᠬᠡ ᠤᠷᠤᠨ ᠳᠠᠭᠠᠨ ᠬᠠᠢᠢᠷᠠᠲᠠᠢ ᠬᠦᠮᠦᠨ᠂
ᠡᠨᠡ ᠬᠠᠢᠢᠷ᠎ᠠ ᠨᠢ ᠮᠣᠩ᠌ᠭᠣᠯᠴᠤᠳ ᠲᠤ
ᠡᠷᠲᠡᠨ ᠡᠴᠡ ᠬᠡᠪᠰᠢᠭᠰᠡᠨ ᠬᠠᠢᠢᠷ᠎ᠠ ᠪᠢᠯᠡ᠂
ᠪᠢ ᠮᠣᠩᠭᠤᠯ ᠬᠦᠮᠦᠨ ᠪᠤᠯᠬᠤᠷ ᠢᠶᠠᠨ
ᠪᠢᠨᠳᠦᠷᠢᠶ᠎ᠠ ᠨᠤᠲᠤᠭ ᠦᠨ ᠢᠶᠠᠨ ᠲᠦᠯᠦᠭᠡ
ᠪᠡᠶ᠎ᠡ ᠠᠮᠢ ᠪᠦᠬᠦ ᠨᠠᠰᠦ ᠪᠠᠨ᠂
ᠠᠪᠴᠥ ᠪᠠᠢᠢᠭ᠎ᠠ ᠠᠮᠢᠰᠬᠤᠯ ᠢᠶᠠᠨ᠂
ᠤᠷᠭᠢᠯᠠᠵᠥ ᠪᠠᠢᠢᠭ᠎ᠠ ᠵᠤᠷᠢᠭ ᠢᠶᠠᠨ᠂
ᠠᠯᠢᠨ ᠢ ᠨᠢ ᠴᠥ ᠬᠠᠢᠢᠷᠠᠯᠠᠯ ᠦᠭᠡᠢ ᠵᠤᠷᠢᠭᠤᠯᠳᠠᠭ᠂
ᠲᠦᠷᠦᠯᠬᠢ ᠤᠲᠤᠭ ᠢᠶᠠᠨ ᠭᠡᠢᠢᠭᠦᠯᠦᠭᠰᠡᠨ
ᠨᠠᠷᠠᠨ ᠦ ᠲᠤᠶᠠᠭᠠᠨ ᠳᠤ ᠬᠠᠢᠢᠷᠠᠲᠠᠢ ᠪᠢ᠂
ᠲᠦᠪᠰᠢᠨ ᠲᠠᠯ᠎ᠠ ᠳ᠋ᠠᠭᠠᠨ ᠴᠤᠤᠷᠢᠶᠠᠲᠤᠭᠰᠠᠨ
ᠡᠭᠡᠰᠢᠭᠲᠦ ᠳᠠᠭᠤᠨ ᠳ᠋ᠤ ᠳᠤᠷᠠᠲᠠᠢ ᠪᠢ᠂
ᠬᠠᠨᠠᠭᠠᠷ ᠴᠢᠯᠦᠭᠡᠲᠦ ᠨᠤᠲᠤᠭ ᠢᠶᠠᠨ
ᠬᠠᠷᠠᠬᠤ ᠲᠤᠰᠤᠮ ᠪᠠᠶᠠᠰᠴᠥ ᠪᠠᠢᠢᠨ᠎ᠠ᠂
ᠬᠠᠯᠠᠭᠤᠨ ᠠᠮᠢ ᠪᠠᠨ ᠬᠠᠢᠢᠷᠠᠯᠠᠬᠤ ᠦᠭᠡᠢ
ᠵᠢᠳᠬᠦᠬᠦ ᠵᠤᠷᠢᠭ ᠨᠡᠮᠡᠭᠳᠡᠵᠥ ᠪᠠᠢᠢᠨ᠎ᠠ᠂
ᠤᠩᠭᠢᠷᠠᠵᠥ ᠬᠦᠭᠡᠷᠦᠭᠰᠡᠨ ᠰᠡᠳᠬᠢᠯ ᠡᠴᠡ ᠪᠢᠰᠢ᠂
ᠤᠷᠭᠢᠯᠠᠭᠰᠠᠨ ᠪᠠᠶᠠᠷᠲᠦ ᠰᠡᠳᠬᠢᠯ ᠢᠶᠡᠨ
ᠤᠷᠴᠢᠯᠠᠩ ᠳᠡᠯᠡᠭᠡᠢ ᠢᠨ ᠡᠮᠦᠨ᠎ᠠ
ᠤᠳᠤ ᠳᠠᠬᠢᠭᠠᠳ ᠳᠠᠪᠲᠠᠬᠤ ᠶᠤᠮ ᠪᠤᠯ
ᠪᠢ ᠮᠣᠩᠭᠤᠯ ᠬᠦᠮᠦᠨ ᠪᠤᠯᠬᠤ ᠪᠠᠷ ᠢᠶᠠᠨ
ᠨᠠᠷᠠᠯᠢᠭ ᠮᠣᠩᠭᠤᠯ ᠨᠤᠲᠤᠭ ᠦᠨ ᠢᠶᠠᠨ
ᠨᠠᠢᠢᠳᠠᠪᠦᠷᠢᠲᠦ ᠬᠦᠭ᠍ᠵᠢᠯ ᠦᠨ ᠲᠦᠯᠦᠭᠡ
ᠨᠠᠰᠦ ᠪᠠᠨ ᠵᠤᠷᠢᠭᠤᠯᠤᠭᠰᠠᠨ ᠤᠯᠤᠰ ᠢᠶᠠᠨ
ᠠᠨᠳᠠ ᠨᠦᠬᠦᠳ ᠲᠡᠶᠢᠭᠡᠨ
ᠠᠯᠠᠭ ᠪᠢᠷᠠᠭᠤ ᠰᠢᠭ ᠨᠤᠮᠤᠬᠠᠨ ᠪᠠᠢᠢᠨ᠎ᠠ ᠭᠡᠵᠦ᠂
ᠠᠯᠠᠯᠳᠤᠬᠤ ᠳᠠᠢᠢᠰᠤᠨ ᠤᠴᠠᠷᠠᠪᠠᠯ
ᠠᠷᠰᠯᠠᠨ ᠪᠠᠷᠰ ᠰᠢᠭ ᠳᠣᠭᠰᠢᠨ ᠪᠠᠢᠢᠨ᠎ᠠ ᠭᠡᠵᠦ᠂
ᠵᠦᠪᠬᠡᠨ ᠦᠭᠡ ᠬᠡᠯᠡ ᠪᠡᠷ ᠢᠶᠡᠨ ᠵᠤᠭᠰᠤᠬᠤ ᠦᠭᠡᠢ᠂
ᠵᠢᠷᠦᠭᠡ ᠰᠡᠳᠬᠢᠯ ᠢᠶᠡᠷ ᠢᠶᠡᠨ ᠮᠤᠩᠭᠤᠯᠵᠢᠭᠰᠠᠨ
ᠵᠦᠭ ᠵᠦᠭ ᠦᠨ ᠠᠬ᠎ᠠ ᠳᠡᠭᠦᠦ ᠨᠠᠷ ᠦᠨ ᠡᠮᠦᠨ᠎ᠡ ᠡᠴᠡ
ᠵᠦᠭᠯᠡᠵᠦ ᠬᠡᠯᠡᠬᠦ ᠳ᠋ᠦ ᠪᠡᠯᠡᠨ ᠪᠠᠢᠢᠨ᠎ᠠ᠅
Чингис хааны сургаалаас
ᠴᠢᠩᠭᠢᠰ ᠬᠠᠭᠠᠨ ᠤ ᠰᠤᠷᠭᠠᠯ ᠠᠴᠠ
Этгээд хэл
ᠡᠲᠡᠭᠡᠳ ᠬᠡᠯᠡ
ᠪᠢᠮᠪᠠ ᠶᠢᠨ ᠷᠢᠨᠴᠡᠨ
ᠦᠭᠡ ᠨᠢ ᠮᠣᠩᠭᠤᠯ ᠦᠭᠦᠯᠡᠪᠦᠷᠢ ᠨᠢ ᠣᠷᠤᠰ
ᠦᠵᠡᠬᠦ ᠳᠦ ᠡᠲᠡᠭᠡᠳ ᠰᠣᠨᠢᠨ ᠬᠡᠯᠡ
ᠦᠪ ᠰᠣᠶᠤᠯ ᠢᠶᠡᠨ ᠦᠯᠦ ᠲᠣᠭᠤᠮᠰᠠᠷᠯᠠᠨ
ᠦᠨᠦ ᠶᠢᠨ ᠪᠠᠢᠢᠳᠠᠯ ᠡᠢᠢᠮᠦ ᠪᠣᠯᠪᠠ᠃
ᠵᠠᠭᠤᠨ ᠲᠦᠮᠡᠨ ᠦᠭᠡ ᠲᠡᠢ ᠬᠡᠯᠡᠨ ᠳᠦ
ᠵᠤᠳ ᠲᠤᠰᠤᠭᠰᠠᠨ ᠢ ᠦᠨᠡᠮᠰᠢᠬᠦᠢᠡ ᠪᠡᠷᠬᠡ
ᠬᠠᠷᠢ ᠶᠢᠨ ᠦᠭᠡ ᠪᠡᠷ ᠳᠠᠯᠠᠢᠢᠯᠭᠠᠭᠰᠠᠳ ᠢ
ᠬᠠᠮᠤᠭ ᠤᠨ ᠪᠣᠯᠪᠠᠰᠤᠷᠠᠭᠰᠠᠨ ᠭᠡᠬᠦ ᠳᠦ ᠪᠡᠷᠬᠡ᠃
ᠭᠠᠳᠠᠭᠠᠳᠤ ᠦᠭᠡ ᠪᠡᠷ ᠭᠠᠢᠢᠬᠠᠭᠤᠯᠤᠭᠰᠠᠳ ᠢ
ᠭᠠᠷᠮᠠᠭᠠᠢ ᠡᠷᠳᠡᠮᠲᠡᠨ ᠭᠡᠬᠦ ᠳᠦ ᠪᠡᠷᠭᠡ
ᠬᠡᠪᠯᠡᠯ ᠰᠣᠨᠢᠨ ᠤᠩᠰᠢᠭᠰᠠᠨ ᠦᠳᠡᠰᠢ ᠳᠡᠭᠡᠨ
ᠬᠡᠯᠡᠨ ᠦ ᠰᠢᠨᠵᠢᠯᠡᠯᠲᠡᠨ ᠦ ᠨᠣᠢᠢᠷ ᠬᠤᠯᠵᠢᠭᠠᠳ
ᠬᠡᠪᠲᠡᠪᠡᠴᠤ ᠰᠡᠳᠬᠢᠯ ᠳᠦ ᠡᠪ ᠦᠭᠡᠢ ᠦᠭᠡ
ᠬᠡᠩᠬᠦᠳᠡᠭ ᠳᠡᠭᠡᠷ᠎ᠡ ᠴᠢᠯᠠᠭᠤ ᠳᠠᠷᠤᠬᠤ ᠮᠡᠲᠦ
ᠬᠠᠷᠢ ᠦᠭᠡ ᠶᠢᠨ ᠪᠦᠯᠡᠬᠡᠨ ᠳᠦ ᠬᠠᠬᠠᠵᠤ
ᠬᠠᠷᠠᠩᠬᠤᠢ ᠰᠦᠨᠢ ᠬᠠᠷ᠎ᠠ ᠳᠠᠷᠤᠬᠤ ᠮᠡᠲᠤ᠃
Subscribe to:
Posts
(
Atom
)